ᠳᠠᠯᠠᠳ ᠬᠤᠰᠢᠭᠤᠨ ᠤ ᠴᠠᠭᠳᠠᠭᠠᠨ ᠤ ᠲᠠᠯ᠎ᠠ ᠶᠢᠨ ᠬᠢᠨ ᠨᠢᠭᠡᠨ ᠬᠤᠤᠷᠲᠤ ᠡᠳ᠋ ᠫᠠᠨᠽᠠᠯᠠᠬᠤ ᠪᠦᠯᠬᠦᠮ ᠢ ᠠᠮᠵᠢᠯᠲᠠᠲᠠᠶ ᠰᠦᠢᠷᠡᠭᠦᠯᠪᠡ
ᠨᠡᠶᠢᠲᠡᠯᠡᠭᠰᠡᠨ ᠴᠠᠭ᠄
2022/11/9
      ᠡᠨᠡ ᠵᠢᠯ ᠤᠨ 5 ᠰᠠᠷ᠎ᠠ ᠳᠤ᠂ ᠣᠷᠲᠤᠰ ᠬᠤᠲᠠ ᠶᠢᠨ ᠳᠠᠯᠠᠳ ᠬᠤᠰᠢᠭᠤᠨ ᠤ ᠲᠣᠳᠤᠭᠠᠳᠤ ᠶᠢ ᠬᠠᠮᠠᠭᠠᠯᠠᠬᠤ ᠲᠣᠪᠴᠢᠶ᠎ᠠ ᠶᠢᠨ ᠬᠤᠤᠷ ᠴᠠᠭᠠᠵᠠᠯᠠᠬᠤ ᠶᠡᠭᠡ ᠠᠩᠭᠢ ᠶᠢᠨ ᠠᠷᠠᠳ ᠤᠨ ᠴᠠᠭᠳᠠᠭ᠎ᠠ ᠠᠵᠢᠯ ᠤᠨ ᠳᠤᠮᠳᠠ ᠪᠠᠨ ᠨᠢᠭᠡᠨ ᠴᠢᠬᠤᠯᠠ ᠰᠦᠪᠡᠭᠴᠢ ᠣᠯᠵᠤ᠂ ᠳᠠᠯᠠᠳ ᠬᠤᠰᠢᠭᠤᠨ ᠳᠤ ᠪᠠᠶᠢᠭ᠎ᠠ ᠯᠢᠦ ᠣᠪᠣᠭᠲᠤ ᠡᠷᠡᠭᠲᠡᠶ ᠬᠤᠤᠷᠲᠤ ᠡᠳ᠋ ᠫᠠᠨᠽᠠᠯᠠᠭᠰᠠᠨ ᠰᠡᠵᠢᠭᠯᠡᠯᠲᠡᠶ ᠪᠠᠶᠢᠵᠤ᠂ ᠤᠯᠠᠮ ᠨᠢᠭᠡ ᠠᠯᠬᠤᠮ ᠲᠤᠷᠰᠢᠨ ᠪᠠᠶᠢᠴᠠᠭᠠᠵᠤ ᠵᠠᠳᠠᠯᠬᠤ ᠪᠠᠷ ᠳᠡᠮᠵᠢᠨ᠂ ᠲᠡᠭᠦᠨ ᠤ ᠠᠷᠤ ᠳᠤ ᠬᠤᠤᠷᠲᠤ ᠡᠳ᠋ ᠫᠠᠨᠽᠠᠯᠠᠬᠤ ᠲᠣᠤᠷ ᠨᠢᠭᠤᠭᠳᠠᠵᠤ ᠪᠠᠶᠢᠬᠤ ᠶᠢ ᠠᠷᠠᠳ ᠤᠨ ᠴᠠᠭᠳᠠᠭ᠎ᠠ ᠣᠯᠵᠤ ᠮᠡᠳᠡᠭᠡᠳ ᠵᠠᠳᠠᠯᠤᠨ ᠰᠢᠨᠵᠢᠯᠡᠵᠦ ᠰᠤᠳᠤᠯᠤᠨ ᠮᠠᠭᠠᠳᠯᠠᠬᠤ ᠠᠵᠢᠯ ᠥᠷᠨᠢᠭᠦᠯᠪᠡ᠃ ᠳᠠᠷᠠᠭ᠎ᠠ ᠨᠢ ᠯᠢᠦ ᠣᠪᠣᠭᠲᠤ ᠶᠢᠨ ᠡᠬᠡᠨᠡᠷ ᠵᠠᠩ ᠣᠪᠣᠭᠲᠤ ᠴᠠᠭᠳᠠᠭᠠᠨ ᠤ ᠲᠠᠯ᠎ᠠ ᠶᠢᠨ ᠬᠢᠨ ᠤ ᠬᠠᠷᠠᠭᠠᠨ ᠳᠤ ᠣᠷᠣᠵᠠᠶ᠃ ᠭᠦᠨᠵᠡᠭᠡᠶ ᠲᠤᠷᠰᠢᠨ ᠪᠠᠶᠢᠴᠠᠭᠠᠬᠤ ᠪᠠᠷ ᠳᠡᠮᠵᠢᠨ᠂ ᠯᠢᠦ ᠣᠪᠣᠭᠲᠤ ᠪᠣᠯᠤᠨ ᠵᠠᠩ ᠣᠪᠣᠭᠲᠤ ᠡᠷ᠎ᠡ ᠡᠮ᠎ᠡ ᠬᠤᠶᠠᠭᠤᠯᠠ ᠬᠤᠤᠷᠲᠤ ᠡᠳ᠋ ᠢ ᠨᠢᠭᠤᠴᠠ ᠪᠠᠷ ᠠᠷᠠᠯᠵᠢᠶᠠᠯᠠᠭᠰᠠᠨ᠂ ᠵᠥᠭᠡᠭᠡᠪᠦᠷᠢᠯᠡᠭᠰᠡᠨ᠂ ᠦᠢᠯᠡᠳᠦᠭᠰᠡᠨ ᠰᠡᠵᠢᠭᠯᠡᠯᠲᠡᠶ ᠪᠠᠶᠢᠵᠤ᠂ ᠲᠡᠳᠡᠨ ᠤ ᠦᠢᠯᠡᠳᠦᠭᠰᠡᠨ ᠬᠤᠤᠷᠲᠤ ᠡᠳ᠋ ᠨᠢ ︽ᠵᠠᠬ᠎ᠠ ᠳᠡᠯᠭᠡᠭᠦᠷ︾ ᠲᠤ ᠣᠷᠣᠵᠤ᠂ ᠯᠠᠪᠲᠠᠶ ︽ᠳᠤᠤᠷᠠᠳᠤ ᠳᠠᠮᠵᠢᠯᠭ᠎ᠠ︾ ᠠᠴᠠ ᠭᠠᠷᠬᠤ ᠪᠣᠯᠤᠨ᠎ᠠ᠃ ᠴᠠᠭᠳᠠᠭ᠎ᠠ ᠰᠦᠪᠡᠭᠴᠢ ᠪᠠᠷ ᠨᠢ ᠬᠠᠶᠢᠨ ᠪᠠᠶᠢᠴᠠᠭᠠᠭᠠᠳ᠂ ᠶᠠᠩ xx᠂ ᠯᠢᠦ xx ᠬᠤᠶᠠᠭᠤᠯᠠ ᠯᠢᠦ ᠣᠪᠣᠭᠲᠤ ᠵᠠᠩ ᠣᠪᠣᠭᠲᠤ ᠡᠷ᠎ᠡ ᠡᠮ᠎ᠡ ᠶᠢᠨ ᠬᠠᠷᠢᠴᠠᠭ᠎ᠠ ᠨᠢᠭᠲᠠ᠂ ᠣᠯᠠᠨ ᠬᠠᠷᠢᠯᠴᠠᠭᠰᠠᠨ ᠪᠠᠶᠢᠬᠤ ᠶᠢ ᠣᠯᠵᠤ ᠮᠡᠳᠡᠪᠡ᠃ ᠠᠳᠡ ᠬᠦᠷᠦᠭᠡᠳ ᠯᠢᠦ ᠣᠪᠣᠭᠲᠤ ᠪᠠᠷ ᠲᠤᠯᠤᠭᠠᠶᠢᠯᠠᠭᠰᠠᠨ᠂ ᠡᠬᠡᠨᠡᠷ ᠵᠠᠩ ᠣᠪᠣᠭᠲᠤ ᠨᠢ ᠬᠤᠣᠷᠲᠤ ᠡᠳ᠋ ᠦᠢᠯᠡᠳᠴᠦ ᠫᠠᠨᠽᠠᠯᠠᠬᠤ ᠭᠤᠣᠯ ᠭᠡᠰᠢᠭᠦᠨ ᠪᠣᠯᠵᠤ᠂ ᠶᠠᠩ ᠣᠪᠣᠭᠲᠤ᠂ ᠯᠢᠦ ᠣᠪᠣᠭᠲᠤ ᠨᠢ ᠲᠡᠭᠦᠨ ᠤ ᠨᠢᠭᠤᠴᠠ ᠬᠤᠣᠷ ᠦᠢᠯᠡᠳᠴᠦ ᠫᠠᠨᠽᠠᠯᠠᠬᠤ ᠪᠦᠯᠬᠦᠮ ᠤᠨ ᠬᠤᠪᠢ ᠪᠠᠷ ᠠᠭᠠᠵᠢᠮ ᠢᠶᠠᠷ ᠢᠯᠡᠷᠡᠪᠡ᠃
20220822092149.jpg   
      ᠬᠤᠤᠷ ᠴᠠᠭᠠᠵᠠᠯᠠᠬᠤ ᠶᠡᠭᠡ ᠠᠩᠭᠢ ᠶᠢᠨ ᠠᠷᠠᠳ ᠤᠨ ᠴᠠᠭᠳᠠᠭ᠎ᠠ ᠯᠢᠦ ᠣᠪᠣᠭᠲᠤ ᠵᠠᠩ ᠣᠪᠣᠭᠲᠤ ᠡᠷ᠎ᠡ ᠡᠮ᠎ᠡ ᠬᠤᠶᠠᠭᠤᠯᠠ ᠶᠢ ᠤᠯᠠᠮ ᠨᠢᠭᠡ ᠠᠯᠬᠤᠮ ᠲᠤᠷᠰᠢᠨ ᠪᠠᠶᠢᠴᠠᠭᠠᠬᠤ ᠪᠠᠷ ᠳᠡᠮᠵᠢᠨ᠂ ᠯᠢᠦ ᠣᠪᠣᠭᠲᠤ ᠵᠠᠩ ᠣᠪᠣᠭᠲᠤ ᠡᠷ᠎ᠡ ᠡᠮ᠎ᠡ ᠬᠤᠶᠠᠭᠤᠯᠠ ᠦᠷᠭᠦᠯᠵᠢ 5 ᠨᠠᠰᠤᠲᠠᠶ ᠥᠬᠢᠨ ᠢᠶᠠᠨ ᠳᠠᠭᠠᠭᠤᠯᠤᠨ ᠾᠧᠪᠧᠶ ᠳᠤ ᠣᠴᠢᠵᠤ ᠵᠤᠭᠠᠴᠠᠳᠠᠭ ᠮᠥᠷᠲᠡᠭᠡᠨ ᠣᠬᠤᠷ ᠬᠤᠭᠤᠴᠠᠭᠠᠨ ᠳᠤ ᠣᠯᠠᠨ ᠤᠳᠠᠭ᠎ᠠ ᠢᠷᠡᠵᠦ ᠶᠠᠪᠤᠵᠤ᠂ ᠡᠨᠡ ᠨᠢ ᠠᠷᠠᠳ ᠤᠨ ᠴᠠᠭᠳᠠᠭ᠎ᠠ ᠶᠢᠨ ᠦᠵᠡᠬᠦ ᠪᠠᠷ ᠬᠡᠪ ᠤᠨ ᠪᠤᠰᠤ ᠶᠤᠮ᠃ ᠠᠷᠠᠳ ᠤᠨ ᠴᠠᠭᠳᠠᠭ᠎ᠠ ᠶᠡᠷᠦᠩᠬᠡᠶᠢᠯᠡᠭᠰᠡᠨ ᠵᠠᠳᠠᠯᠤᠯᠲᠠ ᠬᠢᠬᠦ ᠪᠠᠷ ᠳᠡᠮᠵᠢᠨ᠂ ᠡᠨᠡ ᠨᠢ ᠯᠢᠦ ᠣᠪᠣᠭᠲᠤ ᠵᠠᠩ ᠣᠪᠣᠭᠲᠤ ᠡᠷ᠎ᠡ ᠡᠮ᠎ᠡ ᠬᠤᠶᠠᠷ ᠤᠨ ᠬᠤᠯᠵᠢᠨ ᠠᠷᠭ᠎ᠠ ᠪᠠᠰᠢᠷ ᠪᠠᠶᠢᠵᠤ᠂ ᠲᠠᠳᠠ ᠢᠨᠲ᠋ᠧᠷ ᠰᠦᠯᠵᠢᠶ᠎ᠡ ᠪᠠᠷ ᠵᠠᠬᠢᠶᠠᠯᠠᠭ᠎ᠠ ᠥᠭᠴᠦ᠂ ᠨᠢᠭᠤᠴᠠ ᠪᠠᠷ ᠠᠷᠠᠯᠵᠢᠶᠠᠯᠠᠵᠤ ᠬᠢᠯᠢ ᠳᠤ ᠣᠷᠣᠭᠤᠯᠤᠭᠰᠠᠨ ᠬᠤᠤᠷᠲᠤ ᠡᠳ᠋ ᠢ ᠰᠢᠭᠤᠳ ᠡᠾᠧᠪᠸᠢ ᠮᠤᠵᠢ ᠳᠤ ᠰᠢᠤᠳᠠᠨ ᠢᠶᠠᠷ ᠢᠯᠡᠭᠡᠵᠦ᠂ ᠳᠠᠬᠢᠨ 5 ᠨᠠᠰᠤᠲᠠᠶ ᠥᠬᠢᠨ ᠢᠶᠠᠨ ᠳᠠᠭᠠᠭᠤᠯᠤᠨ ᠵᠢᠭᠤᠯᠴᠢᠯᠠᠯ ᠤᠨ ᠨᠡᠷ᠎ᠡ ᠪᠠᠷ ᠾᠧᠪᠧᠶ ᠠᠴᠠ ᠪᠠᠷᠠᠭ᠎ᠠ ᠠᠪᠳᠠᠭ᠃
 20220822092210.jpg  
      ᠬᠡᠳᠦᠨ ᠡᠳᠦᠷ ᠳᠠᠷᠠᠭᠠᠯᠠᠨ ᠨᠠᠷᠢᠨ ᠨᠢᠭᠲᠠ ᠲᠤᠷᠰᠢᠨ ᠪᠠᠶᠢᠴᠠᠭᠠᠬᠤ ᠪᠠᠷ ᠳᠠᠮᠵᠢᠭᠠᠳ᠂ ᠠᠷᠠᠳ ᠤᠨ ᠴᠠᠭᠳᠠᠭ᠎ᠠ ᠯᠢᠦ ᠣᠪᠣᠭᠲᠤ ᠵᠠᠩ ᠣᠪᠣᠭᠲᠤ ᠡᠷ᠎ᠡ ᠡᠮ᠎ᠡ ᠬᠤᠶᠠᠭᠤᠯᠠ ᠶᠢ ᠨᠢᠭᠡ ᠯᠡ ᠳᠡᠭᠡᠷ᠎ᠡ ᠪᠠᠷᠢᠪᠴᠢᠯᠠᠪᠠ᠃ ᠭᠡᠪᠡᠴᠦ ᠯᠢᠦ ᠣᠪᠣᠭᠲᠤ ᠵᠠᠩ ᠣᠪᠣᠭᠲᠤ ᠥᠪᠡᠷ ᠤᠨ ᠶᠠᠯ᠎ᠠ ᠬᠢᠭᠰᠡᠨ ᠪᠣᠳᠠᠲᠤ ᠬᠡᠷᠡᠭ ᠢᠶᠠᠨ ᠲᠤᠰᠢᠶᠠᠬᠤ ᠶᠢ ᠲᠡᠪᠴᠢᠵᠦ᠂ ᠠᠷᠠᠳ ᠤᠨ ᠴᠠᠭᠳᠠᠭ᠎ᠠ ᠬᠡᠷᠡᠭ ᠤᠨ ᠪᠡᠷᠬᠡ ᠰᠡᠳᠦᠪ ᠢ ᠰᠢᠢᠳᠪᠦᠷᠢᠯᠡᠬᠦ ᠠᠵᠢᠯ ᠢ ᠦᠷᠭᠦᠯᠵᠢᠯᠡᠨ ᠭᠦᠨᠵᠡᠭᠡᠶ ᠥᠷᠨᠢᠭᠦᠯᠵᠦ᠂ ᠴᠢᠩᠭ᠎ᠠ ᠨᠢᠮᠪᠠᠶ ᠵᠠᠭᠠᠯᠳᠤᠯᠭ᠎ᠠ ᠬᠢᠬᠦ ᠪᠠᠷ ᠳᠠᠮᠵᠢᠭᠤᠯᠤᠨ ᠶᠠᠩ xx᠂ ᠯᠢᠦ xx ᠶᠢ ᠪᠠᠷᠢᠪᠴᠢᠯᠠᠪᠠ᠃ ᠰᠢᠭᠦᠨ ᠠᠰᠠᠭᠤᠬᠤ ᠪᠠᠷ ᠳᠠᠮᠵᠢᠭᠠᠳ᠂ ᠦᠨᠡᠨ ᠮᠠᠭᠠᠳ ᠭᠡᠷᠡᠴᠢ ᠪᠠᠷᠢᠮᠲᠠ ᠶᠢᠨ ᠡᠮᠦᠨ᠎ᠡ᠂ ᠯᠢᠦ ᠣᠪᠣᠭᠲᠤ ᠵᠠᠩ ᠣᠪᠣᠭᠲᠤ ᠡᠷ᠎ᠡ ᠡᠮ᠎ᠡ ᠬᠤᠶᠠᠭᠤᠯᠠ ᠬᠤᠣᠷᠲᠤ ᠡᠳ᠋ ᠢ ᠨᠢᠭᠤᠴᠠ ᠪᠠᠷ ᠠᠷᠠᠯᠵᠢᠶᠠᠯᠠᠭᠰᠠᠨ᠂ ᠵᠥᠭᠡᠭᠡᠪᠦᠷᠢᠯᠡᠭᠰᠡᠨ᠂ ᠦᠢᠯᠡᠳᠦᠭᠰᠡᠨ᠂ ᠫᠠᠨᠽᠠᠯᠠᠭᠰᠠᠨ ᠶᠠᠯ᠎ᠠ ᠬᠢᠭᠰᠡᠨ ᠪᠣᠳᠠᠲᠤ ᠬᠡᠷᠡᠭ ᠢᠶᠠᠨ ᠦᠨᠡᠨ ᠮᠥᠨ ᠢᠶᠠᠷ ᠨᠢ ᠥᠴᠢᠭᠯᠡᠭᠰᠡᠨ ᠪᠠᠶᠢᠨ᠎ᠠ᠃ ᠤᠤᠯ ᠨᠢ ᠬᠤᠶᠠᠭᠤᠯᠠ ᠪᠠᠨ ᠴᠠᠭᠳᠠᠭᠠᠨ ᠤ ᠲᠠᠯ᠎ᠠ ᠶᠢᠨ ᠴᠣᠬᠢᠯᠲᠠ ᠠᠴᠠ ᠵᠠᠶᠢᠯᠠᠬᠤ ᠶᠢᠨ ᠲᠥᠯᠥᠭᠡ᠂ ᠪᠤᠰᠤᠳ ᠲᠣᠭᠤᠷᠢᠭ ᠲᠤ ᠨᠢᠭᠡ ᠬᠡᠷ ᠲᠦᠷᠢᠶᠡᠰᠦᠯᠡᠵᠦ᠂ ᠲᠤᠰᠬᠠᠶᠢᠯᠠᠨ ᠬᠤᠶᠠᠳᠤᠭᠠᠷ ᠲᠥᠷᠥᠯ ᠤᠨ ᠮᠡᠳᠡᠷᠡᠯ ᠤᠨ ᠲᠥᠷᠥᠯ ᠤᠨ ᠵᠠᠬᠢᠷᠤᠨ ᠬᠠᠮᠢᠶᠠᠷᠬᠤ ᠡᠮ ᠪᠣᠯᠬᠤ ᠺᠤᠹᠧᠶ᠋ᠢᠨ ᠢ ᠪᠣᠯᠪᠠᠰᠤᠷᠠᠭᠤᠯᠵᠤ᠂ ᠳᠠᠷᠠᠭ᠎ᠠ ᠨᠢ ᠪᠣᠯᠪᠠᠰᠤᠷᠠᠭᠤᠯᠤᠭᠰᠠᠨ ᠬᠤᠤᠷᠲᠤ ᠡᠳ᠋ ᠤᠨ ᠪᠦᠲᠦᠭᠡᠭᠳᠡᠬᠦᠨ ᠢᠶᠠᠨ ᠶᠠᠩ xx᠂ ᠯᠢᠦ xx ᠪᠠᠷ ᠳᠠᠮᠵᠢᠭᠤᠯᠤᠨ ᠬᠤᠤᠷ ᠲᠠᠲᠠᠭᠴᠢ ᠳᠤ ᠪᠣᠷᠤᠯᠠᠭᠤᠯᠪᠠ᠃ ᠠᠷᠠᠳ ᠤᠨ ᠴᠠᠭᠳᠠᠭ᠎ᠠ ᠲᠡᠷᠡ ᠳᠤᠤᠷ᠎ᠠ ᠨᠢ ᠬᠤᠶᠠᠳᠤᠭᠠᠷ ᠲᠥᠷᠥᠯ ᠤᠨ ᠮᠡᠳᠡᠷᠡᠯ ᠤᠨ ᠲᠥᠷᠥᠯ ᠤᠨ ᠵᠠᠬᠢᠷᠤᠨ ᠬᠠᠮᠢᠶᠠᠷᠬᠤ ᠡᠮ ᠤᠨ ᠵᠦᠢᠯ ᠺᠤᠹᠧᠶ᠋ᠢᠨ 19000 ᠭᠠᠷᠤᠶ ᠦᠷᠢᠯ᠂ ᠬᠤᠶᠠᠳᠤᠭᠠᠷ ᠲᠥᠷᠥᠯ ᠤᠨ ᠮᠡᠳᠡᠷᠡᠯ ᠤᠨ ᠲᠥᠷᠥᠯ ᠤᠨ ᠵᠠᠬᠢᠷᠤᠨ ᠬᠠᠮᠢᠶᠠᠷᠬᠤ ᠡᠮ ᠤᠨ ᠵᠦᠢᠯ ᠠᠨᠨᠠᠺᠠ ᠰᠢᠩᠭᠡᠨ ᠪᠡᠶᠡᠲᠦ 4572.2 ᠭᠷᠠᠮ᠂ ᠬᠤᠤᠷᠲᠤ ᠡᠳ᠋ ᠪᠣᠷᠤᠯᠠᠭᠤᠯᠤᠭᠰᠠᠨ 34000 ᠲᠥᠭᠦᠷᠢᠭ᠂ 1 ᠢᠵᠢ ᠬᠤᠤᠷᠲᠤ ᠡᠳ᠋ ᠦᠢᠯᠡᠳᠬᠦ ᠪᠠᠭᠠᠵᠢ ᠶᠢ ᠬᠤᠷᠢᠶᠠᠮᠵᠢᠯᠠᠪᠠ᠃ ᠣᠳᠣᠬᠠᠨ ᠳᠤ᠂ ᠬᠡᠷᠡᠭ ᠢ ᠤᠯᠠᠮ ᠨᠢᠭᠡ ᠠᠯᠬᠤᠮ ᠳᠠᠩᠨᠠᠨ ᠪᠠᠶᠢᠴᠠᠭᠠᠵᠤ ᠪᠠᠶᠢᠨ᠎ᠠ᠃ 
ᠢᠷᠡᠯᠲᠡ᠄ ᠣᠷᠲᠤᠰ ᠬᠤᠲᠠ ᠶᠢᠨ ᠲᠣᠳᠤᠭᠠᠳᠤ ᠶᠢ ᠬᠠᠮᠠᠭᠠᠯᠠᠬᠤ ᠲᠣᠪᠴᠢᠶ᠎ᠠ