ᠠᠷᠠᠳ ᠤᠨ ᠴᠠᠭᠳᠠᠭ᠎ᠠ ᠭᠡᠷ ᠤᠨ ᠠᠬᠠᠮᠠᠳ ᠢ ᠬᠠᠪᠰᠤᠷᠤᠨ ᠭᠡᠷ ᠠᠴᠠ ᠪᠠᠨ ᠰᠠᠯᠵᠤ ᠶᠠᠪᠤᠭᠰᠠᠨ ᠬᠡᠦᠬᠡᠳ ᠢ ᠡᠷᠢᠨ ᠣᠯᠪᠠ
ᠨᠡᠶᠢᠲᠡᠯᠡᠭᠰᠡᠨ ᠴᠠᠭ᠄
2022/12/12
     ᠣᠶᠢᠷ᠎ᠠ ᠳᠤ᠂ ᠰᠤ᠋ ᠠᠪᠠᠭ᠋ᠠᠶ ᠴᠢᠩᠱᠠᠨ ᠬᠤᠪᠢᠶᠠᠷᠢ ᠲᠣᠪᠴᠢᠶ᠎ᠠ ᠶᠢᠨ ᠴᠢᠯᠥᠭᠡᠲᠦ ᠵᠠᠮ ᠤᠨ ᠲᠣᠮᠢᠯᠠᠭᠰᠠᠨ ᠰᠠᠯᠪᠤᠷᠢ ᠳᠤ ᠬᠡᠮᠡᠷᠯᠢᠭ ᠲᠤᠭ ᠬᠦᠷᠭᠡᠵᠦ᠂ ᠴᠢᠯᠥᠭᠡᠲᠦ ᠵᠠᠮ ᠤᠨ ᠲᠣᠮᠢᠯᠠᠭᠰᠠᠨ ᠰᠠᠯᠪᠤᠷᠢ ᠶᠢᠨ ᠴᠠᠭᠳᠠᠭ᠎ᠠ ᠶᠢᠨ ᠲᠡᠭᠦᠨ ᠢ ᠬᠠᠪᠰᠤᠷᠤᠨ ᠬᠡᠷ ᠠᠴᠠ ᠪᠠᠨ ᠰᠠᠯᠵᠤ ᠶᠠᠪᠤᠭᠰᠠᠨ ᠬᠡᠤᠬᠡᠳ ᠢ ᠨᠢ ᠡᠷᠢᠵᠦ ᠥᠭᠭᠦᠭᠰᠡᠨ ᠳᠤ ᠲᠠᠯᠠᠷᠬᠠᠯ ᠢᠶᠠᠨ ᠢᠯᠡᠳᠬᠡᠪᠡ᠃
1 喜迎二十大 忠诚保平安——孩子离家出走 民警帮助找回.jpg
    7 ᠰᠠᠷ᠎ᠠ ᠶᠢᠨ 15 ᠤ ᠡᠳᠦᠷ ᠤᠨ ᠥᠷᠯᠥᠭᠡ ᠶᠢᠨ 8 ᠴᠠᠭ ᠤᠨ ᠦᠶ᠎ᠡ ᠪᠠᠷ᠂ ᠴᠢᠯᠥᠭᠡᠲᠦ ᠵᠠᠮ ᠤᠨ ᠲᠣᠮᠢᠯᠠᠭᠰᠠᠨ ᠰᠠᠯᠪᠤᠷᠢ ᠰᠤ᠋ ᠠᠪᠠᠭ᠋ᠠᠶ ᠶᠢᠨ ᠬᠦᠦ ᠯᠢᠦ ᠣᠪᠣᠭᠲᠤ ᠨᠢ ᠥᠨᠥ ᠥᠷᠯᠥᠭᠡ ᠭᠡᠷ ᠠᠴᠠ ᠪᠠᠨ ᠰᠠᠯᠵᠤ ᠶᠠᠪᠤᠭᠠᠳ ᠬᠡᠷᠡᠭ ᠭᠠᠷᠬᠤ ᠠᠴᠠ ᠠᠶᠤᠵᠤ ᠪᠠᠶᠢᠨ᠎ᠠ ᠭᠡᠰᠡᠨ ᠬᠡᠷᠡᠭ ᠤᠨ ᠮᠡᠳᠡᠭᠦᠯᠦᠯᠲᠡ ᠶᠢ ᠲᠤᠰᠪᠠ᠃ ᠠᠷᠠᠳ ᠤᠨ ᠴᠠᠭᠳᠠᠭ᠎ᠠ ᠶᠢᠨ ᠣᠶᠢᠯᠠᠭᠠᠭᠰᠠᠨ ᠢᠶᠠᠷ᠂ ᠯᠢᠦ ᠣᠪᠣᠭᠲᠤ ᠡᠨᠡ ᠵᠢᠯ 9 ᠨᠠᠰᠤᠲᠠᠶ᠂ ᠪᠠᠭ᠎ᠠ ᠰᠤᠷᠭᠠᠭᠤᠯᠢ ᠶᠢᠨ ᠲᠠᠪᠤᠳᠤᠭᠠᠷ ᠣᠨ ᠤ ᠰᠤᠷᠤᠭᠴᠢ᠂ ᠲᠤᠬᠠᠶ ᠶᠢᠨ ᠡᠳᠦᠷ ᠳᠡᠭᠦᠦ ᠲᠠᠢ ᠪᠠᠨ ᠮᠠᠷᠭᠤᠯᠳᠤᠭᠰᠠᠨ ᠠᠴᠠ ᠪᠣᠯᠵᠤ᠂ ᠡᠴᠢᠭᠡ ᠨᠢ ᠲᠡᠭᠦᠨ ᠢ ᠰᠢᠭᠦᠮᠵᠢᠯᠡᠨ ᠰᠤᠷᠭᠠᠵᠤ᠂ ᠠᠭᠤᠷᠯᠠᠬᠤ ᠳᠤ ᠪᠠᠨ ᠡᠭᠦᠳᠡ ᠶᠢ ᠨᠢ ᠰᠠᠪᠠᠵᠤ ᠭᠠᠷᠴᠤ ᠣᠳᠪᠠ᠃ ᠲᠡᠭᠦᠨ ᠤ ᠡᠵᠢ ᠨᠢ ᠰᠤᠷᠭᠠᠭᠤᠯᠢ᠂ ᠵᠡᠷᠭᠡᠯᠡᠳᠡᠭᠡ ᠠᠶᠢᠯ᠂ ᠲᠥᠷᠥᠯ ᠰᠠᠳᠤᠨ ᠨᠠᠶᠢᠵᠠ ᠨᠥᠬᠦᠳ ᠠᠴᠠ ᠪᠠᠨ ᠠᠰᠠᠭᠤᠭᠠᠳ ᠪᠠᠰᠠ ᠡᠷᠢᠵᠦ ᠣᠯᠤᠭᠰᠠᠨ ᠦᠭᠡᠶ ᠪᠣᠯᠬᠤᠷ ᠠᠷᠭ᠎ᠠ ᠪᠤᠰᠤ ᠴᠠᠭᠳᠠᠭ᠎ᠠ ᠳᠤ ᠮᠡᠳᠡᠭᠦᠯᠪᠡ᠃     ᠲᠣᠮᠢᠯᠠᠭᠰᠠᠨ ᠰᠠᠯᠪᠤᠷᠢ ᠶᠢᠨ ᠠᠷᠠᠳ ᠤᠨ ᠴᠠᠭᠳᠠᠭ᠎ᠠ ᠲᠡᠷᠡ ᠳᠠᠷᠤᠶ ᠳᠤ ᠨᠢ ᠠᠵᠢᠯ ᠢᠶᠠᠨ ᠥᠷᠨᠢᠭᠦᠯᠵᠦ᠂ ᠣᠯᠠᠨ ᠲᠠᠯ᠎ᠠ ᠶᠢᠨ ᠴᠢᠷᠮᠠᠶᠢᠯᠭ᠎ᠠ ᠪᠠᠷ ᠳᠡᠮᠵᠢᠨ᠂ ᠦᠳᠡ ᠶᠢᠨ 12 ᠴᠠᠭ ᠤᠨ ᠦᠶ᠎ᠡ ᠪᠠᠷ 110 ᠤᠯᠤᠰ ᠤᠨ ᠵᠠᠮ ᠤᠨ ᠣᠶᠢᠷ᠎ᠠ ᠬᠠᠪᠢ ᠶᠢᠨ ᠨᠢᠭᠡᠨ ᠰᠠᠭᠤᠭᠠᠯᠢ ᠠᠷᠠᠳ ᠤᠨ ᠲᠣᠭᠤᠷᠢᠭ ᠲᠤ ᠯᠢᠦ ᠣᠪᠣᠭᠲᠤ ᠶᠢᠨ ᠮᠥᠷ ᠰᠤᠷᠠᠭ ᠲᠠᠢ ᠶᠢ ᠣᠯᠵᠤ ᠮᠡᠳᠡᠵᠡᠶ᠃ ᠠᠷᠠᠳ ᠤᠨ ᠴᠠᠭᠳᠠᠭ᠎ᠠ ᠦᠳᠡ ᠶᠢᠨ ᠬᠤᠭᠤᠯᠠ ᠪᠠᠨ ᠢᠳᠡᠵᠦ ᠵᠠᠪᠳᠤᠭᠰᠠᠨ ᠦᠭᠡᠶ ᠪᠠᠷ ᠲᠡᠷᠡ ᠳᠣᠣᠷ᠎ᠠ ᠨᠢ ᠰᠤ᠋ ᠠᠪᠠᠭ᠋ᠠᠶ ᠶᠢ ᠳᠠᠭᠠᠭᠤᠯᠤᠨ ᠲᠡᠷᠡ ᠬᠦ ᠰᠠᠭᠤᠭᠠᠯᠢ ᠠᠷᠠᠳ ᠤᠨ ᠲᠣᠭᠤᠷᠢᠭ ᠤᠷᠤᠭᠤ ᠲᠡᠷᠭᠡ ᠵᠢᠯᠣᠭᠤᠳᠤᠨ ᠴᠢᠭᠯᠡᠵᠡᠢ᠃ ᠡᠬᠡ ᠬᠦᠦ ᠬᠤᠶᠠᠭᠤᠯᠠ ᠠᠭᠤᠯᠵᠠᠭᠠᠳ ᠪᠦᠷ ᠨᠢᠯᠪᠤᠰᠤ ᠠᠰᠬᠠᠷᠠᠭᠤᠯᠪᠠ᠃ ᠠᠷᠠᠳ ᠤᠨ ᠴᠠᠭᠳᠠᠭ᠎ᠠ ᠶᠢᠨ ᠬᠠᠯᠠᠰᠢᠷᠠᠯ ᠦᠭᠡᠢ ᠢᠳᠬᠠᠯᠭ᠎ᠠ ᠪᠠᠷ ᠯᠢᠦ ᠣᠪᠣᠭᠲᠤ ᠡᠵᠢ ᠲᠠᠢ ᠪᠠᠨ ᠬᠠᠮᠲᠤ ᠭᠡᠷ ᠲᠤ ᠪᠠᠨ ᠬᠠᠷᠢᠪᠠ᠃     ᠴᠠᠭᠳᠠᠭᠠᠨ ᠤ ᠲᠠᠯ᠎ᠠ ᠠᠴᠠ᠂ ᠵᠠᠯᠠᠭᠤᠴᠤᠳ ᠪᠠᠭᠠᠴᠤᠳ ᠴᠢᠩᠭ᠎ᠠ ᠨᠡᠷᠡᠯᠬᠡᠭ ᠰᠡᠳᠬᠢᠯᠭᠡ ᠲᠠᠢ ᠪᠣᠯᠬᠤᠷ ᠬᠡᠷ ᠤᠨ ᠠᠬᠠᠮᠠᠳ ᠨᠢ ᠬᠡᠤᠬᠡᠳ ᠲᠠᠢ ᠪᠠᠨ ᠢᠯᠡᠭᠦᠬᠡᠨ ᠬᠠᠷᠢᠯᠴᠠᠵᠤ᠂ ᠰᠤᠷᠭᠠᠨ ᠬᠥᠮᠦᠵᠢᠭᠦᠯᠬᠦ ᠠᠷᠭ᠎ᠠ ᠬᠡᠯᠪᠡᠷᠢ ᠪᠠᠨ ᠠᠩᠬᠠᠷᠬᠤ ᠬᠡᠷᠡᠭᠲᠡᠶ᠃ ᠬᠡᠦᠬᠡᠳ ᠤᠳ ᠴᠦ ᠭᠡᠳ ᠠᠪᠤ ᠡᠵᠢ ᠶᠢᠨ ᠢᠶᠠᠨ ᠦᠷ᠎ᠡ ᠶᠢᠨ ᠢᠶᠠᠨ ᠲᠥᠯᠥᠭᠡ ᠭᠡᠳᠡᠭ ᠰᠡᠳᠬᠢᠯ ᠢ ᠢᠯᠡᠭᠦᠬᠡᠨ ᠣᠶᠢᠯᠠᠭᠠᠵᠤ᠂ ᠤᠴᠢᠷ ᠶᠠᠪᠤᠳᠠᠯ ᠲᠣᠬᠢᠶᠠᠯᠳᠤᠪᠠᠯ ᠬᠡᠲᠦᠷᠡᠮᠡᠬᠡᠢ ᠠᠵᠢᠯᠯᠠᠭ᠎ᠠ ᠬᠢᠵᠦ ᠪᠣᠯᠬᠤ ᠦᠭᠡᠢ᠃ ᠬᠡᠦᠬᠡᠳ ᠭᠡᠷ ᠠᠴᠠ ᠪᠠᠨ ᠰᠠᠯᠵᠤ ᠶᠠᠪᠤᠪᠠᠯ ᠴᠠᠭ ᠲᠤᠬᠠᠶ ᠳᠤ ᠨᠢ 110 ᠳᠤ ᠤᠲᠠᠰᠤᠳᠠᠵᠤ ᠴᠠᠭᠳᠠᠭ᠎ᠠ ᠳᠤ ᠬᠡᠷᠡᠭ ᠮᠡᠳᠡᠭᠦᠯᠬᠦ ᠬᠡᠷᠡᠭᠲᠡᠢ ᠭᠡᠵᠦ ᠰᠠᠨᠠᠭᠤᠯᠪᠠ᠃
ᠢᠷᠡᠯᠲᠡ᠄ ᠪᠤᠭᠤᠲᠤ ᠬᠤᠲᠠ ᠶᠢᠨ ᠳᠣᠲᠣᠭᠠᠳᠤ ᠶᠢ ᠬᠠᠮᠠᠭᠠᠯᠠᠬᠤ ᠲᠣᠪᠴᠢᠶ᠎ᠠ