ᠮᠢᠨᠦ ᠨᠤᠲᠤᠭ
ᠨᠡᠶᠢᠲᠡᠯᠡᠭᠰᠡᠨ ᠴᠠᠭ᠄
2022/3/8
      ᠮᠢᠨᠦ ᠨᠤᠲᠤᠭ                 ᠡᠷᠳᠡᠨᠢᠳᠠᠯᠠᠢ          ᠰᠠᠷᠠ ᠨᠢ ᠲᠡᠷᠭᠡᠯ    ᠨᠠᠷᠠ ᠨᠢ ᠲᠤᠩᠭᠠᠯᠠᠭ    ᠰᠠᠢᠬᠠᠨ ᠣᠷᠤᠨ    ᠮᠢᠨᠦ ᠨᠤᠲᠤᠭ᠃    ᠰᠠᠨᠰᠠᠷ ᠨᠢ ᠴᠡᠩᠬᠡᠷ    ᠠᠭᠠᠷ ᠨᠢ ᠴᠡᠪᠡᠷ     ᠰᠠᠷᠠᠭᠤᠯ ᠠᠭᠤᠳᠠᠮ    ᠮᠢᠨᠦ ᠨᠤᠲᠤᠭ᠃    ᠭᠠᠩ ᠵᠤᠳ ᠲᠤ ᠴᠦ    ᠲᠠᠯ᠎ᠠ ᠨᠤᠲᠤᠭ ᠤᠨ ᠬᠢᠨᠢ    ᠤᠰᠤᠨ ᠰᠠᠩ ᠨᠢ ᠳᠤᠮᠳᠠᠷᠠᠭ᠎ᠠ ᠦᠭᠡᠢ    ᠮᠢᠨᠦ ᠨᠤᠲᠤᠭ᠃    ᠭᠠᠴᠢᠭ ᠰᠢᠭᠤᠷᠭᠠᠨ ᠳᠤ ᠴᠦ    ᠮᠠᠯ ᠰᠦᠷᠦᠭ ᠨᠢ    ᠲᠤᠰᠤᠨ ᠲᠠᠷᠭᠤ ᠪᠠᠨ ᠠᠯᠳᠠᠭ᠎ᠠ ᠦᠭᠡᠢ    ᠮᠢᠨᠦ ᠨᠤᠲᠤᠭ᠃    ᠦᠷ᠎ᠡ ᠲᠠᠷᠢᠶ᠎ᠠ    ᠥᠨᠳᠦᠷ ᠤᠨᠠᠯᠲᠠ ᠲᠠᠢ    ᠥᠩᠰᠢᠭ ᠲᠠᠩᠰᠤᠭ    ᠮᠢᠨᠦ ᠨᠤᠲᠤᠭ᠃    ᠵᠢᠮᠢᠰ ᠨᠣᠭᠤᠭ᠎ᠠ    ᠵᠢᠩᠬᠢᠨᠢ ᠴᠢᠨᠠᠷᠯᠢᠭ    ᠡᠯᠪᠡᠭ ᠲᠡᠯᠪᠡᠭ    ᠮᠢᠨᠦ ᠨᠤᠲᠤᠭ᠃    ᠨᠢᠢᠮᠠᠳᠤᠭᠠᠷ ᠵᠠᠮ ᠤᠨ ᠴᠡᠷᠢᠭ ᠤᠨ     ᠮᠠᠯᠲᠠᠭᠰᠠᠨ    ᠤᠨᠳᠤᠷᠤᠮᠠᠯ ᠬᠤᠳᠳᠤᠭ ᠲᠠᠢ    ᠮᠢᠨᠦ ᠨᠤᠲᠤᠭ᠃    ᠨᠠᠮ ᠤᠨ ᠨᠢᠭᠤᠴᠠ ᠠᠵᠢᠯᠲᠠᠨ ᠤ    ᠪᠦᠲᠦᠭᠡᠭᠰᠡᠨ    ᠤᠯᠠᠮᠵᠢᠯᠠᠯ ᠲᠡᠦᠬᠡ ᠲᠠᠢ    ᠮᠢᠨᠦ ᠨᠤᠲᠤᠭ᠃    ᠤᠷᠲᠤ ᠶᠢᠨ ᠳᠠᠭᠤᠨ ᠤ    ᠡᠭᠡᠰᠢᠭ ᠲᠤ    ᠬᠥᠭ ᠨᠡᠮᠡᠭᠰᠡᠨ    ᠮᠢᠨᠦ ᠨᠤᠲᠤᠭ᠃    ᠤᠯᠤᠰ ᠣᠷᠤᠨ ᠤ ᠪᠠᠨ    ᠬᠥᠭᠵᠢᠯ ᠳᠤ    ᠬᠦᠴᠦ ᠨᠡᠮᠡᠭᠰᠡᠨ    ᠮᠢᠨᠦ ᠨᠤᠲᠤᠭ᠃      ᠵᠤᠬᠢᠶᠠᠭᠴᠢ ᠶᠢᠨ ᠬᠠᠶ᠋ᠢᠭ᠄ ᠣᠷᠳᠤᠰ ᠬᠤᠲᠠ ᠶᠢᠨ ᠣᠲᠤᠭ ᠤᠨ ᠡᠮᠦᠨᠡᠲᠦ ᠬᠤᠰᠢᠭᠤᠨ    ᠳᠣᠲᠤᠭᠠᠳᠤ ᠶᠢ ᠬᠠᠮᠠᠭᠠᠯᠠᠬᠤ ᠳᠤᠪᠴᠢᠶᠠᠨ ᠤ ᠬᠠᠤᠯᠢ ᠳᠦᠷᠢᠮ ᠤᠨ ᠶᠡᠭᠡ ᠠᠩᠭᠢ  
ᠢᠷᠡᠯᠲᠡ᠄ ᠣᠷᠳᠤᠰ ᠬᠤᠲᠠ ᠶᠢᠨ ᠲᠤᠳᠤᠭᠠᠳᠤ ᠶᠢ ᠬᠠᠮᠠᠭᠠᠯᠠᠬᠤ ᠲᠣᠪᠴᠢᠶ᠎ᠠ