ᠡᠪᠦᠯ ᠤᠨ ᠦᠷᠯᠦᠭᠡ
ᠨᠡᠶᠢᠲᠡᠯᠡᠭᠰᠡᠨ ᠴᠠᠭ᠄
2022/5/12
       ᠡᠪᠦᠯ ᠤᠨ ᠦᠷᠯᠦᠭᠡ                         ᠨᠠ᠊ · ᠵᠢᠷᠭᠠᠯᠬᠢᠬᠤᠨᠠᠬᠤ ᠬᠦᠢᠲᠡᠨ ᠳᠤ ᠡᠭᠦᠳᠡ ᠵᠢᠵᠢᠭᠢᠨᠡᠵᠦ ᠬᠠᠲᠠᠭᠰᠠᠨ ᠴᠦᠪᠦᠳᠡᠯ ᠲᠤᠯᠭ᠎ᠠ ᠳᠤ ᠫᠠᠴᠢᠭᠢᠨᠠᠨ᠎ᠠᠬᠤᠶᠢᠮᠤᠷ ᠵᠠᠪᠢᠯᠠᠭᠰᠠᠨ ᠨᠠᠰᠤᠲᠠᠨ ᠲᠤᠰᠤ ᠡᠷᠭᠦᠵᠦ ᠬᠠᠮᠤᠭ ᠪᠦᠬᠦᠨ ᠳᠤ ᠢᠯᠴᠢ ᠳᠠᠯᠠᠯᠤᠨ᠎ᠠᠰᠦ ᠲᠠᠢ ᠴᠠᠢ ᠲᠤᠭᠤᠭᠠᠨ ᠳᠤ ᠢᠳᠡᠭᠡᠰᠢᠵᠦ ᠰᠢᠨᠠᠭ᠎ᠠ ᠵᠠᠭᠤᠭᠰᠠᠨ ᠡᠮᠡᠭᠡᠨ ᠭᠠᠷ ᠷᠠᠰᠢᠶᠠᠯᠠᠨ᠎ᠠᠰᠠᠭᠠᠯᠢ ᠶᠢᠨ ᠦᠨᠦᠷ ᠦᠷᠦᠭᠡᠨ ᠳᠤ ᠬᠠᠩᠬᠤᠯᠵᠤ ᠰᠠᠭᠰᠤ ᠲᠠᠢ ᠬᠤᠷᠤᠳ ᠬᠠᠨ᠎ᠠ ᠲᠤᠰᠤᠳᠠᠨ᠎ᠠ᠃ᠲᠤᠷᠮᠤᠶᠢᠭᠰᠠᠨ ᠵᠢᠭᠠᠯ ᠬᠠᠴᠠᠷ ᠤᠯᠪᠠᠯᠵᠠᠭᠤᠯᠵᠤ ᠲᠤᠮᠤ ᠬᠦᠮᠦᠨ ᠠᠴᠠ ᠠᠳᠢᠰ ᠬᠦᠷᠲᠡᠨ᠎ᠡ ᠲᠤᠭᠤᠯ ᠬᠠᠷᠢᠭᠤᠯᠤᠭᠰᠠᠨ ᠬᠡᠰᠢᠭ ᠭᠡᠵᠦ ᠲᠤᠰᠤ ᠬᠤᠷᠤᠳ ᠦᠷᠦᠮ᠎ᠡ ᠳᠤ ᠱᠠᠩᠳᠠᠭᠤᠷᠠᠨ᠎ᠠᠡᠪᠦᠯ ᠤᠨ ᠴᠠᠭ ᠲᠡᠪᠴᠢᠶᠡᠷᠢ ᠬᠡᠷᠡᠭ ᠲᠠᠢ ᠭᠡᠵᠦ ᠡᠪᠦᠭᠡᠨ ᠡᠮᠡᠭᠡᠨ ᠬᠡᠤᠬᠡᠳ ᠲᠤ ᠰᠠᠨᠠᠭᠤᠯᠤᠨ᠎ᠠᠢᠷᠡᠬᠦ ᠵᠤᠨ ᠰᠦ ᠰᠠᠭᠠᠯᠢ ᠠᠪᠲᠠᠯ᠎ᠠ ᠪᠠᠨ ᠢᠳᠡ ᠬᠦᠴᠦ ᠪᠠᠨ ᠨᠦᠭᠡᠴᠡᠯᠡᠬᠦ ᠶᠢ ᠰᠤᠷᠭᠠᠨ᠎ᠠ᠃ᠬᠠᠬᠢᠷ ᠡᠪᠦᠯ ᠲᠠᠢ ᠰᠢᠨᠳᠠᠰᠤ ᠰᠢᠯᠭᠠᠵᠤ ᠬᠠᠲᠠᠭᠤ ᠴᠠᠭ ᠤᠨ ᠵᠤᠷᠢᠭ ᠳᠠᠪᠲᠠᠨ᠎ᠠᠬᠠᠪᠤᠷ ᠢ ᠤᠭᠲᠤᠨ ᠤᠨ ᠢ ᠦᠳᠡᠬᠦ ᠬᠠᠰᠢᠷ ᠮᠠᠯᠴᠢᠳ ᠵᠤᠳ ᠲᠠᠢ ᠲᠡᠮᠡᠴᠡᠨ᠎ᠡ᠃ 
ᠢᠷᠡᠯᠲᠡ᠄ ᠤᠯᠠᠭᠠᠨᠬᠠᠳᠠ ᠬᠤᠲᠠ ᠶᠢᠨ ᠠᠷᠤ ᠬᠤᠷᠴᠢᠨ ᠬᠤᠰᠢᠭᠤ