ᠴᠠᠰᠤᠨ ᠤ ᠠᠷ
ᠨᠡᠶᠢᠲᠡᠯᠡᠭᠰᠡᠨ ᠴᠠᠭ᠄
2022/5/12
           ᠴᠠᠰᠤᠨ ᠤ ᠠᠷ                      ᠨᠠ᠊ · ᠵᠢᠷᠭᠠᠯᠴᠠᠰᠤ ᠬᠠᠶᠠᠯᠠᠨ ᠠᠷ ᠲᠠᠲᠠᠬᠤ ᠳᠤ ᠴᠠᠭᠠᠨ ᠰᠢᠬᠢᠷ ᠭᠡᠵᠦ ᠬᠡᠤᠬᠡᠳ  ᠭᠠᠶᠢᠬᠠᠯᠳᠤᠨ‌‍ᠱᠣᠤᠭᠢᠯᠳᠤᠨ᠎ᠠᠴᠠᠰᠤ ᠵᠤᠵᠠᠭᠠᠷᠠᠨ ᠬᠦᠷᠦᠰᠦ ᠶᠢ ᠪᠦᠲᠡᠭᠡᠬᠦ ᠳᠤ ᠴᠡᠴᠡᠭ ᠳᠡᠯᠭᠡᠷᠡᠨ ᠤᠷᠭᠤᠮᠠᠯ ᠦᠵᠡᠮᠦᠷᠢᠯᠡᠨ᠎ᠡᠳᠡᠯᠭᠡᠭᠰᠡᠨ ᠲᠤᠷᠭ᠎ᠠ ᠰᠢᠭ᠋ ᠭᠤᠶᠤᠮᠰᠤᠭ ᠬᠡᠮᠡᠨ ᠳᠡᠭᠳᠡᠬᠡᠢ ᠬᠡᠤᠬᠡᠳ ᠬᠦᠭᠡᠷᠦᠨ ᠨᠠᠷᠭᠢᠯᠳᠤᠨ᠎ᠠᠲᠡᠭᠷᠢ ᠠᠴᠠ ᠰᠤᠶᠤᠷᠬᠠᠭᠰᠠᠨ ᠠᠳᠢᠰ ᠭᠡᠵᠦ ᠲᠡᠷᠲᠡᠭᠡ ᠲᠠᠯ᠎ᠠ ᠶᠢ ᠭᠠᠶᠢᠬᠠᠨ ᠳᠦᠷᠭᠢᠯᠳᠦᠨ᠎ᠡ᠃ ᠠᠯᠢᠶ᠎ᠠ ᠬᠡᠤᠬᠡᠳ ᠮᠤᠷᠢ ᠪᠠᠨ ᠳᠤᠪᠲᠤᠯᠤᠨ ᠠᠶᠢᠯ ᠬᠤᠲᠠᠨ ᠤ ᠨᠤᠬᠠᠢ ᠶᠢ ᠪᠤᠵᠢᠭᠢᠨᠠᠭᠤᠯᠵᠤᠠᠳᠤᠭᠤᠨ ᠤ ᠳᠡᠯ ᠠᠴᠠ ᠴᠠᠰᠤ ᠵᠢᠷᠤᠭᠯᠠᠵᠤ ᠠᠯᠤᠰ ᠤᠨ ᠪᠠᠷ᠎ᠠ ᠳᠤ ᠲᠤᠭᠤᠷᠠᠢ ᠭᠢᠯᠠᠰᠤᠨ᠎ᠠᠤᠯᠢᠶᠠᠷᠬᠠᠭ ᠬᠡᠤᠬᠡᠨ ᠴᠠᠰᠣ ᠶᠢ ᠪᠠᠭ᠋ᠠᠷᠬᠠᠵᠤ ᠤᠷᠠᠨ ᠤᠷᠠᠯᠠᠯ ᠤᠨ ᠴᠠᠭᠠᠰᠤ ᠳᠡᠯᠭᠡᠨ᠎ᠡᠠᠯᠳᠠᠯᠠᠰᠢ ᠦᠭᠡᠢ ᠦᠷᠭᠡᠨ ᠲᠤᠷᠭ᠎ᠠ ᠭᠡᠵᠦ ᠠᠯᠢ ᠰᠠᠶᠢᠬᠠᠨ ᠢ ᠪᠠᠭ᠋ᠠᠳᠤᠨ ᠭᠤᠶᠤᠯᠠᠨ᠎ᠠ᠃ᠪᠢᠯᠠᠭᠤ ᠰᠦᠢᠷᠡᠭᠰᠡᠨ ᠠᠩᠴᠢᠨ ᠵᠠᠯᠠᠭᠤ ᠪᠤᠲᠠ ᠪᠤᠷᠤᠯᠵᠢ ᠪᠠᠷ ᠬᠠᠯᠠᠭᠤᠨ ᠮᠦᠷ ᠮᠦᠰᠭᠢᠨ᠎ᠡᠪᠤᠰᠤᠭᠠᠳ ᠭᠠᠷᠬᠤ ᠲᠠᠤᠯᠠᠢ ᠦᠨᠡᠭᠡ ᠨᠢ ᠪᠤᠯᠲᠠᠨ ᠵᠢᠭᠤᠳᠠᠭᠠᠳ ᠤᠬᠠᠭᠠᠨ ᠢᠶᠠᠨ ᠰᠢᠯᠭᠠᠨ᠎ᠠᠠᠭᠤᠯᠠ ᠶᠢᠨ ᠴᠤᠤᠷᠢᠶ᠎ᠠ ᠬᠦᠭᠵᠢᠮ ᠨᠠᠷᠭᠢᠵᠤ ᠠᠯᠤᠰ ᠤᠨ ᠬᠠᠶᠢᠷᠠᠬᠠᠨ ᠬᠤᠶᠠᠭ ᠬᠡᠲᠦᠷᠡᠨ᠎ᠡᠠᠷᠢᠶᠠᠲᠠᠨ ᠵᠢᠭᠦᠷᠲᠡᠨ ᠪᠠᠭᠤᠴᠠ ᠪᠠᠨ ᠰᠠᠬᠢᠵᠤ ᠠᠶᠢᠵᠠᠮ ᠤᠶᠠᠩᠭᠠᠷᠠᠨ ᠨᠠᠷᠠ ᠳᠤᠯᠠᠶᠢᠨ᠎ᠠ᠃ᠴᠠᠰᠤ ᠬᠠᠲᠠᠭᠤᠷᠠᠨ ᠠᠷ ᠵᠤᠵᠠᠭᠠᠷᠠᠬᠤ ᠳᠤ ᠴᠤᠪᠤᠭ᠎ᠠ ᠵᠤᠷᠠᠶᠢᠨ ᠪᠡᠯᠴᠢᠭᠡᠷ ᠬᠤᠲᠠ ᠶᠢ ᠵᠤᠷᠢᠨ᠎ᠠᠴᠠᠭᠯᠠᠰᠢ ᠦᠭᠡᠢ ᠬᠠᠪᠤᠷ ᠤᠨ ᠳᠠᠭᠤᠤ ᠴᠠᠭᠠᠨ᠎ᠠ ᠨᠠᠭᠠᠨ᠎ᠠ ᠰᠦᠷᠦᠭ ᠢ ᠲᠦᠬᠦᠭᠦᠯᠦᠨ᠎ᠡᠤᠷᠠᠯᠠᠯ ᠳᠡᠯᠭᠡᠬᠦ ᠬᠦᠳᠡᠭᠡ ᠶᠢᠨ ᠬᠡᠤᠬᠡᠳ ᠤᠷᠮ᠎ᠠ ᠪᠠᠬ᠎ᠠ ᠲᠠᠢ ᠡᠷᠳᠡᠮ ᠭᠠᠶᠢᠬᠠᠭᠤᠯᠤᠨ᠎ᠠᠤᠯᠠᠷᠢᠯ ᠤᠨ ᠵᠢᠮ᠎ᠡ ᠪᠠᠷ ᠬᠠᠭᠳᠠ ᠴᠤᠬᠤᠶᠢᠨ ᠤᠷᠠᠯᠠᠭᠰᠠᠨ ᠵᠢᠷᠤᠭ ᠲᠠᠯ᠎ᠠ ᠳᠤ ᠠᠮᠢᠯᠠᠨ᠎ᠠ᠃ 
ᠢᠷᠡᠯᠲᠡ᠄ ᠤᠯᠠᠭᠠᠨᠬᠠᠳᠠ ᠬᠤᠲᠠ ᠶᠢᠨ ᠠᠷᠤ ᠬᠤᠷᠴᠢᠨ ᠬᠤᠰᠢᠭᠤ