ᠲᠣᠣᠷᠠᠬᠢ ︽ᠨᠠᠢᠮᠠᠨ ᠪᠦᠬᠦᠨ︾ ᠨᠢ ᠴᠦᠮ ᠮᠡᠬᠡᠯᠡᠯ ᠮᠥᠨ
ᠨᠡᠶᠢᠲᠡᠯᠡᠭᠰᠡᠨ ᠴᠠᠭ᠄
2022/7/21
      1.ᠥᠪᠡᠷ ᠢ ᠪᠠᠨ ᠳᠣᠲᠣᠭᠠᠳᠤ ᠶᠢ ᠬᠠᠮᠠᠭᠠᠯᠠᠬᠤ ᠪᠠᠶᠢᠴᠠᠭᠠᠬᠤ ᠰᠢᠭᠦᠬᠦ ᠭᠡᠵᠦ ᠱᠠᠭᠠᠷᠳᠠᠭᠰᠠᠨ ᠪᠦᠬᠦᠨ︔      2. ᠵᠣᠭᠤᠰ ᠭᠤᠪᠢᠭᠤᠯᠬᠤ ᠳᠤ ᠴᠢᠮ᠎ᠠ ᠶᠢ ︽ᠠᠮᠤᠷ ᠲᠦᠪᠰᠢᠨ ᠤ ᠳᠠᠩᠰᠠ︾ ᠳᠤ ᠣᠴᠢᠭᠤᠯᠬᠤ ᠭᠡᠰᠡᠨ ᠪᠦᠬᠦᠨ︔      3. ᠱᠠᠩᠨᠠᠯ ᠣᠯᠤᠭᠰᠠᠨ ᠪᠦᠬᠦᠨ᠂ ᠨᠥᠬᠦᠪᠥᠷᠢ ᠪᠠᠨ ᠠᠪᠬᠤ ᠳᠤ ᠴᠢᠮ᠎ᠠ ᠶᠢ ᠤᠷᠢᠳᠠᠪᠠᠷ ᠵᠣᠭᠤᠰ ᠲᠤᠰᠢᠶᠠᠯᠭᠠᠬᠤ ᠭᠡᠰᠡᠨ ᠪᠦᠬᠦᠨ︔      4. ︽ᠭᠡᠷ ᠪᠦᠯᠢ︾ ᠨᠢ ᠤᠴᠢᠷ ᠭᠠᠷᠪᠠᠯ ᠤᠷᠢᠳ ᠢᠶᠠᠷ ᠵᠣᠭᠤᠰ ᠭᠤᠪᠢᠭᠤᠯᠬᠤ ᠶᠢ ᠮᠡᠳᠡᠭᠳᠡᠭᠰᠡᠨ ᠪᠦᠬᠦᠨ︔      5. ᠬᠤᠪᠢ ᠬᠥᠮᠦᠨ ᠪᠠ ᠪᠠᠩᠬᠢ ᠶᠢᠨ ᠺᠠᠷᠲ ᠤᠨ ᠮᠡᠳᠡᠭᠡ ᠵᠠᠩᠭᠢ ᠵᠢᠴᠢ ᠣᠬᠤᠷ ᠴᠢᠮᠡᠭᠡᠨ ᠤ ᠰᠢᠯᠭᠠᠨ ᠪᠠᠲᠤᠯᠠᠬᠤ ᠺᠣᠳ᠋ ᠠᠪᠬᠤ ᠭᠡᠰᠡᠨ ᠪᠦᠬᠦᠨ︔      6. ᠴᠢᠮ᠎ᠠ ᠪᠠᠷ ᠰᠦᠯᠵᠢᠶᠡᠨ ᠤ ᠪᠠᠩᠬᠢ ᠨᠡᠭᠡᠭᠡᠵᠦ ᠪᠠᠶᠢᠴᠠᠭᠠᠯᠲᠠ ᠬᠦᠯᠢᠶᠡᠯᠭᠡᠭᠰᠡᠨ ᠪᠦᠬᠦᠨ︔      7. ᠥᠪᠡᠷ ᠢ ᠪᠠᠨ ᠤᠳᠤᠷᠢᠳᠤᠯᠭ᠎ᠠ ︵ᠵᠠᠩᠭᠤᠶᠢᠳᠠ︶ ᠬᠡᠮᠡᠵᠦ ᠵᠣᠭᠤᠰ ᠥᠭᠬᠦ ᠶᠢ ᠱᠠᠭᠠᠷᠳᠠᠭᠰᠠᠨ ᠪᠦᠬᠦᠨ︔      8. ᠲᠠᠨᠢᠯ ᠪᠤᠰᠤ ᠰᠦᠯᠵᠢᠶᠡᠨ ᠤ ᠥᠷᠲᠡᠭᠡ ︵ᠴᠥᠷᠬᠡᠯᠡᠭᠡ︶ ᠪᠦᠬᠦᠨ ᠳᠤ ᠪᠠᠩᠬᠢ ᠶᠢᠨ ᠺᠠᠷᠲ ᠤᠨ ᠮᠡᠳᠡᠭᠡ ᠵᠠᠩᠭᠢ ᠶᠢ ᠳᠠᠩᠰᠠᠯᠠᠭᠤᠯᠬᠤ ᠭᠡᠰᠡᠨ ᠪᠦᠬᠦᠨ᠃      ᠳᠡᠭᠡᠷᠡᠬᠢ ︽ᠨᠠᠢᠮᠠᠨ ᠪᠦᠬᠦᠨ︾ ᠪᠣᠯ ᠴᠥᠮ ᠮᠡᠬᠡᠯᠡᠯ ᠮᠥᠨ᠂ ᠶᠠᠭᠠᠬᠢᠭᠰᠠᠨ ᠴᠤ ᠮᠡᠬᠡᠯᠡᠭᠳᠡᠵᠦ ᠪᠣᠯᠬᠤ ᠦᠭᠡᠢ ᠭᠡᠳᠡᠭ ᠢ ᠴᠡᠭᠡᠵᠢᠯᠡᠭᠡᠷᠡᠢ᠃ 
ᠢᠷᠡᠯᠲᠡ᠄ ᠦᠪᠦᠷ ᠮᠤᠩᠭᠤᠯ ᠤᠨ ᠲᠣᠳᠤᠭᠠᠳᠤ ᠶᠢ ᠬᠠᠮᠠᠭᠠᠯᠠᠬᠤ ᠲᠢᠩᠬᠢᠮ