ᠦᠯᠵᠡᠶᠢᠮ᠎ᠡ
ᠨᠡᠶᠢᠲᠡᠯᠡᠭᠰᠡᠨ ᠴᠠᠭ᠄
2022/7/21
      ᠦᠯᠵᠡᠶᠢᠮ᠎ᠡ              ᠰ᠊᠂ ᠡᠩᠬᠡ  ᠵᠦᠭᠡᠯᠡᠨ ᠬᠠᠷᠠᠴᠠ ᠪᠠᠷ ᠢᠶᠠᠨ ᠨᠠᠮᠠᠢᠢ ᠵᠢᠮᠡᠯᠡᠭᠡᠷᠡᠢ ᠦᠯᠵᠡᠶᠢᠮ᠎ᠡ ᠮᠢᠨᠢ ᠵᠢᠰᠤ ᠦᠡᠭᠬᠡ ᠮᠢᠨᠢ ᠬᠠᠷᠠᠵᠠᠨ ᠤ ᠤᠰᠤ ᠰᠢᠭ᠋ ᠲᠤᠩᠭᠠᠯᠠᠭ ᠪᠤᠯᠬᠤ ᠶᠢ ᠭᠤᠷᠢᠳᠠᠨᠠᠮ ᠪᠢ ᠵᠦᠯᠭᠡᠨ ᠤ ᠨᠤᠭᠤᠭ᠎ᠠ ᠨᠢᠴᠤᠭᠦᠠ ᠬᠦᠯ ᠤᠨ ᠴᠢᠨᠢ ᠠᠩᠬᠢᠯᠤᠮ᠎ᠡ ᠳᠤ ᠲᠡᠰᠬᠢᠨ ᠰᠤᠭᠤᠷᠠᠵᠤ ᠵᠤᠨ ᠤ ᠪᠤᠷᠤᠭ᠎ᠠ ᠬᠡᠵᠢᠭᠡᠨ ᠤ ᠴᠢᠨᠢ ᠰᠡᠪᠡᠯᠭᠡ ᠰᠢᠭ ᠰᠢᠨᠤᠯ ᠢ ᠮᠢᠨᠢ ᠦᠳᠤᠭᠡᠨᠡᠮ ᠡ  ᠴᠢᠮᠠᠢᠢ ᠢᠷᠡᠬᠦ ᠳᠤ ᠪᠠᠶᠠᠠᠪᠤᠯᠠᠭ ᠤᠨ ᠬᠤᠳᠤᠭᠤᠷ ᠲᠠᠭᠤᠤ ᠪᠦᠵᠢᠭ ᠢᠶᠠᠷ ᠬᠤᠳᠤᠯᠵᠠᠵᠤ ᠴᠠᠯ ᠪᠤᠭᠤᠷᠤᠯ ᠡᠮᠧ ᠮᠢᠨᠢ ᠵᠠᠯᠠᠭᠤ ᠨᠠᠰᠤ ᠪᠠᠨ ᠡᠷᠬᠢᠴᠡᠭᠦᠯᠵᠤ ᠴᠠᠭ᠎ᠠ ᠰᠦ ᠪᠠᠨ ᠪᠠᠶᠢᠳᠠᠯ᠎ᠠ ᠨᠠᠳᠠ ᠠᠴᠠ ᠡᠬᠢᠯᠠᠨ ᠬᠠᠷᠠᠮᠯᠠᠵᠤ ᠴᠢᠷᠠᠢ ᠶᠢᠨ ᠠᠳᠤᠷᠢᠶ᠎ᠠ ᠨᠢ ᠵᠢᠷᠭᠠᠯ ᠤᠨ ᠲᠤᠶᠠᠭ᠎ᠠ ᠪᠠᠷ ᠲᠡᠨᠡᠶᠢᠭᠡᠳ ᠪᠠᠶᠢᠨᠠᠮ ᠡ  ᠤᠬᠠᠭᠠᠠᠳᠤ ᠬᠠᠷᠠᠴᠠ ᠪᠠᠷ ᠢᠶᠠᠨ ᠨᠠᠮᠠᠢᠢ ᠵᠠᠩᠨᠠᠭᠠᠷᠠᠢ ᠦᠯᠵᠡᠶᠢᠮ᠎ᠡ ᠮᠢᠨᠢ ᠠᠭᠤᠯᠠᠰ ᠤᠨ ᠤᠶᠢᠳᠬᠠᠷ ᠠᠷᠢᠯᠵᠤ ᠤᠰᠤᠨ ᠤ ᠮᠠᠨᠠᠨ ᠵᠠᠮᠬᠠᠷᠠᠨᠠᠮ ᠡ ᠤᠷᠭᠠᠨ ᠤ ᠭᠡᠭᠡᠷ ᠰᠤᠷᠳᠤᠯᠵᠡᠵᠤ ᠪᠦᠷᠢᠳᠤ ᠶᠢᠨ ᠰᠢᠪᠠᠭᠤᠳ ᠱᠠᠬᠢᠯᠳᠤᠭᠠᠳ ᠤᠷᠳᠤᠬᠠᠨ ᠲᠤᠯᠤᠭᠠᠳ ᠤᠨ ᠤᠷᠤᠢ ᠪᠠᠷ ᠰᠤᠯᠤᠩᠭ᠎ᠠ ᠲᠠᠳᠠᠭᠠᠳ ᠪᠠᠶᠢᠨᠠᠮ ᠡ  ᠲᠤᠷᠠᠯᠠᠯ ᠬᠠᠶᠢᠷ᠎ᠠ ᠶᠢᠨ ᠰᠢᠯᠤᠭ᠌ ᠢ ᠴᠢᠮ᠎ᠡ ᠠᠴᠠ ᠨᠢᠭᠤᠨ ᠴᠡᠭᠡᠵᠢᠯᠡᠵᠤ ᠲᠤᠷ᠎ᠠ ᠪᠠᠷ ᠤᠷᠭᠤᠬᠰᠠᠨ ᠭᠡᠭᠡᠷ᠎ᠡ ᠶᠢᠨ ᠴᠡᠴᠡᠭᠡᠰ ᠲᠤ ᠲᠠᠭᠤ ᠲᠠᠢ ᠤᠡᠭᠰᠢᠵᠤ ᠦᠯᠵᠡᠶᠢᠮ᠎ᠡ ᠡ᠂ ᠦᠯᠵᠡᠶᠢᠮ᠎ᠡ ᠭᠡᠵᠤ ᠵᠦᠭᠡᠯᠡᠨ ᠰᠢᠪᠡᠨᠡᠬᠦ ᠳᠤ ᠪᠠᠨ ᠡᠪᠡᠰᠤ ᠤᠯᠤᠭᠠᠳ ᠰᠤᠨᠤᠰᠬᠤ ᠠᠴᠠ ᠦᠬᠦᠳᠡᠯ᠎ᠡ ᠪᠠᠨ ᠢᠴᠢᠭᠡᠳ ᠪᠠᠶᠢᠨᠠᠮ ᠡ  ᠲᠦᠯᠭᠡᠨ ᠬᠠᠷᠠᠴᠠ ᠪᠠᠷ ᠢᠶᠠᠨ ᠨᠠᠮᠠᠢᠢ ᠢᠴᠢᠭᠡᠭᠡᠷᠡᠢ ᠦᠯᠵᠡᠶᠢᠮ᠎ᠡ ᠮᠢᠨᠢ ᠲᠦᠠᠵᠢᠨ ᠭᠤᠨ᠎ᠠ ᠰᠢᠭ᠋ ᠵᠦᠷᠢᠭᠦᠳ ᠵᠠᠩ ᠮᠢᠨᠢ ᠠᠭᠠᠰᠢᠨ ᠳᠤ ᠴᠢᠨᠢ ᠨᠢᠯᠬᠠᠷᠠᠨᠠᠮ ᠡ ᠲᠤᠭᠤᠢ ᠰᠢᠷᠭᠠᠯ ᠮᠠᠩᠬ᠎ᠠ ᠮᠢᠨᠢ ᠨᠤᠮᠤᠬᠠᠷᠠᠵᠤ ᠴᠢᠨᠤ ᠡᠭᠡᠰᠢᠭ ᠢᠶᠠᠷ ᠵᠡᠷᠭᠡᠯᠭᠡᠨᠳᠤᠨᠠᠮ ᠡ ᠲᠦᠷᠪᠡᠯᠵᠢᠨ ᠬᠠᠶᠢᠷᠴᠠᠭ ᠰᠢᠭ᠋ ᠮᠢᠨᠤ ᠲᠡᠭᠷᠢ ᠴᠢᠨᠤ ᠬᠤᠭᠤᠯᠠᠢ ᠪᠠᠷ ᠴᠡᠩᠭᠡᠷᠳᠤᠨᠡᠮ ᠡ  ᠲᠠᠯ᠎ᠠ ᠶᠢᠨ ᠢᠶᠠᠨ ᠡᠩᠭᠡᠷ ᠲᠤ ᠴᠢᠮ᠎ᠡ ᠲᠠᠢ ᠬᠠᠮᠳᠤ ᠬᠤᠨᠢ ᠪᠠᠨ ᠬᠠᠷᠢᠭᠤᠯᠵᠤ ᠲᠠᠭᠠᠳᠠᠢ ᠨᠢ ᠠᠷᠭ᠎ᠠ ᠦᠭᠡᠢ ᠲᠠᠷᠡᠰᠤᠨ ᠤ ᠲᠤᠮᠳᠠ ᠭᠠᠷ ᠢ ᠴᠢᠨᠢ ᠲᠡᠷᠡᠯᠡᠵᠤ ᠬᠡᠪᠳᠡᠭᠦ ᠰᠠᠨ ᠲᠠᠭᠠᠨ᠎ᠠ ᠮᠠᠩᠬᠢᠷ ᠤᠨ ᠦᠨᠤᠷ ᠬᠠᠨᠭ᠍ᠬᠤᠯᠤᠬᠰᠠᠨ ᠲᠡᠪᠡᠯ ᠢ ᠴᠢᠨᠢ ᠦᠨᠤᠷᠯᠡᠵᠤ ᠲᠠᠷᠪᠠᠭ᠎ᠠ ᠶᠢᠨ ᠵᠤᠯᠵᠠᠭ᠎ᠠ ᠰᠢᠭ᠋ ᠰᠢᠬᠦᠳᠡᠷᠢ ᠶᠢᠨ ᠲᠤᠰᠤᠯ ᠬᠦᠬᠦᠬᠦ ᠰᠠᠨ ᠤᠶᠠᠬᠠᠨ ᠬᠠᠷᠠᠴᠠ ᠪᠠᠷ ᠢᠶᠠᠨ ᠨᠠᠮᠠᠢᠢ ᠤᠶᠠᠷᠠᠭᠠᠷᠠᠢ ᠦᠯᠵᠡᠶᠢᠮ᠎ᠡ ᠮᠢᠨᠢᠤᠬᠵᠢ ᠪᠠᠨ ᠡᠷᠢᠭᠰᠡᠨ ᠬᠤᠷᠠᠭ᠎ᠠ ᠰᠢᠭ᠋ ᠶᠤᠮ ᠳ᠋ᠠ ᠭᠡᠵᠤ ᠡᠩᠭᠦᠷᠡᠶᠢᠯᠡᠬᠦ ᠶᠢ ᠴᠢᠨᠢ ᠬᠦᠰᠡᠨᠡᠮ ᠡᠤᠷᠢᠳᠤ ᠤᠷᠢᠳᠤ ᠶᠢᠨ ᠲᠠᠪᠢᠯᠠᠩ ᠤᠨ ᠬᠠᠳᠠᠭᠤ ᠳᠤ ᠪᠢ ᠲᠠᠳᠬᠤ ᠦᠭᠡᠢ ᠨᠢ ᠡᠠᠶᠠᠯᠤᠭᠠᠳ ᠦᠡᠭᠭᠡᠷᠡᠬᠦ ᠨᠠᠰᠤᠨ ᠤ ᠭᠠᠨᠵᠤᠭ᠎ᠠ ᠳᠤ ᠠᠷᠠᠳ ᠤᠨ ᠲᠠᠭᠤᠤ ᠨᠢ ᠴᠢ ᠶᠤᠮ ᠡ  ᠴᠢᠮᠠᠢᠢ ᠮᠤᠷᠳᠠᠬᠤ ᠳᠤ ᠪᠠᠶᠠᠠᠪᠤᠯᠠᠭ ᠤᠨ ᠬᠤᠳᠤᠭᠤᠷ ᠬᠤᠷ᠎ᠠ ᠦᠭᠡᠢ ᠬᠠᠭᠰᠠᠷᠴᠤ ᠴᠢᠩᠬᠢᠷ ᠴᠢᠩᠬᠢᠷ ᠰᠢᠪᠠᠭᠠᠳ ᠤᠨ ᠨᠠᠮᠤᠭᠤᠨ ᠵᠢᠷᠭᠢᠭᠡ ᠲᠠᠰᠤᠷᠠᠵᠤ ᠴᠢᠨᠤ ᠬᠤᠨᠤᠬᠰᠠᠨ ᠵᠢᠭᠠᠬᠠᠨ ᠦᠷᠭᠦᠭᠡ ᠴᠢᠬᠢᠭ ᠲᠠᠳᠠᠨ ᠪᠦᠳᠡᠭᠡᠶᠢᠷᠡᠵᠤ ᠴᠡᠪᠡᠷᠭᠡᠨ ᠲᠡᠯᠭᠡᠭᠰᠡᠨ ᠡᠮᠧ ᠶᠢᠨ ᠬᠤᠷᠤᠳ ᠡᠪᠡᠷᠡᠭᠡ ᠦᠭᠡᠢ ᠨᠢᠯᠪᠤᠰᠤᠷᠡᠵᠡᠢ ᠡ᠃                ᠬᠠᠶ᠋ᠢᠭ᠄ ᠬᠠᠭᠤᠴᠢᠨ ᠪᠠᠷᠭᠤ ᠬᠤᠰᠢᠭᠤᠨ ᠤ ᠲᠤᠳᠤᠭᠠᠳᠤ ᠶᠢ ᠬᠠᠮᠠᠭᠠᠯᠠᠬᠤ ᠲᠤᠪᠴᠢᠶ᠎ᠠ    
ᠢᠷᠡᠯᠲᠡ᠄ ᠬᠥᠯᠦᠨ ᠪᠣᠶᠢᠷ ᠬᠤᠲᠠ ᠶᠢᠨ ᠲᠣᠳᠤᠭᠠᠳᠤ ᠶᠢ ᠬᠠᠮᠠᠭᠠᠯᠠᠬᠤ ᠲᠣᠪᠴᠢᠶ᠎ᠠ