ᠪᠤᠭᠤᠲᠤ ᠶᠢᠨ ᠵᠠᠮ ᠬᠠᠷᠢᠯᠴᠠᠭᠠᠨ ᠤ ᠴᠠᠭᠳᠠᠭ᠎ᠠ ︽ᠲᠤᠭᠤᠯᠠᠭ᠎ᠠ ᠵᠡᠭᠦᠭᠦ᠂ ᠭᠡᠷᠡᠯ ᠣᠶᠢᠬᠤ ᠨᠠᠭᠠᠯᠲᠠ ᠤᠭᠰᠠᠷᠠᠬᠤ︾ ᠠᠵᠢᠯᠯᠠᠭ᠎ᠠ ᠥᠷᠨᠢᠭᠦᠯᠵᠦ ᠬᠥᠳᠡᠭᠡ ᠲᠣᠰᠬᠤᠨ ᠤ ᠵᠠᠮ ᠬᠠᠷᠢᠯᠴᠠᠭᠠᠨ ᠤ ᠠᠳᠡᠯ ᠤᠨ ᠰᠡᠷᠭᠡᠶᠢᠯᠡᠯᠲᠡ ᠶᠢᠨ ᠱᠤᠭᠤᠮ ᠢ ᠪᠠᠲᠤ ᠴᠣᠭᠴᠠᠯᠠᠪᠠ
ᠨᠡᠶᠢᠲᠡᠯᠡᠭᠰᠡᠨ ᠴᠠᠭ᠄
2022/8/3
      7 ᠳ᠋ᠤᠭᠠᠷ ᠰᠠᠷ᠎ᠠ ᠳᠤ᠂ ︽ᠦᠵᠡᠰᠬᠦᠯᠡᠩᠲᠦ ᠰᠠᠶᠢᠬᠠᠨ ᠬᠥᠳᠡᠭᠡ ᠲᠣᠰᠬᠤᠨ ᠤ ᠠᠶᠠᠯᠠᠯ︾ ᠤᠨ ᠵᠠᠮ ᠬᠠᠷᠢᠯᠴᠠᠭᠠᠨ ᠤ ᠠᠮᠤᠷ ᠲᠦᠪᠰᠢᠨ ᠤ ᠲᠣᠭᠤᠷᠢᠨ ᠤᠬᠠᠭᠤᠯᠬᠤ ᠠᠵᠢᠯᠯᠠᠭ᠎ᠠ ᠶᠢᠨ ᠠᠵᠢᠯ ᠤᠨ ᠱᠠᠭᠠᠷᠳᠠᠯᠭ᠎ᠠ ᠶᠢ ᠲᠤᠭᠤᠰᠢᠯᠠᠭᠤᠯᠤᠨ ᠨᠠᠶᠢᠳᠠᠪᠤᠷᠢᠵᠢᠭᠤᠯᠬᠤ ᠶᠢᠨ ᠲᠥᠯᠥᠭᠡ᠂ ᠪᠤᠭᠤᠲᠤ ᠬᠤᠲᠠ ᠶᠢᠨ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠵᠠᠮ ᠬᠠᠷᠢᠯᠴᠠᠭᠠᠨ ᠤ ᠬᠠᠮᠢᠶᠠᠷᠤᠯᠲᠠ ᠶᠢᠨ ᠰᠠᠯᠪᠤᠷᠢ ᠠᠩᠭᠢ ᠠᠷᠠᠳ ᠤᠨ ᠴᠠᠭᠳᠠᠭ᠎ᠠ ᠶᠢᠨ ᠬᠠᠷᠢᠶ᠎ᠠ ᠣᠷᠣᠨ ᠤ ᠮᠧᠩ ᠵᠢᠶᠠ ᠯᠢᠶᠠᠩ ᠲᠣᠰᠬᠤᠨ᠂ ᠪᠤᠷᠬᠠᠨᠲᠤ ᠪᠠᠯᠭᠠᠰᠤ ᠵᠡᠷᠭᠡ 16 ᠲᠣᠰᠬᠤᠨ ᠪᠠᠯᠭᠠᠰᠤᠨ ᠳᠤ ᠬᠦᠷᠴᠦ ︽ᠲᠤᠭᠤᠯᠠᠭ᠎ᠠ ᠵᠡᠭᠦᠭᠦ᠂ ᠭᠡᠷᠡᠯ ᠣᠶᠢᠬᠤ ᠨᠠᠭᠠᠯᠲᠠ ᠤᠭᠰᠠᠷᠠᠬᠤ︾ ᠠᠵᠢᠯᠯᠠᠭ᠎ᠠ ᠥᠷᠨᠢᠭᠦᠯᠵᠦ᠂ ᠬᠥᠳᠡᠭᠡ ᠲᠣᠰᠬᠤᠨ ᠤ ᠣᠯᠠᠨ ᠲᠦᠮᠡᠨ ᠤ ᠵᠠᠮ ᠬᠠᠷᠢᠯᠴᠠᠭᠠᠨ ᠤ ᠠᠮᠤᠷ ᠲᠦᠪᠰᠢᠨ ᠤ ᠤᠬᠠᠮᠰᠠᠷ᠂ ᠲᠦᠷᠢᠮ ᠤᠨ ᠤᠬᠠᠮᠰᠠᠷ᠂ ᠬᠠᠤᠯᠢ ᠪᠠᠷ ᠵᠠᠰᠠᠬᠤ ᠤᠬᠠᠮᠰᠠᠷ ᠢ ᠦᠨᠡᠨ ᠬᠦ ᠳᠡᠭᠡᠭᠰᠢᠯᠡᠭᠦᠯᠵᠦ᠂ ᠵᠠᠮ ᠬᠠᠷᠢᠯᠴᠠᠭᠠᠨ ᠤ ᠠᠳᠡᠯ ᠤᠨ ᠰᠡᠷᠭᠡᠶᠢᠯᠡᠯᠲᠡ ᠶᠢᠨ ᠱᠤᠭᠤᠮ ᠢ ᠦᠵᠡᠯ ᠰᠠᠨᠠᠭᠠᠨ ᠤ ᠲᠠᠯ᠎ᠠ ᠪᠠᠷ ᠪᠠᠲᠤ ᠪᠠᠬᠢ ᠪᠣᠯᠭᠠᠪᠠ᠃
DSC_6437.JPG   
微信图片_20220707101522.jpg
      ᠠᠵᠢᠯᠯᠠᠭ᠎ᠠ ᠳᠤ᠂ ᠠᠷᠠᠳ ᠤᠨ ᠴᠠᠭᠳᠠᠭ᠎ᠠ ᠬᠠᠪᠰᠤᠷᠤᠭᠴᠢ ᠴᠠᠭᠳᠠᠭ᠎ᠠ ᠡᠯ᠎ᠡ ᠲᠣᠰᠬᠤᠨ ᠪᠠᠯᠭᠠᠰᠤᠨ ᠳᠤ ᠭᠦᠨᠵᠡᠭᠡᠶᠢᠷᠡᠨ ᠮᠠᠯᠵᠢᠬᠤ ᠲᠠᠷᠢᠶᠠᠯᠠᠬᠤ ᠣᠷᠣᠨ ᠤ ᠵᠠᠮ ᠬᠠᠷᠢᠯᠴᠠᠭᠠᠨ ᠤ ᠠᠮᠤᠷ ᠲᠦᠪᠰᠢᠨ ᠤ ᠤᠬᠠᠭᠤᠯᠭ᠎ᠠ ᠬᠥᠮᠦᠵᠢᠯ ᠤᠨ ᠠᠵᠢᠯᠯᠠᠭ᠎ᠠ ᠥᠷᠨᠢᠭᠦᠯᠵᠦ᠂ ᠠᠷᠠᠳ ᠤᠨ ᠴᠠᠭᠳᠠᠭ᠎ᠠ ᠬᠠᠪᠰᠤᠷᠤᠭᠴᠢ ᠴᠠᠭᠳᠠᠭ᠎ᠠ ᠭᠡᠷᠡᠯ ᠤᠨ ᠣᠶᠢᠯᠲᠠ ᠶᠢᠨ ᠨᠠᠭᠠᠯᠲᠠ᠂ ᠠᠮᠤᠷ ᠲᠦᠪᠰᠢᠨ ᠤ ᠳᠤᠭᠤᠯᠠᠭ᠎ᠠ ᠵᠢᠴᠢ ᠤᠬᠠᠭᠤᠯᠭ᠎ᠠ ᠶᠢᠨ ᠮᠠᠲ᠋ᠧᠷᠢᠶᠠᠯ ᠢ ᠠᠪᠴᠤ᠂ ᠲᠠᠷᠢᠶᠠᠯᠠᠩ ᠳᠤ ᠬᠡᠷᠡᠭᠯᠡᠬᠦ ᠲᠷᠠᠺᠲ᠋ᠣᠷ᠂ ᠭᠤᠷᠪᠠᠨ ᠬᠦᠷᠳᠦᠲᠦ ᠲᠡᠷᠭᠡ᠂ ᠳᠤᠤᠷ᠎ᠠ ᠬᠤᠷᠳᠤᠴᠠᠲᠤ ᠠᠴᠢᠶᠠᠨ ᠤ ᠮᠠᠰᠢᠨ ᠳᠤ ᠭᠡᠷᠡᠯ ᠤᠨ ᠣᠶᠢᠯᠲᠠ ᠶᠢᠨ ᠨᠠᠭᠠᠯᠲᠠ ᠤᠭᠰᠠᠷᠠᠬᠤ ᠶᠢᠨ ᠬᠠᠮᠲᠤ ᠵᠠᠮ ᠬᠠᠷᠢᠯᠴᠠᠭᠠᠨ ᠤ ᠠᠮᠤᠷ ᠲᠦᠪᠰᠢᠨ ᠤ ᠤᠬᠠᠭᠤᠯᠭ᠎ᠠ ᠬᠥᠮᠦᠵᠢᠯ ᠤᠨ ᠠᠵᠢᠯ ᠢ ᠰᠠᠶᠢᠲᠤᠷ ᠬᠢᠵᠡᠶ᠃ ᠠᠷᠠᠳ ᠤᠨ ᠴᠠᠭᠳᠠᠭ᠎ᠠ ᠬᠠᠪᠰᠤᠷᠤᠭᠴᠢ ᠴᠠᠭᠳᠠᠭ᠎ᠠ ᠲᠠᠷᠢᠶᠠᠯᠠᠩ ᠤᠨ ᠮᠠᠰᠢᠨ ᠲᠡᠷᠭᠡᠨ ᠳᠤ ᠭᠡᠷᠡᠯ ᠤᠨ ᠣᠶᠢᠯᠲᠠ ᠶᠢᠨ ᠨᠠᠭᠠᠯᠲᠠ ᠤᠭᠰᠠᠷᠠᠵᠤ᠂ ᠲᠠᠷᠢᠶᠠᠴᠢᠨ ᠲᠦᠮᠡᠨ ᠳᠤ ᠵᠠᠮ ᠬᠠᠷᠢᠯᠴᠠᠭᠠᠨ ᠤ ᠠᠮᠤᠷ ᠲᠦᠪᠰᠢᠨ ᠤ ᠤᠬᠠᠭᠤᠯᠭ᠎ᠠ ᠶᠢ ᠥᠷᠨᠢᠭᠦᠯᠵᠦ᠂ ᠲᠣᠰᠬᠤᠨ ᠳᠤᠭᠤᠶᠢᠯᠠᠩ ᠤᠨ ᠨᠠᠮ ᠤᠨ ᠭᠡᠰᠢᠭᠦᠨ ᠺᠠᠳ᠋ᠷ ᠢ ᠱᠠᠯᠠᠪᠳᠠᠭᠤᠯᠤᠨ ᠱᠠᠭᠠᠷᠳᠠᠵᠤ ᠪᠠᠶᠢᠭᠠᠳ ᠲᠦᠷᠦᠭᠦᠯᠡᠨ ᠵᠢᠷᠤᠮᠯᠠᠨ ᠰᠠᠬᠢᠭᠤᠯᠵᠤ ᠦᠯᠢᠭᠡᠷ ᠳᠠᠭᠤᠷᠢᠶᠠᠯ ᠦᠵᠡᠭᠦᠯᠬᠦ ᠶᠢᠨ ᠬᠠᠮᠲᠤ ᠪᠠᠰᠠ ᠤᠯᠠᠨ ᠳᠤ ︽ᠲᠤᠮᠤ ᠯᠠᠪᠠᠷ︾ ᠢ ᠠᠰᠢᠭᠯᠠᠨ ᠠᠮᠤᠷ ᠲᠦᠪᠰᠢᠨ ᠤ ᠶᠡᠷᠦ ᠶᠢᠨ ᠮᠡᠳᠡᠯᠭᠡ ᠶᠢ ᠨᠡᠪᠲᠡᠷᠡᠭᠦᠯᠬᠦ ᠪᠣᠯᠪᠠᠰᠤᠷᠠᠯ ᠬᠦᠷᠲᠡᠭᠡᠵᠦ᠂ ᠬᠥᠳᠡᠭᠡ ᠲᠣᠰᠬᠤᠨ ᠤ ᠵᠠᠮ ᠬᠠᠷᠢᠯᠴᠠᠭᠠᠨ ᠤ ᠠᠮᠤᠷ ᠲᠦᠪᠰᠢᠨ ᠤ ᠤᠬᠠᠭᠤᠯᠭ᠎ᠠ ᠶᠢᠨ ᠠᠵᠢᠯ ᠢ ᠦᠨᠡᠨ ᠬᠦ ᠠᠮᠵᠢᠯᠲᠠ ᠲᠠᠢ ᠶᠠᠪᠤᠭᠳᠠᠭᠤᠯᠪᠠ᠃    
ᠢᠷᠡᠯᠲᠡ᠄ ᠪᠤᠭᠤᠲᠤ ᠬᠤᠲᠠ ᠶᠢᠨ ᠳᠣᠲᠣᠭᠠᠳᠤ ᠶᠢ ᠬᠠᠮᠠᠭᠠᠯᠠᠬᠤ ᠲᠣᠪᠴᠢᠶ᠎ᠠ