ᠠᠯᠪᠠᠨ ᠶᠣᠰᠣᠨ᠎ᠤ ᠮᠡᠳᠡᠭᠦᠯᠦᠯ ! 2026 ᠣᠨ᠎ᠤ ᠲᠥᠪ᠎ᠤᠨ ᠷᠠᠳᠢᠣ᠋ ᠲᠧᠯᠸᠢᠰ᠎ᠤᠨ ᠶᠡᠷᠦᠩᠬᠡᠢ ᠬᠤᠷᠢᠶ᠎ᠠ᠎ᠶᠢᠨ ᠮᠣᠷᠢᠨ ᠵᠢᠯ᠎ᠦᠨ ᠴᠠᠭᠠᠨ ᠰᠠᠷ᠎ᠠ᠎ᠶ᠋ᠢᠨ ᠦᠳᠡᠱᠢᠯᠡᠭᠡ᠎ᠶ᠋ᠢᠨ ᠦᠯᠵᠡᠢ᠌ᠲᠦ ᠠᠮᠢᠲᠠᠨ᠎ᠢ ᠨᠡᠢ᠌ᠲᠡᠯᠡᠪᠡ
2025-12-23

12 ᠳ᠋ᠤᠭ᠋ᠠᠷ ᠰᠠᠷ᠎ᠠ᠎ᠶ᠋ᠢᠨ 18 ᠎ᠤ ᠡᠳᠦᠷ᠂ ᠲᠥᠪ᠎ᠤᠨ ᠷᠠᠳᠢᠣ᠋ ᠲᠧᠯᠸᠢᠰ᠎ᠤᠨ ᠶᠡᠷᠦᠩᠬᠡᠶ ᠬᠤᠷᠢᠶ᠎ᠠ 《 2026 ᠣᠨ᠎ᠤ ᠴᠠᠭᠠᠨ ᠰᠠᠷ᠎ᠠ᠎ᠶ᠋ᠢᠨ ᠨᠠᠢ᠌ᠷ᠎ᠤᠨ ᠦᠳᠡᠱᠢᠯᠡᠭᠡ》᠎ᠶᠢᠨ ᠦᠯᠵᠡᠢ᠌ᠲᠦ ᠠᠮᠢᠲᠠᠨ᠎ᠤ ᠲᠥᠷᠢ ᠲᠥᠷᠬᠦ᠎ᠶᠢ ᠨᠡᠢᠲᠡᠯᠡᠪᠡ᠃ 《 ᠴᠢ ᠴᠢ 》᠂ 《 ᠵᠶ᠋ᠢ ᠵᠶ᠋ᠢ 》᠂ 《 ᡂᠢ ᡂᠢ 》᠂ 《 ᠴᠸᠩ ᠴᠸᠩ 》 ᠳᠥᠷᠪᠡᠨ ᠠᠵᠢᠨᠠᠶ ᠬᠦᠯᠦᠭ᠂ ᠴᠣᠪᠣᠭᠣ ᠳᠡᠭᠵᠢᠨ᠂ ᠴᠣᠭ ᠰᠦᠯᠳᠡ ᠨᠢ ᠪᠠᠳᠠᠷᠠᠵᠤ᠂ ᠦᠳᠡᠱᠢᠯᠡᠭᠡ᠎ᠶ᠋ᠢᠨ ᠭᠤᠤᠯ ᠰᠡᠳᠦᠪ 《 ᠬᠦᠯᠥᠭ ᠠᠭᠲᠠ ᠳᠤᠪᠲᠣᠯᠣᠨ ᠳᠠᠪᠬᠢᠵᠦ  ᠰᠦᠷ ᠬᠦᠴᠦᠨ ᠬᠣᠷᠢᠭᠯᠠᠭᠳᠠᠰᠢ ᠦᠭᠡᠢ》 ᠲᠠᠢ ᠣᠳᠤᠮ ᠤᠯᠠᠮᠵᠢᠯᠠᠯ ᠨᠢᠭᠡᠲᠡᠢ᠂ ᠬᠠᠷᠢᠯᠴᠠᠨ ᠬᠠᠪᠰᠤᠷᠤᠯᠴᠠᠵᠤ ᠬᠠᠷᠢᠯᠴᠠᠨ ᠳᠣᠪᠣᠢ᠌ᠯᠭ᠋ᠠᠵᠠᠢ᠃

ᠦᠯᠵᠡᠢᠲᠦ ᠠᠮᠢᠲᠠᠨ᠎ᠤ ᠵᠢᠷᠤᠭ ᠲᠥᠯᠥᠪᠯᠡᠭᠡᠨ᠎ᠤ ᠠᠪᠢᠶᠠᠰ ᠪᠢᠯᠢᠭ ᠨᠢ ᠳᠤᠮᠳᠠᠳᠤ ᠤᠯᠤᠰ᠎ᠤᠨ ᠠᠳᠠᠯᠢ ᠪᠤᠰᠤ ᠴᠠᠭ ᠦᠶ᠎ᠡ᠎ᠶ᠋ᠢᠨ ᠮᠣᠷᠢᠨ᠎ᠤ ᠰᠣᠩᠭᠤᠳᠠᠭ ᠳᠦᠷᠢ ᠲᠥᠷᠬᠦ᠎ᠠᠴᠠ ᠡᠭᠦᠰᠦᠯᠲᠡᠢ ᠪᠥᠭᠡᠳ ᠬᠦᠪᠣᠮᠡᠯ ᠡᠭᠦᠯᠡᠨ ᠬᠡ᠂ ᠠᠭᠤᠯᠠᠨ᠎ᠤ ᠡᠭᠦᠯᠡᠨ ᠬᠡ ᠵᠡᠷᠭᠡ ᠮᠢᠩᠭᠠᠨ ᠵᠢᠯ᠎ᠤᠨ ᠬᠡ ᠣᠭ᠋ᠠᠯᠵᠠ᠎ᠶ᠋ᠢ ᠪᠡᠶ᠎ᠡ ᠳᠡᠭᠡᠷ᠎ᠡ᠎ᠪᠡᠨ 《 ᠡᠮᠣᠰᠴᠦ 》᠂ ᠦᠶ᠎ᠡ᠎ᠶᠢᠨ ᠦᠶ᠎ᠡ᠎ᠳᠦ᠎ᠪᠡᠨ ᠲᠠᠰᠣᠷᠠᠰᠢ ᠦᠭᠡᠢ ᠲᠡᠦᠬᠡ᠎ᠶ᠋ᠢᠨ ᠭᠤᠸ᠎ᠠ ᠰᠠᠢᠬᠠᠨ᠎ᠤ ᠰᠡᠷᠡᠭᠳᠡᠯ ᠪᠠ ᠲᠦᠮᠡᠨ ᠵᠤᠢ᠌ᠯ ᠲᠦᠭᠡᠮᠡᠯ ᠰᠢᠨᠡᠳᠬᠦ᠎ᠶᠢᠨ ᠴᠠᠭ ᠦᠶ᠎ᠡ᠎ᠶ᠋ᠢᠨ ᠠᠭᠤᠷ ᠠᠮᠢᠰᠭᠤᠯ᠎ᠢᠶᠠᠷ ᠳᠦᠭᠦᠷᠡᠩ ᠪᠠᠢ᠌ᠵᠦ᠂ ᠠᠪᠣᠨ ᠡᠬᠢᠯᠡᠮᠡᠭᠴᠡ ᠠᠮᠵᠢᠯᠲᠠ ᠣᠯᠬᠤ᠂ ᠢᠷᠡᠭᠡᠳᠦᠢ ᠬᠡᠮᠡᠷᠯᠢᠭ ᠰᠢᠭ ᠰᠠᠢᠨ ᠰᠠᠢᠬᠠᠨ ᠶᠣᠭ᠍ᠲᠠ ᠤᠳᠭ᠎ᠠ᠎ᠪᠠᠷ ᠪᠢᠯᠬᠠᠵᠠᠢ᠃

《 ᠴᠢ ᠴᠢ 》 ᠎ᠶᠢᠨ ᠵᠢᠷᠤᠭ ᠲᠦᠯᠦᠪᠯᠡᠭᠡᠨ᠎ᠦ ᠠᠪᠢᠶᠠᠰ ᠪᠢᠯᠢᠭ ᠨᠢ ᠪᠠᠷᠠᠭᠤᠨ ᠵᠧᠦ ᠤᠯᠤᠰ᠎ᠤ᠋ᠨ ᠤᠨᠠᠭ᠋ᠠᠨ ᠴᠦᠬᠦᠴᠡ᠎ᠡᠴᠡ ᠡᠭᠦᠰᠦᠯᠲᠡᠢ ᠪᠠᠢ᠌ᠵᠦ᠂ ᠥᠩᠭᠡ᠎ᠶᠢᠨ ᠲᠣᠬᠢᠷᠠᠭᠤᠯᠤᠯᠲᠠ ᠨᠢ 《 ᠴᠢ 》 ᠭᠡᠬᠦ᠌ ᠦᠰᠦᠭ᠎ᠦ᠋ᠨ ᠤᠭ ᠤᠳᠬ᠎ᠠ — ᠬᠠᠷ᠎ᠠ ᠬᠠᠯᠲᠠᠷ ᠮᠣᠷᠢ᠂ ᠰᠦᠷ ᠰᠦᠯᠲᠡ ᠨᠢ ᠲᠥᠪ ᠶᠡᠬᠡᠮᠰᠦᠭ ᠮᠥᠷᠲᠡᠭᠡᠨ ᠢᠷᠠᠭᠤ ᠡᠷᠬᠢᠮᠰᠥᠭ᠎ᠠᠴᠠ ᠢᠷᠡᠯᠲᠡ ᠲᠠᠢ᠃ 《 ᠴᠢ ᠴᠢ 》 ᠲᠣᠯᠣᠭ᠋ᠠᠢ᠎ᠳᠤ᠎ᠪᠠᠨ ᠳᠠᠩᠯᠦ ᠵᠡᠭᠦᠵᠦ᠂ ᠣᠷᠢᠶᠠᠮᠠᠭ ᠭᠡᠵᠢᠭᠡ ᠣᠶᠠᠵᠤ᠂ ᠪᠣᠯᠪᠠᠰᠤᠨ ᠶᠣᠰᠣᠷᠬᠠᠭ᠂ ᠴᠣᠭ ᠪᠠᠳᠠᠷᠠᠩᠭᠣᠢ᠂ ᠠᠯᠤᠰ ᠬᠡᠳᠦ᠍᠎ᠶᠢᠨ ᠵᠣᠷᠢᠭ ᠡᠪᠦᠷᠯᠡᠭᠰᠡᠨ ᠣᠷᠭᠢᠯᠤᠮ᠎ᠠ ᠰᠡᠳᠭᠢᠯᠭᠡ᠎ᠪᠡᠷ ᠡᠷᠡᠯᠬᠡᠭᠯᠡᠨ ᠤᠷᠤᠭ᠍ᠱᠢᠯᠠᠬᠤ ᠳᠦᠷᠢ᠎ᠶᠢ ᠭᠦᠢ᠍ᠴᠡᠳ ᠢᠯᠡᠷᠡᠭᠦᠯᠵᠡᠢ᠃

《 ᠵᠢᠢ ᠵᠢᠢ 》᠎ᠶᠢᠨ ᠵᠢᠷᠣᠭ ᠲᠥᠯᠥᠪᠯᠡᠭᠡᠨ᠎ᠦ ᠠᠪᠢᠶᠠᠰ ᠪᠢᠯᠢᠭ ᠨᠢ ᠬᠠᠨ ᠤᠯᠤᠰ᠎ᠤ᠋ᠨ ᠦᠶ᠎ᠡ᠎ᠶᠢᠨ ᠲᠡᠭᠷᠢ᠎ᠶᠢᠨ ᠬᠦᠯᠥᠭ᠎ᠡᠴᠡ ᠡᠭᠦᠰᠦᠯᠲᠡᠢ᠃ ᠲᠡᠬᠦᠨ᠎ᠤ ᠲᠦᠷᠢ ᠪᠠᠢᠳᠠᠯ᠎ᠨᠢ ᠤᠯᠤᠰ᠎ᠤᠨ ᠡᠷᠳᠡᠨᠢ᠎ᠶᠢᠨ ᠲᠡᠰ᠎ᠤᠨ ᠲᠡᠤᠬᠡ᠎ᠶ᠋ᠢᠨ ᠲᠤᠷᠠᠰᠭᠠᠯᠳᠤ ᠵᠦᠢᠯ ᠪᠣᠯᠬᠤ ᠭᠠᠤᠯᠢᠨ ᠳᠠᠪᠬᠢᠭ᠎ᠠ ᠮᠤᠷᠢ᠎ᠪᠠᠷ ᠯᠠᠪᠯᠠᠯᠲᠠ ᠪᠤᠯᠭᠠᠵᠤ᠂ ᠵᠢᠭᠦᠷ ᠨᠢ ᠠᠯᠳᠠ ᠮᠦᠩᠬᠦ᠎ᠶᠢ ᠰᠠᠭᠣᠯᠭ᠋ᠠᠨ ᠣᠭ᠌ᠶᠤ᠎ᠶᠢ ᠰᠢᠬᠢᠳᠭᠡᠭᠰᠡᠨ ᠠᠩᠨᠠᠬᠤ ᠬᠡ᠎ᠶᠢᠨ ᠭᠣᠣᠯᠢᠨ ᠰᠢᠭᠦᠷ᠎ᠦᠨ ᠲᠦᠭᠦᠬᠡᠢ ᠲᠡᠮᠦᠷᠯᠢᠭ᠎ᠤᠨ ᠳᠡᠬᠡᠷᠡᠬᠢ ᠨᠢᠰᠦᠭᠡ ᠬᠦᠯᠥᠭ᠎ᠢᠶᠡᠷ ᠬᠡᠪ ᠬᠢᠵᠡᠢ᠃ 《 ᠵᠢᠢ ᠵᠢᠢ 》 ᠬᠣᠣᠰ ᠵᠢᠭᠦᠷ᠎ᠢᠶᠠᠨ ᠳᠡᠯᠭᠡᠨ᠂ ᠡᠭᠦᠯᠡ ᠬᠥᠯᠭᠡᠯᠡᠨ ᠳᠠᠪᠬᠢᠵᠤ ᠪᠠᠢ᠌ᠭ᠎ᠠ ᠪᠠᠭ᠋ᠠᠲᠤᠷ ᠳᠦᠷᠢ ᠨᠢ ᠥᠭᠡᠳᠡᠯᠡᠨ ᠳᠠᠪᠱᠢᠬᠤ ᠴᠤᠭ ᠵᠢᠪᠬᠣᠭ᠎ᠠ᠎ᠶᠢ ᠢᠯᠡ ᠲᠣᠳᠣ ᠢᠯᠡᠷᠡᠭᠦᠯᠵᠡᠢ᠃

《 ᡂᠢ ᡂᠢ 》 ᠎ᠶᠢᠨ ᠵᠢᠷᠤᠭ ᠲᠥᠯᠥᠪᠯᠡᠭᠡᠨ᠎ᠦ ᠠᠪᠢᠶᠠᠰ ᠪᠢᠯᠢᠭ ᠨᠢ ᠳᠠᠩ ᠤᠯᠤᠰ᠎ᠤ᠋ᠨ ᠦᠶ᠎ᠡ᠎ᠶᠢᠨ ᠭᠤᠷᠪᠠᠨ ᠴᠡᠴᠡᠭ᠎ᠦᠨ ᠳᠡᠯᠲᠦ ᠮᠣᠷᠢᠨ᠎ᠠ᠋ᠴᠠ ᠡᠭᠦᠰᠦᠯᠲᠡᠢ᠃ ᠭᠤᠷᠪᠠᠨ ᠴᠡᠴᠡᠭ᠎ᠦᠨ ᠳᠡᠯᠲᠦ ᠮᠣᠷᠢ᠎ᠨᠢ ᠳᠡᠯ᠎ᠢ ᠭᠤᠷᠪᠠᠨ ᠳᠡᠯ ᠬᠤᠪᠢᠶᠠᠨ ᠴᠢᠮᠡᠭᠯᠡᠵᠦ ᠣᠯᠣᠭ᠍ᠰᠠᠨ ᠨᠡᠷ᠎ᠡ᠂ ᠡᠨᠡ᠎ᠨᠢ ᠵᠤᠤ ᠯᠢᠩ᠎ᠤᠨ ᠵᠢᠷᠭᠤᠭᠠᠨ ᠬᠦᠯᠦᠭ ᠵᠡᠷᠭᠡ᠎ᠪᠠᠷ ᠲᠥᠯᠥᠭᠡᠯᠡᠭᠦᠯᠦᠭ᠌ᠰᠡᠨ ᠲᠠᠩ ᠤᠯᠤᠰ᠎ᠤᠨ ᠦᠶ᠎ᠡ᠎ᠶ᠋ᠢᠨ ᠲᠡᠦᠬᠡ᠎ᠶ᠋ᠢᠨ ᠳᠤᠷᠠᠰᠭᠠᠯᠲᠤ ᠵᠦᠢᠯ ᠪᠠ ᠲᠡᠦᠬᠡᠨ ᠮᠠᠲ᠋ᠧᠷᠢᠶᠠᠯ᠎ᠳᠤ ᠣᠯᠵᠣ ᠦᠵᠡᠬᠦ ᠠᠷᠭᠣᠮᠠᠭ ᠬᠥᠯᠥᠭ᠎ᠦᠨ ᠬᠠᠮᠣᠭ᠎ᠤᠨ ᠳᠡᠭᠡᠲᠦ ᠬᠡᠪ ᠪᠠᠷᠢᠮᠵᠢᠶ᠎ᠠ ᠪᠣᠯᠬᠤ ᠶᠤᠮ᠃  《 ᡂᠢ ᡂᠢ 》 ᠵᠣᠷᠢᠭ ᠰᠠᠨᠠᠭ᠎ᠠ ᠪᠠᠳᠠᠷᠠᠩᠭᠤᠢ᠂ ᠣᠶᠠᠭᠰᠠᠨ ᠮᠣᠷᠢᠨ ᠰᠡᠭᠦᠯ ᠨᠢ ᠨᠡᠩ ᠡᠷᠡᠯᠬᠡᠭ ᠪᠠᠭᠠᠲᠤᠷᠯᠢᠭ ᠴᠤᠭ ᠵᠢᠪᠬᠤᠭ᠎ᠠ ᠨᠡᠮᠡᠷᠢᠯᠡᠵᠦ᠍᠂  ᠪᠦᠷᠢᠨ ᠢᠲᠡᠭᠡᠯ ᠲᠠᠢ ᠠᠭᠤᠵᠢᠭᠤ ᠳᠠᠯᠪᠢᠭᠣ ᠣᠪᠣᠷ ᠲᠥᠷᠢ᠎ᠪᠡᠨ ᠢᠯᠡᠷᠡᠭᠦᠯᠵᠡᠢ᠃

《 ᠴᠧᠩ ᠴᠸᠩ 》᠎ᠦᠨ ᠵᠢᠷᠤᠭ ᠲᠥᠯᠥᠪᠯᠡᠭᠡᠨ᠎ᠦ ᠤᠭ ᠬᠡᠯᠪᠡᠷᠢ ᠪᠣᠯ ᠫᠦ᠋ ᠣᠪᠣᠭ᠍ᠲᠤ᠎ᠶᠢᠨ ᠵᠡᠷᠯᠢᠭ ᠳᠠᠬᠢ ᠪᠣᠯᠣᠨ᠎ᠠ᠃ ᠳᠡᠯᠡᠬᠡᠢ᠎ᠶᠢᠨ ᠪᠥᠮᠪᠥᠷᠴᠡᠭ ᠳᠡᠭᠡᠷᠡᠬᠢ ᠣᠳᠣ ᠣᠷᠣᠰᠢᠵᠤ ᠪᠠᠢ᠌ᠭ᠎ᠠ ᠴᠣᠷ᠎ᠤ᠋ᠨ ᠭᠠᠭ᠍ᠴᠠ ᠵᠡᠷᠯᠢᠭ ᠠᠳᠣᠭᠣᠨ᠎ᠤ ᠲᠥᠷᠥᠯ ᠪᠣᠯᠤᠭ᠍ᠰᠠᠨ᠎ᠤ᠋ ᠬᠤᠪᠢ᠎ᠳ᠋ᠤ᠂ ᠫᠦ᠋ ᠣᠪᠣᠭ᠍ᠲᠤ᠎ᠶᠢᠨ ᠵᠡᠷᠯᠢᠭ ᠳᠠᠬᠢ ᠨᠢ 6000 ᠲᠦᠮᠡᠨ ᠵᠢᠯ᠎ᠦ᠋ᠨ ᠤᠷᠲᠤ ᠤᠳᠠᠭᠠᠨ ᠬᠤᠪᠢᠰᠤᠯ᠎ᠤ᠋ᠨ ᠲᠡᠦᠬᠡ᠎ᠲᠡᠢ 《 ᠠᠮᠢᠳᠤ ᠪᠣᠳᠠᠰ᠎ᠤ᠋ᠨ ᠭᠧᠨ᠎ᠦ᠌ ᠠᠮᠢᠳᠤ ᠴᠢᠯᠠᠭᠤᠵᠢᠮᠠᠯ 》 ᠪᠣᠯᠤᠨ᠎ᠠ᠃ ᠡᠳᠦᠭᠡ᠂ ᠳᠤᠮᠳᠠᠳᠤ ᠤᠯᠤᠰ᠎ᠤᠨ ᠫᠦ᠋ ᠣᠪᠣᠭᠲᠣ᠎ᠶ᠋ᠢᠨ ᠵᠡᠷᠯᠢᠭ ᠳᠠᠬᠢ᠎ᠶ᠋ᠢᠨ ᠳᠦᠷᠰᠦ᠎ᠶ᠋ᠢᠨ ᠰᠦᠷᠦᠭ᠎ᠤᠨ ᠲᠤᠭ᠎ᠠ ᠳᠡᠯᠡᠬᠡᠶ ᠳ᠋ᠠᠬᠢᠨ᠎ᠤ ᠲᠡᠷᠢᠭᠦᠨ᠎ᠳᠤ ᠣᠷᠣᠵᠤ᠂ ᠮᠠᠨ᠎ᠤ ᠤᠯᠤᠰ᠎ᠤᠨ ᠠᠮᠢᠳᠤ ᠪᠣᠳᠠᠰ᠎ᠤᠨ ᠣᠯᠠᠨ ᠶᠠᠩᠵᠤᠲᠤ ᠴᠢᠨᠠᠷ᠎ᠦᠨ ᠬᠠᠮᠠᠭ᠋ᠠᠯᠠᠯᠲᠠ᠂ ᠠᠮᠢ ᠠᠬᠤᠶ᠎ᠶ᠋ᠢᠨ ᠪᠣᠯᠪᠠᠰᠤᠨ᠎ᠤ ᠪᠠᠢᠭᠤᠯᠤᠯᠲᠠ᠎ᠶ᠋ᠢᠨ ᠴᠢᠬᠤᠯᠠ ᠦᠷ᠎ᠡ ᠪᠦᠲᠦᠭᠡᠯ ᠪᠣᠯᠤᠨ᠎ᠠ᠃ 《 ᠴᠸᠩ ᠴᠸᠩ 》᠎ᠦᠨ ᠭᠠᠳᠠᠷ ᠳᠦᠷᠰᠦ ᠨᠢ ᠬᠦᠳᠡᠷ ᠴᠢᠭᠢᠷᠠᠭ᠂ ᠪᠡᠶ᠎ᠡ ᠪᠢᠯᠳᠠᠷ᠎ᠨᠢ ᠢᠳᠡᠷᠡᠭᠦᠨ ᠲᠤᠷᠪᠢᠳᠠᠢ᠂ ᠬᠥᠮᠦᠨ ᠪᠠᠢᠭᠠᠯᠢ ᠡᠶ᠎ᠡ ᠵᠣᠬᠢᠴᠠᠯ᠎ᠲᠠᠢ ᠬᠠᠮᠲᠤ ᠣᠷᠣᠱᠢᠬᠤ ᠠᠮᠢᠳᠤᠯᠢᠭ ᠭᠡᠷᠡᠴᠢ ᠪᠣᠯᠵᠠᠢ᠃

ᠷᠠᠳᠢᠤ᠋ ᠲᠧᠯᠸᠢᠰ᠎ᠦ᠋ᠨ ᠠᠵᠢᠯ ᠲᠥᠷᠥᠯ᠎ᠦᠨ ᠳᠣᠲᠣᠭᠠᠳᠤᠬᠢ ᠠᠩᠬᠠᠷᠤᠯᠲᠠ᠎ᠪᠠᠷ᠂ ᠥᠯᠵᠡᠢᠲᠦ ᠠᠮᠢᠲᠠᠨ᠎ᠢ ᠳᠤᠮᠳᠠᠳᠤ ᠤᠯᠤᠰ᠎ᠤ᠋ᠨ ᠵᠠᠭᠤᠴᠢᠯᠠᠭᠤᠷ᠎ᠤ᠋ᠨ ᠶᠡᠬᠡ ᠰᠤᠷᠭᠠᠭᠤᠯᠢ᠎ᠶᠢᠨ ᠺᠠᠷᠲ᠋ᠣᠨ ᠵᠢᠷᠤᠭ ᠪᠣᠯᠤᠨ ᠳ᠋ᠢᠭᠢᠲᠴᠢᠯᠡᠭᠰᠡᠨ ᠤᠷᠠᠯᠢᠭ᠎ᠤ᠋ᠨ ᠳᠡᠭᠡᠳᠦ ᠰᠤᠷᠭᠠᠭᠤᠯᠢ᠎ᠶᠢᠨ ᠭᠣᠣ ᠸᠧᠢ ᠬᠤᠸᠠ ᠫᠷᠣᠹᠧᠰᠰᠣᠷ᠎ᠤ᠋ᠨ ᠳᠠᠭᠠᠭᠤᠯᠤᠭ᠍ᠰᠠᠨ ᠪᠠᠭ᠍ᠱᠢ ᠰᠤᠷᠤᠭ᠍ᠴᠢᠳ᠎ᠤ᠋ᠨ ᠪᠦᠯᠬᠦᠮ ᠨᠡᠢ᠌ᠲᠡ᠎ᠶᠢᠨ ᠠᠩᠬ᠎ᠠ ᠵᠤᠬᠢᠶᠠᠭᠰᠠᠨ ᠵᠢᠷᠤᠭ ᠲᠥᠯᠥᠪᠯᠡᠭᠡ᠂ ᠳᠥᠷᠪᠡᠨ ᠥᠯᠵᠡᠢᠲᠦ ᠠᠮᠢᠲᠠᠨ᠎ᠤ ᠨᠢᠭᠡᠳᠦᠯᠲᠡᠢ ᠬᠡᠪ ᠨᠠᠮᠪᠠ᠎ᠶᠢ ᠰᠢᠯᠢᠳᠡᠭᠵᠢᠭᠦᠯᠬᠦ᠂ ᠨᠠᠷᠢᠨ ᠵᠦᠢᠯᠡᠰ᠎ᠢ᠋ ᠱᠦᠷᠭᠦᠭᠡᠬᠦ᠌ ᠵᠢᠴᠢ ᠪᠡᠶᠡᠲᠦ ᠬᠤᠪᠢᠷᠠᠭᠤᠯᠬᠤ ᠠᠵᠢᠯ᠎ᠢ᠋ ᠲᠤᠰ ᠪᠦᠯᠬᠦᠮ ᠨᠡᠢ᠌ᠲᠡ᠎ᠡᠴᠡ ᠬᠢᠵᠦ᠍ ᠳᠠᠭᠤᠰᠭᠠᠪᠠ ᠃

ᠣᠢᠯᠠᠭᠠᠭ᠍ᠰᠠᠨ᠎ᠢᠶᠠᠷ᠂ ᠥᠯᠵᠡᠢᠲᠦ ᠠᠮᠢᠲᠠᠨ᠎ᠤ ᠪᠦᠬᠦ᠋ᠢᠯᠡ ᠵᠣᠬᠢᠶᠠᠨ ᠪᠦᠲᠦᠭᠡᠬᠦ᠌ ᠶᠠᠪᠤᠴᠠ᠎ᠨᠢ ᠭᠤᠷᠪᠠᠨ ᠰᠠᠷ᠎ᠠ ᠶᠠᠪᠤᠭ᠍ᠳᠠᠵᠤ᠂ ᠭᠤᠷᠪᠠᠨ ᠱᠠᠲᠤ᠎ᠶᠢ ᠦᠩᠭᠡᠷᠡᠭᠡᠨ ᠨᠠᠷᠢᠨ ᠨᠢᠮᠪᠠᠶ ᠱᠦᠷᠭᠦᠭᠡᠨ᠄ ᠨᠢᠭᠡᠳᠦᠭᠡᠷ ᠱᠠᠲᠤ ᠨᠢ ᠨᠢᠭᠡ ᠰᠠᠷ᠎ᠠ᠎ᠶᠢᠨ ᠴᠠᠭ᠎ᠢ ᠵᠠᠷᠣᠴᠠᠭᠣᠯᠣᠨ ᠭᠤᠷᠪᠠᠨ ᠡᠭᠡᠯᠵᠢ᠎ᠶ᠋ᠢᠨ ᠪᠦᠲᠦᠭᠡᠯᠴᠢ ᠰᠡᠳᠭᠢᠮᠵᠢ ᠬᠢᠭᠡᠳ ᠰᠠᠨᠠᠯ ᠳᠤᠷᠠᠳᠤᠯᠭ᠎ᠠ᠎ᠶ᠋ᠢ ᠪᠡᠶᠡᠯᠡᠭᠦᠯᠵᠦ᠍᠂ ᠰᠣᠶᠣᠯ᠎ᠤᠨ ᠭᠤᠤᠯ ᠰᠡᠳᠦᠪ᠎ᠢ ᠣᠨᠣᠪᠴᠢᠲᠠᠶ ᠳᠣᠭ᠍ᠲᠠᠭᠠᠪᠠ; ᠬᠤᠶᠠᠳᠤᠭᠠᠷ ᠱᠠᠲᠤ ᠨᠢ ᠶᠡᠷᠦᠩᠬᠡᠢ ᠬᠤᠷᠢᠶ᠎ᠠ᠎ᠶ᠋ᠢᠨ ᠴᠠᠭᠠᠨ ᠰᠠᠷ᠎ᠠ᠎ᠶ᠋ᠢᠨ ᠦᠳᠡᠱᠢᠯᠡᠭᠡ᠎ᠶ᠋ᠢᠨ ᠤᠳᠤᠷᠢᠳᠤᠭ᠋ᠠᠴᠢ᠎ᠶ᠋ᠢᠨ ᠬᠠᠷᠢᠭᠤ ᠲᠤᠰᠭᠠᠯ᠎ᠢ ᠦᠨᠳᠦᠰᠦᠯᠡᠨ᠂ 《 ᠵᠢᠢ ᠵᠢᠢ 》᠂ 《 ᡂᠢ ᡂᠢ 》᠎ᠶᠢᠨ ᠳᠣᠯᠣᠳᠣᠭ᠋ᠠᠷ ᠡᠭᠡᠯᠵᠢ᠎ᠶᠢᠨ ᠬᠡᠪ ᠬᠢᠬᠦ᠎ᠶᠢ ᠳᠠᠪᠬᠤᠷᠯᠠᠨ ᠣᠷᠣᠭᠣᠯᠠᠬᠣ᠎ᠶᠢᠨ ᠬᠠᠮᠲᠤ᠂ ᠳᠥᠷᠪᠡᠨ ᠠᠵᠢᠨᠠᠢ ᠬᠦᠯᠦᠭ᠎ᠤᠨ ᠬᠡᠪ ᠨᠠᠮᠪᠠ ᠪᠠ ᠬᠡ ᠤᠭᠠᠯᠵᠠ᠎ᠶᠢᠨ ᠵᠢᠷᠤᠭ ᠲᠥᠯᠥᠪᠯᠡᠭᠡ᠎ᠶᠢ ᠨᠢᠭᠡᠳᠦᠯᠲᠡᠢ ᠰᠢᠯᠢᠳᠡᠭᠵᠢᠭᠦᠯᠪᠡ; ᠬᠠᠮᠤᠭ᠎ᠤᠨ ᠰᠡᠭᠦᠯᠴᠢ᠎ᠶ᠋ᠢᠨ ᠨᠢᠭᠡ ᠰᠠᠷ᠎ᠠ᠎ᠳᠤ ᠰᠢᠰᠲᠸᠮᠵᠢᠭᠦᠯᠦᠨ ᠨᠠᠷᠢᠯᠢᠭᠵᠢᠭᠤᠯᠬᠤ ᠪᠠ ᠪᠡᠶᠡᠲᠦ ᠬᠤᠪᠢᠷᠠᠭᠤᠯᠬᠤ᠎ᠳᠤ ᠠᠩᠬᠠᠷᠣᠯ᠎ᠢᠶᠠᠨ ᠲᠦᠪᠯᠡᠷᠡᠭᠦᠯᠦᠨ᠂ ᠪᠦᠬᠦ᠌ ᠳᠦᠷᠢ ᠲᠥᠷᠬᠦ᠌᠎ᠪᠠᠨ ᠱᠦᠷᠭᠦᠭᠡᠬᠦ ᠵᠢᠴᠢ ᠨᠡᠢᠲᠡᠯᠡᠬᠦ᠌᠎ᠶᠢ ᠪᠡᠶᠡᠯᠡᠭᠦᠯᠪᠡ᠃ ᠪᠦᠯᠬᠦᠮ ᠨᠡᠢᠲᠡ᠎ᠶ᠋ᠢᠨ᠎ᠬᠢᠨ ᠨᠠᠷᠢᠨ ᠵᠤᠢᠯᠡᠰ᠎ᠢ ᠬᠥᠭᠡᠭᠡᠴᠡᠯᠳᠦᠬᠦ᠌᠎ᠶ᠋ᠢ ᠢᠮᠠᠭ᠍ᠲᠠ ᠪᠠᠲᠤ ᠰᠠᠬᠢᠵᠤ᠂ ᠪᠠᠴᠢᠮ ᠶᠠᠭᠠᠷᠠᠯᠲᠠᠶ ᠵᠣᠬᠢᠶᠠᠨ ᠪᠦᠲᠦᠭᠡᠬᠦ᠌ ᠦᠶᠡᠯᠡᠯ᠎ᠤᠨ ᠬᠤᠭᠤᠴᠠᠭᠠᠨ᠎ᠳᠤ ᠪᠦᠬᠦ᠌ ᠬᠦᠴᠦᠨ᠎ᠢᠶᠠᠷ᠎ᠢᠶᠠᠨ ᠴᠢᠷᠮᠠᠢᠵᠤ᠂ ᠬᠠᠮᠤᠭ᠎ᠤᠨ ᠱᠢᠯᠢᠳᠡᠭ ᠦᠷ᠎ᠡ ᠪᠦᠲᠦᠮᠵᠢ ᠭᠠᠷᠭᠠᠬᠤ᠎ᠪᠠᠷ ᠴᠢᠷᠮᠠᠢ᠌ᠪᠠ᠃

ᠮᠣᠷᠢᠨ ᠵᠢᠯ ᠤᠳᠠᠯ ᠦᠭᠡᠢ ᠢᠷᠡᠵᠦ᠂ ᠱᠢᠨ᠎ᠡ ᠵᠢᠯ ᠱᠢᠨ᠎ᠡ ᠠᠭᠤᠷ ᠠᠮᠢᠰᠭᠤᠯ᠎ᠢᠶᠠᠷ ᠰᠣᠯᠢᠭᠳᠠᠨ᠎ᠠ ! ᠲᠦᠷᠪᠡᠨ ᠬᠥᠭᠡᠷᠦᠬᠦᠨ ᠠᠵᠢᠨᠠᠢ ᠬᠦᠯᠦᠭ᠎ᠨᠢ ᠪᠠᠶᠠᠷ ᠪᠠᠭ᠍ᠠᠳᠤᠯ᠂ ᠠᠮᠢᠵᠢᠷᠠᠯ᠎ᠤᠨ ᠬᠦᠴᠦᠨ ᠪᠠ ᠬᠦᠰᠡᠯ ᠡᠷᠡᠮᠡᠯᠵᠡᠯ᠎ᠢ ᠳᠦᠭᠦᠷᠡᠩ ᠠᠴᠢᠶᠠᠯᠠᠵᠤ᠂ ᠪᠦᠬᠦ᠌ ᠪᠦᠮᠪᠦᠷᠴᠡᠭ᠎ᠤᠨ ᠳᠤᠮᠳᠠᠳᠤᠴᠤᠳ᠎ᠲᠠᠢ ᠬᠠᠮᠳᠤ ᠬᠦᠯᠦᠭ ᠠᠭᠲᠠ ᠲᠣᠪᠲᠣᠯᠣᠨ ᠳᠠᠪᠬᠢᠭᠰᠠᠨ ᠰᠢᠨ᠎ᠡ ᠵᠢᠯ᠎ᠢ ᠤᠭᠲᠤᠬᠤ ᠪᠣᠯᠣᠨ᠎ᠠ᠃

ᠢᠷᠡᠯᠲᠡ᠄ ᠷᠠᠳᠢᠣ᠋ ᠲᠧᠯᠸᠢᠰ᠎ᠤᠨ ᠠᠵᠢᠯ ᠲᠥᠷᠥᠯ᠎ᠦᠨ ᠳᠣᠲᠣᠭ᠋ᠠᠳᠣᠬᠢ