ᠤᠯᠤᠰ᠎ᠤᠨ ᠠᠮᠤᠷ ᠲᠦᠪᠰᠢᠨ᠎ᠤ ᠰᠡᠳᠦᠪᠲᠦ ᠵᠦᠴᠦᠭᠡ ᠵᠢᠨ ᠵᠣᠬᠢᠶᠠᠨ ᠪᠦᠲᠦᠭᠡᠬᠦ ᠦᠵᠡᠭᠳᠡᠯ᠎ᠤᠨ ᠵᠠᠳᠠᠯᠤᠯᠲᠠ
2025-06-09

      2025  ᠣᠨ  ᠪᠣᠯ 《ᠤᠯᠤᠰ᠎ᠤᠨ ᠶᠡᠷᠦᠩᠬᠡᠶ ᠠᠮᠤᠷ ᠲᠦᠪᠰᠢᠨ᠎ᠤ ᠦᠵᠡᠯᠲᠡ》 ᠵᠢ  ᠳᠣᠷᠠᠳᠣᠭᠰᠠᠨ 11 ᠵᠢᠯ᠎ᠤᠨ ᠣᠶ  ᠪᠤᠯᠤᠨ᠎ᠠ ᠂  ᠮᠦᠨ  ᠴᠤ᠌ ᠰᠢᠨ᠎ᠡ       《ᠪᠥᠬᠦᠳᠡ ᠨᠠᠶ᠋ᠢᠷᠠᠮᠳᠠᠬᠤ  ᠳᠤᠮᠳᠠᠳᠤ ᠠᠷᠠᠳ ᠤᠯᠤᠰ᠎ᠤᠨ ᠤᠯᠤᠰ᠎ᠤᠨ ᠠᠮᠤᠷ ᠲᠦᠪᠰᠢᠨ᠎ᠤ ᠬᠠᠤᠯᠢ》 ᠵᠢᠨ ᠬᠠᠤᠯᠢ  ᠲᠣᠭᠲᠠᠭ᠋ᠠᠭᠰᠠᠨ ᠠᠷᠪᠠᠳᠤᠭ᠋ᠠᠷ ᠵᠢᠯ  ᠪᠣᠯᠣᠨ᠎ᠠ ᠃ ᠣᠶ᠋ᠢᠷ᠎ᠠ ᠵᠢᠨ ᠵᠢᠯ᠎ᠠᠴᠠ ᠂  ᠤᠯᠤᠰ᠎ᠤᠨ ᠠᠮᠤᠷ ᠲᠦᠪᠰᠢᠨ᠎ᠤ  ᠰᠡᠳᠦᠪᠲᠦ ᠵᠦᠴᠦᠭᠡ ᠵᠢᠨ ᠲᠡᠭᠦᠪᠦᠷᠢ ᠦᠷᠭᠦᠯᠵᠢᠯᠡᠨ ᠴᠣᠯᠭᠤᠷᠠᠨ ᠭᠠᠷᠴᠤ᠂  ᠰᠢᠨ᠎ᠡ᠎ᠪᠠᠷ ᠬᠡᠷᠡᠭᠵᠢᠭᠦᠯᠦᠭᠰᠡᠨ  ᠤᠯᠤᠰ᠎ᠤᠨ  ᠠᠮᠤᠷ  ᠲᠦᠪᠰᠢᠨ᠎ᠤ ᠬᠠᠤᠯᠢ ᠴᠠᠭ᠋ᠠᠵᠠ ᠵᠢ  ᠲᠤᠰᠬᠠᠭᠰᠠᠨ ᠵᠶ᠋ᠠᠷ ᠪᠠᠷᠠᠬᠤ ᠦᠭᠡᠢ᠂ ᠪᠠᠰᠠ ᠭᠤᠶ᠋ᠢᠳᠠ ᠰᠠᠶ᠋ᠢᠬᠠᠨ ᠦᠯᠢᠭᠡᠷ᠎ᠤᠨ ᠲᠤᠭ᠋ᠠᠴᠢᠯᠲᠠ᠎ᠪᠠᠷ  ᠳᠠᠮᠵᠢᠭᠤᠯᠤᠨ ᠦᠵᠡᠭᠴᠢᠳ᠎ᠤᠨ ᠬᠦᠷᠢᠶᠡᠯᠡᠯ᠎ᠢ ᠣᠯᠵᠤ᠂ ᠤᠯᠤᠰ᠎ᠤᠨ ᠠᠮᠤᠷ  ᠲᠦᠪᠰᠢᠨ᠎ᠤ  ᠬᠠᠤᠯᠢᠵᠢᠯ᠎ᠤᠨ  ᠬᠥᠮᠦᠵᠢᠯ᠎ᠢ ᠬᠥᠮᠦᠰ᠎ᠤᠨ ᠰᠡᠳᠬᠢᠯ᠎ᠳᠤ  ᠬᠠᠳᠠᠩᠰᠢᠭᠣᠯᠣᠭᠰᠠᠨ ᠪᠠᠢ᠌ᠨ᠎ᠠ ᠃ ᠲᠣᠰ ᠵᠣᠬᠢᠶᠠᠯ᠎ᠳᠤ  ᠣᠶ᠋ᠢᠷ᠎ᠠ ᠵᠢᠨ ᠲᠠᠪᠤᠨ ᠵᠢᠯ᠎ᠤᠨ ᠲᠤᠷᠰᠢ ᠣᠳᠣ ᠦᠶ᠎ᠡ ᠵᠢᠨ  ᠤᠯᠤᠰ᠎ᠤᠨ ᠠᠮᠤᠷ ᠲᠦᠪᠰᠢᠨ᠎ᠤ ᠠᠵᠢᠯ᠎ᠢ ᠳᠡᠯᠭᠡᠨ ᠦᠵᠡᠭᠦᠯᠦᠭᠰᠡᠨ  ᠲᠧᠯᠸᠢᠰ ᠵᠦᠴᠦᠭᠡ ᠵᠢ  ᠰᠣᠩᠭᠣᠨ ᠠᠪᠴᠤ ᠂ ᠲᠡᠭᠦᠨ᠎ᠤ ᠵᠣᠬᠢᠶᠠᠨ ᠪᠦᠲᠦᠭᠡᠬᠦ ᠦᠵᠡᠭᠳᠡᠯ᠎ᠳᠤ ᠵᠠᠳᠠᠯᠤᠯᠲᠠ ᠬᠢᠵᠦ᠂  ᠲᠡᠭᠦᠨ᠎ᠤ ᠴᠢᠨᠠᠷ ᠰᠠᠶ᠋ᠢᠲᠠᠶ ᠬᠥᠭᠵᠢᠯᠲᠡ ᠵᠢ ᠤᠯᠠᠮ ᠨᠢᠭᠡ ᠠᠯᠬᠤᠮ  ᠲᠦᠯᠬᠢᠨ  ᠠᠬᠢᠭᠤᠯᠬᠤ᠎ᠳᠤ  ᠬᠤᠯᠪᠣᠭᠳᠠᠯ ᠪᠦᠬᠦᠢ  ᠠᠷᠭ᠋ᠠᠴᠠᠭ᠋ᠠᠬᠤ  ᠪᠣᠳᠣᠯᠭ᠎ᠠ ᠵᠢᠨ  ᠰᠠᠨᠠᠭᠤᠯᠭ᠎ᠠ ᠳᠤᠷᠠᠳᠪᠠ᠃ ᠤᠢ᠍ᠢ᠍ᠷ᠎ᠠ ᠵᠢᠨ  ᠵᠢᠯ᠎ᠠᠴᠠ᠂ ᠰᠢᠨ᠎ᠡ ᠴᠠᠭ ᠦᠶ᠎ᠡ᠎ᠪᠠᠷ ᠠᠷᠤ ᠦᠵᠡᠭᠳᠡᠯ  ᠪᠣᠯᠭ᠋ᠠᠭᠰᠠᠨ ᠂ ᠤᠯᠤᠰ᠎ᠤᠨ ᠠᠮᠤᠷ  ᠲᠦᠪᠰᠢᠨ᠎ᠤ ᠲᠡᠮᠡᠴᠡᠯ ᠪᠠ ᠬᠠᠮᠠᠭ᠋ᠠᠯᠠᠯᠲᠠ᠎ᠪᠠᠷ ᠵᠦᠴᠦᠭᠡ ᠵᠢᠨ ᠦᠢ᠍ᠯᠡ ᠶᠠᠪᠤᠳᠠᠯ᠎ᠤᠨ ᠭᠤᠣᠯ  ᠰᠢᠵᠢᠮ  ᠪᠣᠯᠭ᠋ᠠᠭᠰᠠᠨ ᠤᠳᠤ ᠦᠶ᠎ᠡ ᠵᠢᠨ ᠤᠯᠤᠰ᠎ᠤᠨ ᠠᠮᠤᠷ ᠲᠦᠪᠰᠢᠨ᠎ᠤ ᠰᠡᠳᠦᠪᠲᠦ  ᠲᠧᠯᠸᠢᠰ  ᠵᠦᠴᠦᠭᠡ ᠵᠢᠨ  ᠰᠣᠳᠣᠨ  ᠪᠦᠲᠦᠭᠡᠯ ᠲᠠᠰᠤᠷᠠᠯᠳᠡ ᠦᠭᠡᠢ  ᠢᠯᠡᠷᠡᠵᠦ ᠂ 《ᠲᠠᠰ ᠨᠢᠭᠣᠴᠠ ᠦᠵᠡᠯᠴᠡᠭᠡᠨ》 ᠂ 《  ᠦᠨᠡᠨᠴᠢ  ᠪᠠᠭ᠋ᠠᠲᠤᠷ》᠂ 《  ᠬᠠᠭᠣᠴᠢᠨ  ᠳᠠᠶ᠋ᠢᠰᠤᠨ》᠂             《ᠲᠠᠩᠨᠠᠭᠤᠯ᠎ᠤᠨ  ᠡᠭᠦᠷᠭᠡ》᠂ 《ᠡᠰᠡᠷᠭᠦ ᠡᠲᠡᠭᠡᠳ》᠂ 《ᠳᠣᠭᠰᠢᠨ ᠰᠠᠯᠬᠢᠨ᠎ᠤ ᠨᠢᠳᠦ》 ᠵᠡᠷᠭᠡ ᠪᠦᠲᠦᠭᠡᠯ ᠤᠷᠢᠳ ᠬᠤᠵᠢᠳ ᠴᠣᠯᠭᠤᠷᠠᠨ ᠭᠠᠷᠴᠤ᠂        《ᠨᠢᠭᠤᠴᠠ᠂  ᠭᠠᠢ᠌ᠬᠠᠮᠰᠢᠭᠲᠤ ᠂ ᠠᠷᠢᠭᠤᠨ ᠲᠠᠷᠬᠠᠨ》 ᠨᠢᠭᠤᠴᠠ ᠹᠷᠣᠨᠲ᠎ᠤᠨ ᠤᠶᠤᠨ  ᠰᠠᠨᠠᠭ᠋ᠠᠨ᠎ᠤ ᠳᠦᠷᠰᠦ ᠪᠠᠶ᠋ᠢᠳᠠᠯ᠎ᠢ ᠨᠡᠩ ᠰᠠᠶ᠋ᠢᠲᠤᠷ ᠢᠯᠡᠷᠡᠭᠦᠯᠵᠦ᠂ ᠤᠯᠤᠰ᠎ᠤᠨ ᠠᠮᠤᠷ ᠲᠦᠪᠰᠢᠨ᠎ᠢ ᠬᠠᠮᠠᠭ᠋ᠠᠯᠠᠬᠤ  ᠰᠣᠶᠣᠯ᠎ᠤᠨ ᠬᠦᠴᠦᠨ  ᠴᠢᠳᠠᠯ᠎ᠢ ᠨᠢᠭᠲᠠᠷᠠᠭᠤᠯᠬᠤ᠂ ᠶᠠᠰᠤ ᠴᠢᠨᠠᠷ᠎ᠢ  ᠬᠠᠳᠠᠭ᠋ᠠᠯᠠᠬᠤ ᠂ ᠲᠦᠷᠢ ᠲᠥᠷᠬᠦ ᠵᠢ  ᠱᠣᠭᠣᠬᠤ  ᠦᠢ᠍ᠯᠡᠳᠦᠯ᠎ᠢ ᠤᠯᠠᠮ ᠴᠢᠨᠠᠭᠰᠢᠳᠠ ᠪᠠᠳᠠᠷᠠᠭᠤᠯᠪᠠ᠃

      ᠣᠶ᠋ᠢᠷ᠎ᠠ ᠵᠢᠨ ᠵᠢᠯ᠎ᠤᠳ ᠎ᠲᠠᠬᠢ  ᠣᠳᠣ ᠦᠶ᠎ᠡ ᠵᠢᠨ ᠤᠯᠤᠰ᠎ᠤᠨ ᠠᠮᠤᠷ ᠲᠦᠪᠰᠢᠨ᠎ᠤ  ᠰᠡᠳᠦᠪᠲᠦ ᠲᠧᠯᠸᠢᠰ ᠵᠦᠴᠦᠭᠡ ᠵᠣᠬᠢᠶᠠᠨ ᠪᠦᠲᠦᠭᠡᠬᠦ ᠣᠨᠴᠠᠯᠢᠭ

      ᠶᠡᠷᠦᠩᠬᠡᠢ᠎ᠳᠤ᠎ᠨᠢ ᠠᠪᠴᠤ ᠦᠵᠡᠪᠡᠯ᠂ ᠣᠶ᠋ᠢᠷ᠎ᠠ ᠵᠢᠨ ᠵᠢᠯ᠎ᠠᠴᠠ ᠨᠠᠭ᠋ᠠᠰᠢ  ᠣᠲᠣ  ᠦᠶ᠎ᠡ ᠵᠢᠨ ᠤᠯᠤᠰ᠎ᠤᠨ ᠠᠮᠤᠷ ᠲᠦᠪᠰᠢᠨ᠎ᠤ ᠰᠡᠳᠦᠪᠲᠦ ᠲᠧᠯᠸᠢᠰ ᠵᠦᠴᠦᠭᠡ (  ᠬᠦᠰᠦᠨᠦᠭᠲᠦ 1 ᠵᠢ ᠦᠵᠡ ) ᠵᠢᠨ ᠣᠯᠠᠩᠬᠢ᠎ᠨᠢ ᠬᠥᠮᠦᠰ᠎ᠢ ᠭᠦᠨ  ᠰᠡᠳᠬᠢᠭᠦᠯᠬᠦ  ᠪᠣᠳᠠᠲᠤ ᠬᠠᠤᠯᠢ  ᠴᠠᠭ᠋ᠠᠵᠠ ᠵᠢᠨ ᠬᠡᠷᠡᠭ ᠵᠶ᠋ᠠᠷ ᠰᠡᠳᠦᠪᠯᠡᠵᠦ ᠂ ᠵᠣᠬᠢᠶᠠᠨ ᠪᠦᠲᠦᠭᠡᠭᠴᠢ ᠵᠢᠨ ᠴᠠᠭ ᠦᠶ᠎ᠡ ᠵᠢᠨ ᠵᠣᠷᠢᠭ  ᠰᠠᠨᠠᠭ᠎ᠠ ᠵᠢ  ᠬᠤᠷᠴᠠ ᠰᠡᠷᠭᠡᠭ ᠵᠶ᠋ᠠᠷ ᠠᠳᠬᠤᠵᠦ᠂  ᠭᠦᠨ  ᠰᠡᠳᠬᠢᠯᠭᠡ᠎ᠲᠠᠢ᠎ᠪᠠᠷ ᠬᠠᠷᠢᠭᠣᠯᠵᠦ ᠪᠠᠢ᠌ᠭ᠎ᠠ ᠵᠢ ᠬᠠᠷᠠᠭᠣᠯᠵᠠᠢ ᠃ ᠲᠧᠯᠸᠢᠰ  ᠵᠦᠴᠦᠭᠡ ᠵᠢᠨ  ᠬᠠᠯᠠᠭᠣᠨ  ᠨᠡᠪᠲᠡᠷᠡᠭᠦᠯᠭᠡ ᠵᠢ ᠳᠠᠭ᠋ᠠᠯᠳᠤᠨ ᠂  ᠵᠦᠴᠦᠭᠡ ᠵᠢᠨ  ᠲᠣᠳᠣᠷᠠᠬᠢ  ᠦᠢ᠍ᠯᠡ ᠶᠠᠪᠤᠳᠠᠯ ᠪᠠ ᠪᠣᠳᠠᠲᠤ ᠬᠡᠷᠡᠭ᠎ᠤᠨ ᠵᠢᠱ᠌ᠢᠶ᠎ᠡ ᠎ᠨᠢ  ᠦᠵᠡᠭᠴᠢᠳ᠎ᠤᠨ ᠬᠠᠯᠠᠭᠤᠨ  ᠶᠠᠷᠢᠯᠴᠠᠭ᠎ᠠ ᠵᠢ ᠡᠭᠦᠰᠭᠡᠵᠦ ᠂ ᠦᠵᠡᠭᠴᠢᠳ᠎ᠤᠨ ᠤᠯᠤᠰ᠎ᠤᠨ ᠠᠮᠤᠷ  ᠲᠦᠪᠰᠢᠨ᠎ᠤ ᠮᠡᠳᠡᠯᠭᠡ ᠵᠢ ᠤᠯᠠᠮ ᠨᠢᠭᠡ ᠠᠯᠬᠤᠮ  ᠨᠡᠮᠡᠭᠳᠡᠭᠦᠯᠵᠦ᠂ ᠤᠯᠤᠰ᠎ᠤᠨ ᠠᠮᠤᠷ  ᠲᠦᠪᠰᠢᠨ᠎ᠤ ᠦᠵᠡᠯ ᠤᠬᠠᠮᠰᠠᠷ᠎ᠢ  ᠳᠡᠭᠡᠭᠰᠢᠯᠡᠭᠦᠯᠦᠭᠰᠡᠨ ᠪᠠᠢ᠌ᠨ᠎ᠠ ᠃

      (ᠨᠢᠭᠡ) ᠠᠭᠤᠯᠭ᠎ᠠ ᠵᠢᠨ  ᠵᠣᠬᠢᠶᠠᠨ  ᠪᠦᠲᠦᠭᠡᠯᠭᠡ ᠵᠢᠨ  ᠲᠠᠯ᠎ᠠ᠎ᠪᠠᠷ

      ᠣᠲᠣ ᠦᠶ᠎ᠡ ᠵᠢᠨ ᠤᠯᠤᠰ᠎ᠤᠨ  ᠠᠮᠤᠷ ᠲᠦᠪᠰᠢᠨ᠎ᠤ ᠰᠡᠳᠦᠪᠲᠦ ᠲᠧᠯᠸᠢᠰ  ᠵᠦᠴᠦᠭᠡ᠎ᠨᠢ ᠲᠡᠭᠦᠨ᠎ᠤ ᠠᠭᠤᠯᠭ᠎ᠠ ᠵᠢᠨ ᠵᠣᠬᠢᠶᠠᠨ  ᠪᠦᠲᠦᠭᠡᠯᠭᠡ ᠵᠢᠨ ᠲᠠᠯ᠎ᠠ᠎ᠪᠠᠷ  ᠦᠪᠡᠷᠮᠢᠴᠡ ᠣᠨᠴᠠᠯᠢᠭ᠎ᠲᠠᠢ ᠪᠠᠢ᠌ᠳᠠᠭ ᠂ ᠲᠡᠷᠡ᠎ᠪᠠᠷ ᠦᠵᠡᠭᠳᠡᠯ᠎ᠢ  ᠳᠠᠷᠢ ᠵᠢᠨ ᠤᠲᠤᠭ᠎ᠠ ᠦᠭᠡᠢ  ᠳᠠᠢ᠌ᠨ᠎ᠤ  ᠲᠠᠯᠠᠪᠤᠷ᠎ᠲᠤ ᠲᠥᠪᠯᠡᠷᠡᠭᠦᠯᠵᠦ᠂  ᠲᠡᠳᠡᠭᠡᠷ ᠨᠢᠭᠣᠴᠠ  ᠹᠷᠣᠨᠲ᠎ᠲᠤ ᠠᠮᠢ ᠪᠡᠶ᠎ᠡ᠎ᠪᠠᠨ  ᠵᠣᠷᠢᠭᠤᠯᠤᠭᠰᠠᠨ ᠨᠡᠷ᠎ᠡ ᠦᠭᠡᠢ  ᠪᠠᠭ᠋ᠠᠲᠣᠷᠴᠣᠳ᠎ᠲᠤ ᠴᠢᠭᠯᠡᠭᠦᠯᠦᠨ ᠂  ᠪᠠᠢ᠌ᠨ ᠲᠠᠬᠢᠨ ᠰᠠᠨᠠᠭ᠋ᠠᠰᠢᠷᠠᠵᠦ ᠪᠠᠢ᠌ᠭᠰᠠᠨ  ᠵᠦᠴᠦᠭᠡ ᠵᠢᠨ  ᠦᠢ᠍ᠯᠡ ᠶᠠᠪᠤᠳᠠᠯ ᠵᠶ᠋ᠠᠷ  ᠦᠵᠡᠭᠴᠢᠳ᠎ᠢ ᠠᠮᠢᠰᠬᠣᠭ᠎ᠠ᠎ᠪᠠᠨ ᠳᠠᠷᠣᠨ ᠠᠩᠬᠠᠷᠣᠯ ᠵᠶ᠋ᠠᠨ ᠲᠦᠪᠯᠡᠷᠡᠭᠦᠯᠬᠦ ᠳᠣᠮᠳᠠ ᠬᠣᠷᠴᠠ ᠰᠢᠷᠦᠭᠦᠨ ᠦᠵᠡᠯᠴᠡᠭᠡᠨ᠎ᠢ ᠮᠡᠳᠡᠷᠡᠭᠦᠯᠳᠡᠭ ᠃   ᠶᠡᠷᠣᠩᠬᠡᠢ᠎ᠳᠤ᠎ᠨᠢ ᠠᠪᠴᠤ  ᠦᠵᠡᠪᠡᠯ ᠂ ᠭᠣᠣᠯᠳᠠᠭᠤ ᠳᠣᠣᠷᠠᠬᠢ  ᠮᠡᠲᠤ  ᠭᠤᠷᠪᠠᠨ ᠣᠨᠴᠠᠯᠢᠭ ᠎ᠲᠠᠢ ᠃

      ᠨᠢᠭᠡᠳᠦᠭᠡᠷ᠎ᠲᠤ᠂ ᠴᠠᠭ ᠦᠶ᠎ᠡ ᠵᠢᠨ ᠭᠤᠣᠯ ᠰᠡᠳᠦᠪ᠎ᠲᠠᠢ ᠨᠢᠭᠲᠠ ᠤᠶᠠᠯᠳᠤᠭᠤᠯᠤᠨ᠎ᠠ ᠃ ᠣᠳᠣᠬᠠᠨ᠎ᠳᠤ᠂ ᠣᠯᠠᠨ ᠤᠯᠤᠰ᠎ᠤᠨ ᠪᠠᠶ᠋ᠢᠷᠢᠰᠢᠯ᠎ᠳᠤ ᠦᠷᠭᠦᠯᠵᠢᠯᠡᠨ  ᠭᠦᠨ  ᠭᠦᠨᠵᠡᠭᠡᠶ  ᠨᠠᠷᠢᠨ  ᠪᠤᠳᠤᠯᠢᠶᠠᠨᠲᠠᠶ ᠬᠤᠪᠢᠷᠠᠯᠲᠠ ᠭᠠᠷᠴᠤ᠂ ᠡᠯ᠎ᠡ ᠵᠦᠢ᠍ᠯ᠎ᠤᠨ ᠤᠯᠠᠮᠵᠢᠯᠠᠯᠲᠤ ᠠᠮᠤᠷ ᠲᠦᠪᠰᠢᠨ ᠪᠠ  ᠤᠯᠠᠮᠵᠢᠯᠠᠯᠲᠤ ᠪᠤᠰᠤ ᠠᠮᠤᠷ ᠲᠦᠪᠰᠢᠨ ᠬᠠᠷᠢᠯᠴᠠᠨ ᠰᠣᠯᠪᠢᠴᠠᠵᠤ᠂ ᠬᠢᠯᠢ ᠵᠢᠨ ᠭᠠᠳᠠᠨᠠᠬᠢ  ᠲᠠᠩᠨᠠᠭᠤᠯ᠎ᠤᠨ  ᠴᠢᠮᠡᠭᠡ  ᠮᠡᠳᠡᠭᠡᠨ᠎ᠤ ᠪᠠᠶ᠋ᠢᠭᠤᠯᠭ᠎ᠠ ᠵᠢᠨ  ᠮᠠᠨ᠎ᠤ ᠤᠯᠤᠰ᠎ᠤᠨ ᠨᠡᠪᠴᠢᠯᠲᠡ  ᠬᠢᠵᠦ ᠨᠢᠭᠣᠴᠠ ᠵᠢ ᠬᠣᠯᠠᠭ᠋ᠠᠢ᠌ᠯᠠᠬᠤ ᠠᠵᠢᠯᠯᠠᠭ᠎ᠠ ᠶᠠᠪᠤᠬᠤ ᠲᠣᠲᠤᠮ ᠬᠦᠭᠵᠢᠶᠡᠨᠲᠠᠢ ᠪᠤᠯᠵᠦ ᠂ ᠲᠤᠭ᠎ᠠ  ᠪᠠᠷᠢᠮᠲᠠ ᠵᠢᠨ ᠨᠢᠭᠣᠴᠠ ᠵᠢ ᠬᠤᠯᠠᠭ᠋ᠠᠢ᠌ᠯᠠᠬᠤ ᠂ AI ᠬᠥᠮᠦᠨ᠎ᠤ ᠵᠢᠰᠦ ᠵᠢ ᠬᠠᠭᠤᠷᠮᠠᠭᠯᠠᠨ  ᠵᠣᠬᠢᠶᠠᠬᠤ ᠵᠡᠷᠭᠡ ᠰᠢᠨ᠎ᠡ ᠬᠡᠯᠪᠡᠷᠢ ᠵᠢᠨ ᠮᠡᠷᠭᠡᠵᠢᠯ᠎ᠤᠨ ᠶᠠᠯᠠᠲᠤ ᠠᠵᠢᠯᠯᠠᠭ᠎ᠠ᠎ᠨᠢ  ᠲᠣᠭ᠋ᠠᠴᠢᠯᠠᠭᠰᠠᠨ  ᠴᠠᠭ ᠦᠶ᠎ᠡ ᠵᠢᠨ ᠤᠯᠤᠰ᠎ᠤᠨ ᠠᠮᠤᠷ ᠲᠦᠪᠰᠢᠨ᠎ᠳᠤ ᠲᠤᠯᠭ᠋ᠠᠷᠠᠵᠤ ᠪᠠᠶ᠋ᠢᠭ᠎ᠠ ᠰᠢᠨ᠎ᠡ  ᠥᠷᠢᠰᠥᠯᠳᠦᠭᠡᠨ᠎ᠢ  ᠳᠣᠪᠣᠢ᠌ᠯᠭ᠋ᠠᠵᠦ ᠂ ᠣᠲᠣ ᠦᠶ᠎ᠡ ᠵᠢᠨ  ᠣᠯᠣᠰ᠎ᠤᠨ ᠠᠮᠤᠷ ᠲᠦᠪᠰᠢᠨ᠎ᠤ  ᠰᠡᠳᠦᠪᠲᠦ ᠵᠦᠴᠦᠭᠡ᠎ᠳᠤ ᠢᠯᠡᠷᠡᠭᠦᠯᠦᠭᠰᠡᠨ ᠰᠢᠨᠵᠢᠯᠡᠬᠦ ᠤᠬᠠᠭ᠋ᠠᠨ  ᠲᠸᠭᠨᠢᠭ  ᠮᠡᠷᠭᠡᠵᠢᠯ᠎ᠤᠨ ᠠᠮᠤᠷ  ᠲᠦᠪᠰᠢᠨ᠎ᠢ ᠬᠠᠮᠠᠭ᠋ᠠᠯᠠᠬᠤ ᠳᠠᠶ᠋ᠢᠯᠠᠯᠳᠤᠭ᠋ᠠᠨ ᠬᠡᠪ᠎ᠤᠨ ᠪᠤᠰᠤ ᠬᠤᠷᠴᠠ ᠰᠢᠷᠦᠭᠦᠨ ᠪᠠᠶ᠋ᠢᠨ᠎ᠠ᠃ 《  ᠲᠠᠰ ᠨᠢᠭᠣᠴᠠ ᠦᠵᠡᠯᠴᠡᠭᠡᠨ 》 ᠎ᠨᠢ ᠴᠥᠮ᠎ᠡ ᠵᠢᠨ ᠡᠨᠧᠷᠭᠢ ᠵᠢᠨ ᠮᠡᠷᠭᠡᠵᠢᠯ᠎ᠤᠨ ᠠᠮᠤᠷ  ᠲᠦᠪᠰᠢᠨ ᠵᠶ᠋ᠠᠷ  ᠭᠠᠷᠳᠠᠴᠠ  ᠪᠣᠯᠭ᠋ᠠᠵᠤ᠂ ᠰᠢᠨᠵᠢᠯᠡᠬᠦ ᠤᠬᠠᠭ᠋ᠠᠨ  ᠲᠸᠭᠨᠢᠭ  ᠮᠡᠷᠭᠡᠵᠢᠯ᠎ᠤᠨ ᠠᠷᠭ᠎ᠠ  ᠪᠠᠷᠢᠯ ᠪᠣᠯᠤᠨ ᠰᠡᠳᠬᠢᠴᠡ ᠵᠢᠨ  ᠦᠵᠡᠯᠴᠡᠭᠡᠨ ᠵᠶ᠋ᠠᠷ ᠭᠤᠣᠯ ᠪᠣᠯᠭ᠋ᠠᠵᠤ᠂ ᠰᠢᠨ᠎ᠡ ᠴᠠᠭ  ᠦᠶ᠎ᠡ ᠵᠢᠨ ᠤᠯᠤᠰ᠎ᠤᠨ ᠠᠮᠤᠷ ᠲᠦᠪᠰᠢᠨ᠎ᠤ  ᠬᠠᠮᠠᠭ᠋ᠠᠯᠠᠯᠲᠠ ᠵᠢᠨ  ᠪᠠᠶ᠋ᠢᠯᠳᠤᠭᠴᠢ ᠪᠣᠯᠤᠨ  ᠬᠢᠯᠢ ᠵᠢᠨ ᠭᠠᠳᠠᠨᠠᠬᠢ ᠬᠦᠴᠦᠨ᠎ᠤ ᠦᠵᠡᠯᠴᠡᠭᠡᠨ᠎ᠢ ᠢᠯᠡᠷᠡᠭᠦᠯᠪᠡ᠃ 《  ᠦᠨᠡᠨᠴᠢ ᠪᠠᠭ᠋ᠠᠲᠤᠷ 》᠎ᠤᠨ 《ᠨᠡᠷ᠎ᠡ ᠦᠭᠡᠢ》  ᠨᠢᠭᠡᠴᠢ᠎ᠨᠢ ᠪᠦᠬᠦ ᠤᠯᠤᠰ᠎ᠤᠨ ᠤᠯᠤᠰ ᠲᠦᠷᠦ ᠬᠠᠤᠯᠢ ᠴᠠᠭ᠋ᠠᠵᠠ ᠵᠢᠨ  ᠪᠠᠭ᠋ᠠᠲᠤᠷ ᠵᠢᠱ᠌ᠢᠶᠡᠴᠢ ᠴᠧᠨ ᠰᠢᠨ  ᠷᠦ᠋  ᠵᠢᠴᠢ ᠲᠡᠭᠦᠨ᠎ᠤ ᠲᠠᠶ᠋ᠢᠴᠢᠨ ᠨᠥᠬᠦᠳ᠎ᠤᠨ ᠪᠠᠭ᠋ᠠᠲᠤᠷᠯᠢᠭ  ᠦᠢ᠍ᠯᠡ ᠠᠵᠢᠯᠯᠠᠭ᠎ᠠ ᠵᠢ ᠦᠨᠳᠦᠰᠦᠯᠡᠨ ᠥᠭᠡᠷᠡᠴᠢᠯᠡᠨ ᠨᠠᠶ᠋ᠢᠷᠠᠭᠤᠯᠵᠤ᠂ ᠡᠮᠡᠭᠲᠡᠢ  ᠭᠣᠣᠯ ᠪᠠᠭ᠋ᠠᠲᠤᠷ ᠴᠠᠭ᠋ᠠᠷᠠᠭᠰᠠᠨ ᠲᠣᠰᠬᠠᠢ ᠮᠡᠷᠭᠡᠵᠢᠯ᠎ᠤᠨ ᠬᠡᠪ ᠪᠣᠯᠪᠠᠰᠣᠷᠠᠯ ᠪᠣᠯᠣᠨ  ᠬᠤᠷᠴᠠ ᠰᠡᠷᠭᠡᠭ ᠠᠵᠢᠭᠯᠠᠬᠤ  ᠴᠢᠳᠠᠪᠤᠷᠢ᠎ᠪᠠᠷ ᠵᠶ᠋ᠠᠨ  ᠪᠦᠯᠬᠦᠮ ᠵᠶ᠋ᠠᠨ  ᠳᠠᠭ᠋ᠠᠭᠤᠯᠤᠨ ᠠᠷᠪᠠᠨ ᠵᠢᠯ  ᠨᠢᠭᠣᠭᠳᠠᠭᠰᠠᠨ  ᠲᠠᠩᠨᠠᠭᠤᠯ᠎ᠢ  ᠡᠷᠢᠨ ᠭᠠᠷᠭ᠋ᠠᠵᠤ ᠂ ᠤᠯᠤᠰ᠎ᠤᠨ ᠠᠮᠤᠷ ᠲᠦᠪᠰᠢᠨ᠎ᠢ ᠬᠠᠮᠠᠭ᠋ᠠᠯᠠᠬᠤ  ᠪᠠᠶ᠋ᠢᠯᠳᠤᠭᠴᠢᠳ᠎ᠤᠨ  ᠤᠯᠤᠰ᠎ᠤᠨ ᠠᠮᠤᠷ ᠲᠦᠪᠰᠢᠨ᠎ᠢ ᠬᠠᠮᠠᠭ᠋ᠠᠯᠠᠬᠤ ᠤᠶᠤᠨ ᠰᠠᠨᠠᠭ᠋ᠠᠨ᠎ᠤ ᠳᠦᠷᠰᠦ ᠪᠠᠶ᠋ᠢᠳᠠᠯ᠎ᠢ  ᠢᠯᠡᠷᠡᠭᠦᠯᠪᠡ᠃ 《ᠲᠠᠩᠨᠠᠭᠤᠯ᠎ᠤᠨ ᠡᠭᠦᠷᠭᠡ》᠎ᠨᠢ ᠰᠦᠯᠵᠢᠶᠡᠨ᠎ᠤ ᠲᠣᠭᠯᠠᠭ᠋ᠠᠮ᠎ᠤᠨ  ᠡᠭᠦᠳᠡᠨ᠎ᠠᠴᠠ ᠤᠯᠤᠰ᠎ᠤᠨ ᠠᠮᠤᠷ ᠲᠦᠪᠰᠢᠨ᠎ᠤ ᠰᠦᠷᠳᠡᠭᠦᠯᠦᠯ᠎ᠳᠤ ᠣᠷᠣᠵᠦ ᠂ ᠵᠦᠴᠦᠭᠡ ᠵᠢᠨ  ᠦᠢ᠍ᠯᠡ ᠶᠠᠪᠤᠳᠠᠯ  ᠰᠣᠨᠢᠨ  ᠰᠡᠪᠡᠭᠦᠨ ᠪᠠᠶ᠋ᠢᠬᠤ ᠵᠢᠨ ᠬᠠᠮᠲᠤ ᠪᠠᠰᠠ ᠦᠵᠡᠭᠴᠢᠳ᠎ᠤᠨ ᠤᠯᠤᠰ᠎ᠤᠨ  ᠠᠮᠤᠷ ᠲᠦᠪᠰᠢᠨ᠎ᠤ ᠲᠤᠬᠠᠶ ᠲᠠᠨᠢᠯᠲᠠ ᠵᠢ  ᠦᠷᠭᠡᠳᠬᠡᠭᠰᠡᠨ ᠪᠠᠢ᠌ᠨ᠎ᠠ ᠃ 《ᠳᠣᠭᠰᠢᠨ  ᠰᠠᠯᠬᠢᠨ᠎ᠤ  ᠨᠢᠳᠦ》᠎ᠨᠢ ᠤᠳᠤ ᠦᠶ᠎ᠡ ᠵᠢᠨ ᠬᠤᠳᠠ ᠵᠢᠨ ᠠᠬᠤᠢ ᠪᠠᠶ᠋ᠢᠳᠠᠯ᠎ᠤᠨ ᠳᠣᠣᠷ᠎ᠠ  ᠤᠯᠤᠰ᠎ᠤᠨ  ᠠᠮᠤᠷ  ᠲᠦᠪᠰᠢᠨ᠎ᠤ ᠲᠠᠩᠨᠠᠭᠴᠢ ᠮᠡᠷᠭᠡᠵᠢᠯ᠎ᠤᠨ ᠨᠢᠭᠤᠴᠠ ᠵᠢ ᠬᠤᠯᠠᠭ᠋ᠠᠶ᠋ᠢᠯᠠᠭᠰᠠᠨ ᠬᠡᠷᠡᠭ᠎ᠢ ᠲᠠᠩᠨᠠᠨ  ᠢᠯᠡᠷᠡᠭᠦᠯᠵᠦ ᠂ ᠤᠯᠤᠰ᠎ᠤᠨ ᠬᠤᠪᠣᠷ ᠴᠤᠬᠠᠭ ᠡᠬᠢ ᠪᠠᠶᠠᠯᠢᠭ ᠵᠢᠴᠢ ᠴᠢᠬᠤᠯᠠ ᠰᠢᠨᠵᠢᠯᠡᠬᠦ  ᠤᠬᠠᠭ᠋ᠠᠨ᠎ᠤ ᠰᠤᠳᠤᠯᠭ᠋ᠠᠨ᠎ᠤ ᠮᠡᠷᠭᠡᠵᠢᠯ᠎ᠤᠨ ᠠᠮᠤᠷ ᠲᠦᠪᠰᠢᠨ᠎ᠢ ᠬᠠᠮᠠᠭ᠋ᠠᠯᠠᠭᠰᠠᠨ ᠦᠯᠢᠭᠡᠷ᠎ᠢ  ᠶᠠᠷᠢᠪᠠ᠃

      ᠡᠭᠦᠨ᠎ᠠᠴᠠ ᠭᠠᠳᠠᠨ᠎ᠠ᠂  ᠣᠳᠣ ᠦᠶ᠎ᠡ ᠵᠢᠨ  ᠤᠯᠤᠰ᠎ᠤᠨ ᠠᠮᠤᠷ ᠲᠦᠪᠰᠢᠨ᠎ᠤ  ᠲᠡᠮᠡᠴᠡᠯ ᠎ᠨᠢ  ᠰᠥᠰᠥ ᠵᠣᠷᠢᠭ᠎ᠤᠨ ᠦᠵᠡᠯᠴᠡᠭᠡᠨ ᠪᠣᠯᠬᠤ᠎ᠪᠠᠷ  ᠪᠠᠷᠠᠬᠤ ᠥᠬᠡᠶ ᠂ᠨᠠᠩ ᠴᠤ᠌ ᠰᠢᠨᠵᠢᠯᠡᠬᠦ  ᠤᠬᠠᠭ᠋ᠠᠨ ᠲᠧᠭᠨᠢᠭ ᠮᠡᠷᠭᠡᠵᠢᠯ ᠪᠣᠯᠤᠨ ᠣᠶᠤᠨ ᠤᠬᠠᠭ᠋ᠠᠨ᠎ᠤ ᠨᠣᠶᠠᠨ ᠣᠷᠭᠢᠯ᠎ᠤᠨ ᠦᠷᠢᠰᠦᠯᠳᠦᠭᠡᠨ ᠪᠣᠯᠬᠤ ᠶᠤᠮ ᠃ ᠣᠳᠣ ᠦᠶ᠎ᠡ ᠵᠢᠨ  ᠣᠯᠣᠰ᠎ᠤᠨ ᠠᠮᠤᠷ ᠲᠦᠪᠰᠢᠨ᠎ᠤ  ᠰᠡᠳᠦᠪᠲᠦ  ᠵᠦᠴᠦᠭᠡ᠎ᠨᠢ ᠶᠡᠷᠦ᠎ᠳᠤ᠎ᠪᠠᠨ  ᠬᠠᠲᠠᠭᠤ ᠴᠥᠮ᠎ᠡ ᠵᠢᠨ  ᠰᠢᠨᠵᠢᠯᠡᠬᠦ  ᠤᠬᠠᠭ᠋ᠠᠨ  ᠲᠸᠭᠨᠢᠭ  ᠮᠡᠷᠭᠡᠵᠢᠯ  ᠪᠣᠯᠤᠨ  ᠰᠡᠵᠢᠭᠯᠡᠯᠲᠡᠢ ᠬᠡᠷᠡᠭ ᠶᠠᠪᠣᠳᠠᠯ᠎ᠢ ᠬᠦᠦᠷᠨᠢᠬᠦ ᠵᠢ ᠬᠦᠨᠵᠡᠭᠡᠢ ᠠᠭᠣᠰᠬᠠᠨ ᠨᠡᠢ᠌ᠯᠡᠭᠦᠯᠵᠦ ᠂ 《  ᠰᠢᠨᠵᠢᠯᠡᠬᠦ  ᠤᠬᠠᠭ᠋ᠠᠨ  ᠲᠸᠭᠨᠢᠭ  ᠮᠡᠷᠭᠡᠵᠢᠯ᠎ᠤᠨ ᠲᠠᠩᠨᠠᠭᠤᠯ᠎ᠤᠨ  ᠳᠠᠢ᠌ᠨ 》᠎ᠤ ᠰᠢᠨ᠎ᠡ  ᠬᠡᠪ  ᠵᠠᠭᠪᠤᠷ ᠵᠶ᠋ᠠᠷ ᠳᠡᠭᠡᠳᠦ  ᠰᠢᠨ᠎ᠡ  ᠮᠡᠷᠭᠡᠵᠢᠯ᠎ᠳᠤ ᠲᠦᠰᠢᠭᠯᠡᠨ ᠭᠠᠢ᠌ᠬᠠᠮᠰᠢᠭᠲᠤ  ᠭᠠᠪᠢᠶ᠎ᠠ  ᠪᠠᠢ᠌ᠭᠣᠯᠵᠦ ᠂  ᠲᠠᠩᠨᠠᠬᠤ ᠠᠵᠢᠯᠯᠠᠭ᠎ᠠ᠎ᠲᠠᠢ ᠬᠠᠮᠵᠢᠯᠴᠠᠨ  ᠪᠠᠢ᠌ᠯᠳᠣᠵᠦ ᠂ ᠣᠳᠣ ᠦᠶ᠎ᠡ ᠵᠢᠨ ᠤᠯᠤᠰ᠎ᠤᠨ ᠠᠮᠤᠷ  ᠲᠦᠪᠰᠢᠨ᠎ᠤ  ᠰᠢᠰᠲ᠋ᠧᠮ᠎ᠤᠨ ᠨᠠᠷᠢᠯᠢᠭ ᠬᠠᠮᠵᠢᠯᠴᠠᠭ᠎ᠠ ᠵᠢ  ᠢᠯᠡᠷᠡᠭᠦᠯᠪᠡ ᠃ ᠵᠢᠱ᠌ᠢᠶᠡᠯᠡᠪᠡᠯ 《ᠲᠠᠰᠤ  ᠨᠢᠭᠤᠴᠠ  ᠦᠵᠡᠯᠴᠡᠭᠡᠨ 》᠎ᠳᠤ ᠂  ᠣᠯᠣᠰ᠎ᠤᠨ ᠠᠮᠤᠷ ᠲᠦᠪᠰᠢᠨ᠎ᠤ  ᠪᠠᠶ᠋ᠢᠯᠳᠤᠭᠴᠢᠳ᠎ᠤᠨ  ᠪᠦᠰᠡᠯᠡᠯᠲᠡ ᠵᠢ ᠰᠢᠪᠲᠤᠯᠠᠬᠤ  ᠠᠷᠭ᠎ᠠ ᠪᠣᠯ ᠲᠣᠮᠣ ᠳ᠋ᠠᠶ᠋ᠢᠲ᠋ᠠ ᠵᠢ ᠮᠥᠷᠳᠡᠬᠦ᠂ ᠵᠣᠬᠢᠶᠠᠮᠠᠯ ᠣᠶᠤᠨ  ᠴᠢᠳᠠᠪᠤᠷᠢ᠂ ᠠᠮᠢᠳᠤ ᠪᠣᠳᠠᠰ᠎ᠢ ᠢᠯᠭ᠋ᠠᠨ ᠲᠠᠨᠢᠬᠤ ᠵᠡᠷᠭᠡ ᠣᠲᠣ ᠦᠶ᠎ᠡ ᠵᠢᠨ ᠰᠢᠨᠵᠢᠯᠡᠬᠦ  ᠤᠬᠠᠭ᠋ᠠᠨ  ᠲᠸᠭᠨᠢᠭ  ᠮᠡᠷᠭᠡᠵᠢᠯ᠎ᠤᠨ  ᠶᠡᠷᠣᠩᠬᠡᠢ  ᠬᠡᠷᠡᠭᠯᠡᠯᠲᠡ ᠳᠡᠭᠡᠷ᠎ᠡ ᠪᠠᠶ᠋ᠢᠭᠤᠯᠤᠭᠳᠠᠵᠠᠶ᠃  ᠵᠢᠱ᠌ᠢᠶᠡᠯᠡᠪᠡᠯ ᠬᠢᠯᠢ ᠵᠢᠨ ᠭᠠᠳᠠᠨᠠᠬᠢ ᠲᠠᠩᠨᠠᠭᠤᠯ᠎ᠨᠢ ᠬᠠᠭᠤᠷᠮᠠᠭ ᠪᠡᠶ᠎ᠡ ᠵᠢᠨ ᠦᠨᠡᠮᠯᠡᠯ ᠵᠶ᠋ᠠᠷ  ᠳᠠᠮᠵᠢᠨ  ᠲᠡᠷᠭᠡ ᠲᠦᠷᠢᠶᠡᠰᠦᠯᠡᠭᠦᠯᠬᠦ᠂ ᠪᠠᠩᠬᠢ ᠵᠣᠭᠤᠰ ᠤᠬᠢᠶᠠᠬᠤ ᠵᠡᠷᠭᠡ ᠠᠷᠭ᠎ᠠ ᠪᠠᠷᠢᠯ ᠵᠶ᠋ᠠᠷ  ᠨᠡᠪᠴᠢᠵᠦ᠂  ᠣᠯᠣᠰ᠎ᠤᠨ ᠠᠮᠤᠷ ᠲᠦᠪᠰᠢᠨ᠎ᠤ ᠠᠵᠢᠯᠲᠠᠳ  ᠬᠠᠷᠢᠨ  ᠳᠠᠭᠤᠨ᠎ᠤ ᠵᠢᠷᠣᠭ᠋ᠠᠰᠣ᠎ᠪᠠᠷ  ᠰᠡᠵᠢᠭᠯᠡᠯᠲᠡᠢ  ᠡᠲᠡᠭᠡᠳ᠎ᠢ  ᠬᠠᠷᠭᠣᠭᠣᠯᠵᠦ ᠂ ᠲᠩᠷᠢ ᠵᠢᠨ ᠲᠣᠣᠷ ᠵᠠᠪᠰᠠᠷ ᠦᠭᠡᠢ  ᠳᠠᠩᠰᠠᠨ  ᠨᠣᠮᠧᠷ᠎ᠢ ᠮᠦᠷᠳᠡᠵᠦ ᠂ ᠪᠣᠯᠣᠳ ᠪᠢᠷ᠎ᠤᠨ ᠰᠡᠭᠦᠳᠡᠷᠯᠡᠬᠦ ᠮᠠᠰᠢᠨ ᠵᠶ᠋ᠠᠷ  ᠭᠡᠷᠡᠴᠢ ᠪᠠᠷᠢᠮᠲᠠ  ᠴᠤᠭᠯᠠᠭᠤᠯᠵᠤ᠂            《ᠮᠡᠷᠭᠡᠵᠢᠯ ᠵᠶ᠋ᠠᠷ ᠮᠡᠷᠭᠡᠵᠢᠯ᠎ᠢ ᠦᠢ᠍ᠯᠡᠳᠬᠦ 》  ᠬᠠᠷᠢᠭᠣᠴᠠᠯ᠎ᠤᠨ  ᠯᠣᠭᠢᠭ᠎ᠢ  ᠢᠯᠡᠷᠡᠭᠦᠯᠦᠭᠰᠡᠨ ᠪᠠᠢ᠌ᠨ᠎ᠠ ᠃

      ᠬᠤᠶᠠᠳᠤᠭ᠋ᠠᠷ᠎ᠲᠤ᠂  ᠬᠦᠴᠦᠨ ᠲᠡᠩᠴᠡᠭᠦᠦ ᠦᠵᠡᠯᠴᠡᠭᠡᠨ᠎ᠨᠢ ᠰᠣᠨᠢᠷᠬᠠᠯ᠎ᠤᠨ  ᠴᠢᠨᠠᠷ᠎ᠢ  ᠨᠡᠮᠡᠭᠳᠡᠭᠦᠯᠳᠡᠭ ᠃ ᠣᠳᠣ ᠦᠶ᠎ᠡ ᠵᠢᠨ  ᠰᠡᠳᠦᠪᠲᠤ ᠤᠯᠤᠰ᠎ᠤᠨ ᠠᠮᠤᠷ ᠲᠦᠪᠰᠢᠨ᠎ᠤ ᠲᠧᠯᠸᠢᠰ  ᠵᠦᠴᠦᠭᠡ ᠵᠢᠨ ᠳᠣᠲᠣᠷ᠎ᠠ᠂  ᠶᠠᠷᠰᠢᠭ ᠲᠦᠪᠡᠭᠲᠡᠢ ᠬᠡᠷᠡᠭ ᠶᠠᠪᠣᠳᠠᠯ ᠂  ᠳᠠᠢ᠌ᠰᠣᠨ ᠮᠠᠨ᠎ᠤ ᠬᠤᠶᠠᠷ  ᠲᠠᠯ᠎ᠠ ᠵᠢᠨ  ᠲᠠᠩᠨᠠᠨ ᠪᠠᠢ᠌ᠴᠠᠭ᠋ᠠᠬᠤ ᠵᠢ ᠡᠰᠡᠷᠭᠦᠴᠡᠬᠦ᠎ᠨᠢ  ᠶᠡᠷᠤ᠎ᠳᠤ᠎ᠪᠠᠨ  ᠪᠦᠬᠦ ᠵᠦᠴᠦᠭᠡ᠎ᠳᠤ  ᠲᠣᠭᠣᠰᠢᠯᠠᠭᠳᠠᠵᠤ ᠪᠠᠢ᠌ᠳᠠᠭ ᠂ ᠵᠦᠴᠦᠭᠡ ᠵᠢᠨ ᠳᠣᠲᠣᠷᠠᠬᠢ ᠡᠰᠡᠷᠭᠦ ᠡᠲᠡᠭᠡᠳ᠎ᠤᠨ ᠳᠦᠷᠢ᠎ᠨᠢ  ᠴᠦ᠍  ᠪᠠᠭ᠋ᠠᠵᠢᠴᠢᠯᠠᠭᠰᠠᠨ 《ᠮᠠᠭᠤ ᠬᠥᠮᠦᠨ》  ᠪᠢᠰᠢ ᠂ ᠬᠠᠷᠢᠨ ᠨᠠᠷᠢᠨ  ᠨᠢᠮᠪᠠᠢ  ᠰᠡᠳᠭᠢᠬᠦᠢ ᠪᠣᠯᠤᠨ  ᠪᠠᠢ᠍ᠯᠳᠤᠬᠤ ᠪᠣᠳᠣᠯᠭ᠎ᠠ ᠵᠢᠨ  ᠪᠠᠢ᠌ᠷᠢᠯᠠᠭᠣᠯᠣᠯᠲᠠ ᠵᠢᠨ ᠬᠦᠴᠦᠷᠬᠡᠭ ᠶᠡᠬᠡ  ᠦᠷᠢᠰᠦᠯᠳᠦᠭᠴᠢ ᠮᠦᠨ ᠃

      《ᠲᠠᠰᠤ ᠨᠢᠭᠤᠴᠠ ᠦᠵᠡᠯᠴᠡᠭᠡᠨ》᠎ᠳᠤ ᠂  ᠣᠯᠣᠰ᠎ᠤᠨ ᠠᠮᠤᠷ ᠲᠦᠪᠰᠢᠨ᠎ᠤ  ᠲᠠᠩᠨᠠᠭᠤᠯ᠎ᠢ  ᠮᠦᠷᠳᠡᠬᠦ ᠵᠢᠨ ᠬᠠᠮᠲᠤ ᠪᠠᠰᠠ ᠡᠰᠡᠷᠭᠦ ᠴᠢᠭᠯᠡᠯ ᠵᠶ᠋ᠠᠷ  ᠨᠡᠬᠡᠮᠵᠢᠯᠡᠵᠦ ᠂ ᠬᠦᠴᠦ  ᠲᠡᠭᠰᠢᠯᠡᠵᠦ᠂ ᠬᠦᠴᠦ  ᠲᠡᠩᠴᠡᠭᠦᠦ ᠲᠠᠰᠣ  ᠨᠢᠭᠤᠴᠠ ᠦᠵᠡᠯᠴᠡᠭᠡᠨ᠎ᠢ ᠪᠤᠢ ᠪᠤᠯᠭ᠋ᠠᠵᠠᠢ ᠂ ᠬᠢᠯᠢ ᠵᠢᠨ  ᠭᠠᠳᠠᠨᠠᠬᠢ ᠬᠦᠴᠦᠨ ᠬᠠᠶ᠋ᠢᠷ᠎ᠠ ᠰᠡᠳᠬᠢᠯᠭᠡ ᠵᠢᠨ  ᠨᠡᠪᠴᠢᠯᠲᠡ᠂ ᠮᠡᠷᠭᠡᠵᠢᠯ᠎ᠤᠨ ᠡᠵᠡᠮᠳᠡᠯ ᠵᠶ᠋ᠡᠷ ᠳᠠᠮᠵᠢᠭᠣᠯᠣᠨ ᠣᠯᠣᠰ᠎ᠤᠨ ᠠᠮᠤᠷ ᠲᠦᠪᠰᠢᠨ᠎ᠢ ᠬᠠᠮᠠᠭ᠋ᠠᠯᠠᠬᠤ ᠪᠠᠢ᠌ᠯᠳᠣᠭᠴᠢ ᠵᠢᠨ ᠬᠠᠢ᠌ᠷ᠎ᠠ ᠰᠡᠳᠬᠢᠯᠭᠡ ᠵᠢᠨ ᠡᠮᠵᠡᠭ ᠲᠠᠯ᠎ᠠ᠎ᠳᠤ ᠰᠢᠭᠣᠳ ᠴᠣᠬᠢᠯᠲᠠ ᠦᠭᠪᠡ᠂ ᠵᠢᠱ᠌ᠢᠶᠡᠯᠡᠪᠡᠯ ᠲᠠᠩᠨᠠᠭᠣᠯ ᠪᠠᠭᠣᠳᠠᠯ᠎ᠤᠨ ᠦᠢ᠍ᠯᠡᠴᠢᠯᠡᠭᠴᠢ᠎ᠪᠠᠷ ᠣᠪᠯᠠᠨ ᠬᠤᠤᠷ ᠲᠠᠯᠪᠢᠬᠤ᠂ ᠰᠦᠯᠵᠢᠶᠡᠨ᠎ᠤ ᠢᠨᠠᠭ ᠳᠤᠷᠠᠯᠠᠯ᠎ᠢ ᠠᠰᠢᠭᠯᠠᠨ ᠲᠠᠰ ᠨᠢᠭᠣᠴᠠ ᠵᠢ ᠬᠤᠯᠠᠭ᠋ᠠᠢ᠌ᠯᠠᠬᠤ ᠵᠡᠷᠭᠡ᠎ᠨᠢ ᠣᠳᠤ ᠦᠶ᠎ᠡ ᠵᠢᠨ ᠲᠠᠩᠨᠠᠭᠣᠯ᠎ᠤᠨ ᠪᠠᠢ᠌ᠯᠳᠣᠭ᠋ᠠᠨ᠎ᠤ ᠠᠷᠭ᠎ᠠ ᠪᠠᠷᠢᠯ᠎ᠤᠨ ᠳᠠᠯᠳᠠ ᠴᠢᠨᠠᠷ ᠪᠠ ᠬᠤᠤᠷ ᠬᠦᠨᠦᠭᠡᠯ᠎ᠤᠨ ᠡᠪᠳᠡᠯᠭᠡ ᠵᠢᠨ ᠴᠢᠨᠠᠷ᠎ᠢ ᠬᠦᠨᠵᠡᠭᠡᠢ ᠢᠯᠡᠷᠡᠭᠦᠯᠦᠭᠰᠡᠨ ᠪᠠᠢ᠌ᠨ᠎ᠠ ᠃ 《  ᠬᠠᠭᠣᠴᠢᠨ  ᠳᠠᠶ᠋ᠢᠰᠤᠨ》 ᠭᠡᠭᠡᠨ  ᠪᠠᠷᠠᠭ᠋ᠠᠨ᠎ᠤ  ᠬᠤᠶᠠᠷ  ᠰᠦᠪᠡᠭᠴᠢ  ᠰᠣᠯᠪᠢᠴᠠᠵᠦ ᠂  ᠳᠠᠢ᠌ᠰᠣᠨ  ᠮᠠᠨ᠎ᠤ ᠬᠤᠶᠠᠷ ᠲᠠᠯ᠎ᠠ᠎ᠪᠠᠷ ᠵᠶ᠋ᠠᠨ ᠬᠤᠷᠴᠠ ᠰᠢᠷᠦᠭᠦᠨ  ᠡᠰᠡᠷᠭᠦᠴᠡᠯᠳᠦᠨ ᠂ ᠦᠵᠡᠭᠴᠢᠳ᠎ᠲᠤ  ᠤᠨᠢᠰᠣᠭ᠎ᠠ ᠲᠠᠢ᠌ᠯᠬᠤ ᠭᠣᠢ᠌ᠳᠠ ᠰᠠᠶ᠋ᠢᠬᠠᠨ ᠲᠣᠭᠯᠠᠭ᠋ᠠᠮ᠎ᠢ  ᠳᠡᠯᠭᠡᠨ ᠦᠵᠡᠭᠦᠯᠪᠡ᠃

      ᠭᠤᠷᠪᠠᠳᠤᠭ᠋ᠠᠷ᠎ᠲᠤ᠂ ᠤᠯᠤᠰ᠎ᠤᠨ ᠠᠮᠤᠷ ᠲᠦᠪᠰᠢᠨ ᠎ᠨᠢ ᠴᠢ ᠪᠢᠳᠡᠨ᠎ᠤ ᠳᠡᠷᠭᠡᠲᠡ ᠪᠤᠢ ᠃  ᠣᠳᠣ ᠦᠶ᠎ᠡ ᠵᠢᠨ  ᠤᠯᠤᠰ᠎ᠤᠨ ᠠᠮᠤᠷ ᠲᠦᠪᠰᠢᠨ᠎ᠤ ᠰᠡᠳᠦᠪᠲᠦ ᠵᠦᠴᠦᠭᠡ᠎ᠨᠢ  ᠤᠷᠠᠯᠢᠭᠴᠢᠯᠠᠭᠰᠠᠨ ᠢᠯᠡᠳᠬᠡᠯ ᠵᠶ᠋ᠡᠷ  ᠤᠯᠤᠰ᠎ᠤᠨ ᠠᠮᠤᠷ ᠲᠦᠪᠰᠢᠨ᠎ᠢ  ᠠᠦᠭ᠎ᠠ  ᠶᠡᠭᠡ ᠤᠬᠠᠭᠳᠠᠬᠤᠨ᠎ᠠᠴᠠ ᠪᠣᠳᠠᠲᠠᠶ  ᠰᠡᠷᠡᠭᠳᠡᠬᠦ  ᠪᠤᠳᠠᠭ᠋ᠠᠯᠢ ᠪᠡᠶ᠎ᠡ ᠵᠢᠨ ᠬᠢᠮᠤᠷᠠᠯ ᠪᠣᠯᠭ᠋ᠠᠨ ᠬᠤᠪᠢᠷᠠᠭᠤᠯᠵᠤ᠂ ᠴᠢᠩᠭ᠎ᠠ ᠦᠢ᠍ᠯᠡ  ᠶᠠᠪᠤᠳᠠᠯ᠎ᠤᠨ ᠦᠯᠢᠭᠡᠷ ᠵᠶ᠋ᠠᠷ ᠳᠠᠮᠵᠢᠭᠤᠯᠤᠨ ᠤᠯᠤᠰ᠎ᠤᠨ ᠠᠮᠤᠷ ᠲᠦᠪᠰᠢᠨ᠎ᠢ ᠬᠠᠮᠠᠭ᠋ᠠᠯᠠᠬᠤ  ᠠᠵᠢᠯ᠎ᠤᠨ ᠨᠢᠭᠤᠴᠠ  ᠳᠠᠯᠳᠠ ᠵᠢᠨ ᠲᠦᠷᠦᠭᠳᠡᠯ᠎ᠢ  ᠡᠪᠳᠡᠵᠦ᠂ 《ᠤᠯᠤᠰ᠎ᠤᠨ ᠠᠮᠤᠷ  ᠲᠦᠪᠰᠢᠨ᠎ᠳᠤ  ᠪᠠᠭ᠎ᠠ ᠶᠠᠪᠤᠳᠠᠯ  ᠭᠡᠵᠦ  ᠦᠭᠡᠢ》  ᠭᠡᠬᠦ ᠵᠦᠴᠦᠭᠡ᠎ᠳᠤ ᠰᠢᠭᠤᠳ  ᠪᠦᠭᠡᠳ  ᠭᠦᠨᠵᠡᠭᠡᠶ  ᠲᠠᠶ᠋ᠢᠯᠪᠤᠷᠢᠯᠠᠯᠲᠠ ᠬᠢᠭᠰᠡᠨ ᠪᠠᠶ᠋ᠢᠨ᠎ᠠ᠃ 《ᠲᠠᠰᠤ ᠨᠢᠭᠤᠴᠠ  ᠦᠵᠡᠯᠴᠡᠭᠡᠨ 》᠎ᠨᠢ ᠭᠣᠣᠯ  ᠳᠠᠢ᠌ᠨ᠎ᠤ ᠲᠠᠯᠠᠪᠤᠷ᠎ᠢ CBD ᠠᠯᠪᠠᠯᠠᠬᠤ ᠠᠰᠠᠷ᠂  ᠰᠢᠨᠵᠢᠯᠡᠬᠦ  ᠤᠬᠠᠭ᠋ᠠᠨ᠎ᠤ  ᠰᠣᠳᠣᠯᠭ᠋ᠠᠨ᠎ᠤ ᠲᠣᠷᠰᠢᠯᠲᠠ ᠵᠢᠨ ᠲᠠᠰᠤᠭ᠂ ᠣᠯᠠᠨ ᠤᠯᠤᠰ᠎ᠤᠨ ᠬᠤᠷᠠᠯ ᠵᠡᠷᠭᠡ ᠣᠳᠣ ᠦᠶ᠎ᠡ ᠵᠢᠨ  ᠦᠵᠡᠭᠳᠡᠯ ᠵᠶ᠋ᠡᠷ ᠲᠣᠭᠲᠠᠭ᠋ᠠᠵᠤ ᠂ ᠲᠠᠩᠨᠠᠭᠤᠯ᠎ᠤᠨ  ᠬᠣᠳᠠᠯᠳᠣᠭ᠋ᠠᠴᠢᠨ ᠂ ᠵᠣᠬᠢᠶᠠᠯᠴᠢ   ᠴᠢᠨᠠᠭᠰᠢᠯᠠᠪᠠᠯ  ᠣᠷᠴᠢᠨ  ᠠᠬᠤᠢ ᠵᠢᠨ ᠬᠠᠮᠠᠭ᠋ᠠᠯᠠᠯᠲᠠ ᠵᠢᠨ ᠦᠵᠡᠯᠲᠡᠳ᠎ᠤᠨ ᠨᠡᠪᠴᠢᠯᠲᠡ ᠬᠢᠬᠦ  ᠶᠠᠪᠤᠴᠠ ᠵᠢ  ᠬᠠᠷᠠᠭᠣᠯᠵᠠᠢ ᠃       《ᠡᠰᠡᠷᠭᠦ ᠡᠲᠡᠭᠡᠳ》᠎ᠨᠢ ᠤᠯᠤᠰ᠎ᠤᠨ ᠠᠮᠤᠷ ᠲᠦᠪᠰᠢᠨ᠎ᠤ ᠺᠠᠳ᠋ᠷ ᠴᠠᠭᠳᠠᠭ᠎ᠠ ᠵᠢᠨ  ᠡᠷᠡᠯᠬᠡᠭ ᠪᠠᠭ᠋ᠠᠲᠤᠷᠯᠢᠭ ᠪᠠ  ᠡᠭᠦᠷᠭᠡ ᠬᠠᠷᠢᠭᠣᠴᠠᠯᠭ᠎ᠠ ᠵᠢ ᠢᠯᠡᠷᠡᠭᠦᠯᠦᠭᠰᠡᠨ ᠵᠶ᠋ᠡᠷ ᠦᠯᠦ ᠪᠠᠷᠠᠮ ᠂  ᠪᠦᠬᠦ  ᠠᠷᠠᠳ ᠵᠶ᠋ᠠᠷ ᠵᠶ᠋ᠠᠨ  ᠤᠷᠤᠯᠴᠠᠬᠤ᠎ᠨᠢ  ᠤᠯᠤᠰ᠎ᠤᠨ ᠠᠮᠤᠷ ᠲᠦᠪᠰᠢᠨ᠎ᠢ ᠬᠠᠮᠠᠭ᠋ᠠᠯᠠᠬᠤ᠎ᠳᠤ  ᠴᠢᠬᠣᠯᠠ ᠠᠴᠢ ᠬᠣᠯᠪᠣᠭᠳᠠᠯ᠎ᠲᠠᠢ ᠪᠠᠢ᠌ᠬᠤ ᠵᠢ ᠴᠢᠬᠣᠯᠠᠴᠢᠯᠠᠭᠰᠠᠨ ᠪᠠᠢ᠌ᠨ᠎ᠠ ᠃ ᠵᠦᠴᠦᠭᠡ᠎ᠳᠤ᠂ 12339 ᠤᠯᠤᠰ᠎ᠤᠨ ᠠᠮᠤᠷ  ᠲᠦᠪᠰᠢᠨ᠎ᠤ  ᠪᠠᠢ᠌ᠭᠣᠯᠭ᠎ᠠ ᠵᠢᠨ ᠢᠯᠡᠴᠢᠯᠡᠨ ᠮᠡᠳᠡᠭᠦᠯᠦᠯᠲᠡ ᠵᠢ ᠬᠦᠯᠢᠶᠡᠨ ᠠᠪᠴᠤ  ᠰᠢᠢ᠍ᠳᠪᠦᠷᠢᠯᠡᠬᠦ  ᠤᠲᠠᠰᠤ ᠳᠠᠬᠢᠨ ᠳᠠᠪᠲᠠᠨ ᠢᠯᠡᠷᠡᠵᠦ᠂ ᠵᠠᠷ᠎ᠤᠨ ᠫᠠᠢ᠍ᠰᠠ᠂ ᠵᠠᠷᠯᠠᠯ ᠪᠠ ᠵᠦᠴᠦᠭᠡ ᠵᠢᠨ ᠦᠢ᠍ᠯᠡ  ᠶᠠᠪᠣᠳᠠᠯ᠎ᠤᠨ  ᠲᠣᠭᠯᠠᠯᠲᠠ᠎ᠳᠤ  ᠦᠵᠡᠭᠴᠢᠳ᠎ᠲᠤ ᠭᠦᠨ ᠰᠠᠭᠤᠭᠳᠠᠯ ᠦᠯᠡᠳᠡᠭᠡᠵᠦ᠂ ᠦᠵᠡᠭᠴᠢᠳ᠎ᠲᠤ ᠲᠠᠩᠨᠠᠭᠤᠯ᠎ᠢ ᠡᠰᠡᠷᠭᠦᠴᠡᠬᠦ ᠲᠡᠮᠡᠴᠡᠯ᠎ᠳᠤ ᠣᠷᠣᠯᠴᠠᠬᠤ ᠪᠦᠲᠦᠮᠵᠢᠲᠡᠢ ᠠᠷᠭ᠎ᠠ ᠵᠠᠮ᠎ᠢ ᠲᠠᠨᠢᠯᠴᠠᠭᠤᠯᠵᠠᠢ᠃

      (ᠬᠤᠶᠠᠷ) ᠢᠯᠡᠷᠡᠯ᠎ᠤᠨ  ᠬᠡᠯᠪᠡᠷᠢ ᠵᠢᠨ ᠲᠠᠯ᠎ᠠ᠎ᠪᠠᠷ

      ᠤᠳᠤ ᠦᠶ᠎ᠡ ᠵᠢᠨ ᠣᠯᠣᠰ᠎ᠤᠨ ᠠᠮᠤᠷ ᠲᠦᠪᠰᠢᠨ᠎ᠤ ᠰᠡᠳᠦᠪᠲᠦ  ᠲᠧᠯᠧᠢ᠍ᠰ ᠵᠦᠴᠦᠭᠡ᠎ᠤᠨ ᠢᠯᠡᠷᠡᠯ᠎ᠤᠨ ᠬᠡᠯᠪᠡᠷᠢ ᠵᠢᠨ ᠬᠤᠪᠢ᠎ᠳᠤ ᠨᠡᠯᠢᠶᠡᠳ ᠴᠡᠪᠡᠷ ᠲᠡᠭᠰᠢ ᠲᠦᠷᠦᠯ ᠬᠡᠯᠪᠡᠷᠢ ᠵᠢᠨ ᠵᠦᠴᠦᠭᠡ ᠵᠢᠨ ᠣᠨᠴᠠᠯᠢᠭ᠎ᠲᠠᠢ ᠪᠠᠢ᠌ᠵᠦ᠂ ᠡᠯ᠎ᠡ ᠵᠦᠴᠦᠭᠡ ᠵᠢ ᠵᠦᠴᠦᠭᠡ ᠵᠢᠨ ᠦᠢ᠍ᠯᠡ ᠶᠠᠪᠣᠳᠠᠯ᠎ᠤᠨ ᠪᠦᠲᠦᠴᠡ᠂ ᠳᠦᠷᠢ ᠪᠦᠲᠦᠭᠡᠬᠦ᠂ ᠰᠠᠨᠠᠭ᠋ᠠᠰᠢᠷᠠᠯ᠎ᠤᠨ ᠲᠤᠬᠢᠷᠠᠭᠣᠯᠣᠯᠲᠠ ᠵᠡᠷᠭᠡ ᠲᠠᠯ᠎ᠠ᠎ᠪᠠᠷ ᠲᠠᠰᠣᠷᠠᠯᠲᠠ ᠦᠭᠡᠢ ᠰᠢᠨ᠎ᠡ ᠵᠢ ᠡᠭᠦᠳᠦᠨ ᠳᠡᠰ ᠳᠡᠪᠰᠢᠵᠦ᠂ ᠵᠤᠬᠢᠶᠠᠨ ᠪᠦᠲᠦᠭᠡᠭᠴᠢ ᠵᠢᠨ ᠣᠷᠠᠨ ᠳᠠᠷᠬᠠᠨ᠎ᠤ ᠦᠪᠡᠷᠮᠢᠴᠡ ᠬᠤᠪᠢ ᠵᠠᠶᠠᠭ᠎ᠠ ᠪᠠ ᠣᠷᠠᠯᠢᠭ᠎ᠢ ᠢᠯᠡᠷᠡᠭᠦᠯᠵᠦ ᠪᠠᠢ᠌ᠳᠠᠭ ᠃  ᠡᠨᠡ᠎ᠨᠢ ᠭᠣᠣᠯᠳᠠᠭᠣ  ᠳᠤᠤᠷᠠᠬᠢ ᠬᠤᠶᠠᠷ  ᠲᠠᠯ᠎ᠠ᠎ᠪᠠᠷ ᠢᠯᠡᠷᠡᠵᠦ ᠪᠠᠶ᠋ᠢᠨ᠎ᠠ᠃

      ᠵᠦᠴᠦᠭᠡ ᠵᠢᠨ ᠦᠢ᠍ᠯᠡ ᠶᠠᠪᠤᠳᠠᠯ᠎ᠤᠨ ᠪᠦᠲᠦᠴᠡ ᠵᠢᠨ ᠲᠠᠯ᠎ᠠ᠎ᠪᠠᠷ᠂ 《  ᠲᠠᠰᠣ  ᠨᠢᠭᠤᠴᠠ  ᠦᠵᠡᠯᠴᠡᠭᠡᠨ 》᠎ᠨᠢ ᠥᠨᠳᠥᠷ ᠬᠦᠴᠦᠯᠡᠴᠡ᠎ᠲᠠᠢ  ᠲᠦᠷᠦᠯᠵᠢᠭᠦᠯᠦᠨ ᠭᠦᠦᠷᠨᠢᠵᠦ ᠂  ᠡᠬᠢᠯᠡᠩᠭᠦᠳᠡ᠎ᠪᠠᠨ  ᠬᠣᠣᠷ ᠬᠠᠶᠠᠬᠤ᠂ ᠠᠰᠠᠷ᠎ᠠᠴᠠ ᠬᠠᠷᠠᠢ᠍ᠬᠤ᠂  ᠠᠰᠬ᠎ᠠ ᠬᠠᠳᠠ᠎ᠠᠴᠠ ᠤᠨᠠᠬᠤ ᠵᠡᠷᠭᠡ ᠣᠯᠠᠨ  ᠵᠦᠢ᠍ᠯ᠎ᠤᠨ ᠲᠠᠩᠨᠠᠭᠤᠯ᠎ᠤᠨ ᠦᠢ᠍ᠯᠡ ᠶᠠᠪᠤᠳᠠᠯ᠎ᠢ  ᠰᠢᠳᠠᠨ ᠭᠠᠷᠭ᠋ᠠᠵᠦ ᠂ ᠳᠤᠮᠳᠠᠴᠢ᠎ᠪᠠᠷ ᠪᠦᠯᠦᠭ  ᠪᠦᠷᠢ᠎ᠳᠤ ᠨᠢᠭᠡ  ᠲᠠᠩᠨᠠᠭᠤᠯ᠎ᠤᠨ ᠤᠪ  ᠶᠠᠪᠣᠭᠣᠯᠭ᠎ᠠ ᠵᠢ  ᠲᠠᠢ᠌ᠯᠵᠦ ᠂ ᠨᠢᠭᠤᠴᠠ᠎ᠪᠠᠷ  ᠬᠤᠤᠷᠯᠠᠬᠤ ᠂  ᠠᠶᠣᠯᠭ᠋ᠠᠨ ᠰᠦᠷᠳᠡᠭᠦᠯᠵᠦ ᠠᠰᠢᠭ ᠵᠶ᠋ᠠᠷ  ᠲᠠᠲᠠᠬᠤ ᠵᠡᠷᠭᠡ ᠣᠯᠠᠨ ᠵᠦᠢ᠍ᠯ᠎ᠤᠨ ᠲᠠᠩᠨᠠᠭᠤᠯ᠎ᠤᠨ  ᠠᠵᠢᠯᠯᠠᠭ᠎ᠠ ᠵᠢᠨ  ᠨᠡᠪᠴᠢᠯᠲᠡ  ᠪᠠ  ᠡᠪᠳᠡᠯᠭᠡ ᠵᠢᠨ  ᠠᠷᠭ᠎ᠠ ᠪᠠᠷᠢᠯ᠎ᠢ  ᠬᠡᠷᠡᠭᠯᠡᠵᠦ ᠂  ᠠᠢ᠌ᠵᠢᠮ᠎ᠢ᠎ᠨᠢ  ᠴᠢᠩᠭ᠎ᠠ ᠠᠳᠬᠤᠵᠤ ᠂ ᠦᠵᠡᠭᠴᠢᠳ᠎ᠤᠨ ᠠᠩᠬᠠᠷᠤᠯ᠎ᠢ ᠴᠢᠩᠭ᠎ᠠ  ᠠᠳᠬᠣᠭᠰᠠᠨ ᠪᠠᠢ᠌ᠨ᠎ᠠ ᠃             《  ᠡᠰᠡᠷᠭᠦ  ᠡᠲᠡᠭᠡᠳ》᠎ᠨᠢ ᠤᠯᠠᠮᠵᠢᠯᠠᠯᠲᠤ ᠲᠠᠩᠨᠠᠭᠤᠯ᠎ᠤᠨ  ᠳᠠᠢ᠌ᠨ᠎ᠤ ᠵᠦᠴᠦᠭᠡ ᠵᠢ  ᠦᠢ᠍ᠯᠡᠳᠬᠦ  ᠵᠠᠭᠪᠤᠷ᠎ᠢ  ᠡᠪᠳᠡᠵᠦ ᠂ ᠣᠳᠣ ᠦᠶ᠎ᠡ ᠵᠢᠨ  ᠶᠡᠬᠡ  ᠬᠣᠲᠠ᠎ᠪᠠᠷ ᠠᠷᠤ ᠦᠵᠡᠭᠳᠡᠯ ᠪᠣᠯᠭ᠋ᠠᠵᠤ᠂  ᠰᠢᠨ᠎ᠡ ᠵᠢ ᠡᠭᠦᠳᠬᠦ ᠴᠢᠨᠠᠷᠲᠠᠢ᠎ᠪᠠᠷ  ᠲᠠᠩᠨᠠᠭᠤᠯ᠎ᠤᠨ  ᠬᠠᠷᠠᠭ᠋ᠠᠰᠣ ᠂ ᠡᠳᠦᠷ ᠳᠣᠳᠣᠮ᠎ᠤᠨ ᠢᠬᠢᠷ  ᠰᠢᠬᠢᠷ  ᠠᠮᠢᠳᠤᠷᠠᠯ᠎ᠠᠴᠠ ᠭᠠᠷᠳᠠᠬᠤ  ᠴᠡᠭ ᠪᠣᠯᠭ᠋ᠠᠵᠤ᠂ 《ᠲᠠᠩᠨᠠᠭᠤᠯ᠎ᠢ  ᠰᠡᠷᠭᠡᠢ᠌ᠯᠡᠨ ᠡᠰᠡᠷᠭᠦ ᠠᠰᠢᠭᠯᠠᠬᠤ 》 ᠤᠬᠠᠭᠳᠠᠬᠤᠨ᠎ᠢ ᠬᠥᠮᠦᠰ᠎ᠤᠨ ᠡᠳᠦᠷ ᠳᠣᠳᠣᠮ᠎ᠤᠨ ᠠᠮᠢᠳᠤᠷᠠᠯ᠎ᠳᠤ ᠣᠷᠣᠭᠤᠯᠵᠤ ᠂ ᠨᠡᠩ ᠴᠢᠩᠭ᠎ᠠ ᠨᠥᠯᠥᠭᠡᠯᠡᠬᠦ ᠬᠦᠴᠦᠨ ᠵᠶ᠋ᠠᠷ ᠦᠵᠡᠭᠴᠢᠳ᠎ᠤᠨ ᠤᠯᠤᠰ᠎ᠤᠨ ᠠᠮᠤᠷ  ᠲᠦᠪᠰᠢᠨ᠎ᠤ ᠤᠬᠠᠮᠰᠠᠷ᠎ᠢ  ᠴᠢᠩᠭ᠋ᠠᠳᠬᠠᠬᠤ ᠵᠢ  ᠰᠡᠷᠡᠮᠵᠢᠯᠡᠭᠦᠯᠪᠡ ᠃ 《  ᠬᠠᠭᠣᠴᠢᠨ  ᠳᠠᠶ᠋ᠢᠰᠤᠨ》  ᠥᠩᠭᠡᠷᠡᠭᠰᠡᠨ  ᠪᠠ ᠣᠳᠤ ᠵᠢᠨ ᠬᠤᠶᠠᠷ ᠴᠠᠭ ᠬᠤᠭᠤᠴᠠᠭ᠎ᠠ ᠪᠠ ᠣᠷᠣᠨ ᠵᠠᠢ ᠵᠢᠨ  ᠬᠤᠶᠠᠷ  ᠱᠤᠭᠤᠮ᠎ᠤᠨ  ᠬᠦᠦᠷᠨᠢᠯ᠎ᠢ  ᠬᠡᠷᠡᠭᠯᠡᠵᠦ᠂ ᠬᠤᠶᠠᠷ ᠦᠶ᠎ᠡ ᠵᠢᠨ ᠤᠯᠤᠰ᠎ᠤᠨ ᠠᠮᠤᠷ ᠲᠦᠪᠰᠢᠨ᠎ᠤ ᠰᠢᠯᠢᠳᠡᠭ  ᠺᠠᠳ᠋ᠷ ᠴᠠᠭᠳᠠᠭ᠎ᠠ ᠨᠠᠷ᠎ᠤᠨ  ᠴᠥᠬᠦᠷᠡᠰᠢ ᠦᠭᠡᠢ ᠪᠠᠲᠤ ᠰᠠᠬᠢᠵᠤ᠂  ᠲᠠᠩᠨᠠᠭᠤᠯ᠎ᠢ ᠡᠰᠡᠷᠭᠦᠴᠡᠭᠰᠡᠨ 19 ᠵᠢᠯ᠎ᠤᠨ ᠲᠣᠮᠣ  ᠬᠡᠷᠡᠭ᠎ᠢ ᠢᠯᠡᠷᠡᠭᠦᠯᠪᠡ᠃

      ᠬᠣᠶᠠᠳᠤᠭ᠋ᠠᠷ᠎ᠲᠤ᠂  ᠳᠦᠷᠢ ᠵᠢᠨ ᠪᠦᠲᠦᠭᠡᠯᠲᠡ ᠵᠢᠨ  ᠲᠠᠯ᠎ᠠ᠎ᠪᠠᠷ᠂ 《ᠲᠠᠰᠤ ᠨᠢᠭᠤᠴᠠ  ᠦᠵᠡᠯᠴᠡᠭᠡᠨ》᠎ᠨᠢ ᠵᠦᠴᠦᠭᠡ ᠵᠢᠨ ᠳᠣᠲᠣᠷᠠᠬᠢ ᠭᠣᠣᠯ ᠳᠦᠷᠢ ᠨᠢᠭᠡᠪᠦᠷᠢ᠎ᠳᠤ  ᠴᠥᠮ ᠬᠣᠶᠠᠷ  ᠳᠠᠪᠬᠤᠷᠣ᠋ᠷᠭᠢᠯ ᠳᠠᠪᠬᠤᠷ  ᠴᠢᠨᠠᠭᠰᠢᠯᠠᠪᠠᠯ ᠭᠤᠷᠪᠠᠨ ᠳᠠᠪᠬᠤᠷ ᠪᠡᠶ᠎ᠡ  ᠬᠡᠮ᠎ᠤᠨ ᠵᠢᠷᠤᠭ ᠲᠦᠯᠦᠪᠯᠡᠭᠡ ᠬᠢᠵᠦ ᠂ ᠳᠦᠷᠢ ᠵᠢᠨ ᠥᠩᠭᠡᠨ ᠲᠠᠯ᠎ᠠ ᠵᠢᠨ ᠠᠵᠢᠯ  ᠮᠡᠷᠭᠡᠵᠢᠯ ᠂  ᠨᠢᠭᠣᠨ ᠳᠠᠯᠳᠠᠯᠠᠭᠰᠠᠨ ᠪᠡᠶ᠎ᠡ ᠬᠡᠮ ᠂ ᠬᠠᠮᠤᠭ ᠡᠴᠦᠰ᠎ᠤᠨ ᠦᠨᠡᠨ ᠪᠠᠶ᠋ᠢᠳᠠᠯ ᠎ᠨᠢ  ᠱᠠᠲᠤ ᠱᠠᠲᠤ᠎ᠪᠠᠷ  ᠠᠬᠢᠵᠦ ᠂ 《  ᠲᠠᠩᠨᠠᠭᠤᠯ᠎ᠤᠨ ᠳᠣᠲᠣᠷᠠᠬᠢ  ᠲᠠᠩᠨᠠᠭᠣᠯ》᠎ᠤᠨ  ᠨᠠᠷᠢᠨ ᠪᠣᠳᠣᠯᠢᠶᠠᠨᠲᠠᠢ ᠪᠠᠶ᠋ᠢᠷᠢᠰᠢᠯ᠎ᠢ   ᠪᠣᠢ ᠪᠣᠯᠭ᠋ᠠᠵᠦ ᠂ ᠴᠢᠬᠤᠯᠠ ᠳᠦᠷᠢ  ᠪᠤᠯᠬᠤ  ᠵᠣᠣ ᠶᠠ  ᠵᠦ᠍᠎ᠨᠢ ᠪᠠᠷᠠᠭ᠋ᠠᠪᠲᠤᠷ ᠪᠦᠰᠡ᠎ᠪᠠᠷ  ᠵᠤᠷᠴᠢᠵᠦ  ᠪᠠᠶ᠋ᠢᠭ᠎ᠠ  ᠨᠢᠭᠣᠴᠠᠬᠠᠢ ᠳᠦᠷᠢ ᠪᠣᠯᠣᠭᠰᠠᠨ᠎ᠤ ᠬᠤᠪᠢ᠎ᠳᠤ ᠂ ᠲᠡᠭᠦᠨ᠎ᠤ  ᠪᠠᠯᠠᠷᠬᠠᠢ  ᠪᠡᠶ᠎ᠡ  ᠬᠡᠮ᠎ᠨᠢ  ᠵᠦᠴᠦᠭᠡ ᠵᠢᠨ  ᠦᠢ᠍ᠯᠡ ᠶᠠᠪᠣᠳᠠᠯ᠎ᠤᠨ  ᠴᠢᠬᠤᠯᠠ  ᠲᠡᠯᠡᠯᠲᠡ ᠵᠢᠨ ᠬᠦᠴᠦᠨ ᠪᠣᠯᠣᠭᠰᠠᠨ ᠪᠠᠢ᠌ᠨ᠎ᠠ ᠃ ᠵᠦᠴᠦᠭᠡ᠎ᠳᠤ ᠪᠦᠲᠦᠭᠡᠭᠰᠡᠨ  ᠶᠠᠩ ᠭᠤᠸᠠᠩ ᠪᠣᠯᠤᠨ ᠯᠢ ᠵᠢᠶᠠᠨ ᠬᠤᠶᠠᠷ  ᠣᠯᠣᠰ᠎ᠤᠨ ᠠᠮᠤᠷ ᠲᠦᠪᠰᠢᠨ᠎ᠤ ᠪᠠᠢ᠌ᠯᠳᠣᠭᠴᠢ ᠵᠢᠨ  ᠳᠦᠷᠢ ᠎ᠨᠢ  ᠤᠯᠠᠮᠵᠢᠯᠠᠯᠲᠤ ᠪᠠᠭ᠋ᠠᠲᠤᠷᠴᠤᠳ᠎ᠤᠨ ᠬᠦᠦᠷᠨᠢᠯ᠎ᠤᠨ ᠪᠣᠷᠣ  ᠲᠥᠯᠥᠪ᠎ᠢ  ᠠᠮᠵᠢᠯᠲᠠ᠎ᠲᠠᠢ ᠰᠢᠪᠲᠤᠯᠵᠤ᠂ ᠪᠣᠰᠤᠭ᠎ᠠ ᠴᠣᠭᠴᠠ᠎ᠪᠠᠷ ᠪᠠᠶᠠᠯᠢᠭ  ᠬᠥᠮᠦᠰ᠎ᠤᠨ ᠣᠨᠴᠠᠯᠢᠭ᠎ᠢ  ᠢᠯᠡᠷᠡᠭᠦᠯᠪᠡ᠃ 《  ᠬᠠᠭᠣᠴᠢᠨ  ᠳᠠᠶ᠋ᠢᠰᠤᠨ》᠎ᠨᠢ ᠰᠢᠷᠭ᠋ᠠᠭᠤ ᠬᠠᠲᠠᠭᠤᠵᠢᠯᠲᠠᠶ᠎ᠪᠠᠷ ᠪᠠᠲᠤ ᠰᠠᠬᠢᠵᠤ᠂ ᠭᠠᠭᠴᠠᠭ᠋ᠠᠷ ᠤᠷᠤᠭᠰᠢᠯᠠᠵᠤ ᠪᠠᠶ᠋ᠢᠭ᠎ᠠ ᠡᠤ ᠢᠦᠶ᠂  ᠣᠯᠠᠯᠵᠢᠨ ᠭᠡᠷ᠎ᠠᠴᠠ  ᠠᠩᠬ᠎ᠠ ᠭᠠᠷᠴᠤ ᠪᠠᠶ᠋ᠢᠭ᠎ᠠ ᠭᠦᠸᠧ ᠸᠧᠶ ᠵᠢᠶᠧ᠂ ᠵᠧᠤ ᠵᠢᠶᠠ ᠵᠡᠷᠭᠡ  ᠡᠭᠡᠯ ᠵᠢᠷ᠎ᠤᠨ ᠪᠡᠶ᠎ᠡ ᠴᠣᠭᠴᠠᠰ ᠵᠶ᠋ᠠᠷ  ᠤᠯᠤᠰ᠎ᠤᠨ ᠠᠮᠤᠷ  ᠲᠦᠪᠰᠢᠨ᠎ᠢ  ᠬᠠᠮᠠᠭ᠋ᠠᠯᠠᠭᠰᠠᠨ ᠨᠢᠭᠡ ᠪᠦᠯᠦᠭ ᠨᠢᠭᠤᠴᠠ ᠹᠷᠣᠨᠲ᠎ᠤᠨ ᠬᠤᠰᠢᠭᠤᠴᠢ ᠵᠢᠴᠢ ᠦᠶ᠎ᠡ ᠦᠶ᠎ᠡ ᠵᠢᠨ ᠨᠢᠭᠤᠴᠠ ᠹᠷᠣᠨᠲ᠎ᠤᠨ ᠰᠢᠯᠢᠳᠡᠭ ᠤᠯᠤᠰ᠎ᠤᠨ ᠠᠮᠤᠷ ᠲᠦᠪᠰᠢᠨ᠎ᠢ ᠬᠠᠮᠠᠭ᠋ᠠᠯᠠᠬᠤ  ᠺᠠᠳ᠋ᠷ ᠴᠠᠭᠳᠠᠭ᠎ᠠ ᠵᠢᠨ ᠳᠤᠮᠳᠠ ᠤᠯᠠᠮᠵᠢᠯᠠᠨ ᠪᠠᠳᠠᠷᠠᠭᠤᠯᠤᠭᠰᠠᠨ ᠤᠯᠤᠰ ᠲᠥᠷᠥ ᠵᠢᠨ ᠬᠡᠪ ᠴᠢᠨᠠᠷ᠎ᠢ  ᠰᠢᠨ᠎ᠡ ᠰᠣᠷᠭᠣᠭ ᠵᠶ᠋ᠠᠷ  ᠪᠣᠶ ᠪᠣᠯᠭ᠋ᠠᠪᠠ᠃

      ᠤᠳᠤ ᠦᠶ᠎ᠡ ᠵᠢᠨ ᠤᠯᠤᠰ᠎ᠤᠨ ᠠᠮᠤᠷ ᠲᠦᠪᠰᠢᠨ᠎ᠤ  ᠰᠡᠳᠦᠪᠳᠦ ᠲᠧᠯᠸᠢᠰ ᠵᠦᠴᠦᠭᠡ ᠵᠢᠨ  ᠵᠤᠬᠢᠶᠠᠨ ᠪᠦᠲᠦᠭᠡᠯᠭᠡ ᠵᠢᠨ  ᠬᠦᠷᠦᠯᠴᠡᠬᠦ ᠦᠭᠡᠢ  ᠲᠠᠯ᠎ᠠ  ᠵᠢᠴᠢ  ᠬᠠᠷᠢᠭᠣᠴᠠᠯ᠎ᠤᠨ  ᠰᠠᠨᠠᠭᠤᠯᠭ᠎ᠠ

      ᠤᠯᠤᠰ᠎ᠤᠨ ᠠᠮᠤᠷ ᠲᠦ᠍ᠪᠰᠢᠨ ᠪᠤᠯ ᠤᠳᠬ᠎ᠠ ᠤᠷᠠᠯᠢᠭ᠎ᠤᠨ ᠵᠤᠬᠢᠶᠠᠨ ᠪᠦᠲᠦᠭᠡᠯᠭᠡ ᠵᠢᠨ  ᠳᠤᠮᠳᠠᠬᠢ  ᠮᠠᠰᠢ ᠶᠡᠬᠡ ᠥᠷᠢᠰᠥᠯᠳᠦᠭᠡᠨ᠎ᠲᠠᠢ ᠰᠡᠳᠦᠪ ᠮᠥᠨ᠃ ᠲᠡᠭᠦᠨ᠎ᠤ ᠵᠣᠬᠢᠶᠠᠨ  ᠪᠦᠲᠦᠭᠡᠯᠭᠡ ᠵᠢᠨ  ᠬᠦᠴᠢᠷᠳᠡᠯ᠎ᠨᠢ ᠭᠤᠣᠯᠳᠠᠭᠤ ᠂ ᠨᠢᠭᠡ᠎ᠳᠤ ᠤᠯᠤᠰ᠎ᠤᠨ ᠠᠮᠤᠷ ᠲᠦᠪᠰᠢᠨ᠎ᠤ  ᠠᠵᠢᠯ᠎ᠤᠨ ᠬᠤᠯᠪᠣᠭᠳᠠᠯ ᠪᠦᠬᠦᠢ ᠣᠨᠴᠠᠯᠢᠭ ᠬᠢᠭᠡᠳ ᠨᠢᠭᠤᠴᠠ ᠵᠢ ᠬᠠᠮᠠᠭ᠋ᠠᠯᠠᠬᠤ ᠵᠢᠷᠤᠮᠵᠢᠯ᠎ᠢ  ᠬᠡᠷᠬᠢᠨ  ᠰᠠᠶ᠋ᠢᠲᠤᠷ ᠬᠠᠮᠠᠭ᠋ᠠᠯᠠᠭᠰᠠᠨ ᠤᠷᠢᠲᠠᠯ ᠳᠣᠣᠷ᠎ᠠ᠂ ᠤᠯᠤᠰ᠎ᠤᠨ ᠠᠮᠤᠷ ᠲᠦᠪᠰᠢᠨ᠎ᠤ ᠠᠵᠢᠯ ᠵᠢᠴᠢ ᠲᠡᠭᠦᠨ᠎ᠤ ᠴᠢᠬᠤᠯᠠ ᠴᠢᠨᠠᠷ᠎ᠢ ᠠᠯᠢ ᠴᠢᠳᠠᠬᠤ᠎ᠪᠠᠷ ᠦᠨᠡᠨ ᠪᠣᠳᠠᠲᠠᠢ᠎ᠪᠠᠷ ᠢᠯᠡᠷᠡᠭᠦᠯᠵᠦ᠂ ᠤᠯᠤᠰ᠎ᠤᠨ ᠠᠮᠤᠷ ᠲᠦᠪᠰᠢᠨ᠎ᠤ ᠠᠵᠢᠯᠲᠠᠳ᠎ᠤᠨ ᠭᠠᠷᠭ᠋ᠠᠭᠰᠠᠨ ᠬᠦᠴᠦ ᠬᠦᠯᠦᠰᠦ ᠪᠠ ᠦᠷᠡᠭᠳᠡᠯ᠎ᠢ ᠲᠤᠰᠬᠠᠨ᠎ᠠ᠂ ᠬᠤᠶᠠᠷ᠎ᠲᠤ ᠦᠨᠡᠨ ᠪᠣᠳᠠᠲᠤ ᠴᠢᠨᠠᠷ᠎ᠤᠨ ᠬᠡᠮᠵᠢᠭᠦᠷ ᠵᠢᠴᠢ ᠦᠨᠡᠨ ᠪᠣᠲᠠᠲᠤ ᠴᠢᠨᠠᠷ ᠬᠢᠭᠡᠳ ᠰᠢ ᠵᠦᠴᠦᠭᠡᠯᠢᠭ ᠴᠢᠨᠠᠷ᠎ᠤᠨ ᠬᠠᠷᠢᠴᠠᠭ᠎ᠠ ᠵᠢ ᠬᠡᠷᠬᠢᠨ ᠬᠡᠮᠵᠢᠬᠦ ᠪᠠ ᠡᠵᠡᠮᠰᠢᠬᠦ ᠵᠡᠷᠭᠡ ᠲᠠᠯ᠎ᠠ᠎ᠪᠠᠷ ᠢᠯᠡᠷᠡᠵᠦ ᠪᠠᠢ᠌ᠳᠠᠭ᠃

      ᠪᠦᠬᠦᠯᠢ ᠴᠣᠭᠴᠠ ᠵᠢᠨ ᠢᠯᠡᠷᠡᠯ᠎ᠠᠴᠠ ᠎ᠨᠢ  ᠠᠪᠴᠤ ᠦᠵᠡᠪᠡᠯ᠂ ᠤᠳᠤ ᠦᠶ᠎ᠡ ᠵᠢᠨ ᠤᠯᠤᠰ᠎ᠤᠨ ᠠᠮᠤᠷ ᠲᠦᠪᠰᠢᠨ᠎ᠤ ᠰᠡᠳᠦᠪᠲᠦ ᠵᠦᠴᠦᠭᠡ ᠵᠢᠨ ᠬᠦᠷᠦᠯᠴᠡᠬᠦ ᠦᠭᠡᠢ ᠲᠠᠯ᠎ᠠ ᠎ᠨᠢ  ᠭᠣᠣᠯᠳᠠᠭᠤ ᠳᠣᠣᠷᠠᠬᠢ ᠬᠡᠳᠦᠨ ᠲᠠᠯ᠎ᠠ᠎ᠪᠠᠷ ᠢᠯᠡᠷᠡᠵᠦ ᠪᠣᠢ ᠄ ᠨᠢᠭᠡ᠎ᠳᠤ  ᠰᠡᠳᠦᠪᠯᠡᠭᠦᠨ᠎ᠤ  ᠰᠣᠩᠭᠤᠯᠲᠠ ᠪᠠᠰᠠ ᠲᠡᠶ᠋ᠢᠮᠦ ᠪᠠᠶᠠᠯᠢᠭ ᠪᠢᠰᠢ᠂ ᠤᠯᠤᠰ᠎ᠤᠨ ᠠᠮᠤᠷ ᠲᠦᠪᠰᠢᠨ᠎ᠤ ᠬᠤᠯᠪᠣᠭᠳᠠᠯ ᠪᠦᠬᠦᠢ ᠬᠠᠤᠯᠢ ᠴᠠᠭ᠋ᠠᠵᠠ᠂ ᠬᠡᠷᠡᠭ ᠪᠠ ᠬᠥᠮᠦᠨ ᠵᠡᠷᠭᠡ ᠪᠣᠷᠣ ᠮᠠᠲ᠋ᠧᠷᠢᠶᠠᠯ᠎ᠢ ᠭᠦᠢ᠍ᠴᠡᠳ ᠠᠭᠤᠳᠠᠯᠤᠭᠰᠠᠨ ᠦᠭᠡᠢ᠃ ᠬᠣᠶᠠᠷ᠎ᠲᠤ  ᠤᠯᠤᠰ᠎ᠤᠨ ᠠᠮᠤᠷ ᠲᠦᠪᠰᠢᠨ᠎ᠤ ᠰᠡᠳᠦᠪᠲᠦ ᠲᠤᠰᠬᠠᠢ  ᠮᠡᠷᠭᠡᠵᠢᠯ᠎ᠤᠨ ᠴᠢᠨᠠᠷ᠎ᠢ  ᠤᠯᠠᠮ ᠨᠢᠭᠡ ᠠᠯᠬᠤᠮ  ᠴᠢᠩᠭ᠋ᠠᠳᠬᠠᠬᠤ  ᠴᠢᠬᠤᠯᠠᠲᠠᠢ  ᠪᠠᠢ᠌ᠨ᠎ᠠ ᠂  ᠣᠳᠣ ᠦᠶ᠎ᠡ ᠵᠢᠨ ᠲᠠᠩᠨᠠᠭᠤᠯ᠎ᠤᠨ  ᠳᠠᠢ᠌ᠨ᠎ᠨᠢ ᠳᠠᠷᠢ ᠵᠢᠨ ᠤᠲᠤᠭ᠎ᠠ ᠦᠭᠡᠢ᠂ ᠨᠡᠩ  ᠴᠤ᠌ ᠵᠤᠬᠢᠶᠠᠭᠴᠢ ᠵᠢᠨ  ᠪᠣᠲᠠᠲᠠᠢ  ᠠᠵᠢᠭᠯᠠᠬᠤ ᠴᠢᠳᠠᠪᠤᠷᠢ ᠪᠠ ᠯᠠᠪᠳᠠᠭᠤᠨ ᠪᠠᠲᠤᠲᠠᠢ ᠰᠤᠳᠤᠯᠬᠤ  ᠴᠢᠳᠠᠪᠤᠷᠢ ᠵᠢ  ᠰᠢᠯᠭ᠋ᠠᠵᠦ ᠪᠠᠢ᠌ᠨ᠎ᠠ ᠂ ᠶᠠᠮᠠᠷᠪᠠ ᠨᠠᠷᠢᠨ ᠵᠦᠢ᠍ᠯᠡᠰ᠎ᠤᠨ  ᠦᠨᠡᠨ ᠪᠠᠢ᠌ᠳᠠᠯ᠎ᠢ ᠠᠯᠳᠠᠭᠣᠯᠣᠭᠰᠠᠨ ᠴᠤ᠌  ᠦᠵᠡᠭᠴᠢᠳ᠎ᠤᠨ  ᠬᠤᠷᠤᠮᠬᠠᠨ  ᠵᠠᠭᠤᠷ᠎ᠠ  ᠲᠤᠭᠯᠠᠭᠣᠯᠬᠤ  ᠪᠣᠯᠤᠨ᠎ᠠ᠃  ᠭᠤᠷᠪᠠ᠎ᠳᠤ  ᠨᠠᠷᠮᠠᠢ  ᠵᠤᠭ᠎ᠠ ᠴᠡᠩᠭᠡᠯ᠎ᠤᠨ ᠬᠡᠯᠪᠡᠷᠢᠯ ᠬᠠᠶᠠ  ᠲᠣᠯᠣᠭ᠋ᠠᠢ ᠦᠨᠳᠡᠢ᠌ᠵᠦ ᠂ ᠤᠯᠤᠰ᠎ᠤᠨ  ᠠᠮᠤᠷ ᠲᠦᠪᠰᠢᠨ᠎ᠤ ᠠᠰᠠᠭᠤᠳᠠᠯ᠂ ᠪᠣᠳᠠᠲᠤ ᠨᠡᠶ᠋ᠢᠭᠡᠮ᠎ᠤᠨ ᠠᠰᠠᠭᠤᠳᠠᠯ᠎ᠢ ᠭᠦᠨᠵᠡᠭᠡᠢ ᠰᠤᠳᠤᠯᠤᠨ  ᠶᠠᠷᠢᠯᠴᠠᠬᠤ᠎ᠪᠠᠷ ᠳᠤᠲᠠᠮᠠᠭ ᠪᠠᠶ᠋ᠢᠵᠤ᠂ ᠪᠦᠲᠦᠭᠡᠯ᠎ᠤᠨ ᠪᠣᠳᠠᠲᠤ ᠤᠯᠤᠰ᠎ᠤᠨ ᠠᠮᠤᠷ ᠲᠦᠪᠰᠢᠨ᠎ᠤ  ᠠᠰᠠᠭᠤᠳᠠᠯ᠎ᠢ  ᠳᠡᠯᠭᠡᠨ ᠦᠵᠡᠭᠦᠯᠬᠦ  ᠪᠠ ᠰᠤᠳᠤᠯᠤᠨ ᠶᠠᠷᠢᠯᠴᠠᠬᠤ ᠦᠢ᠍ᠯᠡᠳᠦᠯ᠎ᠢ ᠰᠤᠯᠠᠷᠠᠭᠤᠯᠪᠠ᠃

      ᠪᠤᠳᠠᠲᠠᠶ ᠢᠯᠡᠷᠡᠯ᠎ᠠᠴᠠ ᠎ᠨᠢ  ᠦᠵᠡᠪᠡᠯ᠂ ᠨᠢᠭᠡ᠎ᠳᠤ ᠬᠡᠰᠡᠭ ᠪᠦᠲᠦᠭᠡᠯ᠎ᠤᠨ  ᠭᠦᠦᠷᠨᠢᠬᠦ  ᠭᠤᠤᠯ  ᠰᠢᠵᠢᠮ᠎ᠨᠢ ᠲᠡᠢ᠌ᠮᠤ ᠴᠢᠩᠭ᠎ᠠ ᠬᠦᠴᠦᠲᠠᠢ ᠪᠢᠰᠢ ᠪᠠᠢ᠌ᠨ᠎ᠠ ᠃ ᠤᠯᠤᠰ᠎ᠤᠨ ᠠᠮᠤᠷ  ᠲᠦᠪᠰᠢᠨ᠎ᠤ  ᠬᠡᠷᠡᠭ᠎ᠤᠨ ᠭᠣᠣᠯ ᠰᠢᠵᠢᠮ᠎ᠢ  ᠲᠠᠩᠨᠠᠨ ᠢᠯᠡᠷᠡᠭᠦᠯᠦᠭᠰᠡᠨ  ᠵᠦᠴᠦᠭᠡ ᠵᠢᠨ ᠦᠢ᠍ᠯᠡ ᠶᠠᠪᠣᠳᠠᠯ᠎ᠤᠨ  ᠯᠣᠭᠢᠭ᠎ᠨᠢ  ᠲᠡᠢ᠌ᠮᠤ  ᠨᠠᠷᠢᠨ ᠨᠢᠭᠲᠠ  ᠪᠢᠰᠢ ᠂ ᠭᠣᠣᠯ  ᠰᠢᠵᠢᠮ᠎ᠢ ᠬᠦᠦᠷᠨᠢᠨ ᠲᠤᠭ᠋ᠠᠴᠢᠭᠰᠠᠨ ᠦᠢ᠍ᠯᠡ ᠶᠠᠪᠤᠳᠠᠯ᠎ᠤᠨ ᠲᠠᠯ᠎ᠠ᠎ᠪᠠᠷ᠂ ᠦᠢ᠍ᠯᠡ  ᠶᠠᠪᠣᠳᠠᠯ᠎ᠤᠨ ᠬᠥᠭᠵᠢᠯᠲᠡ ᠵᠢ  ᠲᠦᠯᠬᠢᠨ  ᠠᠬᠢᠭᠤᠯᠬᠤ  ᠵᠠᠩᠭᠢᠯᠠᠭ᠎ᠠ ᠵᠢᠨ ᠬᠡᠷᠡᠭ ᠶᠠᠪᠤᠳᠠᠯ᠎ᠨᠢ  ᠲᠡᠢ᠌ᠮᠤ  ᠯᠠᠪᠳᠠᠭᠤᠨ ᠪᠠᠲᠤᠲᠠᠢ  ᠪᠢᠰᠢ ᠂  ᠬᠦᠦᠷᠨᠢᠨ ᠲᠣᠭ᠋ᠠᠴᠢᠭᠰᠠᠨ᠎ᠨᠢ ᠠᠪᠰᠠᠷᠬᠠᠨ ᠴᠢᠨᠠᠷ ᠪᠠ ᠠᠢ᠌ᠵᠠᠮᠲᠤ ᠮᠡᠳᠡᠷᠡᠮᠵᠢ᠎ᠪᠠᠷ ᠲᠤᠲᠠᠮᠠᠭ ᠂  ᠬᠠᠷᠢᠨ  ᠳᠦᠷᠢ ᠵᠢᠨ  ᠦᠰᠴᠦ ᠪᠣᠢ᠌ᠵᠢᠭᠰᠠᠨ  ᠥᠩᠭᠡᠷᠡᠯᠲᠡ ᠪᠤᠶᠤ  ᠬᠠᠢ᠌ᠷ᠎ᠠ  ᠰᠡᠳᠭᠢᠯᠭᠡ ᠵᠢᠨ ᠬᠠᠷᠢᠴᠠᠭ᠎ᠠ  ᠵᠡᠷᠭᠡ  ᠲᠠᠯ᠎ᠠ᠎ᠪᠠᠷ  ᠨᠡᠯᠢᠶᠡᠳ ᠣᠯᠠᠨ  ᠪᠠᠢ᠌ᠵᠦ ᠂  ᠳᠡᠳ᠋᠎ᠢ᠎ᠨᠢ ᠳᠣᠪᠣᠢ᠌ᠯᠭ᠋ᠠᠵᠦ ᠭᠣᠣᠯ ᠵᠶ᠋ᠠᠨ ᠠᠯᠳᠠᠭᠰᠠᠨ ᠰᠡᠵᠢᠭ᠎ᠲᠠᠢ ᠪᠠᠢ᠌ᠨ᠎ᠠ ᠃ ᠬᠤᠶᠠᠷ᠎ᠲᠤ ᠬᠡᠰᠡᠭ ᠪᠦᠲᠦᠭᠡᠯ᠎ᠨᠢ  ᠳᠦᠷᠢ   ᠪᠦᠲᠦᠭᠡᠬᠦ᠎ᠳᠤ᠎ᠪᠠᠨ  ᠪᠠᠰᠠ  ᠴᠤ᠌  ᠠᠮᠢᠳᠤᠯᠢᠭ  ᠪᠡᠶᠡᠲᠤ  ᠪᠤᠰᠤ ᠪᠠᠶ᠋ᠢᠨ᠎ᠠ᠃ ᠵᠠᠷᠢᠮ ᠭᠤᠤᠯ ᠳᠦᠷᠢ ᠵᠢᠨ ᠰᠡᠶ᠋ᠢᠯᠪᠤᠷᠢ᠎ᠨᠢ  ᠬᠡᠪᠰᠢᠮᠡᠯ ᠪᠠᠢ᠌ᠵᠦ᠂  ᠠᠵᠢᠯ ᠮᠡᠷᠭᠡᠵᠢᠯ᠎ᠤᠨ  ᠣᠨᠴᠠᠯᠢᠭ ᠪᠣᠯᠣᠨ  ᠬᠦᠮᠦᠨᠴᠢ ᠴᠢᠨᠠᠷ᠎ᠤᠨ ᠬᠠᠯᠠᠭᠣᠮᠰᠠᠭ᠎ᠨᠢ ᠰᠠᠯᠣᠩᠬᠢᠷᠠᠵᠠᠢ ᠂ ᠵᠠᠷᠢᠮ ᠳᠦᠷᠢ ᠵᠢᠨ ᠰᠡᠳᠭᠢᠯᠭᠡ ᠵᠢᠨ ᠵᠠᠭ᠋ᠠᠭ ᠬᠢᠵᠠᠭ᠋ᠠᠷ᠂  ᠭᠡᠷ ᠪᠦᠯᠢ ᠵᠢᠨ  ᠵᠦᠴᠦᠭᠡ ᠵᠢᠨ ᠲᠦᠰᠦᠪᠯᠡᠯ᠎ᠨᠢ ᠨᠡᠯᠢᠶᠡᠳ  ᠬᠦᠰᠢᠭᠦᠨ ᠪᠦᠭᠡᠳ ᠵᠣᠷᠢᠭᠣᠳᠠ ᠪᠠᠢ᠌ᠨ᠎ᠠ᠂  ᠵᠠᠷᠢᠮ  ᠳᠦᠷᠢ ᠵᠢᠨ  ᠬᠠᠷᠢᠴᠠᠭ᠎ᠠ᠎ᠨᠢ ᠬᠡᠲᠤᠷᠬᠡᠢ  ᠲᠠᠭ᠋ᠠᠷᠠᠯᠳᠣᠵᠦ ᠂  ᠵᠦᠴᠦᠭᠡᠯᠢᠭ  ᠴᠢᠨᠠᠷ ᠪᠠ ᠦᠢ᠍ᠯᠡ ᠪᠠᠶ᠋ᠢᠳᠠᠯ᠎ᠤᠨ  ᠣᠷᠪᠠᠯᠲᠠ ᠵᠢ ᠬᠡᠲᠦᠷᠬᠡᠢ ᠬᠦᠭᠡᠭᠡᠴᠡᠯᠳᠦᠵᠠᠢ᠂  ᠵᠠᠷᠢᠮ  ᠣᠯᠠᠨ ᠬᠦᠮᠦᠨ᠎ᠤ ᠳᠣᠮᠳᠠᠬᠢ ᠳᠦᠷᠢ ᠵᠢᠨ  ᠵᠢᠷᠤᠭ ᠲᠦᠯᠦᠪᠯᠡᠭᠡ᠎ᠳᠤ ᠴᠢᠷᠠᠢ ᠵᠢᠰᠦ᠎ᠨᠢ ᠲᠦᠭᠡᠮᠡᠯᠵᠢᠭᠰᠡᠨ ᠂  ᠬᠡᠪᠰᠢᠯ᠎ᠤᠨ ᠬᠠᠨᠳᠣᠰᠢ᠎ᠲᠠᠢ᠎ᠲᠠᠢ ᠪᠠᠶ᠋ᠢᠳᠠᠭ᠃ ᠭᠤᠷᠪᠠ᠎ᠳᠤ ᠬᠡᠰᠡᠭ  ᠪᠦᠲᠦᠭᠡᠯ᠎ᠤᠨ  ᠵᠦᠴᠦᠭᠡ ᠵᠢᠨ ᠦᠢ᠍ᠯᠡ ᠶᠠᠪᠤᠳᠠᠯ ᠎ᠨᠢ  ᠭᠡᠨᠡᠳᠳᠡ ᠵᠢᠨ ᠪᠠᠢ᠌ᠵᠦ᠂ ᠲᠤᠬᠢᠶᠠᠯᠳᠣᠨ ᠲᠠᠭ᠋ᠠᠷᠠᠯᠳᠣᠬᠤ ᠵᠢ ᠬᠡᠲᠦ ᠣᠯᠠᠨ ᠬᠡᠷᠡᠭᠯᠡᠭᠰᠡᠨ ᠪᠠᠢ᠌ᠨ᠎ᠠ᠃  ᠵᠢᠱ᠌ᠢᠶᠡᠯᠡᠪᠡᠯ ᠦᠢ᠍ᠯᠡ ᠶᠠᠪᠤᠳᠠᠯ᠎ᠤᠨ  ᠪᠠᠶ᠋ᠢᠷᠢᠯᠠᠭᠤᠯᠤᠯᠲᠠ ᠬᠢᠬᠦ ᠲᠠᠯ᠎ᠠ᠎ᠪᠠᠷ᠂ ᠴᠢᠬᠤᠯᠠ  ᠰᠡᠵᠢᠭᠯᠡᠯᠲᠡᠢ  ᠬᠡᠷᠡᠭᠲᠡᠨ ᠶᠡᠷᠦ᠎ᠳᠤ᠎ᠪᠠᠨ ᠬᠢᠨᠠᠨ ᠡᠵᠡᠮᠰᠢᠭᠦᠷ᠎ᠤᠨ ᠦᠯᠦ ᠦᠵᠡᠭᠳᠡᠬᠦ ᠭᠠᠵᠠᠷ᠎ᠲᠤ ᠴᠢᠮᠡᠭᠡ ᠬᠣᠯᠪᠣᠭ᠎ᠠ ᠠᠪᠴᠤ ᠂ ᠵᠠᠩᠭᠢᠯᠠᠭ᠎ᠠ ᠵᠢᠨ  ᠠᠵᠢᠯᠯᠠᠭ᠎ᠠ᠎ᠳᠤ ᠰᠢᠷᠦᠭᠦᠨ ᠪᠣᠷᠣᠭ᠋ᠠᠨ ᠪᠤᠶᠤ ᠲᠡᠷᠭᠡᠨ ᠡᠨᠳᠡᠯ ᠭᠠᠷᠬᠤ ᠵᠡᠷᠭᠡ  ᠰᠠᠨᠠᠭ᠋ᠠᠨ᠎ᠳᠤ ᠦᠭᠡᠢ ᠶᠠᠪᠣᠳᠠᠯ ᠲᠤᠬᠢᠶᠠᠯᠳᠣᠨ᠎ᠠ ᠃

      ᠤᠳᠤ ᠦᠶ᠎ᠡ ᠵᠢᠨ ᠤᠯᠤᠰ᠎ᠤᠨ ᠠᠮᠤᠷ ᠲᠦᠪᠰᠢᠨ᠎ᠤ ᠰᠡᠳᠦᠪᠲᠦ ᠲᠧᠯᠸᠢᠰ ᠵᠦᠴᠦᠭᠡ ᠎ᠨᠢ  ᠬᠠᠮᠤᠭ᠎ᠤᠨ  ᠲᠡᠷᠢᠭᠦᠨ᠎ᠤ  ᠰᠢᠨᠵᠢᠯᠡᠬᠦ ᠤᠬᠠᠭ᠋ᠠᠨ  ᠲᠸᠭᠨᠢᠭ  ᠮᠡᠷᠭᠡᠵᠢᠯ᠎ᠤᠨ ᠠᠬᠤᠶ ᠪᠠᠶ᠋ᠢᠳᠠᠯ᠎ᠳᠤ ᠲᠦᠰᠢᠭᠯᠡᠨ᠂  ᠯᠠᠪᠳᠠᠭᠤᠨ ᠪᠠᠲᠤᠲᠠᠶ ᠤᠯᠤᠰ᠎ᠤᠨ ᠠᠮᠤᠷ ᠲᠦᠪᠰᠢᠨ᠎ᠢ ᠬᠠᠮᠠᠭ᠋ᠠᠯᠠᠬᠤ ᠺᠠᠳ᠋ᠷ ᠴᠠᠭᠳᠠᠭ᠎ᠠ  ᠨᠠᠷ ᠵᠶ᠋ᠠᠷ  ᠰᠢᠨ᠎ᠡ ᠴᠠᠭ ᠦᠶ᠎ᠡ ᠵᠢᠨ ᠤᠯᠤᠰ᠎ᠤᠨ ᠠᠮᠤᠷ ᠲᠦᠪᠰᠢᠨ᠎ᠢ ᠬᠠᠮᠠᠭ᠋ᠠᠯᠠᠬᠤ ᠰᠢᠨ᠎ᠡ ᠠᠶᠠᠨ ᠵᠠᠮ᠎ᠳᠠᠬᠢ ᠴᠥᠬᠦᠷᠡᠰᠢ ᠥᠬᠡᠶ ᠴᠢᠷᠮᠠᠶ᠋ᠢᠯᠭ᠎ᠠ ᠵᠢ  ᠵᠢᠷᠣᠭᠯᠠᠭᠰᠠᠨ ᠪᠠᠢ᠌ᠨ᠎ᠠ ᠃ ᠴᠠᠭ ᠦᠶ᠎ᠡ ᠵᠢᠨ ᠳᠦᠷᠰᠦ ᠪᠠᠶ᠋ᠢᠳᠠᠯ᠎ᠢ  ᠲᠤᠰᠬᠠᠵᠦ ᠂ ᠴᠠᠭ ᠦᠶ᠎ᠡ ᠵᠢᠨ ᠬᠡᠪ ᠰᠤᠷᠲᠠᠯ᠎ᠢ ᠬᠥᠲᠥᠯᠥᠨ ᠳᠠᠭ᠋ᠠᠭᠤᠯᠵᠤ ᠴᠢᠳᠠᠬᠤ ᠣᠨᠴᠠᠭ᠋ᠠᠢ ᠰᠡᠳᠦᠪ ᠪᠣᠯᠤᠭᠰᠠᠨ᠎ᠤ       ᠬᠤᠪᠢ᠎ᠳᠤ᠂  ᠤᠯᠤᠰ᠎ᠤᠨ ᠠᠮᠤᠷ ᠲᠦᠪᠰᠢᠨ᠎ᠤ  ᠰᠡᠳᠦᠪᠲᠦ ᠲᠧᠯᠸᠢᠰ ᠵᠦᠴᠦᠭᠡ ᠎ᠨᠢ  ᠬᠤᠶ᠋ᠢᠰᠢᠳᠠ ᠵᠢᠨ ᠵᠣᠬᠢᠶᠠᠨ  ᠪᠦᠲᠦᠭᠡᠯᠭᠡ ᠵᠢᠨ  ᠬᠠᠯᠠᠮᠰᠢᠯ ᠴᠡᠭ ᠪᠣᠯᠬᠤ ᠪᠣᠯᠤᠮᠵᠢ᠎ᠲᠠᠢ  ᠪᠠᠢ᠌ᠨ᠎ᠠ ᠃ ᠵᠣᠬᠢᠶᠠᠨ ᠪᠦᠲᠦᠭᠡᠬᠦ ᠠᠷᠭ᠎ᠠ ᠵᠢ ᠥᠭᠡᠷᠡᠴᠢᠯᠡᠨ ᠰᠠᠢ᠍ᠵᠢᠷᠠᠭᠤᠯᠵᠤ᠂ ᠪᠥᠬᠥᠯᠢ ᠴᠣᠭᠴᠠ ᠵᠢᠨ  ᠵᠤᠬᠢᠶᠠᠨ  ᠪᠥᠲᠥᠭᠡᠬᠦ ᠶᠠᠰᠤ ᠴᠢᠨᠠᠷ᠎ᠢ ᠳᠡᠭᠡᠭᠰᠢᠯᠡᠭᠦᠯᠬᠦ᠎ᠳᠤ ᠳᠣᠣᠷᠠᠬᠢ ᠬᠡᠳᠦᠨ ᠲᠠᠯ᠎ᠠ᠎ᠪᠠᠷ ᠬᠦᠴᠦ ᠲᠠᠯᠪᠢᠬᠤ ᠬᠡᠷᠡᠭᠲᠡᠢ᠄

      ᠨᠢᠭᠡ᠎ᠳᠤ ᠵᠣᠭᠰᠣᠴᠠ᠎ᠪᠠᠨ ᠳᠡᠭᠡᠭᠰᠢᠯᠡᠭᠦᠯᠵᠦ᠂ ᠭᠤᠣᠯ ᠰᠡᠳᠦᠪ᠎ᠤᠨ ᠵᠤᠷᠢᠯᠲᠠ᠎ᠪᠠᠨ  ᠣᠨᠣᠪᠴᠢᠲᠠᠢ  ᠣᠯᠵᠦ ᠂ ᠤᠯᠤᠰ᠎ᠤᠨ ᠠᠮᠤᠷ ᠲᠦᠪᠰᠢᠨ᠎ᠤ  ᠶᠡᠷᠣᠩᠬᠡᠢ  ᠦᠵᠡᠯᠲᠡ᠎ᠪᠠᠷ ᠬᠦᠳᠦᠯᠦᠨ ᠳᠠᠭ᠋ᠠᠭᠤᠯᠵᠤ᠂ ᠤᠯᠤᠰ᠎ᠤᠨ ᠠᠮᠤᠷ ᠲᠦᠪᠰᠢᠨ᠎ᠤ ᠬᠠᠤᠯᠢ  ᠴᠠᠭ᠋ᠠᠵᠠ ᠵᠢᠨ ᠡᠷᠬᠡ ᠰᠦᠷᠲᠦ ᠴᠢᠨᠠᠷ ᠪᠣᠯᠤᠨ ᠲᠥᠪ ᠴᠢᠩᠭ᠎ᠠ ᠴᠢᠨᠠᠷ᠎ᠢ ᠬᠠᠮᠠᠭ᠋ᠠᠯᠠᠵᠤ᠂ ᠪᠦᠲᠦᠭᠡᠯ ᠵᠶ᠋ᠠᠷ ᠳᠠᠮᠵᠢᠭᠤᠯᠤᠨ ᠤᠯᠤᠰ᠎ᠤᠨ ᠠᠮᠤᠷ ᠲᠦᠪᠰᠢᠨ᠎ᠤ ᠬᠠᠤᠯᠢᠵᠢᠯ᠎ᠤᠨ ᠬᠥᠮᠦᠵᠢᠯ᠎ᠢ ᠨᠡᠩ ᠰᠠᠶ᠋ᠢᠲᠤᠷ  ᠦᠷᠨᠢᠭᠦᠯᠦᠨ᠎ᠡ᠂

      ᠬᠤᠶᠠᠷ᠎ᠲᠤ  ᠰᠡᠳᠦᠪᠯᠡᠬᠦᠨ᠎ᠤ  ᠠᠭᠤᠯᠭ᠎ᠠ ᠵᠢ ᠥᠷᠭᠡᠳᠬᠡᠵᠦ᠂ ᠵᠣᠬᠢᠶᠠᠨ ᠪᠦᠲᠦᠭᠡᠵᠦ ᠰᠢᠨ᠎ᠡ ᠵᠢ ᠡᠭᠦᠳᠬᠦ ᠬᠠᠷᠠᠭ᠋ᠠᠰᠤ ᠵᠢ ᠡᠷᠢᠨ ᠣᠯᠵᠤ᠂ᠦᠰᠦᠭ ᠪᠢᠴᠢᠭ᠎ᠤᠨ ᠲᠠᠯ᠎ᠠ᠎ᠳᠤ ᠬᠦᠴᠦ ᠣᠷᠣᠭᠣᠯᠵᠦ᠂ ᠣᠯᠠᠨ ᠲᠠᠯ᠎ᠠ᠂ ᠭᠦᠨ ᠳᠠᠪᠬᠤᠷᠭ᠎ᠠ᠎ᠠᠴᠠ  ᠤᠯᠤᠰ᠎ᠤᠨ ᠠᠮᠤᠷ ᠲᠦᠪᠰᠢᠨ᠎ᠤ ᠬᠠᠮᠢᠶ᠎ᠠ ᠪᠦᠬᠦᠢ ᠵᠣᠬᠢᠶᠠᠨ ᠪᠦᠲᠦᠭᠡᠬᠦ ᠪᠣᠷᠣ ᠮᠠᠲ᠋ᠧᠷᠢᠶᠠᠯ᠎ᠢ   ᠠᠭᠣᠳᠠᠯᠠᠨ᠎ᠠ᠂

      ᠭᠤᠷᠪᠠ᠎ᠳᠤ  ᠤᠯᠤᠰ᠎ᠤᠨ ᠠᠮᠤᠷ ᠲᠦᠪᠰᠢᠨ᠎ᠤ ᠰᠡᠳᠦᠪᠲᠦ  ᠲᠤᠰᠬᠠᠢ ᠮᠡᠷᠭᠡᠵᠢᠯ᠎ᠤᠨ ᠴᠢᠨᠠᠷ᠎ᠢ  ᠣᠯᠠᠮ ᠨᠢᠭᠡ ᠠᠯᠬᠤᠮ  ᠳᠡᠭᠡᠭᠰᠢᠯᠡᠭᠦᠯᠵᠦ᠂ ᠤᠯᠤᠰ᠎ᠤᠨ ᠠᠮᠤᠷ ᠲᠦᠪᠰᠢᠨ᠎ᠤ ᠬᠠᠤᠯᠢ ᠴᠠᠭ᠋ᠠᠵᠠ᠂ ᠬᠡᠷᠡᠭ᠎ᠤᠨ ᠦᠢ᠍ᠯᠡ ᠪᠠᠶ᠋ᠢᠳᠠᠯ᠎ᠤᠨ ᠯᠣᠭᠢᠭ ᠪᠠ ᠬᠡᠷᠡᠭ ᠰᠢᠢ᠍ᠳᠪᠦᠷᠢᠯᠡᠬᠦ ᠨᠠᠷᠢᠨ ᠵᠦᠢ᠍ᠯᠡᠰ᠎ᠤᠨ ᠣᠨᠣᠪᠴᠢᠲᠤ ᠴᠢᠨᠠᠷ᠎ᠢ ᠪᠠᠲᠤᠯᠠᠵᠤ᠂ ᠬᠤᠯᠪᠣᠭᠳᠠᠯ ᠪᠦᠬᠦᠢ ᠬᠦᠷᠢᠶᠡᠨ᠎ᠤ ᠲᠤᠰᠬᠠᠢ ᠮᠡᠷᠭᠡᠵᠢᠯᠲᠡᠨ᠎ᠤ ᠰᠠᠨᠠᠯ᠎ᠢ ᠨᠠᠷᠢᠨ ᠬᠢᠨᠠᠮᠠᠭ᠋ᠠᠢ ᠰᠣᠨᠣᠰᠴᠤ᠂ ᠨᠠᠷᠢᠨ ᠵᠦᠢ᠍ᠯᠡᠰ᠎ᠤᠨ  ᠴᠢᠩᠭ᠎ᠠ ᠠᠳᠬᠤᠬᠤ  ᠪᠠ ᠬᠠᠲᠠᠭᠤᠵᠢᠭᠤᠯᠬᠤ ᠵᠢ ᠴᠢᠩᠭ᠋ᠠᠳᠬᠠᠬᠤ ᠬᠡᠷᠡᠭᠲᠡᠢ᠃

      ᠲᠦᠷᠪᠡ᠎ᠳᠤ ᠪᠠᠶ᠋ᠢᠴᠠᠭ᠋ᠠᠨ ᠰᠤᠳᠤᠯᠵᠤ ᠰᠤᠷᠪᠤᠯᠵᠢᠯᠠᠬᠤ ᠠᠵᠢᠯ᠎ᠢ ᠭᠦᠢ᠍ᠴᠡᠳ ᠬᠢᠵᠦ᠂ ᠭᠤᠣᠯ  ᠵᠣᠬᠢᠶᠠᠨ ᠪᠦᠲᠦᠭᠡᠭᠴᠢ  ᠬᠤᠯᠪᠣᠭᠳᠠᠯ ᠪᠦᠬᠦᠢ ᠬᠥᠮᠦᠰ᠎ᠤᠨ ᠬᠠᠮᠲᠤᠯᠢᠭ᠎ᠢ ᠭᠦᠨᠵᠡᠭᠡᠢ ᠰᠤᠷᠪᠤᠯᠵᠢᠯᠠᠵᠤ᠂  ᠬᠤᠪᠤᠷ  ᠨᠠᠨᠳᠢᠨ ᠠᠩᠬᠠᠨ᠎ᠤ ᠮᠠᠲ᠋ᠧᠷᠢᠶᠠᠯ᠎ᠢ ᠠᠭᠤᠳᠠᠯᠤᠨ ᠡᠮᠬᠢᠯᠡᠵᠦ᠂ ᠲᠡᠭᠦᠨ᠎ᠢ ᠵᠣᠬᠢᠶᠠᠨ ᠪᠦᠲᠦᠭᠡᠬᠦ ᠳᠤᠮᠳᠠ ᠬᠡᠷᠡᠭᠯᠡᠵᠦ᠂ ᠪᠦᠲᠦᠭᠡᠯ᠎ᠤᠨ ᠵᠣᠬᠢᠶᠠᠨ  ᠪᠦᠲᠦᠭᠡᠯᠭᠡ ᠵᠢᠨ  ᠲᠦᠪᠰᠢᠨ ᠪᠣᠯᠤᠨ ᠪᠣᠳᠠᠲᠤ  ᠠᠬᠤᠢ ᠵᠢᠨ ᠦᠨᠡᠨ ᠲᠦᠷᠦᠭᠳᠡᠯ᠎ᠢ  ᠳᠡᠭᠡᠭᠰᠢᠯᠡᠭᠦᠯᠬᠦ ᠬᠡᠷᠡᠭᠲᠡᠢ᠃

 

ᠢᠷᠡᠯᠲᠡ᠄ ᠤᠯᠤᠰ᠎ᠤᠨ ᠷᠠᠳᠢᠣ᠋ ᠲᠧᠯᠸᠢᠰ᠎ᠤᠨ ᠤᠶᠤᠨ᠎ᠤ ᠬᠦᠮᠦᠷᠭᠡ