1 ᠳ᠋ᠦ᠍ᠭᠡᠷ ᠰᠠᠷ᠎ᠠ ᠵᠢᠨ 9᠎ᠤ ᠡᠳᠦᠷ᠂ 11᠎ᠤ ᠡᠳᠦᠷ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶ᠎ᠠ ᠵᠢᠨ ᠤᠬᠠᠭᠤᠯᠬᠤ ᠬᠡᠯᠲᠡᠰ᠎ᠤᠨ ᠳᠡᠳ᠋ ᠳᠠᠷᠤᠭ᠎ᠠ᠂ ᠥᠪᠡᠷᠲᠡᠭᠡᠨ ᠵᠠᠰᠠᠬᠤ ᠣᠷᠣᠨ᠎ᠤ ᠷᠠᠳᠢᠣ᠋ ᠲᠧᠯᠸᠢᠰ᠎ᠤᠨ ᠲᠣᠪᠴᠢᠶ᠎ᠠ ᠵᠢᠨ ᠨᠠᠮ᠎ᠤᠨ ᠤᠳᠤᠷᠢᠳᠬᠤ ᠳᠤᠭᠤᠶ᠋ᠢᠯᠠᠩ᠎ᠤᠨ ᠱᠦᠵᠢ᠂ ᠲᠣᠪᠴᠢᠶᠠᠨ ᠳᠠᠷᠤᠭ᠎ᠠ ᠵᠠᠩ ᠢ ᠮᠢᠨ ᠤᠷᠢᠳ ᠬᠤᠵᠢᠳ ᠳᠠᠮᠵᠢᠭᠤᠯᠤᠨ ᠰᠠᠴᠤᠷᠠᠭᠤᠯᠬᠤ ᠲᠥᠪ᠎ᠤᠨ 706 ᠬᠣᠷᠢᠶ᠎ᠠ ᠪᠠ 781 ᠬᠣᠷᠢᠶ᠎ᠠ ᠵᠢᠨ ᠷᠠᠳᠢᠣ᠋ ᠲᠧᠯᠸᠢᠰ᠎ᠤᠨ ᠠᠶᠤᠯᠭᠦᠶ ᠦᠢ᠍ᠯᠡᠳᠪᠦᠷᠢᠯᠡᠯ᠂ ᠠᠮᠤᠷ ᠲᠦᠪᠰᠢᠨ ᠨᠡᠪᠲᠡᠷᠡᠭᠦᠯᠭᠡ ᠵᠢᠨ ᠪᠠᠲᠤᠯᠠᠭ᠎ᠠ ᠵᠢᠨ ᠠᠵᠢᠯ᠎ᠢ ᠪᠠᠶ᠋ᠢᠴᠠᠭ᠋ᠠᠨ ᠵᠢᠯᠣᠭᠤᠳᠪᠠ᠃
ᠳᠠᠮᠵᠢᠭᠤᠯᠤᠨ ᠰᠠᠴᠤᠷᠠᠭᠤᠯᠬᠤ ᠲᠥᠪ᠎ᠤᠨ 706 ᠬᠣᠷᠢᠶ᠎ᠠ᠎ᠳᠤ ᠂ ᠵᠠᠩ ᠢ ᠮᠢᠨ ᠵᠢᠵᠢᠭᠦᠷᠯᠡᠬᠦ ᠮᠠᠰᠢᠨ᠎ᠤ ᠦᠷᠦᠭᠡ᠂ ᠬᠠᠷᠪᠤᠬᠤ ᠲᠡᠮᠦᠷ ᠰᠤᠪᠤᠷᠭ᠎ᠠ᠂ ᠴᠠᠬᠢᠯᠭ᠋ᠠᠨ ᠲᠦᠭᠡᠭᠡᠬᠦ ᠲᠠᠰᠤᠭ ᠵᠡᠷᠭᠡ ᠭᠤᠣᠯᠳᠠᠯᠭ᠎ᠠ᠎ᠲᠠᠢ ᠣᠷᠣᠨ ᠪᠦᠰᠡ ᠵᠢ ᠲᠤᠬᠠᠢ ᠵᠢᠨ ᠭᠠᠵᠠᠷ᠎ᠲᠤᠨᠢ ᠪᠠᠶ᠋ᠢᠴᠠᠭ᠋ᠠᠨ ᠦᠵᠡᠵᠦ᠂ ᠤᠢ ᠰᠢᠭᠤᠢ ᠵᠢᠨ ᠭᠠᠯ᠎ᠤᠨ ᠠᠶᠤᠯ᠂ ᠲᠤᠶ᠋ᠢᠯ᠎ᠤᠨ ᠬᠠᠬᠢᠷ ᠬᠦᠢ᠍ᠳᠡᠨ᠂ ᠮᠥᠰᠥ ᠬᠥᠯᠳᠡᠵᠦ ᠴᠠᠰᠤ ᠬᠤᠷᠠᠭᠰᠠᠨᠢ ᠰᠡᠷᠭᠡᠶ᠋ᠢᠯᠡᠬᠦ ᠵᠡᠷᠭᠡ ᠪᠠᠴᠢᠮ ᠪᠠᠶ᠋ᠢᠳᠠᠯ᠎ᠢ ᠠᠷᠭ᠋ᠠᠴᠠᠭ᠋ᠠᠬᠤ ᠪᠠᠲᠤᠯᠠᠭ᠎ᠠ ᠵᠢᠨ ᠠᠷᠭ᠎ᠠ ᠬᠡᠮᠵᠢᠶ᠎ᠡ ᠵᠢ ᠨᠠᠶ᠋ᠢᠳᠠᠪᠤᠷᠢᠵᠢᠭᠤᠯᠤᠭᠰᠠᠨ ᠪᠠᠶ᠋ᠢᠳᠠᠯ ᠪᠣᠯᠤᠨ ᠬᠠᠷᠪᠤᠬᠤ ᠲᠡᠮᠦᠷ ᠰᠤᠪᠤᠷᠭ᠎ᠠ ᠵᠢ ᠨᠤᠷᠠᠭ᠋ᠠᠨ ᠪᠠᠶ᠋ᠢᠭᠤᠯᠬᠤ ᠲᠦᠷᠦᠯ ᠵᠦᠢ᠍ᠯ᠎ᠤᠨ ᠠᠬᠢᠴᠠ ᠵᠢᠨ ᠪᠠᠶ᠋ᠢᠳᠠᠯ᠎ᠢ ᠭᠤᠣᠯᠳᠠᠯᠭ᠎ᠠ᠎ᠲᠠᠢ ᠯᠠᠪᠯᠠᠨ ᠠᠰᠠᠭᠤᠪᠠ᠃
ᠳᠠᠮᠵᠢᠭᠤᠯᠤᠨ ᠰᠠᠴᠤᠷᠠᠭᠤᠯᠬᠤ ᠲᠥᠪ᠎ᠤᠨ 781 ᠬᠣᠷᠢᠶ᠎ᠠ᠎ᠳᠤ ᠂ ᠵᠠᠩ ᠢ ᠮᠢᠨ 781 ᠬᠣᠷᠢᠶ᠎ᠠ ᠵᠢᠴᠢ ᠬᠠᠷᠢᠶᠠᠨ᠎ᠳᠠᠬᠢ 078 ᠬᠣᠷᠢᠶ᠎ᠠ ᠵᠢᠨ ᠰᠠᠴᠤᠷᠠᠭᠤᠯᠬᠤ ᠮᠠᠰᠢᠨ᠎ᠤ ᠥᠷᠥᠭᠡ᠂ ᠠᠮᠤᠷ ᠲᠦᠪᠰᠢᠨ᠎ᠤ ᠰᠡᠷᠭᠡᠶ᠋ᠢᠯᠡᠯᠲᠡ ᠪᠠ ᠠᠯᠤᠰ᠎ᠠᠴᠠ ᠬᠢᠨᠠᠨ ᠡᠵᠡᠮᠳᠡᠬᠦ ᠲᠠᠰᠤᠭ᠂ ᠠᠨᠲ᠋ᠢᠨ᠎ᠠ ᠵᠢᠨ ᠲᠠᠯᠠᠪᠠᠢ ᠵᠡᠷᠭᠡ ᠭᠤᠣᠯᠳᠠᠯᠭ᠎ᠠ᠎ᠲᠠᠢ ᠣᠷᠣᠨ ᠪᠦᠰᠡ ᠵᠢ ᠪᠠᠶ᠋ᠢᠴᠠᠭ᠋ᠠᠨ ᠦᠵᠡᠵᠦ᠂ ᠲᠠᠪᠴᠠᠩ ᠥᠷᠲᠡᠭᠡ ᠵᠢᠨ ᠠᠮᠤᠷ ᠲᠦᠪᠰᠢᠨ ᠨᠡᠪᠲᠡᠷᠡᠭᠦᠯᠭᠡ᠂ ᠪᠡᠯᠡᠳᠬᠡᠮᠵᠢ ᠲᠥᠬᠦᠭᠡᠷᠦᠮᠵᠢ ᠵᠢᠨ ᠠᠵᠢᠯᠯᠠᠭ᠋ᠠᠨ᠂ ᠵᠢᠵᠢᠭᠦᠷᠯᠡᠨ ᠰᠠᠬᠢᠬᠤ᠂ ᠠᠵᠢᠯᠲᠠᠨ ᠠᠵᠢᠯᠴᠢᠨ᠎ᠤ ᠠᠮᠢᠳᠤᠷᠠᠯ ᠵᠡᠷᠭᠡ ᠪᠠᠶ᠋ᠢᠳᠠᠯ᠎ᠢ ᠨᠠᠷᠢᠨ ᠣᠶ᠋ᠢᠯᠠᠭ᠋ᠠᠪᠠ᠃
ᠵᠠᠩ ᠢ ᠮᠢᠨ ᠂ ᠤᠯᠤᠰ ᠲᠦᠷᠦ ᠵᠢᠨ ᠵᠣᠭᠰᠣᠴᠠ᠎ᠪᠠᠨ ᠴᠢᠨᠠᠭᠰᠢᠳᠠ ᠳᠡᠭᠡᠭᠰᠢᠯᠡᠭᠦᠯᠵᠦ᠂ ᠬᠠᠷᠢᠭᠤᠴᠠᠯᠭ᠋ᠠᠲᠤ ᠰᠡᠳᠬᠢᠯᠭᠡ ᠪᠣᠯᠤᠨ ᠡᠭᠦᠷᠭᠡᠲᠦ ᠰᠡᠳᠬᠢᠯᠭᠡ᠎ᠪᠠᠨ ᠴᠢᠩᠭ᠋ᠠᠳᠬᠠᠵᠤ᠂ ᠵᠢᠵᠢᠭᠦᠷᠯᠡᠨ ᠰᠠᠬᠢᠬᠤ᠎ᠪᠠᠨ ᠴᠢᠩᠭ᠋ᠠᠷᠠᠭᠤᠯᠤᠨ ᠂ 《ᠴᠠᠭ ᠢᠮᠠᠭᠲᠠ ᠰᠡᠳᠬᠢᠯ ᠠᠮᠤᠷ ᠦᠭᠡᠢ ᠪᠠᠶ᠋ᠢᠬᠤ》 ᠬᠠᠷᠢᠭᠤᠴᠠᠯᠭ᠋ᠠᠲᠤ ᠰᠡᠳᠬᠢᠯᠭᠡ᠎ᠪᠠᠨ ᠦᠨᠡᠨ ᠬᠦ᠌ 《ᠶᠠᠪᠤᠳᠠᠯ ᠪᠦᠬᠦᠨ᠎ᠳᠤ ᠰᠡᠳᠬᠢᠯ ᠳᠣᠲᠣᠷ᠎ᠠ᠎ᠪᠠᠨ ᠲᠤᠭ᠎ᠠ᠎ᠲᠠᠢ ᠪᠠᠶ᠋ᠢᠬᠤ》 ᠠᠵᠢᠯᠯᠠᠭ᠋ᠠᠨ᠎ᠤ ᠬᠥᠳᠡᠯᠭᠡᠬᠦ ᠬᠦᠴᠦᠨ ᠪᠣᠯᠭ᠋ᠠᠨ ᠬᠤᠪᠢᠷᠠᠭᠤᠯᠵᠤ᠂ ᠭᠤᠣᠯᠳᠠᠯᠭ᠎ᠠ᠎ᠲᠠᠢ ᠬᠦᠷᠢᠶᠡᠨ᠎ᠳᠤ ᠠᠩᠬᠠᠷᠤᠯ ᠵᠶ᠋ᠠᠨ ᠲᠥᠪᠯᠡᠷᠡᠭᠦᠯᠵᠦ᠂ ᠵᠠᠩᠭᠢᠯᠠᠭ᠎ᠠ ᠵᠢᠨ ᠭᠤᠭᠴᠤᠭ᠎ᠠ ᠵᠢ ᠴᠢᠩᠭ᠎ᠠ ᠠᠳᠬᠤᠵᠤ᠂ ᠠᠶᠤᠯᠭᠦᠢ ᠦᠢ᠍ᠯᠡᠳᠪᠦᠷᠢᠯᠡᠯ᠎ᠤᠨ ᠤᠬᠠᠮᠰᠠᠷ ᠪᠣᠯᠤᠨ ᠠᠮᠤᠷ ᠲᠦᠪᠰᠢᠨ ᠨᠡᠪᠲᠡᠷᠡᠭᠦᠯᠭᠡ ᠵᠢᠨ ᠪᠠᠲᠤᠯᠠᠭ᠎ᠠ ᠵᠢᠨ ᠴᠢᠳᠠᠪᠤᠷᠢ᠎ᠪᠠᠨ ᠳᠡᠭᠡᠭᠰᠢᠯᠡᠭᠦᠯᠬᠦ ᠬᠡᠷᠡᠭᠲᠡᠢ ᠭᠡᠵᠦ ᠴᠢᠬᠤᠯᠠᠴᠢᠯᠠᠪᠠ᠃
(ᠳᠠᠮᠵᠢᠭᠤᠯᠤᠨ ᠰᠠᠴᠤᠷᠠᠭᠤᠯᠬᠤ ᠲᠥᠪ)