2026 ᠣᠨ᠎ᠤ ᠠᠵᠢᠯ ᠦᠢᠯᠡᠰ᠎ᠤᠨ ᠨᠢᠭᠡᠴᠢ ᠶ᠋ᠢᠨ ᠢᠯᠡ᠎ᠪᠠᠷ ᠠᠵᠢᠯᠲᠠᠨ ᠣᠷᠢᠬᠣ ᠬᠢᠷᠢ ᠬᠡᠮ᠎ᠢ ᠳᠠᠬᠢᠨ ᠬᠢᠨᠠᠬᠤ ᠵᠢᠴᠢ ᠨᠢᠭᠤᠷᠲᠠᠨ ᠱᠢᠯᠭᠠᠬᠤ ᠲᠤᠬᠠᠶ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠷᠠᠳᠢᠣ᠋ ᠲᠧᠯᠸᠢᠰ᠎ᠤᠨ ᠲᠣᠪᠴᠢᠶ᠎ᠠ᠎ᠶ᠋ᠢᠨ ᠠᠯᠪᠠᠨ ᠵᠠᠷ
2025-12-18

《 2026 ᠣᠨ᠎ᠤ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠠᠵᠢᠯ ᠦᠶ᠋ᠯᠡᠰ᠎ᠤᠨ ᠨᠢᠭᠡᠴᠢ᠎ᠶ᠋ᠢᠨ ᠢᠯᠡ᠎ᠪᠠᠷ ᠠᠵᠢᠯᠲᠠᠨ ᠣᠷᠢᠬᠣ ᠠᠯᠪᠠᠨ ᠵᠠᠷ 》 ᠎ᠤᠨ ᠬᠠᠮᠢᠶ᠎ᠠ ᠪᠥᠬᠦᠶ ᠱᠠᠭᠠᠷᠳᠠᠯᠭ᠎ᠠ᠎ᠶ᠋ᠢ ᠦᠨᠳᠦᠰᠦᠯᠡᠨ᠂ ᠡᠳᠦᠭᠡ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠷᠠᠳᠢᠣ᠋ ᠲᠧᠯᠸᠢᠰ᠎ᠤᠨ ᠲᠣᠪᠴᠢᠶ᠎ᠠ᠎ᠶ᠋ᠢᠨ 2026 ᠣᠨ᠎ᠤ ᠠᠵᠢᠯ ᠦᠶ᠋ᠯᠡᠰ᠎ᠤᠨ ᠨᠢᠭᠡᠴᠢ᠎ᠶ᠋ᠢᠨ ᠢᠯᠡ᠎ᠪᠠᠷ ᠠᠵᠢᠯᠲᠠᠨ ᠤᠷᠢᠬᠤ ᠬᠢᠷᠢ ᠬᠡᠮ᠎ᠢ ᠳᠠᠬᠢᠨ ᠬᠢᠨᠠᠬᠤ ᠵᠢᠴᠢ ᠨᠢᠭᠤᠷᠲᠠᠨ ᠱᠢᠯᠭᠠᠬᠤ ᠬᠤᠯᠪᠣᠭ᠍ᠳᠠᠯ ᠪᠥᠬᠦᠶ ᠵᠦᠶ᠋ᠯᠡᠰ᠎ᠢ ᠳᠣᠤᠷᠠᠬᠢ ᠮᠡᠲᠦ ᠮᠡᠳᠡᠭ᠌ᠳᠡᠪᠡ᠃

ᠨᠢᠭᠡ᠂ ᠬᠢᠷᠢ ᠬᠡᠮ᠎ᠤᠨ ᠳᠠᠬᠢᠨ ᠬᠢᠨᠠᠭ᠍ᠳᠠᠬᠤ ᠡᠲᠡᠭᠡᠳ

ᠪᠢᠷ᠎ᠦᠨ ᠱᠢᠯᠭᠠᠯᠲᠠ᠎ᠶ᠋ᠢᠨ ᠬᠢᠷᠢ ᠪᠦᠲᠦᠮᠵᠢ ᠨᠢ ᠬᠠᠮᠤᠭ᠎ᠤᠨ ᠳᠣᠤᠷ᠎ᠠ ᠬᠢᠷᠢ ᠲᠡᠩᠴᠡᠭ᠌ᠰᠡᠨ ᠬᠤᠪᠢ᠎ᠶ᠋ᠢᠨ ᠱᠤᠭᠤᠮ᠎ᠠᠴᠠ ᠳᠡᠭᠡᠭ᠌ᠰᠢ᠎ᠳᠦ ᠬᠦᠷᠦᠭ᠌ᠰᠡᠨ ᠤᠷᠢᠭ᠍ᠳᠠᠭ᠍ᠰᠠᠳ᠎ᠤᠨ ᠳᠣᠲᠣᠷ᠎ᠠ ᠎ᠠᠴᠠ᠂ ᠠᠵᠢᠯ᠎ᠤᠨ ᠪᠠᠢᠷᠢ ᠨᠢᠭᠡᠪᠦᠷᠢ᠎ᠶ᠋ᠢᠨ ᠨᠢᠭᠤᠷᠳᠠᠨ ᠱᠢᠯᠭᠠᠭ᠍ᠰᠠᠨ ᠬᠥᠮᠦᠨ᠎ᠦ ᠲᠣᠭ᠎ᠠ ᠬᠢᠭᠡᠳ ᠤᠷᠢᠬᠤ ᠲᠥᠯᠥᠪᠯᠡᠭᠡ᠎ᠶ᠋ᠢᠨ ᠲᠣᠭ᠎ᠠ 3᠄ 1 ᠵᠢᠨ ᠬᠠᠷᠢᠴᠠᠯ᠎ᠢᠶᠠᠷ ᠥᠨᠳᠥᠷ᠎ᠠᠴᠠ ᠨᠢ ᠳᠣᠤᠷ᠎ᠠ ᠬᠦᠷᠲᠡᠯ᠎ᠡ ᠬᠢᠷᠢ ᠭᠡᠮ᠎ᠦᠨ ᠳᠠᠬᠢᠨ ᠬᠢᠨᠠᠬᠤ ᠬᠡᠪᠴᠢᠶᠡᠨ᠎ᠳᠦ ᠣᠷᠣᠬᠤ ᠬᠥᠮᠦᠰ ᠎ᠢ ᠲᠣᠭ᠍ᠲᠠᠭᠠᠨ᠎ᠠ᠃ ᠪᠢᠷ᠎ᠤᠨ ᠱᠢᠯᠭᠠᠯᠲᠠ᠎ᠶ᠋ᠢᠨ ᠬᠢᠷᠢ ᠪᠦᠲᠦᠮᠵᠢ ᠨᠢ ᠵᠡᠷᠭᠡᠴᠡᠭᠡ ᠪᠥᠭᠡᠳ 3᠄ 1᠎ᠡᠴᠡ ᠬᠡᠲᠦᠷᠡᠭ᠌ᠰᠡᠨ ᠪᠠᠢᠪᠠᠯ᠂ ᠬᠢᠷᠢ ᠬᠡᠮ᠎ᠢ ᠳᠠᠬᠢᠨ ᠬᠢᠨᠠᠬᠤ ᠬᠡᠪᠴᠢᠶᠡᠨ᠎ᠳᠤ ᠪᠦᠬᠦᠨ᠎ᠢ ᠣᠷᠣᠭᠤᠯᠤᠨ᠎ᠠ; ᠪᠢᠷ᠎ᠤᠨ ᠰᠢᠯᠭ᠋ᠠᠯᠲᠠ᠎ᠶ᠋ᠢᠨ ᠬᠢᠷᠢ ᠪᠦᠲᠦᠮᠵᠢ᠎ᠨᠢ ᠬᠠᠮᠤᠭ᠎ᠤᠨ ᠳᠣᠤᠷ᠎ᠠ ᠬᠢᠷᠢ ᠲᠡᠩᠴᠡᠭ᠌ᠰᠡᠨ ᠬᠤᠪᠢ᠎ᠶ᠋ᠢᠨ ᠰᠦᠯᠵᠢᠶᠡᠨ ᠳᠡᠭᠡᠷᠡᠬᠢ ᠬᠥᠮᠦᠨ᠎ᠤ ᠲᠤᠭ᠎ᠠ 3᠄ 1 ᠬᠦᠷᠬᠦ᠌ ᠦᠭᠡᠶ ᠪᠠᠢᠪᠠᠯ᠂ ᠪᠣᠳᠠᠲᠠᠶ ᠬᠥᠮᠦᠨ᠎ᠤ ᠲᠤᠭ᠎ᠠ᠎ᠪᠠᠷ ᠬᠢᠷᠢ ᠬᠡᠮ᠎ᠢ ᠳᠠᠬᠢᠨ ᠬᠢᠨᠠᠭ᠍ᠴᠢ᠎ᠶ᠋ᠢᠨ ᠬᠡᠪᠴᠢᠶ᠎ᠡ᠎ᠶ᠋ᠢ ᠲᠣᠭ᠍ᠲᠠᠭᠠᠨ᠎ᠠ᠃

ᠬᠤᠶᠠᠷ᠂ ᠬᠢᠷᠢ ᠬᠡᠮ᠎ᠢ ᠳᠠᠬᠢᠨ ᠬᠢᠨᠠᠬᠤ ᠠᠷᠭ᠎ᠠ ᠮᠠᠶᠢᠭ᠂ ᠴᠠᠭ ᠵᠢᠴᠢ ᠭᠠᠵᠠᠷ ᠣᠷᠣᠨ

( ᠨᠢᠭᠡ ) ᠬᠢᠷᠢ ᠬᠡᠮ᠎ᠢ ᠳᠠᠬᠢᠨ ᠬᠢᠨᠠᠬᠤ ᠎ᠶᠢ ᠰᠦᠯᠵᠢᠶᠡᠨ ᠭᠠᠳᠠᠨ᠎ᠠ ᠬᠢᠨᠠᠨ ᠬᠠᠷᠭᠤᠭᠤᠯᠬᠤ ᠠᠷᠭ᠎ᠠ ᠮᠠᠶᠢᠭ᠎ᠢᠶᠠᠷ ᠥᠷᠨᠢᠭᠦᠯᠦᠨ᠎ᠡ᠃

( ᠬᠤᠶᠠᠷ ) ᠴᠠᠭ᠄ 2025 ᠣᠨ᠎ᠤ 12 ᠳ᠋ᠤᠭᠠᠷ ᠰᠠᠷ᠎ᠠ᠎ᠶ᠋ᠢᠨ 19 ᠎ᠤ ᠡᠳᠦᠷ ( ᠦᠳᠡ᠎ᠶ᠋ᠢᠨ ᠡᠮᠦᠨ᠎ᠡ 9᠄ 00᠎ᠠᠴᠠ 12᠄ 00᠂ ᠦᠳᠡ᠎ᠶ᠋ᠢᠨ ᠬᠤᠢᠨ᠎ᠠ 14᠄ 30᠎ᠠᠴᠠ 17᠄ 00 ) 

( ᠭᠤᠷᠪᠠ ) ᠭᠠᠵᠠᠷ ᠣᠷᠣᠨ᠄ ᠥᠪᠥᠷ ᠮᠣᠩᠭᠤᠯ᠎ᠤᠨ ᠬᠥᠬᠡᠬᠤᠲᠠ᠎ᠶ᠋ᠢᠨ ᠢ ᠵᠢᠦ ᠪᠠᠭᠤᠳᠠᠯ᠎ᠤᠨ ᠬᠤᠶᠠᠳᠤᠭᠠᠷ ᠳᠠᠪᠬᠣᠷ᠎ᠤᠨ ᠬᠤᠶᠠᠳᠤᠭᠠᠷ ᠲᠢᠩᠬᠢᠮ ( ᠥᠪᠥᠷ ᠮᠣᠩᠭᠤᠯ᠎ᠤᠨ ᠬᠥᠬᠡᠬᠤᠲᠠ᠎ᠶ᠋ᠢᠨ ᠱᠢᠨ᠎ᠡ ᠬᠤᠲᠠ ᠲᠣᠭᠤᠷᠢᠭ᠎ᠤᠨ ᠬᠥᠯᠥᠨ ᠪᠤᠢᠷ ᠬᠤᠢᠲᠤ ᠵᠠᠮ᠎ᠤᠨ 52 ᠳ᠋ᠤᠭᠠᠷ ᠲᠣᠭᠠᠲᠤ )

ᠭᠤᠷᠪᠠ᠂ ᠬᠢᠷᠢ ᠬᠡᠮ᠎ᠢ ᠳᠠᠬᠢᠨ ᠬᠢᠨᠠᠬᠤ᠎ᠳᠤ ᠬᠡᠷᠡᠭ᠌ᠰᠡᠬᠦ᠌ ᠮᠠᠲ᠋ᠧᠷᠢᠶᠠᠯ

( ᠨᠢᠭᠡ ) 《 ᠨᠡᠷ᠎ᠡ ᠮᠡᠳᠡᠭᠦᠯᠬᠦ᠌ ᠳᠠᠩᠰᠠᠯᠠᠯ᠎ᠤᠨ ᠬᠦᠰᠦᠨᠦᠭ᠌ᠲᠦ 》 ( ᠨᠢᠭᠡ ᠮᠠᠶᠢᠭ᠎ᠤᠨ ᠬᠤᠶᠠᠷ ᠬᠤᠪᠢ᠂ ᠬᠤᠪᠢ ᠪᠦᠷᠢ᠎ᠶ᠋ᠢ ᠨᠢᠭᠡ ᠴᠠᠭᠠᠰᠤᠨ ᠳᠡᠭᠡᠷ᠎ᠡ ᠳᠠᠷᠤᠮᠠᠯᠯᠠᠨ᠎ᠠ )᠃

( ᠬᠤᠶᠠᠷ ) ᠬᠤᠪᠢ ᠬᠦᠮᠦᠨ᠎ᠤ ᠪᠡᠶ᠎ᠡ᠎ᠶ᠋ᠢᠨ ᠦᠨᠡᠮᠯᠡᠯ᠎ᠤᠨ ᠤᠭ ᠮᠠᠲ᠋ᠧᠷᠢᠶᠠᠯ ᠪᠠ ᠬᠠᠭᠤᠯᠪᠦᠷᠢ 1 ᠬᠤᠪᠢ  ( ᠵᠥᠪ ᠪᠤᠷᠤᠭᠤ ᠲᠠᠯ᠎ᠠ )᠃

( ᠭᠤᠷᠪᠠ ) ᠣᠷᠢᠯᠲᠠ᠎ᠳᠤ ᠡᠷᠦᠬᠡ ᠠᠮᠠ᠎ᠶ᠋ᠢᠨ ᠬᠠᠷᠢᠶ᠎ᠠ ( ᠪᠤᠶᠤ ᠰᠤᠷᠤᠭ᠍ᠴᠢ᠎ᠶ᠋ᠢᠨ ᠢᠷᠡᠯᠲᠡ᠎ᠶ᠋ᠢ ᠬᠢᠵᠠᠭᠠᠷᠯᠠᠬᠤ ) ᠠᠵᠢᠯ᠎ᠤᠨ ᠪᠠᠢᠷᠢ᠎ᠶᠢ ᠬᠢᠵᠠᠭ᠋ᠠᠷᠯᠠᠭᠰᠠᠨ ᠪᠠᠢ᠌ᠪᠠᠯ᠂ ᠡᠷᠦᠬᠡ ᠠᠮᠠ᠎ᠶ᠋ᠢᠨ ᠳᠡᠪᠲᠡᠷ᠎ᠦᠨ ᠤᠭ ᠮᠠᠲ᠋ᠧᠷᠢᠶᠠᠯ ᠵᠢᠴᠢ ᠡᠷᠦᠬᠡ ᠠᠮᠠ᠎ᠶ᠋ᠢᠨ ᠳᠡᠪᠲᠡᠷ᠎ᠦᠨ ᠡᠬᠢᠨ᠎ᠦ ᠬᠠᠭᠤᠳᠠᠰᠤ᠂ ᠡᠷᠦᠬᠡ᠎ᠶ᠋ᠢᠨ ᠡᠵᠡᠨ᠎ᠦ ᠬᠠᠭᠤᠳᠠᠰᠤ ᠪᠣᠯᠤᠨ ᠲᠤᠰ ᠬᠥᠮᠦᠨ᠎ᠦ ᠬᠠᠭᠣᠳᠠᠰᠣ᠎ᠶᠢᠨ ᠬᠠᠭᠤᠯᠪᠦᠷᠢ ᠪᠤᠶᠤ ᠡᠷᠦᠬᠡ ᠠᠮᠠ᠎ᠶ᠋ᠢᠨ ᠪᠠᠢᠭ᠎ᠠ ᠭᠠᠵᠠᠷ᠎ᠤᠨ ᠳᠣᠲᠣᠭᠠᠳᠤ᠎ᠶ᠋ᠢ ᠬᠠᠮᠠᠭᠠᠯᠠᠬᠤ ᠲᠣᠮᠢᠯᠠᠭ᠍ᠰᠠᠨ ᠰᠠᠯᠪᠤᠷᠢ᠎ᠠᠴᠠ ᠬᠢᠵᠦ᠍ ᠥᠭ᠌ᠭᠦᠭ᠌ᠰᠡᠨ ᠡᠷᠦᠬᠡ ᠠᠮᠠ᠎ᠶ᠋ᠢᠨ ᠭᠡᠷᠡᠴᠢ᠎ᠶᠢᠨ ᠤᠭ ᠮᠠᠲ᠋ᠧᠷᠢᠶᠠᠯ ᠵᠢᠴᠢ ᠬᠠᠭᠤᠯᠪᠤᠷᠢ᠎ᠶ᠋ᠢ ᠬᠠᠩᠭᠠᠬᠤ ᠬᠡᠷᠡᠭ᠌ᠲᠡᠶ᠃

( ᠲᠦᠷᠪᠡ ) ᠲᠡᠭᠦᠰᠦᠭ᠌ᠰᠡᠨ ᠦᠨᠡᠮᠯᠡᠯ ᠪᠠ ᠡᠷᠳᠡᠮ᠎ᠦᠨ ᠴᠣᠯᠠ᠎ᠶ᠋ᠢᠨ ᠦᠨᠡᠮᠯᠡᠯ᠎ᠦᠨ ᠤᠭ ᠪᠢᠴᠢᠭ ᠪᠠ ᠬᠠᠭᠤᠯᠪᠦᠷᠢ᠃

2026 ᠣᠨ᠎ᠳᠤ ᠲᠤᠰ ᠬᠤᠭᠤᠴᠠᠭᠠᠨ᠎ᠤ ᠲᠡᠭᠦᠰᠦᠭ᠌ᠰᠡᠳ ᠲᠡᠭᠦᠰᠭᠦ ᠦᠨᠡᠮᠯᠡᠯ᠂ ᠡᠷᠳᠡᠮ᠎ᠤᠨ ᠴᠣᠯᠠ᠎ᠶ᠋ᠢᠨ ᠦᠨᠡᠮᠯᠡᠯ ᠣᠯᠭᠤᠭ᠍ᠰᠠᠨ ᠦᠭᠡᠢ ᠪᠠᠢᠪᠠᠯ᠂ ᠰᠤᠷᠭᠠᠨ ᠬᠥᠮᠦᠵᠢᠯ᠎ᠤᠨ ᠬᠡᠯᠲᠡᠰ᠎ᠦᠨ ᠰᠤᠷᠭᠠᠭᠤᠯᠢ᠎ᠶ᠋ᠢᠨ ᠬᠠᠷᠢᠶᠠᠯᠠᠯ᠎ᠤᠨ ᠰᠦᠯᠵᠢᠶᠡᠨ ᠳᠡᠭᠡᠷᠡᠬᠢ ᠱᠢᠯᠭᠠᠨ ᠪᠠᠢᠴᠠᠭᠠᠯᠲᠠ᠎ᠶ᠋ᠢᠨ ᠮᠡᠳᠡᠭᠦᠯᠦᠯᠲᠡ᠎ᠶ᠋ᠢ ᠬᠠᠩᠭᠠᠬᠤ ᠬᠡᠷᠡᠭ᠌ᠲᠡᠢ; ᠲᠣᠰ ᠵᠢᠯ᠎ᠤᠨ ᠪᠤᠰᠤ ᠲᠡᠭᠦᠰᠦᠭ᠌ᠰᠡᠳ ᠡᠷᠬᠡᠪᠰᠢ ᠬᠦᠴᠦᠨ᠎ᠲᠠᠢ ᠬᠤᠭᠤᠴᠠᠭᠠᠨ᠎ᠳᠠᠬᠢ ᠰᠤᠷᠭᠠᠨ ᠬᠥᠮᠦᠵᠢᠯ᠎ᠤᠨ ᠬᠡᠯᠲᠡᠰ᠎ᠦᠨ ᠰᠤᠷᠤᠯᠭ᠎ᠠ᠎ᠶ᠋ᠢᠨ ᠨᠠᠮᠲᠠᠷ᠎ᠤᠨ ᠦᠨᠡᠮᠯᠡᠯ᠎ᠤᠨ ᠡᠯᠧᠺᠲᠷᠣᠨ ᠳᠠᠩᠰᠠᠯᠠᠯᠲᠠ᠎ᠶ᠋ᠢᠨ ᠬᠦᠰᠦᠨᠦᠭ᠌ᠲᠦ ᠪᠤᠶᠤ ᠳᠤᠮᠳᠠᠳᠤ ᠤᠯᠤᠰ᠎ᠤᠨ ᠳᠡᠭᠡᠳᠦ ᠵᠡᠷᠭᠡ᠎ᠶ᠋ᠢᠨ ᠰᠤᠷᠭᠠᠨ ᠬᠥᠮᠦᠵᠢᠯ᠎ᠤᠨ ᠰᠤᠷᠤᠯᠭ᠎ᠠ᠎ᠶ᠋ᠢᠨ ᠨᠠᠮᠲᠠᠷ᠎ᠤᠨ ᠭᠡᠷᠡᠴᠢᠯᠡᠭᠡ᠎ᠶ᠋ᠢᠨ ᠮᠡᠳᠡᠭᠦᠯᠦᠯᠲᠡ᠎ᠶ᠋ᠢ ᠬᠠᠩᠭᠠᠵᠤ᠂ ᠬᠤᠶᠠᠳᠤᠭᠠᠷ ᠡᠷᠳᠡᠮ᠎ᠤᠨ ᠴᠣᠯᠠ᠂ ᠬᠤᠶᠠᠳᠤᠭᠠᠷ ᠡᠷᠳᠡᠮ᠎ᠦᠨ ᠴᠣᠯᠠ ᠵᠢᠴᠢ ᠲᠤᠰᠠᠯᠠᠬᠤ ᠡᠷᠳᠡᠮ᠎ᠤᠨ ᠴᠣᠯᠠ᠎ᠶ᠋ᠢᠨ ᠣᠷᠢᠭᠳᠠᠭᠰᠠᠳ ᠡᠷᠳᠡᠮ᠎ᠤᠨ ᠴᠣᠯᠠ᠎ᠶ᠋ᠢᠨ ᠲᠤᠰᠭᠠᠢ ᠮᠡᠷᠭᠡᠵᠢᠯ᠎ᠤᠨ ᠭᠡᠷᠡᠴᠢᠯᠡᠭᠡ᠎ᠶ᠋ᠢᠨ ᠮᠡᠳᠡᠭᠦᠯᠦᠯᠲᠡ ( ᠰᠤᠷᠭᠠᠨ ᠬᠥᠮᠦᠵᠢᠯ᠎ᠤᠨ ᠬᠡᠯᠲᠡᠰ᠎ᠦᠨ ᠰᠤᠷᠤᠯᠭ᠎ᠠ᠎ᠶ᠋ᠢᠨ ᠨᠠᠮᠲᠠᠷ᠎ᠤᠨ ᠦᠨᠡᠮᠯᠡᠯ᠎ᠤᠨ ᠡᠯᠧᠺᠲᠷᠣᠨ᠎ᠤ ᠳᠠᠩᠰᠠᠯᠠᠯᠲᠠ᠎ᠶ᠋ᠢᠨ ᠬᠦᠰᠦᠨᠦᠭ᠌ᠲᠦ ᠪᠤᠶᠤ ᠳᠤᠮᠳᠠᠳᠤ ᠤᠯᠤᠰ᠎ᠤᠨ ᠳᠡᠭᠡᠳᠦ ᠵᠡᠷᠭᠡ᠎ᠶ᠋ᠢᠨ ᠰᠤᠷᠭᠠᠨ ᠬᠥᠮᠦᠵᠢᠯ᠎ᠤᠨ ᠰᠤᠷᠤᠯᠭ᠎ᠠ᠎ᠶ᠋ᠢᠨ ᠨᠠᠮᠲᠠᠷ᠎ᠤᠨ ᠭᠡᠷᠡᠴᠢᠯᠡᠭᠡ᠎ᠶ᠋ᠢᠨ ᠮᠡᠳᠡᠭᠦᠯᠦᠯᠲᠡ᠎ᠶ᠋ᠢ ᠳᠤᠮᠳᠠᠳᠤ ᠤᠯᠤᠰ᠎ᠤᠨ ᠳᠡᠭᠡᠳᠦ ᠵᠡᠷᠭᠡ᠎ᠶ᠋ᠢᠨ ᠰᠤᠷᠭᠠᠨ ᠬᠥᠮᠦᠵᠢᠯ᠎ᠤᠨ ᠰᠤᠷᠤᠭ᠍ᠴᠢᠳ᠎ᠤᠨ ᠮᠡᠳᠡᠭᠡ ᠵᠠᠩᠭᠢ᠎ᠶ᠋ᠢᠨ ᠰᠦᠯᠵᠢᠶ᠎ᠡ http://www.chsi.com.cn᠎ᠠᠴᠠ ᠪᠠᠭᠣᠯᠭ᠋ᠠᠨ    ᠳᠠᠷᠣᠮᠠᠯᠯᠠᠵᠣ ) ᠬᠠᠩᠭᠠᠬᠤ ᠬᠡᠷᠡᠭ᠌ᠲᠡᠢ᠃

ᠭᠠᠳᠠᠭᠠᠳᠤ᠎ᠳ᠋ᠤ ᠰᠤᠷᠤᠯᠴᠠᠭᠠᠳ ᠤᠯᠤᠰ᠎ᠲᠤ᠎ᠪᠠᠨ ᠪᠤᠴᠠᠵᠤ ᠢᠷᠡᠭ᠌ᠰᠡᠳ ᠭᠠᠳᠠᠭᠠᠳᠤ᠎ᠳ᠋ᠤ ᠰᠤᠷᠤᠯᠴᠠᠭᠠᠳ ᠰᠤᠷᠤᠯᠭ᠎ᠠ᠎ᠶᠢᠨ ᠨᠠᠮᠲᠠᠷ᠎ᠤ᠋ᠨ ᠤᠷᠢᠯᠭ᠎ᠠ ᠣᠯᠤᠭ᠍ᠰᠠᠨ ᠪᠠᠢᠪᠠᠯ᠂     《 ᠠᠯᠪᠠᠨ ᠵᠠᠷ 》 ᠪᠣᠯᠤᠨ 《 ᠠᠵᠢᠯ᠎ᠤ᠋ᠨ ᠪᠠᠢᠷᠢ᠎ᠶᠢᠨ ᠬᠦᠰᠦᠨᠦᠭ᠌ᠲᠦ 》 ᠎ᠳ᠋ᠦ᠍ ᠲᠣᠭ᠍ᠲᠠᠭᠠᠭ᠍ᠰᠠᠨ ᠮᠠᠲᠸᠷᠢᠶᠠᠯ᠎ᠢ᠋ ᠬᠠᠩᠭᠠᠬᠤ᠎ᠠ᠋ᠴᠠ ᠭᠠᠳᠠᠨ᠎ᠠ᠂ ᠪᠠᠰᠠ ᠰᠤᠷᠭᠠᠨ ᠬᠥᠮᠦᠵᠢᠯ᠎ᠦ᠋ᠨ ᠬᠡᠯᠲᠡᠰ᠎ᠦᠨ ᠭᠠᠳᠠᠭᠠᠳᠤ᠎ᠳ᠋ᠤ ᠰᠤᠷᠤᠯᠴᠠᠬᠤ ᠦᠢᠯᠡᠴᠢᠯᠡᠭᠡᠨ᠎ᠦ᠌ ᠲᠥᠪ᠎ᠦ᠋ᠨ ᠬᠢᠵᠦ᠍ ᠦᠭ᠌ᠭᠦᠭ᠌ᠰᠡᠨ 《 ᠭᠠᠳᠠᠭᠠᠳᠤ᠎ᠶᠢᠨ ᠰᠤᠷᠤᠯᠭ᠎ᠠ᠎ᠶᠢᠨ ᠨᠠᠮᠲᠠᠷ ᠡᠷᠳᠡᠮ᠎ᠦ᠋ᠨ ᠴᠣᠯᠠ ᠣᠯᠭᠣᠬᠤ    ᠦᠨᠡᠮᠯᠡᠯ 》 ᠪᠤᠶᠤ ᠪᠤᠰᠤᠳ ᠬᠣᠯᠪᠣᠭ᠍ᠳᠠᠯ ᠪᠦᠬᠦᠢ ᠭᠡᠷᠡᠴᠢᠯᠡᠬᠦ᠌ ᠮᠠᠲᠸᠷᠢᠶᠠᠯ᠎ᠤ᠋ᠨ ᠤᠭ ᠮᠠᠲ᠋ᠧᠷᠢᠶᠠᠯ ᠵᠢᠴᠢ ᠬᠠᠭᠤᠯᠪᠤᠷᠢ᠎ᠶᠢ ᠬᠠᠩᠭᠠᠬᠤ ᠬᠡᠷᠡᠭ᠌ᠲᠡᠢ ᠃

( ᠲᠠᠪᠤ ) ᠤᠷᠢᠬᠤ ᠠᠵᠢᠯ᠎ᠤᠨ ᠪᠠᠢᠷᠢ᠎ᠳᠤ ᠬᠣᠶᠠᠷ ᠵᠢᠯ᠎ᠡᠴᠡ ᠳᠡᠭᠡᠭ᠌ᠰᠢ ᠦᠨᠳᠦᠰᠦᠨ ᠱᠠᠲᠤᠨ᠎ᠤ ᠠᠵᠢᠯ ᠦᠢᠯᠡᠰ᠎ᠦᠨ ᠨᠢᠭᠡᠴᠢ᠎ᠶ᠋ᠢᠨ ᠠᠵᠢᠯᠯᠠᠭ᠍ᠰᠠᠨ ᠥᠩᠭᠡᠷᠡᠯᠲᠡ᠎ᠲᠡᠶ ᠪᠠᠢᠬᠤ᠎ᠶ᠋ᠢ ᠱᠠᠭᠠᠷᠳᠠᠭ᠍ᠰᠠᠨ ᠪᠠᠢ᠌ᠪᠠᠯ᠂ ᠤᠷᠢᠭ᠍ᠳᠠᠭ᠍ᠰᠠᠳ ᠡᠷᠬᠡᠪᠰᠢ ᠲᠤᠰ ᠬᠥᠮᠦᠨ᠎ᠦ ᠠᠵᠢᠯ ( ᠦᠢᠯᠡᠴᠢᠯᠡᠭᠡ )᠎ᠦᠨ ᠨᠢᠭᠡᠴᠢ᠎ᠶ᠋ᠢᠨ ᠭᠡᠷᠡᠴᠢ ( ᠠᠵᠢᠯᠯᠠᠭᠰᠠᠨ ᠨᠢᠭᠡᠴᠢ ᠶ᠋ᠢᠨ ᠨᠡᠷᠡᠢᠳᠦᠯ᠂ ᠠᠵᠢᠯ᠎ᠤᠨ ᠡᠬᠢᠯᠡᠵᠦ᠍ ᠳᠠᠭᠤᠰᠭᠤ ᠴᠠᠭ᠂ ᠨᠢᠭᠡᠴᠢ᠎ᠶ᠋ᠢᠨ ᠬᠠᠶᠢᠭ᠂ ᠬᠣᠯᠪᠣᠭ᠍ᠳᠠᠯ ᠪᠦᠬᠦᠢ ᠬᠠᠷᠢᠭᠤᠴᠠᠯᠭᠠᠲᠠᠨ᠎ᠤ ᠣᠪᠣᠭ ᠨᠡᠷ᠎ᠡ ᠪᠣᠯᠤᠨ ᠬᠠᠷᠢᠯᠴᠠᠬᠤ ᠤᠳᠠᠰᠣ ᠵᠡᠷᠭᠡ᠎ᠶ᠋ᠢ ᠪᠠᠭ᠍ᠲᠠᠭᠠᠬᠤ ᠬᠡᠷᠡᠭ᠌ᠲᠡᠶ ) ᠪᠤᠶᠤ ᠠᠵᠢᠯᠯᠠᠵᠤ ᠬᠥᠳᠡᠯᠮᠦᠷᠢᠯᠡᠭ᠌ᠰᠡᠨ ( ᠤᠷᠢᠵᠤ ᠬᠡᠷᠡᠭ᠌ᠯᠡᠬᠦ᠌ ) ᠭᠡᠷ᠎ᠡ᠎ᠶ᠋ᠢᠨ ᠤᠭ ᠮᠠᠲ᠋ᠧᠷᠢᠶᠠᠯ ᠵᠢᠴᠢ ᠬᠠᠭᠤᠯᠪᠤᠷᠢ᠎ᠶ᠋ᠢ ᠬᠠᠩᠭᠠᠬᠤ ᠬᠡᠷᠡᠭ᠌ᠲᠡᠶ᠃ ᠱᠢᠯᠭᠠᠭᠤᠯᠤᠭ᠍ᠴᠢ᠎ᠶ᠋ᠢᠨ ᠠᠳᠠᠯᠢ ᠪᠤᠰᠤ ᠪᠠᠢᠭᠤᠯᠭ᠎ᠠ᠎ᠳᠤ ᠠᠵᠢᠯᠯᠠᠭᠰᠠᠨ ( ᠤᠢ᠌ᠯᠡᠴᠢᠯᠡᠭᠡ ) ᠴᠠᠭ ᠬᠤᠭᠤᠴᠠᠭ᠎ᠠ᠎ᠶ᠋ᠢ ᠨᠢ ᠨᠡᠢᠯᠡᠭᠦᠯᠦᠨ ᠪᠣᠳᠣᠵᠣ ᠪᠣᠯᠣᠨ᠎ᠠ᠃

( ᠵᠢᠷᠭᠤᠭ᠎ᠠ ) ᠦᠨᠳᠦᠰᠦᠨ ᠱᠠᠲᠤᠨ᠎ᠤ ᠲᠥᠷᠥᠯ ᠵᠦᠢᠯ᠎ᠳᠦ ᠤᠢ᠌ᠯᠡᠴᠢᠯᠡᠭᠰᠡᠨ ᠬᠥᠮᠦᠰ ᠨᠢ ᠳᠡᠭᠡᠳᠦ ᠰᠤᠷᠭᠠᠭᠤᠯᠢ ᠲᠡᠭᠦᠰᠦᠭ᠌ᠰᠡᠳ᠎ᠦᠨ ᠠᠵᠢᠯ᠎ᠤᠨ ᠪᠠᠢᠷᠢ᠎ᠳᠤ ᠤᠷᠢᠭ᠍ᠳᠠᠭ᠍ᠰᠠᠨ ᠬᠥᠮᠦᠰ᠂ ᠪᠠᠰᠠ ᠦᠢᠯᠡᠴᠢᠯᠡᠭᠡᠨ᠎ᠦ ᠲᠥᠷᠥᠯ ᠵᠦᠢᠯ᠎ᠦᠨ ᠦᠨᠡᠮᠯᠡᠯ᠎ᠦᠨ ᠤᠭ ᠮᠠᠲ᠋ᠧᠷᠢᠶᠠᠯ ᠪᠣᠯᠤᠨ ᠬᠠᠭᠤᠯᠪᠤᠷᠢ ᠪᠤᠶᠤ ᠦᠢᠯᠡᠴᠢᠯᠡᠭᠡᠨ᠎ᠦ ᠲᠥᠷᠥᠯ ᠵᠦᠢᠯ᠎ᠦᠨ ᠬᠣᠯᠪᠣᠭ᠍ᠳᠠᠯ ᠪᠦᠬᠦᠢ ᠭᠣᠤᠯᠴᠢᠯᠠᠨ ᠬᠠᠮᠢᠶᠠᠷᠬᠤ ᠰᠠᠯᠠᠭ᠎ᠠ ᠮᠥᠴᠢᠷ᠎ᠦᠨ ᠬᠢᠵᠦ᠍ ᠥᠭ᠌ᠭᠦᠭ᠌ᠰᠡᠨ ᠦᠢᠯᠡᠴᠢᠯᠡᠭᠡᠨ᠎ᠦ ᠬᠤᠭᠤᠴᠠᠭ᠎ᠠ ᠨᠢ ᠳᠦᠭᠦᠷᠦᠭ᠌ᠰᠡᠨ᠂ ᠬᠢᠨᠠᠨ ᠱᠢᠯᠭᠠᠭᠠᠳ ᠬᠢᠷᠢ ᠲᠡᠩᠴᠡᠭ᠌ᠰᠡᠨ ᠭᠡᠷᠡᠴᠢ ᠮᠠᠲ᠋ᠧᠷᠢᠶᠠᠯ ᠵᠢᠴᠢ ᠬᠠᠭᠤᠯᠪᠤᠷᠢ᠎ᠶ᠋ᠢ ᠬᠠᠩᠭᠠᠬᠤ ᠬᠡᠷᠡᠭ᠌ᠲᠡᠶ᠃

( ᠳᠤᠯᠤᠭ᠎ᠠ ) 《 ᠲᠥᠷᠥᠯ ᠵᠦᠢᠯ᠎ᠦᠨ ᠠᠵᠢᠯᠲᠠᠨ 》᠎ᠤ ᠠᠵᠢᠯ᠎ᠤᠨ ᠪᠠᠢᠷᠢ᠎ᠳᠤ ᠬᠠᠨᠳᠣᠯᠭ᠎ᠠ ᠲᠠᠢ᠎ᠪᠠᠷ ᠣᠷᠢᠭᠳᠠᠭᠰᠠᠨ ᠬᠥᠮᠦᠰ 《 ᠦᠨᠳᠦᠰᠦᠨ ᠱᠠᠲᠤᠨ᠎ᠤ ᠲᠥᠷᠥᠯ ᠵᠦᠢᠯ᠎ᠦᠨ ᠠᠵᠢᠯᠲᠠᠨ 》ᠡᠷᠬᠡᠪᠰᠢ ᠦᠢᠯᠡᠴᠢᠯᠡᠭᠡᠨ᠎ᠦ ᠲᠥᠷᠥᠯ ᠵᠦᠢᠯ᠎ᠦᠨ ᠦᠨᠡᠮᠯᠡᠯ᠎ᠦᠨ ᠤᠭ ᠮᠠᠲ᠋ᠧᠷᠢᠶᠠᠯ ᠪᠣᠯᠤᠨ ᠬᠠᠭᠤᠯᠪᠤᠷᠢ ᠪᠤᠶᠤ ᠦᠢᠯᠡᠴᠢᠯᠡᠭᠡᠨ᠎ᠦ ᠲᠥᠷᠥᠯ ᠵᠦᠢᠯ᠎ᠦᠨ ᠬᠣᠯᠪᠣᠭ᠍ᠳᠠᠯ ᠪᠦᠬᠦᠢ ᠭᠣᠤᠯᠴᠢᠯᠠᠨ ᠬᠠᠮᠢᠶᠠᠷᠬᠤ ᠰᠠᠯᠠᠭ᠎ᠠ ᠮᠥᠴᠢᠷ᠎ᠦᠨ ᠬᠢᠵᠦ᠍ ᠥᠭ᠌ᠭᠦᠭ᠌ᠰᠡᠨ ᠦᠢᠯᠡᠴᠢᠯᠡᠭᠡᠨ᠎ᠦ ᠬᠤᠭᠤᠴᠠᠭ᠎ᠠ ᠨᠢ ᠳᠦᠭᠦᠷᠦᠭ᠌ᠰᠡᠨ᠂ ᠬᠢᠨᠠᠨ ᠱᠢᠯᠭᠠᠭᠠᠳ ᠬᠢᠷᠢ ᠲᠡᠩᠴᠡᠭ᠌ᠰᠡᠨ ᠭᠡᠷᠡᠴᠢ ᠮᠠᠲ᠋ᠧᠷᠢᠶᠠᠯ ᠵᠢᠴᠢ ᠬᠠᠭᠤᠯᠪᠤᠷᠢ᠎ᠶ᠋ᠢ ᠬᠠᠩᠭᠠᠬᠤ ᠬᠡᠷᠡᠭ᠌ᠲᠡᠶ; 《 ᠴᠡᠷᠢᠭ᠎ᠡᠴᠡ ᠬᠠᠯᠠᠭᠳᠠᠭᠰᠠᠨ ᠣᠶᠤᠲᠠᠨ 》 ᠡᠷᠬᠡᠪᠰᠢ ᠴᠡᠷᠢᠭ᠎ᠦᠨ ᠠᠯᠪᠠ᠎ᠠᠴᠠ ᠪᠠᠭᠣᠭᠰᠠᠨ ᠦᠨᠡᠮᠯᠡᠯ᠎ᠦᠨ ᠤᠭ ᠮᠠᠲ᠋ᠧᠷᠢᠶᠠᠯ ᠪᠣᠯᠤᠨ ᠬᠠᠭᠤᠯᠪᠤᠷᠢ᠎ᠶ᠋ᠢ ᠬᠠᠩᠭᠠᠬᠤ ᠬᠡᠷᠡᠭ᠌ᠲᠡᠶ᠃

( ᠨᠠᠢ᠍ᠮᠠ )  《 ᠶᠡᠭᠡ ᠳᠡᠭᠡᠳᠦ ᠰᠤᠷᠭᠠᠭᠤᠯᠢ ᠲᠡᠭᠦᠰᠦᠭ᠌ᠰᠡᠳ 》 ᠎ᠤᠨ ᠠᠵᠢᠯ᠎ᠤᠨ ᠪᠠᠢᠷᠢ᠎ᠳᠤ ᠤᠷᠢᠭ᠍ᠳᠠᠵᠤ ᠪᠠᠢᠭ᠎ᠠ 2024 ᠣᠨ᠂ 2025 ᠣᠨ᠎ᠤ ᠡᠩ᠎ᠤᠨ ᠶᠡᠭᠡ ᠳᠡᠭᠡᠳᠦ ᠰᠤᠷᠭᠠᠭᠤᠯᠢ ᠲᠡᠭᠦᠰᠦᠭ᠌ᠰᠡᠳ ᠡᠷᠬᠡᠪᠰᠢ ᠲᠡᠭᠥᠰᠥᠭᠰᠡ ᠳᠡᠭᠡᠳᠦ ᠰᠤᠷᠭᠠᠭᠤᠯᠢ ( ᠰᠠᠯᠪᠤᠷᠢ᠂  ᠳᠡᠭᠡᠲᠦ ᠰᠣᠷᠭ᠋ᠠᠭᠤᠯᠢ᠂ ᠬᠡᠯᠲᠡᠰ ) ᠪᠤᠶᠤ ᠳᠠᠩᠰᠠ ᠡᠪᠬᠡᠮᠡᠯ᠎ᠤᠨ ᠬᠠᠮᠢᠶᠠᠷᠤᠯᠲᠠ᠎ᠶ᠋ᠢᠨ ᠰᠠᠯᠠᠭ᠎ᠠ ᠮᠥᠴᠢᠷ᠎ᠤᠨ ᠭᠠᠷᠭᠠᠭ᠍ᠰᠠᠨ ᠳᠠᠩᠰᠠ ᠡᠪᠬᠡᠮᠡᠯ᠎ᠤᠨ ᠬᠠᠳᠠᠭᠠᠯᠠᠵᠤ ᠪᠠᠢᠭ᠎ᠠ ᠭᠡᠷᠡᠴᠢ ᠎ᠶ᠋ᠢ ᠬᠠᠩᠭᠠᠬᠤ᠎ᠶ᠋ᠢᠨ ᠬᠠᠮᠲᠤ᠌᠂ ᠬᠠᠳᠠᠭᠠᠯᠠᠬᠤ ᠴᠠᠭ᠎ᠢ ᠲᠣᠳᠣᠷᠬᠠᠢᠯᠠᠬᠤ ᠬᠡᠷᠡᠭ᠌ᠲᠡᠢ  ( ᠳᠠᠭᠠᠯᠳᠤᠭᠤᠯᠤᠯ 1 ᠎ᠪᠠᠷ ᠯᠠᠪᠯᠠᠯᠲᠠ ᠪᠣᠯᠭᠠᠬᠤ ᠬᠡᠷᠡᠭ᠌ᠲᠡᠢ )᠃

( ᠶᠢᠰᠦ ) ᠤᠷᠢᠭ᠍ᠳᠠᠬᠤ ᠬᠥᠮᠦᠰ ᠣᠷᠣᠨ ᠲᠤᠭ᠎ᠠ᠎ᠳᠤ ᠪᠠᠢᠭ᠎ᠠ ᠪᠠᠢᠭᠤᠯᠭ᠎ᠠ ᠪᠤᠶᠤ ᠠᠵᠢᠯ ᠦᠢᠯᠡᠰ᠎ᠤᠨ ᠨᠢᠭᠡᠴᠢ᠎ᠶ᠋ᠢᠨ ᠠᠵᠢᠯᠲᠠᠨ᠎ᠳᠤ ᠬᠠᠷᠢᠶᠠᠯᠠᠭ᠍ᠳᠠᠵᠤ᠂ ᠬᠢᠷᠢ ᠬᠡᠮ᠎ᠤᠨ ᠳᠠᠬᠢᠨ ᠬᠢᠨᠠᠯᠲᠠ᠎ᠳᠤ ᠣᠷᠣᠯᠴᠠᠬᠤ ᠦᠶ᠎ᠡ᠎ᠳᠤ᠂ ᠨᠢᠭᠡᠨᠲᠡ ᠲᠤᠷᠱᠢᠨ ᠬᠡᠷᠡᠭ᠌ᠯᠡᠬᠦ᠌ ᠬᠤᠭᠤᠴᠠᠭ᠎ᠠ ᠥᠩᠭᠡᠷᠡᠭᠰᠡᠨ᠂ ᠬᠠᠮᠤᠭ᠎ᠤᠨ ᠳᠣᠣᠷ᠎ᠠ ᠤᠢ᠌ᠯᠡᠴᠢᠯᠡᠬᠦ ᠣᠨ᠎ᠤ ᠭᠡᠷᠡᠴᠢ ᠮᠠᠲ᠋ᠧᠷᠢᠶᠠᠯ᠎ᠢ ᠲᠣᠰᠢᠶᠠᠬᠤ ᠬᠡᠷᠡᠭᠲᠡᠢ ( ᠳᠠᠭᠠᠯᠳᠤᠭᠤᠯᠤᠯ 2᠎ᠢᠶᠡᠷ ᠯᠠᠪᠯᠠᠯᠲᠠ ᠪᠣᠯᠭ᠋ᠠᠬᠣ ᠬᠡᠷᠡᠭᠲᠡᠢ )᠃

( ᠠᠷᠪᠠ ) ᠬᠤᠪᠢ ᠬᠥᠮᠦᠨ᠎ᠤ ᠭᠠᠷ᠎ᠤᠨ ᠦᠰᠦᠭ ᠵᠢᠷᠤᠵᠤ ᠨᠤᠲᠠᠯᠠᠭ᠍ᠰᠠᠨ 《 ᠱᠢᠯᠭᠠᠭᠤᠯᠤᠭ᠍ᠴᠢ᠎ᠶ᠋ᠢᠨ ᠦᠨᠡᠨᠴᠢ ᠢᠲᠡᠭᠡᠮᠵᠢ᠎ᠶ᠋ᠢᠨ ᠠᠮᠠᠯᠠᠯᠲᠠ᠎ᠶ᠋ᠢᠨ ᠪᠢᠴᠢᠭ 》          ( ᠳᠠᠭᠠᠯᠳᠤᠭᠤᠯᠤᠯ 3 ᠎ᠪᠠᠷ ᠯᠠᠪᠯᠠᠯᠲᠠ ᠪᠣᠯᠭ᠋ᠠᠬᠣ ᠬᠡᠷᠡᠭᠲᠡᠢ )᠃

( ᠠᠷᠪᠠᠨ ᠨᠢᠭᠡ ) ᠠᠵᠢᠯ᠎ᠤᠨ ᠪᠠᠢᠷᠢ᠎ᠳᠤ ᠱᠠᠭᠠᠷᠳᠠᠭ᠍ᠳᠠᠬᠤ ᠬᠣᠯᠪᠣᠭ᠍ᠳᠠᠯ ᠪᠦᠬᠦᠢ ᠪᠤᠰᠤᠳ ᠭᠡᠷᠡᠴᠢ ᠦᠨᠡᠮᠯᠡᠯ᠂ ᠭᠡᠷᠡᠴᠢ᠎ᠶᠢᠨ ᠤᠭ ᠪᠢᠴᠢᠭ ᠮᠠᠲᠸᠷᠢᠶᠠᠯ ᠵᠢᠴᠢ ᠬᠠᠭᠣᠯᠪᠣᠷᠢ᠃

ᠳᠥᠷᠪᠡ᠂ ᠬᠢᠷᠢ ᠬᠡᠮ᠎ᠢ ᠳᠠᠬᠢᠨ ᠬᠢᠨᠠᠬᠤ ᠱᠠᠭᠠᠷᠳᠠᠯᠭ᠎ᠠ

( ᠨᠢᠭᠡ ) ᠡᠷᠬᠡᠪᠰᠢ ᠬᠤᠪᠢ ᠬᠦᠮᠦᠨ ᠲᠤᠬᠠᠢ᠎ᠶ᠋ᠢᠨ ᠲᠠᠯᠠᠪᠠᠢ᠎ᠳᠤ ᠮᠠᠲ᠋ᠧᠷᠢᠶᠠᠯ᠎ᠢᠶᠠᠨ ᠲᠤᠱᠢᠶᠠᠬᠤ ᠬᠡᠷᠡᠭ᠌ᠲᠡᠢ᠃

( ᠬᠤᠶᠠᠷ ) ᠬᠢᠷᠢ ᠬᠡᠮ᠎ᠢ ᠳᠠᠬᠢᠨ ᠬᠢᠨᠠᠬᠤ ᠬᠤᠭᠤᠴᠠᠭᠠᠨ᠎ᠳᠤ᠂ ᠱᠢᠯᠭᠠᠭᠤᠯᠤᠭ᠍ᠴᠢ ᠡᠷᠬᠡᠪᠰᠢ ᠴᠢᠮᠡᠭᠡ ᠬᠤᠯᠪᠣᠭ᠎ᠠ᠎ᠶ᠋ᠢ ᠰᠠᠭᠠᠳ ᠥᠬᠡᠶ ᠨᠡᠪᠲᠡᠷᠡᠭᠦᠯᠬᠦ᠌᠎ᠶ᠋ᠢᠨ ᠬᠠᠮᠲᠤ ᠨᠡᠷ᠎ᠡ ᠮᠡᠳᠡᠭᠦᠯᠬᠦ᠌ ᠰᠦᠯᠵᠢᠶ᠎ᠡ᠎ᠶ᠋ᠢ ᠴᠠᠭ ᠲᠤᠬᠠᠶ᠎ᠳᠤ ᠨᠢ ᠠᠩᠬᠠᠷᠬᠤ ᠬᠡᠷᠡᠭ᠌ᠲᠡᠶ᠃ ᠱᠢᠯᠭᠠᠭᠤᠯᠤᠭ᠍ᠴᠢ᠎ᠶ᠋ᠢᠨ ᠬᠤᠪᠢ ᠬᠥᠮᠦᠨ᠎ᠤ ᠱᠢᠯᠲᠠᠭᠠᠨ᠎ᠠᠴᠠ ᠪᠣᠯᠵᠣ ᠬᠠᠷᠢᠯᠴᠠᠵᠤ ᠳᠡᠢᠯᠦᠭ᠌ᠰᠡᠨ ᠥᠬᠡᠶ ᠪᠤᠶᠤ ᠲᠣᠭ᠍ᠲᠠᠭ᠍ᠰᠠᠨ ᠴᠠᠭ᠎ᠤᠨ ᠳᠣᠲᠣᠷ᠎ᠠ ᠬᠢᠷᠢ ᠬᠡᠮ᠎ᠢ ᠳᠠᠬᠢᠨ ᠬᠢᠨᠠᠬᠤ ᠮᠠᠲ᠋ᠧᠷᠢᠶᠠᠯ᠎ᠢᠶᠠᠨ ᠲᠤᠱᠢᠶᠠᠭ᠍ᠰᠠᠨ ᠥᠬᠡᠶ ᠪᠠᠢᠪᠠᠯ᠂ ᠥᠪᠡᠷ᠎ᠢᠶᠠᠨ ᠰᠢᠢ᠍ᠳᠪᠦᠷᠢᠯᠡᠬᠦ᠎ᠪᠡᠨ ᠬᠠᠶᠠᠭᠰᠠᠨ᠎ᠢᠶᠠᠷ ᠨᠢᠭᠤᠷᠲᠠᠨ ᠱᠢᠯᠭᠠᠬᠤ ᠬᠢᠷᠢ ᠬᠡᠮ᠎ᠢ᠎ᠨᠢ ᠬᠦᠴᠦᠨ ᠥᠬᠡᠶ ᠪᠣᠯᠭᠠᠨ᠎ᠠ᠃ ᠱᠢᠯᠭᠠᠭ᠍ᠰᠠᠳ᠎ᠲᠠᠢ ᠬᠠᠷᠢᠯᠴᠠᠬᠤ ᠠᠷᠭ᠎ᠠ ᠮᠠᠶᠢᠭ᠎ᠨᠢ ᠬᠤᠪᠢᠷᠠᠯᠲᠠ ᠭᠠᠷᠪᠠᠯ ᠠᠵᠢᠯ᠎ᠤᠨ ᠡᠳᠦᠷ᠎ᠲᠤ ᠴᠠᠭ ᠲᠤᠬᠠᠶ᠎ᠳᠤ ᠨᠢ ᠠᠵᠢᠯᠲᠠᠨ ᠤᠷᠢᠬᠤ ᠨᠢᠭᠡᠴᠢ᠎ᠲᠠᠢ ᠬᠠᠷᠢᠯᠴᠠᠭᠠᠷᠠᠢ᠃

( ᠭᠤᠷᠪᠠ ) ᠬᠢᠷᠢ ᠭᠡᠮ ᠎ᠢ  ᠳᠠᠬᠢᠨ ᠬᠢᠨᠠᠭ᠍ᠰᠠᠨ᠎ᠤ ᠳᠠᠷᠠᠭ᠎ᠠ ᠲᠣᠭ᠎ᠠ ᠳᠤᠲᠠᠭ᠍ᠳᠠᠭ᠍ᠰᠠᠨ ᠠᠵᠢᠯ᠎ᠤᠨ ᠪᠠᠢᠷᠢ᠎ᠳᠤ᠂ ᠪᠢᠷ᠎ᠦᠨ ᠱᠢᠯᠭᠠᠯᠲᠠ᠎ᠶ᠋ᠢᠨ ᠬᠠᠮᠣᠭ᠎ᠤᠨ ᠳᠣᠣᠷ᠎ᠠ ᠬᠢᠷᠢ ᠲᠡᠩᠴᠡᠭ᠌ᠰᠡᠨ ᠬᠢᠷᠠᠭ᠋ᠠᠷᠯᠠᠬᠤ ᠬᠤᠪᠢ᠎ᠳᠤ ᠬᠦᠷᠦᠭ᠌ᠰᠡᠨ ᠨᠡᠷ᠎ᠡ ᠮᠡᠳᠡᠭᠦᠯᠦᠭ᠌ᠰᠡᠨ ᠬᠥᠮᠦᠰ᠎ᠦᠨ ᠳᠣᠲᠣᠷ᠎ᠠ᠂ ᠨᠡᠷ᠎ᠡ ᠮᠡᠳᠡᠭᠦᠯᠦᠭ᠌ᠰᠡᠨ ᠠᠵᠢᠯ᠎ᠤᠨ ᠪᠠᠢᠷᠢ᠎ᠶ᠋ᠢᠨ ᠪᠢᠷ᠎ᠦᠨ ᠱᠢᠯᠭᠠᠯᠲᠠ᠎ᠶ᠋ᠢᠨ ᠶᠡᠷᠦᠩᠬᠡᠶ ᠬᠢᠷᠢ ᠪᠦᠲᠦᠮᠵᠢ᠎ᠶ᠋ᠢ ᠥᠨᠳᠥᠷ᠎ᠡᠴᠡ ᠳᠣᠤᠷ᠎ᠠ ᠬᠦᠷᠲᠡᠯᠡᠬᠢ ᠳᠡᠰ ᠳᠠᠷᠠᠭᠠᠯᠠᠯ᠎ᠤᠨ ᠶᠣᠰᠣᠭᠠᠷ ᠳᠠᠷᠠᠭ᠋ᠠᠯᠠᠨ ᠨᠦᠬᠦᠵᠦ᠂ ᠵᠥᠪᠬᠡᠨ ᠨᠢᠭᠡ ᠯᠡ ᠤᠳᠠᠭ᠎ᠠ ᠳᠠᠷᠠᠭ᠋ᠠᠯᠠᠨ ᠨᠦᠬᠦᠨ᠎ᠡ᠃ ᠬᠢᠷᠢ ᠬᠡᠮ᠎ᠤᠨ ᠳᠠᠬᠢᠨ ᠬᠢᠨᠠᠬᠤ ᠠᠵᠢᠯ ᠳᠠᠭᠤᠰᠤᠭ᠍ᠰᠠᠨ᠎ᠤ ᠳᠠᠷᠠᠭ᠎ᠠ ᠨᠢᠭᠤᠷᠲᠠᠨ ᠱᠢᠯᠭᠠᠬᠤ ᠠᠵᠢᠯ ᠳᠠᠭᠣᠰᠲᠠᠯ᠎ᠠ᠂ ᠨᠢᠭᠤᠷᠲᠠᠨ ᠱᠢᠯᠭᠠᠬᠤ ᠠᠵᠢᠯᠲᠠᠨ᠎ᠤ ᠣᠷᠣᠨ ᠲᠤᠭ᠎ᠠ᠎ᠶ᠋ᠢ ᠳᠠᠬᠢᠵᠤ ᠳᠠᠷᠠᠭᠠᠯᠠᠨ ᠨᠦᠬᠦᠬᠦ ᠦᠭᠡᠢ᠃ ᠰᠢᠯᠭ᠋ᠠᠭᠣᠯᠣᠭᠴᠢ᠎ᠶ᠋ᠢᠨ ᠬᠤᠪᠢ ᠬᠥᠮᠦᠨ᠎ᠤ ᠱᠢᠯᠲᠠᠭᠠᠨ᠎ᠠᠴᠠ ᠪᠣᠯᠵᠣ ᠬᠠᠷᠢᠯᠴᠠᠵᠤ ᠳᠡᠢᠯᠦᠭ᠌ᠰᠡᠨ ᠥᠬᠡᠶ ᠪᠤᠶᠤ ᠲᠣᠭ᠍ᠲᠠᠭ᠍ᠰᠠᠨ ᠴᠠᠭ᠎ᠤᠨ ᠳᠣᠲᠣᠷ᠎ᠠ ᠬᠢᠷᠢ ᠬᠡᠮ᠎ᠢ ᠳᠠᠬᠢᠨ ᠬᠢᠨᠠᠬᠤ ᠮᠠᠲ᠋ᠧᠷᠢᠶᠠᠯ᠎ᠢᠶᠠᠨ ᠲᠤᠱᠢᠶᠠᠭ᠍ᠰᠠᠨ ᠥᠬᠡᠶ ᠪᠣᠯ᠂ ᠥᠪᠡᠷ᠎ᠢᠶᠠᠨ ᠰᠢᠢ᠍ᠳᠪᠦᠷᠢᠯᠡᠬᠦ᠎ᠪᠡᠨ ᠬᠠᠶᠠᠭᠰᠠᠨ᠎ᠢᠶᠠᠷ ᠲᠠᠷᠠᠭ᠋ᠠᠯᠠᠯᠨ ᠨᠦᠬᠦᠬᠦ ᠬᠢᠷᠢ ᠬᠡᠮ᠎ᠢ᠎ᠨᠢ ᠬᠦᠴᠦᠨ ᠥᠬᠡᠶ ᠪᠣᠯᠭᠠᠨ᠎ᠠ᠃ ᠬᠢᠷᠢ ᠬᠡᠮ᠎ᠢ ᠳᠠᠬᠢᠨ ᠬᠢᠨᠠᠬᠤ ᠵᠢᠴᠢ ᠳᠠᠷᠠᠭᠠᠯᠠᠨ ᠨᠦᠬᠦᠭᠰᠡᠨ᠎ᠤ ᠳᠠᠷᠠᠭ᠎ᠠ 3: 1 ᠎ᠶᠢᠨ ᠨᠢᠭᠤᠷᠲᠠᠨ ᠱᠢᠯᠭᠠᠬᠤ ᠬᠠᠷᠢᠴᠠᠯ᠎ᠳᠤ ᠬᠥᠷᠬᠦ᠌ ᠥᠬᠡᠶ ᠪᠣᠯ᠂ ᠪᠣᠳᠠᠲᠠᠶ ᠬᠥᠮᠦᠨ᠎ᠤ ᠲᠤᠭ᠎ᠠ᠎ᠪᠠᠷ ᠨᠢᠭᠤᠷᠲᠠᠨ ᠱᠢᠯᠭᠠᠬᠤ ᠬᠡᠪᠴᠢᠶᠡᠨ᠎ᠳᠤ ᠣᠷᠣᠬᠤ ᠬᠥᠮᠦᠰ᠎ᠢ ᠲᠣᠭ᠍ᠲᠠᠭᠠᠨ᠎ᠠ᠃

( ᠲᠦᠷᠪᠡ ) ᠬᠢᠷᠢ ᠭᠡᠮ᠎ᠢ᠋ ᠳᠠᠬᠢᠨ ᠬᠢᠨᠠᠵᠤ ᠤᠷᠢᠭᠳᠠᠭᠰᠠᠳ᠎ᠤᠨ ᠲᠠᠭᠯᠠᠨ ᠮᠡᠳᠡᠭᠦᠯᠦᠭᠰᠡᠨ ᠮᠡᠳᠡᠭᠡ ᠵᠠᠩᠭᠢ᠎ᠶᠢᠨ ᠦᠨᠡᠨ ᠪᠣᠲᠠᠲᠠᠢ ᠣᠨᠣᠪᠴᠢᠲᠠᠢ ᠡᠰᠡᠭᠦ᠎ᠶᠢ ᠭᠣᠣᠯᠳᠠᠯᠭ᠎ᠠ᠎ᠲᠠᠢ ᠬᠢᠨᠠᠨ ᠬᠠᠷᠭᠤᠭᠤᠯᠤᠨ᠎ᠠ᠃ ᠤᠷᠢᠭ᠍ᠳᠠᠬᠤ ᠨᠥᠬᠦᠴᠡᠯ᠎ᠳᠤ ᠨᠡᠢᠴᠡᠬᠦ᠌ ᠥᠬᠡᠶ ᠪᠠᠢᠪᠠᠯ᠂ ᠲᠠᠭ᠍ᠯᠠᠨ ᠮᠡᠳᠡᠭᠦᠯᠦᠭ᠌ᠰᠡᠨ ᠬᠤᠪᠢ ᠬᠥᠮᠦᠨ᠎ᠤ ᠮᠡᠳᠡᠭᠡ ᠵᠠᠩᠭᠢ᠎ᠨᠢ ᠪᠠᠢᠭ᠎ᠠ ᠦᠨᠡᠮᠯᠡᠯ᠎ᠲᠠᠢ᠎ᠪᠠᠨ ᠨᠡᠢᠴᠡᠬᠦ᠌ ᠥᠬᠡᠶ᠂ ᠴᠢᠬᠤᠯᠠ ᠮᠡᠳᠡᠭᠡ ᠵᠠᠩᠭᠢ᠎ᠪᠠᠨ ᠨᠢᠭᠤᠨ ᠳᠠᠯᠳᠠᠯᠠᠭ᠍ᠰᠠᠨ ᠪᠤᠶᠤ ᠬᠤᠳᠠᠯ ᠬᠠᠭᠤᠷᠮᠠᠭ ᠭᠡᠷᠡᠴᠢ ᠮᠠᠲ᠋ᠧᠷᠢᠶᠠᠯ ᠬᠠᠩᠭᠠᠭ᠍ᠰᠠᠨ᠂ ᠵᠢᠴᠢ ᠬᠢᠷᠢ ᠬᠡᠮ᠎ᠢ ᠳᠠᠬᠢᠨ ᠬᠢᠨᠠᠬᠤ ᠰᠠᠯᠠᠭ᠎ᠠ ᠮᠥᠴᠢᠷ᠎ᠤᠨ ᠵᠥᠪᠱᠢᠶᠡᠷᠡᠯ ᠥᠬᠡᠶ ᠪᠥᠭᠡᠳ ᠲᠣᠭ᠍ᠲᠠᠭ᠍ᠰᠠᠨ ᠴᠠᠭ᠎ᠤᠨ ᠳᠣᠲᠣᠷ᠎ᠠ ᠬᠢᠷᠢ ᠬᠡᠮ᠎ᠤᠨ ᠳᠠᠬᠢᠨ ᠬᠢᠨᠠᠯᠲᠠ᠎ᠳᠤ ᠣᠷᠣᠯᠴᠠᠭ᠍ᠰᠠᠨ ᠥᠬᠡᠶ ᠪᠠᠢᠪᠠᠯ᠂ ᠨᠢᠭᠤᠷᠲᠠᠨ ᠱᠢᠯᠭᠠᠬᠤ ᠬᠢᠷᠢ ᠬᠡᠮ᠎ᠢ᠎ᠨᠢ ᠴᠥᠮ ᠬᠦᠴᠦᠨ ᠥᠬᠡᠶ ᠪᠣᠯᠭᠠᠬᠤ᠎ᠶ᠋ᠢᠨ ᠬᠠᠮᠲᠤ᠌᠂ ᠲᠣᠰ ᠠᠵᠢᠯ᠎ᠤᠨ ᠪᠠᠢᠷᠢ᠎ᠶ᠋ᠢᠨ ᠱᠢᠯᠭᠠᠭᠤᠯᠤᠭ᠍ᠴᠢ᠎ᠶ᠋ᠢᠨ ᠪᠢᠷ᠎ᠤᠨ ᠱᠢᠯᠭᠠᠯᠲᠠ᠎ᠶ᠋ᠢᠨ ᠬᠢᠷᠢ ᠪᠦᠲᠦᠮᠵᠢ᠎ᠶ᠋ᠢ ᠥᠨᠳᠥᠷ᠎ᠠᠴᠠ᠎ᠨᠢ ᠳᠣᠤᠷ᠎ᠠ ᠳᠠᠷᠠᠭᠠᠯᠠᠯ᠎ᠲᠠᠢ ᠨᠥᠬᠦᠵᠦ᠍ ᠳᠠᠭᠤᠰᠭᠠᠨ᠂  ᠵᠦᠪᠬᠡᠨ ᠨᠢᠭᠡ ᠯᠡ ᠤᠳᠠᠭ᠎ᠠ ᠳᠠᠷᠠᠭᠠᠯᠠᠨ ᠨᠦᠬᠦᠨ᠎ᠡ᠃

ᠲᠠᠪᠤ᠂ ᠨᠢᠭᠤᠷᠲᠠᠨ ᠱᠢᠯᠭᠠᠯᠲᠠ ᠵᠢᠴᠢ ᠬᠠᠮᠢᠶ᠎ᠠ ᠪᠦᠬᠦᠢ ᠵᠦᠢᠯᠡᠰ

ᠨᠢᠭᠤᠷᠲᠠᠨ ᠱᠢᠯᠭᠠᠬᠤ ᠴᠠᠭ᠎ᠢ ᠠᠰᠳᠠᠭ᠋ᠠᠨ ᠮᠡᠳᠡᠭ᠌ᠳᠡᠵᠦ᠍᠂ ᠱᠢᠯᠭᠠᠭᠤᠯᠤᠭ᠍ᠴᠢ ᠥᠪᠥᠷ ᠮᠣᠩᠭᠤᠯ᠎ᠤᠨ ᠠᠵᠢᠯᠲᠠᠨ᠎ᠤ ᠶᠠᠪᠤᠳᠠᠯ᠎ᠤᠨ ᠱᠢᠯᠭᠠᠯᠲᠠ᠎ᠶ᠋ᠢᠨ ᠰᠦᠯᠵᠢᠶ᠎ᠡ              ( www.impta.com.cn ) ᠵᠢᠴᠢ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠷᠠᠳᠢᠣ᠋ ᠲᠧᠯᠸᠢᠰ᠎ᠤᠨ ᠲᠣᠪᠴᠢᠶ᠎ᠠ᠎ᠶ᠋ᠢᠨ ᠠᠯᠪᠠᠨ ᠰᠦᠯᠵᠢᠶ᠎ᠡ          ( gbdsj.nmg.gov.cn ) ᠎ᠶ᠋ᠢ ᠴᠠᠭ ᠲᠤᠬᠠᠶ᠎ᠳᠤ ᠨᠢ ᠠᠩᠬᠠᠷᠴᠤ᠌᠂ ᠴᠢᠮᠡᠭᠡ ᠬᠤᠯᠪᠣᠭ᠎ᠠ᠎ᠶ᠋ᠢᠨ ᠰᠠᠭᠠᠳ ᠥᠬᠡᠶ ᠨᠡᠪᠲᠡᠷᠡᠬᠦ᠌᠎ᠶ᠋ᠢ ᠪᠠᠲᠤᠯᠠᠭᠠᠷᠠᠢ᠃

ᠵᠢᠷᠭᠤᠭ᠎ᠠ᠂ ᠠᠩᠬᠠᠷᠬᠤ ᠵᠦᠢᠯ

ᠱᠢᠯᠭᠠᠭᠤᠯᠤᠭ᠍ᠴᠢ ᠥᠪᠥᠷ ᠮᠣᠩᠭᠣᠯ᠎ᠤ᠋ᠨ ᠠᠵᠢᠯᠲᠠᠨ᠎ᠤ᠋ ᠶᠠᠪᠤᠳᠠᠯ᠎ᠤ᠋ᠨ ᠰᠢᠯᠭ᠋ᠠᠯᠲᠠ᠎ᠶᠢᠨ ᠰᠦᠯᠵᠢᠶ᠎ᠡ ᠵᠢᠴᠢ ᠥᠪᠥᠷ ᠮᠣᠩᠭᠣᠯ᠎ᠤ᠋ᠨ ᠥᠪᠡᠷᠲᠡᠭᠡᠨ ᠵᠠᠰᠠᠬᠤ ᠣᠷᠣᠨ᠎ᠤ᠋ ᠷᠠᠳᠢᠤ᠋ ᠲᠧᠯᠸᠢᠰ᠎ᠦ᠋ᠨ ᠲᠣᠪᠴᠢᠶᠠᠨ᠎ᠤ᠋ ᠠᠯᠪᠠᠨ ᠰᠦᠯᠵᠢᠶ᠎ᠡ᠎ᠶᠢ ᠴᠠᠭ ᠢᠮᠠᠭ᠍ᠲᠠ ᠠᠩᠬᠠᠷᠣᠭ᠋ᠠᠷᠠᠢ᠃ ᠪᠤᠰᠤᠳ ᠳᠠᠭᠤᠰᠤᠭᠠᠳᠤᠶ ᠵᠦᠢᠯᠡᠰ᠎ᠢ 《 2026 ᠣᠨ᠎ᠤ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠠᠵᠢᠯ ᠦᠢᠯᠡᠰ᠎ᠤᠨ ᠨᠢᠭᠡᠴᠢ᠎ᠶ᠋ᠢᠨ ᠢᠯᠡ᠎ᠪᠠᠷ ᠠᠵᠢᠯᠲᠠᠨ ᠣᠷᠢᠬᠤ ᠠᠯᠪᠠᠨ ᠵᠠᠷ 》 ᠎ᠤᠨ ᠱᠠᠭᠠᠷᠳᠠᠯᠭ᠎ᠠ ᠶᠣᠰᠣᠭᠠᠷ ᠬᠡᠷᠡᠭ᠌ᠵᠢᠭᠦᠯᠵᠦ᠍᠂ ᠲᠣᠰ ᠠᠯᠪᠠᠨ ᠵᠠᠷ᠎ᠢ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠷᠠᠳᠢᠣ᠋ ᠲᠧᠯᠸᠢᠰ᠎ᠤᠨ ᠲᠣᠪᠴᠢᠶ᠎ᠠ᠎ᠠᠴᠠ ᠬᠠᠷᠢᠭᠤᠴᠠᠨ ᠲᠠᠢᠯᠪᠤᠷᠢᠯᠠᠨ᠎ᠠ᠃

ᠠᠰᠠᠭᠤᠨ ᠯᠠᠪᠯᠠᠬᠤ ᠤᠲᠠᠰᠤ᠄ 0471 - 4590658 ( ᠠᠵᠢᠯ᠎ᠤᠨ ᠡᠳᠦᠷ᠎ᠤᠨ 9᠄ 00 — 12᠄ 00 ; 14᠄ 30 — 17᠄ 00 )

ᠳᠠᠭᠠᠯᠳᠤᠭᠤᠯᠤᠯ᠄ 1. ᠠᠵᠢᠯ ᠰᠣᠩᠭᠣᠬᠤ ᠬᠤᠭᠤᠴᠠᠭᠠᠨ᠎ᠳᠤ ᠠᠵᠢᠯᠯᠠᠬᠤ ᠨᠢᠭᠡᠴᠢ᠎ᠪᠡᠨ ᠨᠠᠢᠳᠠᠪᠤᠷᠢᠵᠢᠭᠤᠯᠤᠭᠠᠳᠤᠶ ᠳᠡᠭᠡᠳᠦ ᠰᠤᠷᠭᠠᠭᠤᠯᠢ ᠲᠡᠭᠦᠰᠦᠭ᠌ᠰᠡᠳ᠎ᠦᠨ ᠠᠵᠢᠯᠲᠠᠨ᠎ᠤ ᠶᠠᠪᠤᠳᠠᠯ᠎ᠤᠨ ᠳᠠᠩᠰᠠ ᠡᠪᠬᠡᠮᠡᠯ ᠎ᠢ ᠬᠠᠳᠠᠭᠠᠯᠠᠭ᠍ᠰᠠᠨ ᠭᠡᠷᠡᠴᠢ

2. ᠲᠤᠷᠱᠢᠨ ᠬᠡᠷᠡᠭ᠌ᠯᠡᠬᠦ᠌ ᠬᠤᠭᠤᠴᠠᠭ᠎ᠠ᠎ᠶ᠋ᠢ ᠨᠢᠭᠡᠨᠲᠡ ᠥᠩᠭᠡᠷᠡᠭ᠌ᠰᠡᠨ᠂ ᠦᠢᠯᠡᠴᠢᠯᠡᠭᠡᠨ᠎ᠤ ᠬᠠᠮᠤᠭ᠎ᠤᠨ ᠳᠣᠣᠷ᠎ᠠ ᠣᠨ᠎ᠤ ᠭᠡᠷᠡᠴᠢ

3. ᠱᠢᠯᠭᠠᠭᠤᠯᠤᠭ᠍ᠴᠢ᠎ᠶ᠋ᠢᠨ ᠦᠨᠡᠨᠴᠢ ᠢᠲᠡᠭᠡᠮᠵᠢ᠎ᠶ᠋ᠢᠨ ᠠᠮᠠᠯᠠᠯᠲᠠ᠎ᠶ᠋ᠢᠨ ᠪᠢᠴᠢᠭ

 

ᠳᠠᠭᠠᠯᠳᠤᠭᠤᠯᠤᠯ 1᠄ ᠠᠵᠢᠯ ᠰᠣᠩᠭᠣᠬᠤ ᠬᠤᠭᠤᠴᠠᠭᠠᠨ᠎ᠳᠤ ᠠᠵᠢᠯᠯᠠᠬᠤ ᠨᠢᠭᠡᠴᠢ᠎ᠪᠡᠨ ᠨᠠᠢᠳᠠᠪᠤᠷᠢᠵᠢᠭᠤᠯᠤᠭᠠᠳᠤᠶ ᠳᠡᠭᠡᠳᠦ ᠰᠤᠷᠭᠠᠭᠤᠯᠢ ᠲᠡᠭᠦᠰᠦᠭ᠌ᠰᠡᠳ᠎ᠦᠨ ᠠᠵᠢᠯᠲᠠᠨ᠎ᠤ ᠶᠠᠪᠤᠳᠠᠯ᠎ᠤᠨ ᠳᠠᠩᠰᠠ ᠡᠪᠬᠡᠮᠡᠯ᠎ᠢ ᠬᠠᠳᠠᠭᠠᠯᠠᠭ᠍ᠰᠠᠨ ᠭᠡᠷᠡᠴᠢ.doc

ᠳᠠᠭᠠᠯᠳᠣᠭᠤᠯᠥᠯ 2᠄  ᠲᠣᠷᠱᠢᠨ ᠭᠡᠷᠡᠭ᠌ᠯᠡᠬᠦ᠌ ᠬᠤᠭᠤᠴᠠᠭ᠎ᠠ ᠨᠢᠭᠡᠨᠲᠡ ᠦᠩᠭᠡᠷᠡᠭᠰᠡᠨ᠂ ᠬᠠᠮᠤᠭ ᠲᠣᠣᠷ᠎ᠠ ᠦᠢᠯᠡᠴᠢᠯᠡᠭᠡᠨ᠎ᠤ ᠣᠨ᠎ᠤ ᠭᠡᠷᠡᠴᠢ .doc

ᠳᠠᠭᠠᠯᠳᠤᠭᠤᠯᠤᠯ 3᠄ ᠱᠢᠯᠭᠠᠭᠤᠯᠤᠭ᠍ᠴᠢ᠎ᠶ᠋ᠢᠨ ᠦᠨᠡᠨᠴᠢ ᠢᠲᠡᠭᠡᠮᠵᠢ᠎ᠶ᠋ᠢᠨ ᠠᠮᠠᠯᠠᠯᠲᠠ᠎ᠶ᠋ᠢᠨ ᠪᠢᠴᠢᠭ .doc


                                                         ᠦᠪᠦᠷ ᠮᠣᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠷᠠᠳᠢᠣ᠋ ᠲᠧᠯᠸᠢᠰ᠎ᠤᠨ ᠲᠤᠪᠴᠢᠶ᠎ᠠ
                                                         2025 ᠣᠨ᠎ᠤ 12 ᠳ᠋ᠤᠭ᠋ᠠᠷ ᠰᠠᠷ᠎ᠠ᠎ᠶ᠋ᠢᠨ 15 ᠎ᠤ ᠡᠳᠦᠷ

ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠷᠠᠳᠢᠣ᠋ ᠲᠧᠯᠸᠢᠰ᠎ᠤᠨ ᠲᠣᠪᠴᠢᠶ᠎ᠠ