ᠬᠤᠲᠠ᠎ᠳᠠᠬᠢ ᠠᠮᠢᠳᠤᠷᠠᠯ᠎ᠳᠤ ᠳᠥᠭᠦᠮᠯᠡᠬᠦ ᠮᠥᠴᠡ ᠵᠢᠨ ᠵᠠᠶ᠋ᠢᠲᠠᠢ ᠲᠣᠭᠤᠷᠢᠭ᠎ᠤᠨ ᠲᠤᠷᠰᠢᠯᠲᠠ ᠵᠢᠨ ᠴᠡᠭ᠎ᠤᠨ ᠰᠠᠨᠠᠭᠤᠯᠤᠮᠵᠢ
2024-11-05

       ᠲᠠᠨ᠎ᠤ᠎ᠬᠢᠨ ᠪᠠᠭᠲᠠᠨ᠎ᠠ ᠦᠦ? ᠬᠤᠳᠠᠯᠳᠤᠭ᠋ᠠᠨ᠎ᠤ ᠶᠠᠪᠤᠳᠠᠯ᠎ᠤᠨ ᠶᠠᠮᠤᠨ 15 ᠲᠤᠷᠰᠢᠯᠲᠠ ᠵᠢᠨ ᠭᠠᠵᠠᠷ ᠣᠷᠣᠨ᠎ᠢ ᠵᠠᠷᠯᠠᠨ ᠨᠡᠶ᠋ᠢᠲᠡᠯᠡᠪᠡ
       ᠬᠤᠳᠠᠯᠳᠤᠭ᠋ᠠᠨ᠎ᠤ ᠶᠠᠪᠤᠳᠠᠯ᠎ᠤᠨ ᠶᠠᠮᠤᠨ ᠣᠶ᠋ᠢᠷ᠎ᠠ᠎ᠳᠤ 15 ᠭᠠᠵᠠᠷ ᠣᠷᠣᠨ᠎ᠢ ᠬᠤᠲᠠ᠎ᠳᠠᠬᠢ ᠠᠮᠢᠳᠤᠷᠠᠯ᠎ᠳᠤ ᠳᠥᠭᠦᠮᠯᠡᠬᠦ ᠮᠥᠴᠡ ᠵᠢᠨ ᠵᠠᠶ᠋ᠢᠲᠠᠢ ᠲᠣᠭᠤᠷᠢᠭ᠎ᠤᠨ ᠲᠦᠷᠦᠭᠦᠤ ᠪᠦᠯᠦᠭ ᠪᠥᠬᠦ ᠣᠷᠣᠨ ᠪᠦᠰᠡ᠎ᠪᠠᠷ ᠠᠬᠢᠭᠤᠯᠬᠤ ᠬᠤᠰᠢᠭᠤᠴᠢ ᠣᠷᠣᠨ᠎ᠤ ᠲᠤᠷᠰᠢᠯᠲᠠ ᠵᠢᠨ ᠴᠡᠭ ᠪᠣᠯᠭ᠋ᠠᠬᠤ ᠬᠡᠮᠡᠨ ᠵᠠᠷᠯᠠᠨ ᠨᠡᠶ᠋ᠢᠲᠡᠯᠡᠪᠡ᠃ ᠲᠦᠷᠦᠭᠦᠦ ᠪᠦᠯᠦᠭ ᠪᠦᠬᠦ ᠣᠷᠣᠨ ᠪᠦᠰᠡ᠎ᠪᠠᠷ ᠠᠬᠢᠭᠤᠯᠬᠤ ᠬᠤᠰᠢᠭᠤᠴᠢ ᠣᠷᠣᠨ᠎ᠤ ᠲᠤᠷᠰᠢᠯᠲᠠ ᠵᠢᠨ ᠴᠡᠭ᠎ᠨᠢ ᠬᠤᠶᠠᠷ ᠵᠢᠯ᠎ᠤᠨ ᠬᠤᠭᠤᠴᠠᠭ᠎ᠠ ᠵᠢ ᠠᠰᠢᠭᠯᠠᠵᠤ ᠪᠠᠶ᠋ᠢᠭ᠋ᠠᠳ ᠬᠤᠳᠠ ᠵᠢᠨ ᠭᠤᠣᠯ ᠪᠣᠯᠬᠤ ᠲᠣᠭᠤᠷᠢᠭ᠎ᠲᠤ᠎ᠪᠠᠨ ᠠᠮᠢᠳᠤᠷᠠᠯ᠎ᠳᠤ ᠳᠥᠭᠦᠮᠯᠡᠬᠦ ᠮᠥᠴᠡ ᠵᠢᠨ ᠵᠠᠶ᠋ᠢᠲᠠᠢ ᠲᠣᠭᠤᠷᠢᠭ᠎ᠤᠨ ᠪᠦᠲᠦᠭᠡᠨ ᠪᠠᠶ᠋ᠢᠭᠤᠯᠤᠯᠲᠠ ᠵᠢ ᠨᠡᠶ᠋ᠢᠳᠡᠮ ᠪᠦᠷᠬᠦᠭᠦᠯᠦᠨ᠎ᠡ᠃ ᠡᠨᠡ 15 ᠲᠤᠷᠰᠢᠯᠲᠠ ᠵᠢᠨ ᠭᠠᠵᠠᠷ ᠣᠷᠣᠨ ᠪᠣᠯ ᠪᠡᠭᠡᠵᠢᠩ ᠬᠤᠲᠠ ᠵᠢᠨ ᠳ᠋ᠦ᠍ᠩᠴᠸᠡᠭ ᠲᠣᠭᠤᠷᠢᠭ᠂ ᠪᠡᠭᠡᠵᠢᠩ ᠬᠤᠳᠠ ᠵᠢᠨ ᠰᠢᠴᠸᠡᠭ ᠲᠣᠭᠤᠷᠢᠭ᠂ ᠲᠢᠶᠠᠨᠵᠢᠨ ᠬᠤᠳᠠ ᠵᠢᠨ ᠪᠢᠨ ᠬᠠᠢ ᠰᠢᠨ᠎ᠡ ᠲᠣᠭᠤᠷᠢᠭ᠂ ᠾᠧᠪᠧᠢ ᠮᠤᠵᠢ ᠵᠢᠨ ᠱ᠌ᠢ ᠵᠢᠶᠠ ᠵᠤᠸᠠᠩ ᠬᠤᠳᠠ᠂ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠦᠬᠠᠢ ᠬᠤᠳᠠ᠂ ᠬᠠᠷᠠᠮᠥ᠋ᠷᠡᠨ ᠮᠤᠵᠢ ᠵᠢᠨ ᠵᠠᠮᠰᠣ ᠬᠤᠳᠠ᠂ ᠵᠢᠶᠠᠩᠰᠤ ᠮᠤᠵᠢ ᠵᠢᠨ ᠨᠠᠨᠵᠢᠩ ᠬᠤᠳᠠ᠂ ᠵᠧᠵᠢᠶᠠᠩ ᠮᠤᠵᠢ ᠵᠢᠨ ᠸᠧᠨᠵᠸᠤ ᠬᠤᠳᠠ᠂ ᠱᠠᠨᠳᠦ᠋ᠩ ᠮᠤᠵᠢ ᠵᠢᠨ ᠵᠢᠨᠠᠨ ᠬᠤᠳᠠ᠂ ᠾᠧᠨᠠᠨ ᠮᠤᠵᠢ ᠵᠢᠨ ᠾᠧ ᠪᠢ ᠬᠤᠳᠠ᠂ ᠬᠤᠪᠧᠢ ᠮᠤᠵᠢ ᠵᠢᠨ ᠦᠬᠠᠨ ᠬᠤᠳᠠ᠂ ᠬᠠᠶ᠋ᠢᠨᠠᠨ ᠮᠤᠵᠢ ᠵᠢᠨ ᠰᠠᠨᠶᠠ ᠬᠤᠳᠠ᠂ ᠴᠦᠩᠴᠢᠩ ᠬᠤᠳᠠ ᠵᠢᠨ ᠯᠢᠶᠠᠩ ᠵᠢᠶᠠᠩ ᠰᠢᠨ᠎ᠡ ᠲᠣᠭᠤᠷᠢᠭ᠂ ᠭᠠᠨᠰᠤ ᠮᠤᠵᠢ ᠵᠢᠨ ᠯᠠᠨᠵᠧᠦ ᠬᠤᠳᠠ᠂ ᠨᠢᠩᠰᠢᠶᠠ ᠵᠢᠨ ᠬᠤᠲᠣᠩ ᠦᠨᠳᠦᠰᠦᠲᠡᠨ᠎ᠤ ᠥᠪᠡᠷᠲᠡᠭᠡᠨ ᠵᠠᠰᠠᠬᠤ ᠣᠷᠣᠨ᠎ᠤ ᠢᠷᠭ᠋ᠠᠢ ᠬᠤᠲᠠ ᠪᠣᠯᠣᠨ᠎ᠠ᠃

 

ᠢᠷᠡᠯᠲᠡ᠄ ᠥᠪᠥᠷ ᠮᠣᠩᠭᠤᠯ᠎ᠤᠨ ᠵᠠᠰᠠᠭ᠎ᠤᠨ ᠣᠷᠳᠣᠨ