ᠥᠪᠥᠷ ᠮᠣᠩᠭᠤᠯ᠎ᠤᠨ ᠱᠢᠨ ᠳ᠋ᠠ ᠶᠦᠨ ᠴᠤᠸᠠᠩ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠤᠨ ᠬᠢᠵᠠᠭᠠᠷᠲᠤ ᠺᠣᠮᠫᠠᠨᠢ᠎ᠶ᠋ᠢᠨ ᠷᠠᠳᠢᠣ᠋ ᠲᠧᠯᠸᠢᠰ᠎ᠤᠨ ᠫᠷᠤᠭ᠌ᠷᠠᠮ ᠤᠢ᠌ᠯᠡᠳᠴᠦ ᠡᠵᠡᠩᠨᠡᠬᠦ ᠲᠤᠬᠠᠢᠯᠠᠭ᠍ᠰᠠᠨ ᠠᠵᠢᠯ ᠥᠷᠨᠢᠭᠦᠯᠬᠦ᠌᠎ᠶ᠋ᠢ ᠵᠥᠪᠱᠢᠶᠡᠷᠡᠬᠦ᠌ ᠲᠤᠬᠠᠶ ᠴᠣᠬᠤᠯᠠᠪᠤᠷᠢ
2026-01-08

ᠥᠪᠥᠷ ᠮᠣᠩᠭᠤᠯ᠎ᠤᠨ ᠱᠢᠨ ᠳ᠋ᠡ ᠶᠦᠨ ᠴᠤᠸᠠᠩ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ᠎ᠤᠨ ᠬᠢᠵᠠᠭᠠᠷᠲᠤ ᠺᠣᠮᠫᠠᠨᠢ᠎ᠳᠤ᠄

ᠲᠠᠨ᠎ᠤ ᠺᠣᠮᠫᠠᠨᠢ ᠷᠠᠳᠢᠤ᠋ ᠲᠸᠯᠸᠢᠰ᠎ᠤᠨ ᠫᠷᠣᠭ᠌ᠷᠠᠮ ᠤᠢ᠌ᠯᠡᠳᠴᠦ ᠡᠵᠡᠩᠨᠡᠬᠦ ᠲᠣᠬᠠᠢ᠌ᠯᠠᠭᠰᠨ ᠠᠵᠢᠯ᠎ᠢ ᠦᠷᠨᠢᠭᠦᠯᠬᠦ᠌ ᠭᠤᠶᠤᠴᠢᠯᠠᠬᠤ ᠮᠠᠲᠸᠷᠢᠶᠠᠯ᠎ᠢ ᠲᠣᠰᠴᠦ ᠣᠯᠪᠠ᠃ ᠰᠤᠳᠤᠯᠤᠯᠲᠠ᠎ᠪᠠᠷ ᠳᠠᠮᠵᠢᠭᠠᠳ᠂ ᠡᠳᠦᠭᠡ ᠳᠣᠤᠷᠠᠬᠢ ᠮᠡᠲᠦ ᠴᠤᠬᠤᠯᠠᠪᠤᠷᠢᠯᠠᠪᠠ᠃

ᠨᠢᠭᠡ᠂ ᠤᠯᠤᠰ᠎ᠤᠨ ᠷᠠᠳᠢᠣ᠋ ᠲᠧᠯᠸᠢᠰ᠎ᠤᠨ ᠶᠡᠷᠦᠩᠬᠡᠶ ᠲᠣᠪᠴᠢᠶ᠎ᠠ᠎ᠶ᠋ᠢᠨ 《 ᠷᠠᠳᠢᠣ᠋ ᠲᠧᠯᠸᠢᠰ᠎ᠤᠨ ᠫᠷᠤᠭ᠌ᠷᠠᠮ ᠤᠢ᠌ᠯᠡᠳᠴᠦ ᠡᠵᠡᠩᠨᠡᠬᠦ ᠬᠠᠮᠢᠶᠠᠷᠤᠯᠲᠠ᠎ᠶ᠋ᠢᠨ ᠲᠣᠭ᠍ᠲᠠᠭᠠᠯ 》   ( ᠶᠡᠷᠦᠩᠬᠡᠶ ᠲᠣᠪᠴᠢᠶ᠎ᠠ᠎ᠶ᠋ᠢᠨ ᠵᠠᠷᠯᠢᠭ 34 ᠳ᠋ᠦ᠍ᠭᠡᠷ ᠲᠣᠭᠠᠲᠤ )᠎ᠤᠨ ᠬᠤᠯᠪᠣᠭ᠍ᠳᠠᠯ ᠪᠥᠬᠦᠶ ᠲᠣᠭ᠍ᠲᠠᠭᠠᠯ᠎ᠢ ᠦᠨᠳᠦᠰᠦᠯᠡᠨ᠂ ᠲᠠᠨ᠎ᠤ ᠺᠣᠮᠫᠠᠨᠢ᠎ᠶ᠋ᠢᠨ ᠷᠠᠳᠢᠣ᠋ ᠲᠧᠯᠸᠢᠰ᠎ᠤᠨ ᠫᠷᠤᠭ᠌ᠷᠠᠮ ᠤᠢ᠌ᠯᠡᠳᠴᠦ ᠡᠵᠡᠩᠨᠡᠬᠦ ᠲᠤᠬᠠᠢᠯᠠᠭ᠍ᠰᠠᠨ ᠠᠵᠢᠯ ᠥᠷᠨᠢᠭᠦᠯᠬᠦ᠌᠎ᠶ᠋ᠢ ᠵᠥᠪᠱᠢᠶᠡᠷᠡᠬᠦ᠌᠎ᠶ᠋ᠢᠨ ᠬᠠᠮᠲᠤ 《 ᠷᠠᠳᠢᠣ᠋ ᠲᠧᠯᠸᠢᠰ᠎ᠤᠨ ᠫᠷᠤᠭ᠌ᠷᠠᠮ ᠤᠢ᠌ᠯᠡᠳᠴᠦ ᠡᠵᠡᠩᠨᠡᠬᠦ ᠵᠥᠪᠱᠢᠶᠡᠷᠡᠯ᠎ᠤᠨ ᠦᠨᠡᠮᠯᠡᠯ᠎ᠢ ᠣᠯᠭᠣᠪᠠ 》᠂ ᠳ᠋ᠤᠭᠠᠷ᠄ ( ᠦᠪᠦᠷ ᠮᠣᠩᠭᠤᠯ ) ᠦᠰᠦᠭ᠎ᠤᠨ 684 ᠳ᠋ᠦ᠍ᠭᠡᠷ ᠲᠣᠭᠠᠲᠤ᠌᠂ ᠬᠦᠴᠦᠨ᠎ᠲᠠᠢ ᠬᠤᠭᠤᠴᠠᠭ᠎ᠠ᠎ᠨᠢ 2026 ᠣᠨ᠎ᠤ 1 ᠳ᠋ᠦ᠍ᠭᠡᠷ ᠰᠠᠷ᠎ᠠ᠎ᠶ᠋ᠢᠨ 4᠎ᠤ ᠡᠳᠦᠷ᠎ᠠᠴᠠ 2028 ᠣᠨ᠎ᠤ 1 ᠳ᠋ᠦ᠍ᠭᠡᠷ ᠰᠠᠷ᠎ᠠ᠎ᠶ᠋ᠢᠨ 3᠎ᠤ ᠡᠳᠦᠷ  ᠪᠣᠯᠲᠠᠯ᠎ᠠ᠃

ᠬᠤᠶᠠᠷ᠂ ᠷᠠᠳᠢᠣ᠋ ᠲᠧᠯᠸᠢᠰ᠎ᠤᠨ ᠫᠷᠤᠭ᠌ᠷᠠᠮ ᠦᠶ᠋ᠯᠡᠳᠴᠦ᠍ ᠡᠵᠡᠩᠨᠡᠬᠦ᠌ ᠬᠦᠷᠢᠶ᠎ᠡ ᠬᠡᠪᠴᠢᠶ᠎ᠡ᠎ᠨᠢ ᠄ ᠲᠤᠰᠭᠠᠶ ᠰᠡᠳᠦᠪ᠂ ᠲᠤᠰᠭᠠᠶ ᠪᠤᠯᠤᠩ᠂ ᠶᠡᠷᠦᠩᠬᠡᠢᠯᠡᠭ᠌ᠰᠡᠨ ᠤᠷᠠᠯᠢᠭ᠂ ᠺᠠᠷᠲ᠋ᠣᠨ ᠺᠢᠨᠣ᠋᠂ ᠷᠠᠳᠢᠣ᠋ ᠵᠦᠴᠦᠭᠡ᠂ ᠲᠧᠯᠸᠢᠰ ᠵᠦᠴᠦᠭᠡ ᠵᠡᠷᠭᠡ ᠷᠠᠳᠢᠣ᠋ ᠲᠧᠯᠸᠢᠰ᠎ᠤᠨ ᠫᠷᠤᠭ᠌ᠷᠠᠮ᠎ᠢ ᠦᠶ᠋ᠯᠡᠳᠬᠦ᠌ ᠪᠠ ᠫᠷᠤᠭ᠌ᠷᠠᠮ᠎ᠤᠨ ᠬᠡᠪᠯᠡᠯ᠎ᠤᠨ ᠡᠷᠬᠡ᠎ᠶ᠋ᠢ ᠠᠷᠠᠯᠵᠢᠶᠠᠯᠠᠬᠤ ᠪᠠ ᠣᠷᠣᠯᠠᠨ ᠠᠷᠠᠯᠵᠢᠶᠠᠯᠠᠬᠤ ᠶᠠᠪᠤᠳᠠᠯ ᠪᠣᠯᠤᠨ᠎ᠠ᠃ ᠡᠵᠡᠩᠨᠡᠯᠲᠡ᠎ᠶ᠋ᠢᠨ ᠠᠷᠭ᠎ᠠ ᠮᠠᠶᠢᠭ᠄ ᠦᠢᠯᠡᠳᠬᠦ᠂ ᠬᠠᠭᠤᠯᠪᠤᠷᠢᠯᠠᠬᠤ᠂ ᠲᠠᠷᠬᠠᠭᠠᠨ᠎ᠠ᠃

ᠭᠤᠷᠪᠠ᠂ ᠲᠠᠨ᠎ᠤ ᠺᠣᠮᠫᠠᠨᠢ 《 ᠷᠠᠳᠢᠣ᠋ ᠲᠧᠯᠸᠢᠰ᠎ᠤᠨ ᠫᠷᠤᠭ᠌ᠷᠠᠮ ᠣᠢ᠌ᠯᠡᠳᠴᠦ ᠡᠵᠡᠩᠨᠡᠬᠦ ᠵᠥᠪᠱᠢᠶᠡᠷᠡᠯ᠎ᠤᠨ ᠦᠨᠡᠮᠯᠡᠯ 》᠎ᠢ ᠬᠢᠨᠠᠨ ᠵᠥᠪᠱᠢᠶᠡᠷᠡᠭ᠌ᠰᠡᠨ ᠤᠢ᠌ᠯᠡᠳᠴᠦ ᠡᠵᠡᠩᠨᠡᠬᠦ ᠬᠡᠪᠴᠢᠶ᠎ᠡ᠎ᠶ᠋ᠢ ᠴᠢᠩᠭ᠎ᠠ ᠵᠢᠷᠤᠮᠯᠠᠨ ᠲᠤᠬᠠᠢᠯᠠᠭ᠍ᠰᠠᠨ ᠠᠵᠢᠯ᠎ᠤᠨ ᠠᠵᠢᠯᠯᠠᠭ᠎ᠠ ᠥᠷᠨᠢᠭᠦᠯᠵᠦ᠍᠂ ᠤᠢ᠌ᠯᠡᠳᠴᠦ ᠡᠵᠡᠩᠨᠡᠬᠦ ᠠᠵᠢᠯᠯᠠᠭ᠎ᠠ᠎ᠳᠤ ᠡᠷᠬᠡᠪᠰᠢ ᠤᠯᠤᠰ᠎ᠤᠨ ᠬᠠᠤᠯᠢ ᠴᠠᠭᠠᠵᠠ᠂ ᠬᠠᠤᠯᠢ ᠲᠣᠭ᠍ᠲᠠᠭᠠᠯ ᠪᠠ ᠬᠤᠯᠪᠣᠭ᠍ᠳᠠᠯ ᠪᠥᠬᠦᠶ ᠲᠥᠷᠥ᠎ᠶ᠋ᠢᠨ ᠪᠣᠳᠣᠯᠭ᠎ᠠ᠎ᠶ᠋ᠢ ᠵᠢᠷᠤᠮᠯᠠᠬᠤ ᠬᠡᠷᠡᠭ᠌ᠲᠡᠶ᠃ ᠲᠤᠬᠠᠢ᠎ᠶ᠋ᠢᠨ ᠴᠠᠭ᠎ᠤᠨ ᠤᠯᠤᠰ ᠲᠥᠷᠥ᠎ᠶ᠋ᠢᠨ ᠰᠣᠨᠢᠨ ᠮᠡᠳᠡᠭᠡ ᠵᠢᠴᠢ ᠠᠳᠠᠯᠢ ᠲᠥᠷᠥᠯ᠎ᠦᠨ ᠲᠤᠰᠭᠠᠢ ᠰᠡᠳᠦᠪ᠂ ᠲᠤᠰᠭᠠᠢ ᠪᠤᠯᠤᠩ ᠵᠡᠷᠭᠡ ᠷᠠᠳᠢᠣ᠋ ᠲᠧᠯᠸᠢᠰ᠎ᠦᠨ ᠫᠷᠤᠭ᠌ᠷᠠᠮ᠎ᠢ ᠦᠢᠯᠡᠳᠴᠦ᠍ ᠪᠣᠯᠬᠤ ᠦᠭᠡᠢ᠃ ᠴᠢᠬᠤᠯᠠ ᠶᠡᠬᠡ ᠬᠤᠪᠢᠰᠭᠠᠯ ᠪᠣᠯᠤᠨ ᠲᠡᠦᠬᠡ᠎ᠶ᠋ᠢᠨ ᠰᠡᠳᠦᠪᠲᠦ ᠲᠧᠯᠸᠢᠰ ᠵᠦᠴᠦᠭᠡ᠂ ᠣᠨᠣᠯ᠎ᠤᠨ ᠰᠤᠷᠪᠤᠯᠵᠢ ᠪᠢᠴᠢᠭ ᠲᠧᠯᠸᠢᠰ᠎ᠦᠨ ᠲᠤᠰᠭᠠᠶ ᠰᠡᠳᠦᠪᠲᠦ ᠹᠢᠯᠢᠮ ᠵᠡᠷᠭᠡ ᠷᠠᠳᠢᠣ᠋ ᠲᠧᠯᠸᠢᠰ᠎ᠦᠨ ᠫᠷᠤᠭ᠌ᠷᠠᠮ᠎ᠢ ᠦᠢᠯᠡᠳᠬᠦ᠌᠎ᠳᠦ ᠡᠷᠬᠡᠪᠰᠢ ᠤᠯᠤᠰ᠎ᠤᠨ ᠷᠠᠳᠢᠣ᠋ ᠲᠧᠯᠸᠢᠰ᠎ᠦᠨ ᠶᠡᠷᠦᠩᠬᠡᠶ ᠲᠣᠪᠴᠢᠶᠠᠨ᠎ᠤ ᠬᠣᠯᠪᠣᠭ᠍ᠳᠠᠯ ᠪᠦᠬᠦᠢ ᠲᠣᠭ᠍ᠲᠠᠭᠠᠯ ᠶᠣᠰᠣᠭᠠᠷ ᠬᠡᠷᠡᠭ᠌ᠵᠢᠭᠦᠯᠬᠦ᠌ ᠬᠡᠷᠡᠭ᠌ᠲᠡᠶ᠃ ᠺᠠᠷᠲ᠋ᠣᠨ ᠺᠢᠨᠣ᠋᠂ ᠲᠧᠯᠸᠢᠰ ᠵᠦᠴᠦᠭᠡ ᠤᠢ᠌ᠯᠡᠳᠬᠦ᠎ᠳᠤ᠎ᠪᠠᠨ ᠥᠪᠡᠷᠲᠡᠭᠡᠨ ᠵᠠᠰᠠᠬᠤ ᠣᠷᠣᠨ᠎ᠤ ᠷᠠᠳᠢᠣ᠋ ᠲᠧᠯᠸᠢᠰ᠎ᠦᠨ ᠲᠣᠪᠴᠢᠶ᠎ᠠ᠎ᠪᠠᠷ ᠬᠢᠨᠠᠨ ᠬᠠᠷᠭᠤᠭᠤᠯᠬᠤ᠎ᠶ᠋ᠢᠨ ᠬᠠᠮᠲᠤ ᠬᠣᠯᠪᠣᠭ᠍ᠳᠠᠯ ᠪᠦᠬᠦᠢ ᠭᠠᠷᠳᠠᠮ᠎ᠢ ᠭᠦᠢᠴᠡᠳᠭᠡᠬᠦ᠌ ᠬᠡᠷᠡᠭ᠌ᠲᠡᠶ᠃

ᠲᠦᠷᠪᠡ᠂ ᠨᠡᠢᠳᠡᠯᠡᠭ᠌ᠰᠡᠨ 《 ᠷᠠᠳᠢᠤ᠋ ᠲᠧᠯᠸᠢᠰ᠎ᠤᠨ ᠫᠷᠤᠭ᠌ᠷᠠᠮ᠎ᠢ ᠦᠢᠯᠡᠳᠴᠤ᠌ ᠡᠵᠡᠩᠨᠡᠬᠦ᠌ ᠵᠦᠪᠱᠢᠶᠡᠷᠡᠯ᠎ᠤᠨ ᠦᠨᠡᠮᠯᠡᠯ 》᠎ᠢ ᠶᠠᠮᠠᠷᠪᠠ ᠠᠷᠭ᠎ᠠ ᠮᠠᠶᠢᠭ᠎ᠢᠶᠠᠷ ᠪᠠᠯᠠᠯᠬᠤ᠂ ᠲᠦᠷᠢᠶᠡᠰᠦᠯᠡᠬᠦ᠂ ᠱᠢᠯᠵᠢᠭᠦᠯᠬᠦ᠂ ᠬᠤᠳᠠᠯᠳᠤᠬᠤ ᠪᠠ ᠬᠠᠭᠤᠷᠮᠠᠭ᠎ᠢᠶᠠᠷ ᠵᠤᠬᠢᠶᠠᠬᠤ᠎ᠶ᠋ᠢ ᠴᠢᠩᠭ᠎ᠠ ᠴᠠᠭᠠᠵᠠᠯᠠᠨ᠎ᠠ᠃ 《 ᠷᠠᠳᠢᠣ᠋ ᠲᠧᠯᠸᠢᠰ᠎ᠤᠨ ᠫᠷᠤᠭ᠌ᠷᠠᠮ ᠤᠢ᠌ᠯᠡᠳᠴᠦ ᠡᠵᠡᠩᠨᠡᠬᠦ ᠵᠥᠪᠱᠢᠶᠡᠷᠡᠯ᠎ᠤᠨ ᠦᠨᠡᠮᠯᠡᠯ 》᠎ᠳᠤ ᠲᠣᠳᠣᠷᠬᠠᠢᠯᠠᠭ᠍ᠰᠠᠨ ᠦᠶ᠋ᠯᠡᠳᠬᠦ᠌ ᠪᠠᠢᠭᠤᠯᠤᠮᠵᠢ᠎ᠶ᠋ᠢᠨ ᠨᠡᠷᠡᠢᠳᠦᠯ᠂ ᠬᠠᠤᠯᠢ᠎ᠪᠠᠷ ᠲᠣᠭ᠍ᠲᠠᠭᠠᠭ᠍ᠰᠠᠨ ᠲᠥᠯᠥᠭᠡᠯᠡᠭ᠌ᠴᠢ᠂ ᠬᠠᠶᠢᠭ ᠪᠠ ᠲᠦᠷᠢᠮ ᠵᠡᠷᠭᠡ ᠵᠦᠢᠯᠡᠰ᠎ᠲᠤ ᠬᠤᠪᠢᠷᠠᠯᠲᠠ ᠭᠠᠷᠪᠠᠯ᠂ ᠥᠪᠡᠷᠲᠡᠭᠡᠨ ᠵᠠᠰᠠᠬᠤ ᠣᠷᠣᠨ᠎ᠤ ᠷᠠᠳᠢᠣ᠋ ᠲᠧᠯᠸᠢᠰ᠎ᠤᠨ ᠲᠣᠪᠴᠢᠶ᠎ᠠ᠎ᠳᠤ ᠮᠡᠳᠡᠭᠦᠯᠦᠨ ᠬᠤᠪᠢᠷᠠᠭᠤᠯᠬᠤ᠎ᠶ᠋ᠢ ᠬᠢᠨᠠᠨ ᠵᠥᠪᠱᠢᠶᠡᠷᠡᠭᠦᠯᠬᠦ᠌ ᠭᠠᠷᠳᠠᠮ᠎ᠢ ᠭᠦᠢ᠍ᠴᠡᠳᠭᠡᠬᠦ ᠬᠡᠷᠡᠭᠲᠡᠢ; ᠷᠠᠳᠢᠣ᠋ ᠲᠧᠯᠸᠢᠰ᠎ᠤᠨ ᠫᠷᠤᠭ᠌ᠷᠠᠮ ᠤᠢ᠌ᠯᠡᠳᠴᠦ ᠡᠵᠡᠩᠨᠡᠬᠦ ᠠᠵᠢᠯᠯᠠᠭ᠎ᠠ᠎ᠶ᠋ᠢ ᠵᠣᠭ᠍ᠰᠣᠭᠠᠬᠤ᠎ᠳᠤ᠂ 1 ᠭᠠᠷᠠᠭ᠎ᠤᠨ ᠳᠣᠲᠣᠷ᠎ᠠ ᠥᠪᠡᠷᠲᠡᠭᠡᠨ ᠵᠠᠰᠠᠬᠤ ᠣᠷᠣᠨ᠎ᠤ ᠷᠠᠳᠢᠣ᠋ ᠲᠧᠯᠸᠢᠰ᠎ᠤᠨ ᠲᠣᠪᠴᠢᠶ᠎ᠠ᠎ᠳᠤ ᠬᠦᠷᠴᠦ᠍ ᠬᠦᠴᠦᠨ ᠥᠬᠡᠶ ᠪᠣᠯᠭᠠᠬᠤ ᠭᠠᠷᠳᠠᠮ᠎ᠢ ᠭᠦᠶ᠋ᠴᠡᠳᠭᠡᠬᠦ᠌ ᠬᠡᠷᠡᠭ᠌ᠲᠡᠶ᠃

ᠲᠠᠪᠤ᠂ ᠭᠠᠳᠠᠭᠠᠳᠤ᠎ᠳᠤ ᠭᠠᠷᠭᠠᠬᠤ ᠷᠠᠳᠢᠣ᠋ ᠲᠧᠯᠸᠢᠰ᠎ᠦᠨ ᠫᠷᠤᠭ᠌ᠷᠠᠮ ᠪᠤᠶᠤ ᠷᠠᠳᠢᠣ᠋ ᠲᠧᠯᠸᠢᠰ᠎ᠦᠨ ᠫᠷᠤᠭ᠌ᠷᠠᠮ᠎ᠢ ᠬᠢᠯᠢ᠎ᠶ᠋ᠢᠨ ᠭᠠᠳᠠᠨ᠎ᠠ ᠭᠠᠷᠭᠠᠨ ᠦᠵᠡᠭᠦᠯᠵᠦ᠍ ᠨᠡᠪᠲᠡᠷᠡᠭᠦᠯᠬᠦ᠌ ᠠᠵᠢᠯᠯᠠᠭ᠎ᠠ᠎ᠳᠤ ᠣᠷᠣᠯᠴᠠᠭᠣᠯᠪᠠᠯ᠂ ᠥᠪᠡᠷᠲᠡᠭᠡᠨ ᠵᠠᠰᠠᠬᠤ ᠣᠷᠣᠨ᠎ᠤ ᠷᠠᠳᠢᠣ᠋ ᠲᠧᠯᠸᠢᠰ᠎ᠦᠨ ᠲᠣᠪᠴᠢᠶ᠎ᠠ᠎ᠳᠤ ᠤᠷᠢᠳᠴᠢᠯᠠᠨ ᠮᠡᠳᠡᠭᠦᠯᠬᠦ᠌ ᠬᠡᠷᠡᠭ᠌ᠲᠡᠶ᠃

ᠴᠣᠬᠣᠯᠠᠪᠤᠷᠢᠯᠠᠪᠠ᠃

 

                                                          ᠦᠪᠦᠷ ᠮᠣᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠷᠠᠳᠢᠣ᠋ ᠲᠧᠯᠸᠢᠰ᠎ᠤᠨ ᠲᠤᠪᠴᠢᠶ᠎ᠠ

                                                          2026 ᠣᠨ᠎ᠤ 1 ᠳ᠋ᠦ᠍ᠭᠡᠷ ᠰᠠᠷ᠎ᠠ᠎ᠶ᠋ᠢᠨ 4 ᠎ᠤ ᠡᠳᠦᠷ

ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠷᠠᠳᠢᠣ᠋ ᠲᠧᠯᠸᠢᠰ᠎ᠤᠨ ᠲᠣᠪᠴᠢᠶ᠎ᠠ