ᠣᠢᠷ᠎ᠠ᠎ᠳᠤ᠂ ᠥᠪᠡᠷᠲᠡᠭᠡᠨ ᠵᠠᠰᠠᠬᠤ ᠣᠷᠣᠨ᠎ᠤ ᠷᠠᠳᠢᠣ᠋ ᠲᠧᠯᠸᠢᠰ᠎ᠤᠨ ᠲᠣᠪᠴᠢᠶ᠎ᠠ᠎ᠶ᠋ᠢᠨ ᠲᠥᠯᠥᠪᠵᠢᠭᠦᠯᠭᠡ᠎ᠶ᠋ᠢᠨ ᠡᠳ᠋᠎ᠤᠨ ᠶᠠᠪᠤᠳᠠᠯ᠎ᠤᠨ ᠭᠠᠵᠠᠷ᠎ᠤᠨ ᠨᠠᠮ᠎ᠤᠨ ᠡᠭᠦᠷ᠎ᠨᠢ ᠥᠪᠡᠷᠲᠡᠭᠡᠨ ᠵᠠᠰᠠᠬᠤ ᠣᠷᠣᠨ᠎ᠤ ᠬᠥᠭ᠌ᠵᠢᠭᠦᠯᠦᠯᠲᠡ ᠪᠠ ᠥᠭᠡᠷᠡᠴᠢᠯᠡᠯᠲᠡ᠎ᠶ᠋ᠢᠨ ᠵᠥᠪᠯᠡᠯ᠎ᠤᠨ ᠨᠡᠢᠭᠡᠮ᠎ᠤᠨ ᠬᠥᠭ᠌ᠵᠢᠯᠲᠡ᠎ᠶ᠋ᠢᠨ ᠭᠠᠵᠠᠷ᠎ᠤᠨ ᠨᠠᠮ᠎ᠤᠨ ᠡᠭᠦᠷ᠂ ᠥᠪᠡᠷᠲᠡᠭᠡᠨ ᠵᠠᠰᠠᠬᠤ ᠣᠷᠣᠨ᠎ᠤ ᠴᠡᠷᠢᠭ᠎ᠠᠴᠠ ᠬᠠᠯᠠᠭ᠍ᠳᠠᠭ᠍ᠰᠠᠳ᠎ᠤᠨ ᠶᠠᠪᠤᠳᠠᠯ᠎ᠤᠨ ᠲᠢᠩᠬᠢᠮ᠎ᠤᠨ ᠲᠥᠯᠥᠪᠵᠢᠭᠦᠯᠭᠡ᠎ᠶ᠋ᠢᠨ ᠡᠳ᠋᠎ᠤᠨ ᠶᠠᠪᠤᠳᠠᠯ᠎ᠤᠨ ᠭᠠᠵᠠᠷ᠎ᠤᠨ ᠨᠠᠮ᠎ᠤᠨ ᠡᠭᠦᠷ᠂ ᠴᠡᠷᠢᠭ᠎ᠢᠶᠠᠨ ᠬᠦᠷᠢᠶᠡᠯᠡᠨ ᠬᠠᠷᠠᠭᠠᠯᠵᠠᠬᠤ ᠪᠠ ᠰᠠᠢᠱᠢᠶᠠᠨ ᠳᠤᠷᠠᠰᠭᠠᠬᠤ ᠭᠠᠵᠠᠷ᠎ᠤᠨ ᠨᠠᠮ᠎ᠤᠨ ᠡᠭᠦᠷ᠂ ᠳᠤᠮᠳᠠᠳᠤ ᠤᠯᠤᠰ᠎ᠤᠨ ᠷᠠᠳᠢᠣ᠋ ᠲᠧᠯᠸᠢᠰ᠎ᠤᠨ ᠥᠪᠥᠷ ᠮᠣᠩᠭᠤᠯ᠎ᠤᠨ ᠰᠦᠯᠵᠢᠶᠡᠨ᠎ᠤ ᠬᠢᠵᠠᠭᠠᠷᠲᠤ ᠺᠣᠮᠫᠠᠨᠢ᠎ᠶ᠋ᠢᠨ ᠬᠤᠶᠠᠳᠤᠭᠠᠷ ᠡᠭᠦᠷ᠂ ᠥᠪᠡᠷᠲᠡᠭᠡᠨ ᠵᠠᠰᠠᠬᠤ ᠣᠷᠣᠨ᠎ᠤ ᠷᠠᠳᠢᠣ᠋ ᠲᠧᠯᠸᠢᠰ᠎ᠤᠨ ᠲᠣᠪᠴᠢᠶ᠎ᠠ᠎ᠶ᠋ᠢᠨ ᠳᠠᠮᠵᠢᠭᠤᠯᠤᠨ ᠰᠠᠴᠤᠷᠠᠭᠤᠯᠬᠤ ᠲᠥᠪ᠎ᠤᠨ 706 ᠰᠠᠭᠣᠷᠢ ᠨᠠᠮ᠎ᠤᠨ ᠡᠭᠦᠷ᠎ᠲᠠᠢ ᠬᠠᠮᠲᠤᠷᠠᠨ᠂ ᠬᠠᠮᠲᠤ᠎ᠪᠠᠷ 《ᠶᠠᠫᠣᠨ᠎ᠢ ᠡᠰᠡᠷᠭᠦᠴᠡᠬᠦ᠌ ᠲᠠᠢᠨ᠎ᠤ ᠵᠣᠷᠢᠭ ᠰᠠᠨᠠᠭ᠎ᠠ᠎ᠶ᠋ᠢ ᠦᠶ᠎ᠡ᠎ᠶ᠋ᠢᠨ ᠦᠶ᠎ᠡ᠎ᠳᠤ ᠤᠯᠠᠮᠵᠢᠯᠠᠨ ᠪᠦᠯᠬᠦᠮᠳᠡᠵᠦ᠍ ᠱᠢᠨ᠎ᠡ ᠠᠶᠠᠨ ᠵᠠᠮ᠎ᠳᠤ ᠤᠷᠤᠭ᠍ᠰᠢᠯᠠᠬᠤ》 ᠭᠤᠣᠯ ᠰᠡᠳᠦᠪᠲᠦ ᠨᠠᠮ᠎ᠤᠨ ᠡᠳᠦᠷ᠎ᠤᠨ ᠠᠵᠢᠯᠯᠠᠭ᠎ᠠ᠎ᠶ᠋ᠢ ᠥᠷᠨᠢᠭᠦᠯᠪᠡ᠃
ᠥᠪᠥᠷ ᠮᠣᠩᠭᠤᠯ᠎ᠤᠨ ᠬᠤᠪᠢᠰᠭᠠᠯ᠎ᠤᠨ ᠦᠷᠡᠭ᠌ᠳᠡᠭ᠌ᠰᠡᠨ ᠪᠠᠭᠠᠲᠤᠷᠴᠤᠳ᠎ᠤᠨ ᠪᠤᠩᠬᠤᠨ᠎ᠳᠤ ᠪᠦᠬᠦ᠌ ᠨᠠᠮ᠎ᠤᠨ ᠭᠡᠱᠢᠭᠦᠨ ᠺᠠᠳ᠋ᠷᠴᠤᠳ ᠦᠷᠡᠭ᠌ᠳᠡᠭ᠌ᠰᠡᠨ ᠪᠠᠭᠠᠲᠤᠷᠴᠤᠳ᠎ᠤᠨ ᠳᠤᠷᠠᠰᠭᠠᠯ᠎ᠤᠨ ᠬᠥᠱᠢᠶ᠎ᠡ᠎ᠶ᠋ᠢᠨ ᠡᠮᠦᠨ᠎ᠡ ᠲᠡᠷᠢ ᠲᠡᠭ᠌ᠰᠢ ᠵᠢᠭ᠍ᠰᠠᠵᠤ᠂ ᠰᠣᠷᠭᠤᠭ ᠴᠡᠴᠡᠭ ᠬᠦᠷᠭᠡᠵᠦ᠍᠂ ᠨᠠᠮᠠᠨᠴᠢᠯᠠᠨ ᠭᠠᠱᠢᠭᠤᠳᠠᠵᠤ᠂ ᠬᠤᠪᠢᠰᠭᠠᠯ᠎ᠤᠨ ᠦᠷᠡᠭ᠌ᠳᠡᠭ᠌ᠰᠡᠨ ᠪᠠᠭᠠᠲᠤᠷᠴᠤᠳ᠎ᠤᠨ ᠲᠡᠮᠡᠴᠡᠯ᠎ᠤᠨ ᠥᠩᠭᠡᠷᠡᠯᠲᠡ᠎ᠶ᠋ᠢ ᠭᠦᠨ ᠡᠷᠭᠢᠴᠡᠭᠦᠯᠪᠡ᠃ ᠳᠠᠷᠠᠭ᠎ᠠ᠎ᠨᠢ᠂ ᠨᠠᠮ᠎ᠤᠨ ᠭᠡᠱᠢᠭᠦᠨ ᠺᠠᠳ᠋ᠷ ᠥᠪᠡᠷᠲᠡᠭᠡᠨ ᠵᠠᠰᠠᠬᠤ ᠣᠷᠣᠨ᠎ᠤ ᠷᠠᠳᠢᠣ᠋ ᠲᠧᠯᠸᠢᠰ᠎ᠤᠨ ᠲᠣᠪᠴᠢᠶ᠎ᠠ᠎ᠶ᠋ᠢᠨ ᠳᠠᠮᠵᠢᠭᠣᠯᠣᠨ ᠰᠠᠴᠤᠷᠠᠭᠤᠯᠬᠤ ᠲᠥᠪ᠎ᠲᠤ ᠬᠦᠷᠴᠦ᠍ 706 ᠰᠠᠭᠣᠷᠢ ᠷᠠᠳᠢᠣ᠋ ᠲᠧᠯᠸᠢᠰ᠎ᠤᠨ ᠳᠣᠬᠢᠶᠠᠨ᠎ᠤ ᠳᠠᠮᠵᠢᠭᠤᠯᠭ᠎ᠠ᠂ ᠲᠥᠬᠦᠭᠡᠷᠦᠮᠵᠢ᠎ᠶ᠋ᠢᠨ ᠠᠵᠢᠯᠯᠠᠭᠠᠨ ᠪᠠ ᠠᠮᠤᠷ ᠲᠦᠪᠱᠢᠨ ᠨᠡᠪᠲᠡᠷᠡᠭᠦᠯᠭᠡ ᠶ᠋ᠢᠨ ᠪᠠᠲᠤᠯᠠᠭ᠎ᠠ ᠵᠡᠷᠭᠡ ᠠᠵᠢᠯ᠎ᠤᠨ ᠪᠠᠢᠳᠠᠯ᠎ᠢ ᠭᠦᠨᠵᠡᠭᠡᠶ ᠣᠢᠯᠠᠭᠠᠵᠤ᠂ ᠲᠤᠰᠭᠠᠶ ᠰᠡᠳᠦᠪᠲᠦ ᠸᠢᠳᠢᠣ᠋ ᠣᠬᠤᠷ ᠹᠢᠯᠢᠮ᠎ᠢ ᠦᠵᠡᠵᠦ᠍᠂ ᠲᠤᠬᠠᠶ᠎ᠶ᠋ᠢᠨ ᠲᠠᠯᠠᠪᠠᠶ᠎ᠳᠤ ᠷᠠᠳᠢᠣ᠋ ᠲᠧᠯᠸᠢᠰ᠎ᠤᠨ ᠦᠢᠯᠡᠰ᠎ᠤᠨ ᠬᠥᠭ᠌ᠵᠢᠯᠲᠡ᠎ᠶ᠋ᠢᠨ ᠲᠡᠮᠡᠴᠡᠯ᠎ᠤᠨ ᠥᠩᠭᠡᠷᠡᠯᠲᠡ᠎ᠶ᠋ᠢ ᠣᠢᠯᠠᠭᠠᠪᠠ᠃ ᠤᠯᠠᠨ᠎ᠢᠶᠠᠷ᠎ᠢᠶᠠᠨ᠂ ᠬᠤᠪᠢᠰᠭᠠᠯ᠎ᠤᠨ ᠠᠬᠠᠮᠠᠳ ᠦᠶ᠎ᠡ᠎ᠶ᠋ᠢᠨ᠎ᠬᠢᠨ᠎ᠤ ᠱᠢᠯᠢᠳᠡᠭ ᠤᠯᠠᠮᠵᠢᠯᠠᠯ᠎ᠢ ᠵᠠᠯᠭᠠᠮᠵᠢᠯᠠᠨ ᠪᠠᠳᠠᠷᠠᠭᠤᠯᠵᠤ᠂ ᠠᠵᠢᠯᠯᠠᠭ᠎ᠠ᠎ᠶ᠋ᠢᠨ ᠳᠤᠮᠳᠠ ᠣᠷᠭᠢᠯᠤᠭ᠍ᠰᠠᠨ ᠬᠠᠯᠠᠭᠤᠨ ᠰᠡᠳᠭᠢᠯᠭᠡ᠎ᠶ᠋ᠢ ᠲᠤᠱᠢᠶᠠᠯ ᠬᠠᠷᠢᠭᠤᠴᠠᠯᠭ᠎ᠠ᠎ᠪᠠᠨ ᠭᠦᠢᠴᠡᠳᠭᠡᠬᠦ᠂ ᠬᠠᠷᠢᠭᠤᠴᠠᠯᠭ᠎ᠠ ᠡᠭᠦᠷᠭᠡᠯᠡᠨ ᠵᠢᠳᠬᠦᠯ ᠴᠢᠷᠮᠠᠢᠯᠭ᠎ᠠ ᠭᠠᠷᠭᠠᠬᠤ ᠬᠦᠴᠦᠷᠬᠡᠭ ᠶᠡᠭᠡ ᠬᠥᠳᠡᠯᠭᠡᠬᠦ᠌ ᠬᠦᠴᠦᠨ ᠪᠣᠯᠭᠠᠨ ᠬᠤᠪᠢᠷᠠᠭᠤᠯᠤᠨ᠎ᠠ ᠭᠡᠵᠦ᠍ ᠰᠠᠨᠠᠯ ᠨᠢᠭᠡᠲᠡᠢ ᠢᠯᠡᠳᠭᠡᠪᠡ᠃
(ᠲᠦᠯᠦᠪᠵᠢᠭᠦᠯᠭᠡ ᠶ᠋ᠢᠨ ᠡᠳ᠋᠎ᠤᠨ ᠶᠠᠪᠤᠳᠠᠯ᠎ᠤᠨ ᠭᠠᠵᠠᠷ)