ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠠᠮᠢ ᠠᠬᠤᠢ᠎ᠶᠢᠨ ᠬᠠᠮᠠᠭᠠᠯᠠᠯᠲᠠ
ᠪᠣᠬᠢᠷᠲᠤᠯ᠎ᠢ ᠰᠡᠷᠭᠡᠶ᠋ᠢᠯᠡᠨ ᠵᠠᠰᠠᠬᠤ
ᠪᠣᠬᠢᠷᠳᠤᠯ᠎ᠢ ᠰᠡᠷᠭᠡᠢ᠌ᠯᠡᠨ ᠵᠠᠰᠠᠬᠤ ᠪᠣᠭᠣᠮᠲᠠ ᠰᠢᠪᠲᠤᠯᠬᠤ ᠲᠠᠢ᠌ᠯᠠᠯᠳᠣᠭ᠋ᠠᠨ
ᠵᠢᠷᠭᠤᠭ᠋ᠠᠨ ᠠᠬᠢᠭᠤᠯᠬᠤ ᠳᠦᠷᠢᠮ᠎ᠢ ᠭᠦᠨᠵᠡᠭᠡᠢ ᠲᠣᠭᠣᠰᠢᠯᠠᠭᠣᠯᠣᠶ᠎ᠠ
ᠰᠣᠨᠢᠨ ᠮᠡᠳᠡᠭᠡ   -   ᠶᠠᠮᠣᠨ᠎ᠤ ᠮᠡᠳᠡᠭᠡ
ᠠᠮᠢ ᠠᠬᠤᠢ ᠣᠷᠴᠢᠨ ᠲᠣᠭᠣᠷᠢᠨ᠎ᠤ ᠶᠠᠮᠤᠨ᠎ᠤ ᠨᠢᠭᠡ ᠭᠠᠷᠠᠭ᠎ᠤᠨ ᠴᠢᠬᠤᠯᠠ ᠮᠡᠳᠡᠭᠡ (11.16︱11.22)
ᠨᠡᠶ᠋ᠢᠲᠡᠯᠡᠭᠰᠡᠨ ᠴᠠᠭ᠄ 2025-11-29

      1. ᠰᠦᠨ ᠵᠢᠨ ᠯᠦᠩ ᠱᠦᠵᠢ ᠰᠢᠨᠬᠤᠸᠠ ᠬᠣᠷᠢᠶᠠᠨ᠎ᠤ ᠡᠷᠬᠡ ᠰᠦᠷᠲᠦ ᠰᠣᠷᠪᠤᠯᠵᠢᠯᠠᠭ᠎ᠠ᠎ᠶᠢ ᠬᠦᠯᠢᠶᠡᠪᠡ᠄ ᠦᠵᠡᠰᠬᠦᠯᠡᠩᠲᠦ ᠰᠠᠢᠬᠠᠨ ᠳᠤᠮᠳᠠᠳᠤ ᠤᠯᠤᠰ᠎ᠤᠨ ᠪᠦᠲᠦᠭᠡᠨ ᠪᠠᠢᠭᠤᠯᠤᠯᠲᠠ᠎ᠶᠢᠨ ᠴᠢᠬᠤᠯᠠ ᠶᠡᠬᠡ ᠰᠢᠨ᠎ᠡ ᠠᠬᠢᠴᠠ᠎ᠲᠠᠢ ᠪᠣᠯᠬᠤ᠎ᠶᠢ ᠴᠢᠷᠮᠠᠢᠨ ᠠᠬᠢᠭᠤᠯᠤᠶ᠎ᠠ
      ᠦᠵᠡᠰᠬᠦᠯᠡᠩᠲᠦ ᠰᠠᠢᠬᠠᠨ ᠳᠤᠮᠳᠠᠳᠤ ᠤᠯᠤᠰ᠎ᠢ ᠪᠦᠲᠦᠭᠡᠨ ᠪᠠᠶ᠋ᠢᠭᠤᠯᠬᠤ ᠪᠣᠯ ᠨᠡᠢᠭᠡᠮ ᠵᠢᠷᠤᠮ᠎ᠤᠨ ᠣᠳᠣᠬᠢᠴᠢᠯᠠᠭᠰᠠᠨ ᠤᠯᠤᠰ᠎ᠢ ᠪᠦᠬᠦ ᠲᠠᠯ᠎ᠠ᠎ᠪᠠᠷ ᠪᠦᠲᠦᠭᠡᠨ ᠪᠠᠶ᠋ᠢᠭᠤᠯᠬᠤ᠎ᠶᠢᠨ ᠴᠢᠬᠤᠯᠠ ᠬᠠᠷᠠᠯᠲᠠ ᠮᠥᠨ᠂ ᠳᠤᠮᠳᠠᠳᠤ᠎ᠶᠢᠨ ᠦᠨᠳᠦᠰᠦᠲᠡᠨ᠎ᠦ ᠠᠭᠤᠤ ᠶᠡᠬᠡ ᠰᠡᠷᠭᠦᠨ ᠮᠠᠨᠳᠤᠯᠲᠠ᠎ᠶᠢᠨ ᠳᠤᠮᠳᠠᠳᠤ᠎ᠶᠢᠨ ᠵᠡᠭᠦᠳᠦ᠎ᠶᠢ ᠲᠡᠷᠭᠡᠯᠰᠢᠭᠦᠯᠬᠦ᠎ᠶᠢᠨ ᠴᠢᠬᠤᠯᠠ ᠠᠭᠤᠯᠭ᠎ᠠ ᠮᠥᠨ᠃ ᠨᠠᠮ᠎ᠤᠨ ᠬᠣᠷᠢᠳᠤᠭᠠᠷ ᠬᠤᠭᠤᠴᠠᠭᠠᠨ᠎ᠤ ᠲᠥᠪ ᠬᠣᠷᠢᠶᠠᠨ᠎ᠤ ᠳᠥᠷᠪᠡᠳᠦᠭᠡᠷ ᠪᠥᠬᠥᠳᠡ ᠬᠤᠷᠠᠯ᠎ᠠᠴᠠ ᠬᠢᠨᠠᠨ ᠶᠠᠷᠢᠯᠴᠠᠵᠤ ᠪᠠᠲᠤᠯᠠᠭᠰᠠᠨ 《ᠤᠯᠤᠰ ᠠᠷᠠᠳ᠎ᠤᠨ ᠠᠵᠤ ᠠᠬᠤᠢ ᠪᠠ ᠨᠡᠢᠭᠡᠮ᠎ᠦᠨ ᠬᠥᠭᠵᠢᠯᠲᠡ᠎ᠶᠢᠨ ᠠᠷᠪᠠᠨ ᠲᠠᠪᠤᠳᠤᠭᠠᠷ ᠲᠠᠪᠤᠨ ᠵᠢᠯ᠎ᠦᠨ ᠲᠥᠯᠦᠪᠵᠢᠭᠦᠯᠭᠡ᠎ᠶᠢ ᠲᠣᠭᠲᠠᠭᠠᠬᠤ ᠲᠤᠬᠠᠢ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠣᠷᠢᠶᠠᠨ᠎ᠤ ᠰᠠᠨᠠᠭᠤᠯᠭ᠎ᠠ》᠎ᠳᠤ 《 ᠠᠷᠪᠠᠨ ᠲᠠᠪᠤᠳᠤᠭᠠᠷ ᠲᠠᠪᠤᠨ ᠵᠢᠯ 》᠎ᠦᠨ ᠲᠥᠯᠦᠪᠵᠢᠭᠦᠯᠭᠡ᠎ᠶᠢᠨ ᠬᠤᠭᠤᠴᠠᠭᠠᠨ᠎ᠳᠠᠬᠢ ᠠᠮᠢ ᠠᠬᠤᠢ᠎ᠶᠢᠨ ᠪᠣᠯᠪᠠᠰᠤᠨ᠎ᠤ ᠪᠠᠢᠭᠤᠯᠤᠯᠲᠠ ᠪᠠ ᠠᠮᠢ ᠠᠬᠤᠢ ᠣᠷᠴᠢᠨ ᠲᠣᠭᠣᠷᠢᠨ᠎ᠤ ᠬᠠᠮᠠᠭᠠᠯᠠᠯᠲᠠ᠎ᠶᠢᠨ ᠲᠤᠬᠠᠢ ᠴᠢᠬᠤᠯᠠ ᠶᠡᠬᠡ ᠪᠠᠢᠷᠢᠯᠠᠭᠤᠯᠤᠯᠲᠠ ᠬᠢᠵᠦ᠂ ᠦᠵᠡᠰᠬᠦᠯᠡᠩᠲᠦ ᠰᠠᠢᠬᠠᠨ ᠳᠤᠮᠳᠠᠳᠤ ᠤᠯᠤᠰ᠎ᠤᠨ ᠪᠦᠲᠦᠭᠡᠨ ᠪᠠᠢᠭᠤᠯᠤᠯᠲᠠ᠎ᠶᠢ ᠴᠢᠬᠤᠯᠠ ᠶᠡᠬᠡ ᠰᠢᠨ᠎ᠡ ᠠᠬᠢᠴᠠ᠎ᠲᠠᠢ ᠪᠣᠯᠭᠠᠨ᠎ᠠ ᠭᠡᠵᠦ ᠲᠣᠳᠣᠷᠬᠠᠢ ᠳᠤᠷᠠᠳᠤᠨ ᠭᠠᠷᠭᠠᠵᠠᠢ᠃ ᠬᠠᠮᠢᠶ᠎ᠠ ᠪᠦᠬᠦᠢ ᠪᠠᠢᠷᠢᠯᠠᠭᠤᠯᠤᠯᠲᠠ᠎ᠶᠢ ᠬᠡᠷᠬᠢᠨ ᠲᠤᠭᠤᠰᠢᠯᠠᠭᠤᠯᠤᠨ ᠨᠠᠢᠳᠠᠪᠤᠷᠢᠵᠢᠭᠤᠯᠬᠤ ᠪᠤᠢ? ᠳᠠᠷᠠᠭᠠᠴᠢ᠎ᠶᠢᠨ ᠠᠯᠬᠤᠮ᠎ᠳᠤ ᠦᠵᠡᠰᠬᠦᠯᠡᠩᠲᠦ ᠰᠠᠢᠬᠠᠨ ᠳᠤᠮᠳᠠᠳᠤ ᠤᠯᠤᠰ᠎ᠤᠨ ᠪᠦᠲᠦᠭᠡᠨ ᠪᠠᠢᠭᠤᠯᠤᠯᠲᠠ᠎ᠶᠢ ᠠᠯᠢ ᠠᠯᠢ ᠲᠠᠯ᠎ᠠ᠎ᠪᠠᠷ ᠭᠣᠣᠯᠳᠠᠯᠭ᠎ᠠ᠎ᠲᠠᠢ ᠬᠢᠬᠦ ᠪᠤᠢ? ᠰᠤᠷᠪᠤᠯᠵᠢᠯᠠᠭ᠍ᠴᠢ ᠠᠮᠢ ᠠᠬᠤᠢ ᠣᠷᠴᠢᠨ ᠲᠣᠭᠣᠷᠢᠨ᠎ᠤ ᠶᠠᠮᠤᠨ᠎ᠤ ᠨᠠᠮ᠎ᠤᠨ ᠤᠳᠤᠷᠢᠳᠬᠤ ᠳᠤᠭᠤᠢᠯᠠᠩ᠎ᠤᠨ ᠱᠦᠵᠢ ᠰᠦᠨ ᠵᠢᠨ ᠯᠦᠩ᠎ᠢ ᠰᠤᠷᠪᠤᠯᠵᠢᠯᠠᠪᠠ᠃
      2. ᠭᠤᠷᠪᠠᠳᠤᠭᠠᠷ ᠡᠭᠡᠯᠵᠢ᠎ᠶᠢᠨ ᠲᠠᠪᠤᠳᠤᠭᠠᠷ ᠪᠦᠯᠦᠭ᠎ᠦᠨ ᠲᠥᠪ᠎ᠦᠨ ᠠᠮᠢ ᠠᠬᠤᠢ ᠣᠷᠴᠢᠨ ᠲᠣᠭᠣᠷᠢᠨ᠎ᠤ ᠬᠠᠮᠠᠭᠠᠯᠠᠯᠲᠠ᠎ᠶᠢᠨ ᠱᠠᠯᠠᠪᠳᠠᠭᠤᠯᠤᠨ ᠪᠠᠢᠴᠠᠭᠠᠯᠲᠠ᠎ᠶᠢ ᠪᠦᠬᠦᠨ᠎ᠢ ᠱᠠᠯᠠᠪᠳᠠᠭᠤᠯᠤᠨ ᠪᠠᠢᠴᠠᠭᠠᠵᠤ ᠣᠷᠣᠵᠤ ᠰᠠᠭᠤᠯᠭᠠᠬᠤ᠎ᠶᠢ ᠪᠡᠶᠡᠯᠡᠭᠦᠯᠪᠡ
      2025 ᠣᠨ᠎ᠤ 11 ᠳ᠋ᠦ᠍ᠭᠡᠷ ᠰᠠᠷ᠎ᠠ᠎ᠶᠢᠨ 19᠎ᠦ ᠡᠳᠦᠷ᠂ ᠲᠥᠪ᠎ᠦᠨ ᠨᠢᠭᠡᠳᠦᠭᠡᠷ ᠠᠮᠢ ᠠᠬᠤᠢ ᠣᠷᠴᠢᠨ ᠲᠣᠭᠣᠷᠢᠨ᠎ᠤ ᠬᠠᠮᠠᠭᠠᠯᠠᠯᠲᠠ᠎ᠶᠢᠨ ᠱᠠᠯᠠᠪᠳᠠᠭᠤᠯᠤᠨ ᠪᠠᠢᠴᠠᠭᠠᠬᠤ ᠳᠤᠭᠤᠢᠯᠠᠩ᠎ᠤᠨ ᠪᠡᠭᠡᠵᠢᠩ ᠬᠤᠳᠠ᠎ᠶᠢ ᠱᠠᠯᠠᠪᠳᠠᠭᠤᠯᠤᠨ ᠪᠠᠢᠴᠠᠭᠠᠬᠤ ᠳᠠᠢᠴᠢᠯᠠᠯᠲᠠ᠎ᠶᠢᠨ ᠬᠤᠷᠠᠯ ᠪᠡᠭᠡᠵᠢᠩ᠎ᠳᠦ ᠬᠤᠷᠠᠯᠳᠤᠪᠠ᠃ ᠢᠩᠭᠢᠭᠡᠳ ᠭᠤᠷᠪᠠᠳᠤᠭᠠᠷ ᠡᠭᠡᠯᠵᠢ᠎ᠶᠢᠨ ᠲᠠᠪᠤᠳᠤᠭᠠᠷ ᠪᠦᠯᠦᠭ᠎ᠦᠨ 10 ᠲᠥᠪ᠎ᠦᠨ ᠠᠮᠢ ᠠᠬᠤᠢ ᠣᠷᠴᠢᠨ ᠲᠣᠭᠣᠷᠢᠨ᠎ᠤ ᠬᠠᠮᠠᠭᠠᠯᠠᠯᠲᠠ᠎ᠶᠢᠨ ᠱᠠᠯᠠᠪᠳᠠᠭᠤᠯᠤᠨ ᠪᠠᠢᠴᠠᠭᠠᠬᠤ ᠳᠤᠭᠤᠢᠯᠠᠩ ᠪᠦᠬᠦᠨ᠎ᠢᠶᠡᠷ᠎ᠢᠶᠡᠨ ᠱᠠᠯᠠᠪᠳᠠᠭᠤᠯᠤᠨ ᠪᠠᠢᠴᠠᠭᠠᠵᠤ ᠣᠷᠣᠵᠤ ᠰᠠᠭᠤᠬᠤ᠎ᠶᠢ ᠪᠡᠶᠡᠯᠡᠭᠦᠯᠵᠡᠢ᠃
      3. ᠠᠮᠢ ᠠᠬᠤᠢ ᠣᠷᠴᠢᠨ ᠲᠣᠭᠣᠷᠢᠨ᠎ᠤ ᠶᠠᠮᠤᠨ᠎ᠤ ᠠᠭᠤᠷ ᠠᠮᠢᠰᠬᠤᠯ᠎ᠤᠨ ᠬᠤᠪᠢᠷᠠᠯᠲᠠ᠎ᠶᠢ ᠠᠷᠭᠠᠴᠠᠬᠤ ᠵᠤᠷᠭᠠᠨ᠎ᠤ ᠬᠠᠷᠢᠭᠤᠴᠠᠯᠭᠠᠲᠠᠨ 《 2024 ᠂ 2025 ᠣᠨ᠎ᠤ ᠪᠦᠬᠦ ᠤᠯᠤᠰ᠎ᠤᠨ ᠨᠡᠭᠦᠷᠡᠰᠦᠲᠥ᠋ᠷᠥᠭᠴᠢ ᠭᠠᠳᠠᠭᠰᠢᠯᠠᠭᠤᠯᠬᠤ ᠡᠷᠬᠡ ᠎ᠶᠢᠨ ᠠᠷᠠᠯᠵᠢᠶᠠᠨ᠎ᠤ ᠵᠠᠬ᠎ᠠ ᠳᠡᠯᠭᠡᠭᠦᠷ᠎ᠦᠨ ᠪᠣᠯᠣᠳ ᠲᠡᠮᠦᠷ᠂ ᠼᠧᠮᠧᠨ᠋ᠲ᠂ ᠬᠥᠩᠭᠡᠨ ᠴᠠᠭᠠᠨ ᠪᠣᠯᠪᠠᠰᠤᠷᠠᠭᠤᠯᠬᠤ ᠠᠵᠢᠯ ᠲᠥᠷᠥᠯ᠎ᠦᠨ ᠬᠤᠪᠢᠶᠠᠷᠢᠯᠠᠯᠲᠠ᠎ᠶᠢᠨ ᠶᠡᠷᠦᠩᠬᠡᠢ ᠬᠡᠮᠵᠢᠶ᠎ᠡ ᠪᠠ ᠬᠤᠪᠢᠶᠠᠷᠢᠯᠠᠯᠲᠠ᠎ᠶᠢᠨ ᠲᠥᠰᠥᠯ 》᠎ᠦᠨ ᠲᠤᠬᠠᠢ ᠰᠤᠷᠪᠤᠯᠵᠢᠯᠠᠭ᠍ᠴᠢ᠎ᠶᠢᠨ ᠠᠰᠠᠭᠤᠯᠲᠠ᠎ᠶᠢ ᠬᠠᠷᠢᠭᠤᠯᠪᠠ
      ᠣᠢᠷ᠎ᠠ᠎ᠳᠤ ᠂ 《 ᠨᠡᠭᠦᠷᠡᠰᠦᠲᠥ᠋ᠷᠥᠭᠴᠢ ᠭᠠᠳᠠᠭᠰᠢᠯᠠᠭᠤᠯᠬᠤ ᠡᠷᠬᠡ᠎ᠶᠢᠨ ᠠᠷᠠᠯᠵᠢᠶᠠᠨ᠎ᠤ ᠬᠠᠮᠢᠶᠠᠷᠤᠯᠲᠠ᠎ᠶᠢᠨ ᠲᠦᠷ ᠬᠡᠷᠡᠭᠵᠢᠭᠦᠯᠬᠦ ᠳᠦᠷᠢᠮ 》 ᠪᠠ 《 ᠪᠥᠬᠥ ᠤᠯᠤᠰ᠎ᠤᠨ ᠨᠡᠭᠦᠷᠡᠰᠦᠲᠥ᠋ᠷᠥᠭᠴᠢ ᠭᠠᠳᠠᠭᠰᠢᠯᠠᠭᠤᠯᠬᠤ ᠡᠷᠬᠡ᠎ᠶᠢᠨ ᠠᠷᠠᠯᠵᠢᠶᠠᠨ᠎ᠤ ᠵᠠᠬ᠎ᠠ ᠳᠡᠯᠭᠡᠭᠦᠷ᠎ᠦᠨ ᠪᠣᠯᠣᠳ ᠲᠡᠮᠦᠷ᠂ ᠼᠧᠮᠧᠨ᠋ᠲ᠂ ᠬᠥᠩᠭᠡᠨ ᠴᠠᠭᠠᠨ ᠪᠣᠯᠪᠠᠰᠤᠷᠠᠭᠤᠯᠬᠤ ᠠᠵᠢᠯ ᠲᠥᠷᠥᠯ᠎ᠢ ᠬᠠᠮᠤᠷᠬᠤ ᠠᠵᠢᠯ᠎ᠤᠨ ᠲᠥᠰᠥᠯ 》᠎ᠢ ᠦᠨᠳᠦᠰᠦᠯᠡᠨ᠂ ᠠᠮᠢ ᠠᠬᠤᠢ ᠣᠷᠴᠢᠨ ᠲᠣᠭᠣᠷᠢᠨ᠎ᠤ ᠶᠠᠮᠤᠨ 《 2024 ᠂ 2025 ᠣᠨ᠎ᠤ ᠪᠥᠬᠥ ᠤᠯᠤᠰ᠎ᠤᠨ ᠨᠡᠭᠦᠷᠡᠰᠦᠲᠥ᠋ᠷᠥᠭᠴᠢ ᠭᠠᠳᠠᠭᠰᠢᠯᠠᠭᠤᠯᠬᠤ ᠡᠷᠬᠡ᠎ᠶᠢᠨ ᠠᠷᠠᠯᠵᠢᠶᠠᠨ᠎ᠤ ᠵᠠᠬ᠎ᠠ ᠳᠡᠯᠭᠡᠭᠦᠷ᠎ᠦᠨ ᠪᠣᠯᠣᠳ ᠲᠡᠮᠦᠷ ᠂ ᠼᠧᠮᠧᠨ᠋ᠲ ᠂ ᠬᠥᠩᠭᠡᠨ ᠴᠠᠭᠠᠨ ᠪᠣᠯᠪᠠᠰᠤᠷᠠᠭᠤᠯᠬᠤ ᠠᠵᠢᠯ ᠲᠥᠷᠥᠯ᠎ᠦᠨ ᠲᠣᠬᠢᠷᠠᠭᠤᠯᠤᠯᠲᠠ᠎ᠶᠢᠨ ᠶᠡᠷᠦᠩᠬᠡᠢ ᠬᠡᠮᠵᠢᠶ᠎ᠡ ᠪᠠ ᠬᠤᠪᠢᠶᠠᠷᠢᠯᠠᠯᠲᠠ᠎ᠶᠢᠨ ᠲᠥᠰᠥᠯ 》 ( ᠳᠣᠷᠣᠭ᠍ᠰᠢ 《 ᠲᠣᠬᠢᠷᠠᠭᠤᠯᠤᠯᠲᠠ᠎ᠶᠢᠨ ᠲᠥᠰᠥᠯ 》 ᠭᠡᠵᠦ ᠲᠣᠪᠴᠢᠯᠠᠨ᠎ᠠ )᠎ᠢ ᠳᠠᠷᠤᠮᠠᠯᠯᠠᠨ ᠲᠠᠷᠬᠠᠭᠠᠪᠠ ᠃ ᠠᠮᠢ ᠠᠬᠤᠢ ᠣᠷᠴᠢᠨ ᠲᠣᠭᠣᠷᠢᠨ᠎ᠤ ᠶᠠᠮᠤᠨ᠎ᠤ ᠠᠭᠤᠷ ᠠᠮᠢᠰᠬᠤᠯ᠎ᠤᠨ ᠵᠤᠷᠭᠠᠨ᠎ᠤ ᠬᠣᠯᠪᠣᠭᠳᠠᠯ ᠪᠦᠬᠦᠢ ᠬᠠᠷᠢᠭᠤᠴᠠᠯᠭᠠᠲᠠᠨ ᠨᠥᠬᠥᠳ 《 ᠲᠣᠭ᠎ᠠ ᠲᠣᠬᠢᠷᠠᠭᠤᠯᠬᠤ ᠲᠥᠰᠥᠯ 》᠎ᠤᠨ ᠬᠣᠯᠪᠣᠭᠳᠠᠯ ᠪᠦᠬᠦᠢ ᠪᠠᠢᠳᠠᠯ᠎ᠤᠨ ᠲᠤᠬᠠᠢ ᠰᠤᠷᠪᠤᠯᠵᠢᠯᠠᠭ᠍ᠴᠢ᠎ᠶᠢᠨ ᠠᠰᠠᠭᠤᠯᠲᠠ᠎ᠶᠢ ᠬᠠᠷᠢᠭᠤᠯᠪᠠ᠃
      4. ᠠᠮᠢ ᠠᠬᠤᠢ ᠣᠷᠴᠢᠨ ᠲᠣᠭᠣᠷᠢᠨ᠎ᠤ ᠶᠠᠮᠤᠨ᠂ ᠤᠯᠤᠰ᠎ᠤᠨ ᠡᠨᠧᠷᠭᠢ᠎ᠶᠢᠨ ᠰᠤᠷᠪᠤᠯᠵᠢ᠎ᠶᠢᠨ ᠲᠣᠪᠴᠢᠶ᠎ᠠ ᠬᠠᠮᠲᠤᠷᠠᠨ 《 ᠬᠦᠯᠡᠮᠵᠢ᠎ᠶᠢᠨ ᠬᠡᠢ ᠪᠡᠶᠡᠲᠦ ᠭᠠᠳᠠᠭᠰᠢᠯᠠᠭᠤᠯᠬᠤ ᠬᠡᠮᠵᠢᠶ᠎ᠡ᠎ᠶᠢ ᠰᠠᠢᠨ ᠳᠤᠷ᠎ᠠ᠎ᠠᠴᠠ᠎ᠪᠠᠨ ᠪᠠᠭᠠᠰᠬᠠᠬᠤ ᠲᠥᠷᠥᠯ ᠵᠦᠢᠯᠡᠰ᠎ᠦᠨ ᠠᠷᠭ᠎ᠠ᠎ᠶᠢᠨ ᠤᠬᠠᠭᠠᠨ  ᠳᠠᠯᠠᠶ ᠳᠡᠭᠡᠷᠡᠬᠢ ᠴᠢᠯᠠᠭᠤᠨ ᠲᠣᠰᠣᠨ᠎ᠤ ᠠᠭᠤᠷᠬᠠᠢ᠎ᠶᠢᠨ ᠳᠠᠭᠠᠯᠲᠠ ᠬᠡᠢ᠎ᠶᠢ ᠬᠣᠷᠢᠶᠠᠨ ᠠᠪᠴᠤ ᠠᠰᠢᠭ᠍ᠯᠠᠬᠤ ( CCER-10-002-V01 ) 》 ᠵᠡᠷᠭᠡ 3 ᠵᠦᠢᠯ᠎ᠦᠨ ᠠᠷᠭ᠎ᠠ᠎ᠶᠢᠨ ᠤᠬᠠᠭᠠᠨ᠎ᠢ ᠳᠠᠷᠤᠮᠠᠯᠯᠠᠨ ᠲᠠᠷᠬᠠᠭᠠᠪᠠ
      ᠠᠭᠤᠷ ᠠᠮᠢᠰᠬᠤᠯ᠎ᠤᠨ ᠬᠤᠪᠢᠷᠠᠯᠲᠠ᠎ᠶᠢ ᠢᠳᠡᠪᠬᠢᠲᠡᠢ ᠠᠷᠭᠠᠴᠠᠬᠤ ᠤᠯᠤᠰ᠎ᠤᠨ ᠪᠠᠢᠯᠳᠤᠬᠤ ᠪᠣᠳᠣᠯᠭ᠎ᠠ᠎ᠶᠢ ᠬᠡᠷᠡᠭᠵᠢᠭᠦᠯᠵᠦ᠂ ᠨᠡᠩ ᠥᠷᠭᠡᠨ ᠳᠡᠯᠭᠡᠷ ᠠᠵᠢᠯ ᠲᠥᠷᠥᠯ᠂ ᠠᠵᠤ ᠠᠬᠤᠢᠯᠠᠯ᠎ᠤᠨ ᠰᠠᠢᠨ ᠳᠤᠷ᠎ᠠ᠎ᠠᠴᠠ᠎ᠪᠠᠨ ᠬᠦᠯᠡᠮᠵᠢ᠎ᠶᠢᠨ ᠬᠡᠢ ᠪᠡᠶᠡᠲᠦ ᠭᠠᠳᠠᠭᠰᠢᠯᠠᠭᠤᠯᠬᠤ ᠬᠡᠮᠵᠢᠶ᠎ᠡ᠎ᠶᠢ ᠪᠠᠭᠠᠰᠬᠠᠬᠤ ᠠᠵᠢᠯᠯᠠᠭ᠎ᠠ᠎ᠳᠤ ᠣᠷᠣᠯᠴᠠᠬᠤ᠎ᠶᠢ ᠵᠣᠷᠢᠭ᠍ᠵᠢᠭᠤᠯᠵᠤ᠂ ᠪᠦᠬᠦ ᠤᠯᠤᠰ᠎ᠤᠨ ᠬᠦᠯᠡᠮᠵᠢ᠎ᠶᠢᠨ ᠬᠡᠢ ᠪᠡᠶᠡᠲᠦ᠎ᠶᠢᠨ ᠰᠠᠢᠨ ᠳᠤᠷ᠎ᠠ᠎ᠠᠴᠠ᠎ᠪᠠᠨ ᠪᠣᠬᠢᠷᠲᠤᠯ ᠪᠣᠳᠠᠰ ᠭᠠᠳᠠᠭᠰᠢᠯᠠᠭᠤᠯᠬᠤ ᠬᠡᠮᠵᠢᠶ᠎ᠡ᠎ᠶᠢ ᠪᠠᠭᠠᠰᠬᠠᠬᠤ ᠲᠥᠷᠥᠯ ᠵᠦᠢᠯ᠎ᠢ ᠵᠢᠷᠤᠵᠤ ᠲᠥᠯᠥᠪᠯᠡᠬᠦ᠂ ᠬᠡᠷᠡᠭᠵᠢᠭᠦᠯᠬᠦ᠂ ᠬᠢᠨᠠᠨ ᠲᠣᠭᠲᠠᠭᠠᠬᠤ ᠪᠠ ᠪᠣᠬᠢᠷᠲᠤᠯ ᠪᠣᠳᠠᠰ ᠭᠠᠳᠠᠭᠰᠢᠯᠠᠭᠤᠯᠬᠤ ᠬᠡᠮᠵᠢᠶ᠎ᠡ᠎ᠶᠢ ᠪᠠᠭᠠᠰᠬᠠᠬᠤ ᠲᠣᠭᠠᠴᠠᠭ᠎ᠠ ᠬᠢᠬᠦ᠂ ᠬᠢᠨᠠᠨ ᠪᠠᠢᠴᠠᠭᠠᠬᠤ ᠠᠵᠢᠯ᠎ᠢ ᠵᠢᠷᠤᠮᠵᠢᠭᠤᠯᠬᠤ᠎ᠶᠢᠨ ᠲᠥᠯᠥᠭᠡ᠂ ᠠᠮᠢ ᠠᠬᠤᠢ ᠣᠷᠴᠢᠨ ᠲᠣᠭᠣᠷᠢᠨ᠎ᠤ ᠶᠠᠮᠤᠨ᠂ ᠤᠯᠤᠰ᠎ᠤᠨ ᠡᠨᠧᠷᠭᠢ᠎ᠶᠢᠨ ᠲᠣᠪᠴᠢᠶ᠎ᠠ᠎ᠶᠢᠨ 《 ᠬᠦᠯᠡᠮᠵᠢ᠎ᠶᠢᠨ ᠬᠡᠢ ᠪᠡᠶᠡᠲᠦ ᠭᠠᠳᠠᠭᠰᠢᠯᠠᠭᠤᠯᠬᠤ ᠬᠡᠮᠵᠢᠶ᠎ᠡ᠎ᠶᠢ ᠰᠠᠢᠨ ᠳᠤᠷ᠎ᠠ᠎ᠠᠴᠠ᠎ᠪᠠᠨ ᠪᠠᠭᠠᠰᠬᠠᠬᠤ ᠠᠷᠠᠯᠵᠢᠶᠠᠨ᠎ᠤ ᠬᠠᠮᠢᠶᠠᠷᠤᠯᠲᠠ᠎ᠶᠢᠨ ᠠᠷᠭ᠎ᠠ ( ᠲᠤᠷᠰᠢᠨ

ᠬᠡᠷᠡᠭᠵᠢᠭᠦᠯᠬᠦ ) 》᠎ᠶᠢ ᠦᠨᠳᠦᠰᠦᠯᠡᠨ 《 ᠬᠦᠯᠡᠮᠵᠢ᠎ᠶᠢᠨ ᠬᠡᠢ ᠪᠡᠶᠡᠲᠦ᠎ᠶᠢᠨ ᠰᠠᠢᠨ ᠳᠤᠷ᠎ᠠ᠎ᠠᠴᠠ᠎ᠪᠠᠨ ᠪᠣᠬᠢᠷᠲᠤᠯ ᠪᠣᠳᠠᠰ ᠭᠠᠳᠠᠭᠰᠢᠯᠠᠭᠤᠯᠬᠤ ᠬᠡᠮᠵᠢᠶ᠎ᠡ᠎ᠶᠢ ᠪᠠᠭᠠᠰᠬᠠᠬᠤ ᠲᠥᠷᠥᠯ ᠵᠦᠢᠯ᠎ᠦᠨ ᠠᠷᠭ᠎ᠠ᠎ᠶᠢᠨ ᠤᠬᠠᠭᠠᠨ ᠲᠡᠯᠡᠶ ᠳᠡᠭᠡᠷᠡᠬᠢ ᠴᠢᠯᠠᠭᠤᠨ ᠲᠣᠰᠣᠨ᠎ᠤ ᠠᠭᠤᠷᠬᠠᠢ᠎ᠶᠢᠨ ᠳᠠᠭᠠᠯᠲᠠ ᠬᠡᠢ᠎ᠶᠢ ᠬᠣᠷᠢᠶᠠᠨ ᠠᠪᠴᠤ ᠠᠰᠢᠭ᠍ᠯᠠᠬᠤ ( CCER-10-002-V01 ) 》 《 ᠬᠦᠯᠡᠮᠵᠢ᠎ᠶᠢᠨ ᠬᠡᠢ ᠪᠡᠶᠡᠲᠦ᠎ᠶᠢᠨ ᠰᠠᠢᠨ ᠳᠤᠷ᠎ᠠ᠎ᠠᠴᠠ᠎ᠪᠠᠨ ᠪᠣᠬᠢᠷᠲᠤᠯ ᠪᠣᠳᠠᠰ ᠭᠠᠳᠠᠭᠰᠢᠯᠠᠭᠤᠯᠬᠤ ᠬᠡᠮᠵᠢᠶ᠎ᠡ᠎ᠶᠢ ᠪᠠᠭᠠᠰᠬᠠᠬᠤ ᠲᠥᠷᠥᠯ ᠵᠦᠢᠯ᠎ᠦᠨ ᠠᠷᠭ᠎ᠠ᠎ᠶᠢᠨ ᠤᠬᠠᠭᠠᠨ ᠬᠠᠭᠤᠷᠠᠢ ᠳᠡᠭᠡᠷᠡᠬᠢ ᠬᠡᠢ᠎ᠶᠢᠨ ᠠᠭᠤᠷᠬᠠᠢ᠎ᠶᠢᠨ ᠲᠤᠷᠰᠢᠯᠲᠠ᠎ᠶᠢᠨ ᠬᠡᠢ ᠰᠦᠷᠴᠢᠬᠦ ᠬᠡᠢ᠎ᠶᠢ ᠬᠣᠷᠢᠶᠠᠨ ᠠᠪᠴᠤ ᠠᠰᠢᠭ᠍ᠯᠠᠬᠤ ( CCER-10-003-V01 ) 》 《 ᠬᠦᠯᠡᠮᠵᠢ᠎ᠶᠢᠨ ᠬᠡᠢ ᠪᠡᠶᠡᠲᠦ᠎ᠶᠢᠨ ᠰᠠᠢᠨ ᠳᠤᠷ᠎ᠠ᠎ᠠᠴᠠ᠎ᠪᠠᠨ ᠪᠣᠬᠢᠷᠲᠤᠯ ᠪᠣᠳᠠᠰ ᠭᠠᠳᠠᠭᠰᠢᠯᠠᠭᠤᠯᠬᠤ ᠬᠡᠮᠵᠢᠶ᠎ᠡ᠎ᠶᠢ ᠪᠠᠭᠠᠰᠬᠠᠬᠤ ᠲᠥᠷᠥᠯ ᠵᠦᠢᠯ᠎ᠦᠨ ᠠᠷᠭ᠎ᠠ᠎ᠶᠢᠨ ᠤᠬᠠᠭᠠᠨ ᠬᠠᠭᠤᠷᠠᠢ ᠳᠡᠭᠡᠷᠡᠬᠢ ᠴᠢᠯᠠᠭᠤᠨ ᠲᠣᠰᠣᠨ᠎ᠤ ᠠᠭᠤᠷᠬᠠᠢ᠎ᠶᠢᠨ ᠳᠣᠣᠷ᠎ᠠ ᠬᠡᠢ᠎ᠶᠢᠨ ᠳᠠᠭᠠᠯᠲᠠ ᠬᠡᠢ᠎ᠶᠢ ᠬᠣᠷᠢᠶᠠᠨ ᠠᠪᠴᠤ ᠠᠰᠢᠭ᠍ᠯᠠᠬᠤ( CCER-10-004-V01 ) 》᠎ᠶᠢ ᠲᠣᠭᠲᠠᠭᠠᠪᠠ᠃

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠠᠮᠢ ᠠᠬᠤᠢ ᠤᠷᠴᠢᠨ ᠲᠤᠭᠤᠷᠢᠨ᠎ᠤ ᠲᠢᠩᠬᠢᠮ
          
ᠬᠠᠮᠢᠶ᠎ᠡ ᠪᠦᠬᠦᠢ ᠰᠣᠨᠢᠨ
 
             蒙ICP备05000248号