ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠴᠥᠮ᠎ᠡ ᠬᠢᠭᠡᠳ ᠰᠠᠴᠤᠷᠠᠭ᠎ᠢ ᠬᠢᠨᠠᠨ ᠬᠡᠮᠵᠢᠬᠦ ᠲᠥᠪ ᠪᠣᠯ ᠥᠪᠡᠷᠲᠡᠭᠡᠨ ᠵᠠᠰᠠᠬᠤ ᠣᠷᠣᠨ᠎ᠤ ᠠᠮᠢ ᠠᠬᠤᠢ ᠣᠷᠴᠢᠨ ᠲᠣᠭᠣᠷᠢᠨ᠎ᠤ ᠲᠢᠩᠬᠢᠮ᠎ᠳᠤ ᠬᠠᠷᠢᠶᠠᠯᠠᠭᠳᠠᠬᠤ ᠵᠢᠩᠬᠢᠨᠢ ᠭᠠᠵᠠᠷ᠎ᠤᠨ ᠲᠠᠰ᠎ᠤᠨ ᠨᠠᠢ᠌ᠳᠠ ᠵᠢᠨ ᠠᠰᠠᠷᠠᠮᠵᠢ ᠵᠢᠨ ᠨᠢᠭᠡᠳᠦᠭᠡᠷ ᠲᠥᠷᠥᠯ᠎ᠤᠨ ᠠᠵᠢᠯ ᠶᠠᠪᠤᠳᠠᠯ᠎ᠤᠨ ᠨᠢᠭᠡᠴᠢ ᠪᠣᠯᠣᠨ᠎ᠠ᠃ ᠲᠡᠭᠦᠨ᠎ᠤ ᠭᠣᠣᠯ ᠡᠭᠦᠷᠭᠡ ᠬᠠᠷᠢᠭᠤᠴᠠᠯᠭ᠎ᠠ᠄
1. ᠠᠮᠢ ᠠᠬᠤᠢ ᠣᠷᠴᠢᠨ ᠲᠣᠭᠣᠷᠢᠨ᠎ᠤ ᠶᠠᠮᠤᠨ᠎ᠤ ᠴᠥᠮ᠎ᠡ ᠬᠢᠭᠡᠳ ᠰᠠᠴᠤᠷᠠᠭ᠎ᠤᠨ ᠠᠮᠤᠷ ᠲᠦᠪᠰᠢᠨ᠎ᠤ ᠬᠢᠨᠠᠯᠲᠠ ᠬᠠᠮᠢᠶᠠᠷᠤᠯᠲᠠ ᠵᠢᠨ ᠲᠥᠷᠥᠯ ᠵᠦᠢ᠍ᠯ᠎ᠤᠨ ᠬᠡᠷᠡᠭᠵᠢᠭᠦᠯᠦᠯᠲᠡ ᠵᠢ ᠡᠭᠦᠷᠭᠡᠯᠡᠨ᠎ᠡ; ᠥᠪᠡᠷᠲᠡᠭᠡᠨ ᠵᠠᠰᠠᠬᠤ ᠣᠷᠣᠨ᠎ᠤ ᠢᠶᠤᠨᠵᠢᠯᠲᠠ᠂ ᠴᠠᠬᠢᠯᠭ᠋ᠠᠨ ᠰᠣᠷᠢᠨᠵᠢᠨ ᠰᠠᠴᠤᠷᠠᠯᠲᠠ ᠵᠢᠨ ᠣᠷᠴᠢᠨ ᠲᠣᠭᠣᠷᠢᠨ᠎ᠤ ᠶᠠᠰᠤ ᠴᠢᠨᠠᠷ᠎ᠢ ᠬᠢᠨᠠᠨ ᠬᠡᠮᠵᠢᠬᠦ ᠵᠢᠴᠢ ᠭᠣᠣᠯᠳᠠᠯᠭ᠎ᠠ᠎ᠲᠠᠢ ᠴᠥᠮ᠎ᠡ ᠬᠢᠭᠡᠳ ᠰᠠᠴᠤᠷᠠᠭ᠎ᠤᠨ ᠪᠡᠯᠡᠳᠬᠡᠮᠵᠢ ᠵᠢᠨ ᠭᠠᠳᠠᠭ᠋ᠠᠳᠤ ᠣᠷᠴᠢᠨ ᠲᠣᠭᠣᠷᠢᠨ ᠵᠢᠴᠢ ᠤᠷᠤᠰᠴᠤ ᠭᠠᠷᠤᠭᠰᠠᠨ ᠪᠣᠳᠠᠰ᠎ᠲᠤ ᠬᠢᠨᠠᠯᠲᠠ ᠲᠠᠯᠪᠢᠬᠤ ᠴᠢᠨᠠᠷᠲᠠᠢ ᠬᠢᠨᠠᠨ ᠬᠡᠮᠵᠢᠯᠲᠡ ᠵᠢ ᠡᠭᠦᠷᠭᠡᠯᠡᠨ᠎ᠡ᠃
2. ᠰᠠᠴᠤᠷᠠᠭ ᠣᠷᠴᠢᠨ ᠲᠣᠭᠣᠷᠢᠨ᠎ᠤ ᠪᠣᠬᠢᠷᠲᠤᠯ᠎ᠢ ᠰᠡᠷᠭᠡᠢ᠌ᠯᠡᠨ ᠵᠠᠰᠠᠬᠤ᠂ ᠬᠢᠨᠠᠨ ᠬᠡᠮᠵᠢᠬᠦ ᠮᠡᠷᠭᠡᠵᠢᠯ᠎ᠤᠨ ᠠᠷᠭ᠎ᠠ᠂ ᠪᠠᠷᠢᠮᠵᠢᠶ᠎ᠠ ᠵᠢᠨ ᠰᠤᠳᠤᠯᠤᠯ᠎ᠢ ᠡᠭᠦᠷᠭᠡᠯᠡᠨ᠎ᠡ᠃
3. ᠥᠪᠡᠷᠲᠡᠭᠡᠨ ᠵᠠᠰᠠᠬᠤ ᠣᠷᠣᠨ᠎ᠤ ᠴᠥᠮ᠎ᠡ ᠬᠢᠭᠡᠳ ᠰᠠᠴᠤᠷᠠᠭ᠎ᠤᠨ ᠡᠨᠳᠡᠯ᠎ᠤᠨ ᠪᠠᠴᠢᠮ ᠪᠠᠶ᠋ᠢᠳᠠᠯ᠎ᠢ ᠠᠷᠭ᠋ᠠᠴᠠᠭ᠋ᠠᠨ ᠬᠢᠨᠠᠨ ᠬᠡᠮᠵᠢᠬᠦ ᠪᠠ ᠮᠡᠷᠭᠡᠵᠢᠯ᠎ᠤᠨ ᠳᠡᠮᠵᠢᠯᠭᠡ ᠦᠵᠡᠭᠦᠯᠬᠦ ᠵᠢ ᠡᠭᠦᠷᠭᠡᠯᠡᠨ᠎ᠡ᠃
4. ᠥᠪᠡᠷᠲᠡᠭᠡᠨ ᠵᠠᠰᠠᠬᠤ ᠣᠷᠣᠨ᠎ᠤ ᠰᠠᠴᠤᠷᠠᠭ ᠴᠢᠨᠠᠷᠲᠠᠢ ᠬᠠᠲᠠᠭᠤ ᠪᠡᠶᠡᠲᠦ ᠬᠠᠶᠠᠭᠳᠠᠮᠠᠯ ᠪᠣᠳᠠᠰ (ᠢᠷᠡᠯᠲᠡ)᠎ᠢ ᠬᠣᠷᠢᠶᠠᠨ ᠬᠠᠳᠠᠭ᠋ᠠᠯᠠᠬᠤ ᠵᠢ ᠡᠭᠦᠷᠭᠡᠯᠡᠵᠦ᠂ ᠥᠪᠥᠷ ᠮᠣᠩᠭᠣᠯ᠎ᠤᠨ ᠪᠤᠭᠤᠲᠤ ᠵᠢᠨ ᠰᠠᠴᠤᠷᠠᠭ ᠴᠢᠨᠠᠷᠲᠠᠢ ᠬᠠᠶᠠᠭᠳᠠᠮᠠᠯ ᠪᠣᠳᠠᠰ᠎ᠤᠨ ᠬᠥᠮᠥᠷᠭᠡ ᠵᠢᠨ ᠠᠶᠤᠯ ᠦᠭᠡᠢ ᠠᠵᠢᠯᠯᠠᠭ᠋ᠠᠨ᠎ᠤ ᠬᠠᠮᠢᠶᠠᠷᠤᠯᠲᠠ ᠵᠢ ᠡᠭᠦᠷᠭᠡᠯᠡᠨ᠎ᠡ᠃
5. ᠴᠥᠮ᠎ᠡ ᠵᠢᠨ ᠪᠡᠯᠡᠳᠬᠡᠮᠵᠢ᠂ ᠦᠷᠡᠨ (ᠲᠤᠷᠢ)᠎ᠤ ᠠᠭᠤᠷᠬᠠᠢ᠂ ᠴᠠᠬᠢᠯᠭ᠋ᠠᠨ ᠰᠣᠷᠢᠨᠵᠢᠨ ᠰᠠᠴᠤᠷᠠᠭ᠂ ᠴᠥᠮ᠎ᠡ ᠵᠢᠨ ᠮᠡᠷᠭᠡᠵᠢᠯ᠎ᠤᠨ ᠬᠡᠷᠡᠭᠯᠡᠯᠲᠡ᠂ ᠰᠠᠴᠤᠷᠠᠭ ᠴᠢᠨᠠᠷᠲᠠᠢ ᠳᠠᠭ᠋ᠠᠯᠳᠤᠪᠤᠷᠢ ᠡᠷᠦᠳᠡᠰᠦ ᠵᠢ ᠨᠡᠭᠡᠭᠡᠨ ᠠᠰᠢᠭᠯᠠᠬᠤ ᠲᠥᠷᠥᠯ ᠵᠦᠢ᠍ᠯ ᠪᠣᠯᠣᠨ ᠴᠥᠮ᠎ᠡ ᠵᠢᠨ ᠮᠠᠲ᠋ᠧᠷᠢᠶᠠᠯ᠎ᠤᠨ ᠲᠡᠭᠡᠭᠡᠪᠦᠷᠢ ᠵᠢᠴᠢ ᠪᠣᠭᠣᠮᠲᠠ ᠵᠢᠨ ᠰᠠᠴᠤᠷᠠᠭ᠎ᠤᠨ ᠠᠶᠤᠯ ᠦᠭᠡᠢ ᠵᠢᠨ ᠬᠠᠮᠢᠶᠠᠷᠤᠯᠲᠠ ᠵᠢᠨ ᠬᠢᠨᠠᠯᠲᠠ ᠲᠠᠯᠪᠢᠵᠤ ᠪᠠᠢ᠌ᠴᠠᠭ᠋ᠠᠬᠤ ᠵᠢᠨ ᠮᠡᠷᠭᠡᠵᠢᠯ᠎ᠤᠨ ᠳᠡᠮᠵᠢᠯᠭᠡ ᠵᠢᠨ ᠠᠵᠢᠯ᠎ᠢ ᠡᠭᠦᠷᠭᠡᠯᠡᠨ᠎ᠡ᠃
6. ᠰᠠᠴᠤᠷᠠᠭ᠎ᠢ ᠬᠢᠨᠠᠨ ᠬᠡᠮᠵᠢᠬᠦ᠂ ᠠᠮᠤᠷ ᠲᠦᠪᠰᠢᠨ᠎ᠤ ᠬᠠᠮᠠᠭ᠋ᠠᠯᠠᠯᠲᠠ ᠵᠢᠨ ᠮᠡᠷᠭᠡᠵᠢᠯ᠎ᠤᠨ ᠬᠠᠮᠲᠤᠷᠠᠯᠴᠠᠭ᠎ᠠ᠂ ᠰᠣᠯᠢᠯᠴᠠᠭ᠎ᠠ᠂ ᠪᠣᠯᠪᠠᠰᠤᠷᠠᠯ᠎ᠢ ᠡᠭᠦᠷᠭᠡᠯᠡᠨ᠎ᠡ᠃
7. ᠥᠪᠡᠷᠲᠡᠭᠡᠨ ᠵᠠᠰᠠᠬᠤ ᠣᠷᠣᠨ᠎ᠤ ᠠᠮᠢ ᠠᠬᠤᠢ ᠣᠷᠴᠢᠨ ᠲᠣᠭᠣᠷᠢᠨ᠎ᠤ ᠲᠢᠩᠬᠢᠮ᠎ᠤᠨ ᠲᠤᠰᠢᠶᠠᠭᠰᠠᠨ ᠪᠤᠰᠤᠳ ᠬᠠᠮᠢᠶ᠎ᠠ ᠪᠦᠬᠦᠢ ᠠᠵᠢᠯ᠎ᠢ ᠪᠡᠶᠡᠯᠡᠭᠦᠯᠦᠨ᠎ᠡ᠃
ᠳᠣᠲᠣᠭ᠋ᠠᠳᠤ ᠰᠠᠯᠠᠭ᠎ᠠ ᠲᠠᠰᠤᠭ᠄ ᠨᠠᠮ ᠵᠠᠰᠠᠭ᠎ᠤᠨ ᠠᠯᠪᠠᠨ ᠭᠡᠷ᠂ ᠶᠡᠷᠦᠩᠬᠡᠢ᠌ᠯᠡᠭᠰᠡᠨ ᠮᠡᠷᠭᠡᠵᠢᠯ᠎ᠤᠨ ᠲᠠᠰᠤᠭ᠂ ᠴᠠᠬᠢᠯᠭ᠋ᠠᠨ ᠰᠣᠷᠢᠨᠵᠢᠨ᠎ᠤ ᠬᠢᠨᠠᠨ ᠬᠡᠮᠵᠢᠬᠦ ᠲᠠᠰᠤᠭ᠂ ᠢᠶᠤᠨᠵᠢᠯᠲᠠ ᠵᠢᠨ ᠬᠢᠨᠠᠨ ᠬᠡᠮᠵᠢᠬᠦ ᠲᠠᠰᠤᠭ᠂ ᠪᠠᠢ᠌ᠴᠠᠭ᠋ᠠᠨ ᠰᠢᠨᠵᠢᠵᠦ ᠵᠠᠳᠠᠯᠬᠤ ᠲᠠᠰᠤᠭ᠂ ᠴᠥᠮ᠎ᠡ ᠪᠠ ᠰᠠᠴᠤᠷᠠᠭ᠎ᠤᠨ ᠪᠠᠴᠢᠮ ᠪᠠᠶ᠋ᠢᠳᠠᠯ᠎ᠢ ᠠᠷᠭ᠋ᠠᠴᠠᠭ᠋ᠠᠬᠤ ᠲᠠᠰᠤᠭ᠂ ᠴᠥᠮ᠎ᠡ ᠪᠠ ᠰᠠᠴᠤᠷᠠᠭ᠎ᠤᠨ ᠠᠮᠤᠷ ᠲᠦᠪᠰᠢᠨ᠎ᠤ ᠬᠠᠮᠢᠶᠠᠷᠤᠯᠲᠠ ᠵᠢᠨ ᠲᠠᠰᠤᠭ
ᠬᠠᠷᠢᠭᠤᠴᠠᠯᠭ᠋ᠠᠲᠠᠨ᠄ ᠰᠦᠢ ᠸᠸᠨ ᠯᠢ
ᠠᠵᠢᠯᠯᠠᠬᠤ ᠬᠠᠶᠢᠭ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠪᠤᠭᠤᠲᠤ ᠬᠣᠲᠠ ᠵᠢᠨ ᠵᠢᠦ ᠶᠤᠸᠠᠨ ᠲᠣᠭᠣᠷᠢᠭ᠎ᠤᠨ ᠵᠢᠶᠠᠨ ᠬᠤᠸᠠ ᠡᠮᠦᠨ᠎ᠡ ᠵᠠᠮ᠎ᠤᠨ 6 ᠳ᠋ᠤᠭ᠋ᠠᠷ ᠨᠣᠮᠧᠷ
ᠬᠠᠷᠢᠯᠴᠠᠬᠤ ᠤᠲᠠᠰᠤ᠄ 0472 — 5191905
ᠠᠵᠢᠯᠯᠠᠬᠤ ᠴᠠᠭ᠄ ᠠᠵᠢᠯᠯᠠᠬᠤ ᠡᠳᠦᠷ᠎ᠤᠨ ᠦᠳᠡ ᠵᠢᠨ ᠡᠮᠦᠨ᠎ᠡ᠄ 9᠄ 00 — 12᠄ 00 ᠦᠳᠡ ᠵᠢᠨ ᠬᠣᠢ᠌ᠨ᠎ᠠ᠄ 13᠄ 30 — 17᠄ 00