ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠮᠢ ᠠᠬᠤᠢ ᠣᠷᠴᠢᠨ ᠲᠣᠭᠣᠷᠢᠨ᠎ᠤ ᠰᠢᠰᠲ᠋ᠧᠮ᠎ᠤᠨ ᠨᠠᠢ᠍ᠮᠠᠳᠤᠭ᠋ᠠᠷ ᠬᠤᠭᠤᠴᠠᠭ᠋ᠠᠨ᠎ᠤ ᠠᠵᠢᠯᠲᠠᠨ ᠠᠵᠢᠯᠴᠢᠨ᠎ᠤ ᠫᠢᠩᠫᠠᠩ ᠪᠥᠮᠪᠥᠭᠡ ᠵᠢᠨ ᠤᠷᠤᠯᠳᠤᠭ᠋ᠠᠨ 2024 ᠣᠨ᠎ᠤ 11 ᠰᠠᠷ᠎ᠠ ᠵᠢᠨ 29᠎ᠤ ᠡᠳᠦᠷ᠎ᠠᠴᠠ 12 ᠰᠠᠷ᠎ᠠ ᠵᠢᠨ 1᠎ᠤ ᠡᠳᠦᠷ ᠪᠣᠯᠲᠠᠯ᠎ᠠ ᠲᠦᠩᠯᠢᠶᠣᠣ ᠬᠣᠲᠠ ᠵᠢᠨ ᠨᠠᠰᠤᠲᠠᠢ᠌ᠴᠤᠳ᠎ᠤᠨ ᠬᠥᠳᠡᠯᠭᠡᠭᠡᠨ᠎ᠤ ᠲᠥᠪ᠎ᠤᠨ ᠶᠡᠷᠦᠩᠬᠡᠢ᠌ᠯᠡᠭᠰᠡᠨ ᠪᠥᠮᠪᠥᠭᠡ ᠵᠢᠨ ᠲᠥᠪ᠎ᠲᠤ ᠶᠠᠪᠤᠭᠳᠠᠪᠠ᠃ ᠲᠤᠰ ᠤᠳᠠᠭ᠎ᠠ ᠵᠢᠨ ᠤᠷᠤᠯᠳᠤᠭ᠋ᠠᠨ᠎ᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠮᠢ ᠠᠬᠤᠢ ᠣᠷᠴᠢᠨ ᠲᠣᠭᠣᠷᠢᠨ᠎ᠤ ᠲᠢᠩᠬᠢᠮ᠎ᠠᠴᠠ ᠭᠣᠣᠯᠯᠠᠨ ᠡᠷᠬᠢᠯᠡᠵᠦ᠂ ᠲᠦᠩᠯᠢᠶᠣᠣ ᠬᠤᠳᠠ ᠵᠢᠨ ᠠᠮᠢ ᠠᠬᠤᠢ ᠣᠷᠴᠢᠨ ᠲᠣᠭᠣᠷᠢᠨ᠎ᠤ ᠲᠣᠪᠴᠢᠶ᠎ᠠ᠎ᠠᠴᠠ ᠳᠠᠭ᠋ᠠᠭ᠋ᠠᠴᠢᠯᠠᠨ ᠡᠷᠬᠢᠯᠡᠵᠦ᠂ ᠪᠦᠬᠦ ᠣᠷᠣᠨ᠎ᠤ ᠡᠯ᠎ᠡ ᠠᠶ᠋ᠢᠮᠠᠭ ᠬᠤᠳᠠ᠂ ᠲᠢᠩᠬᠢᠮ᠎ᠤᠨ ᠰᠢᠭᠤᠳ ᠬᠠᠷᠢᠶ᠎ᠠ ᠨᠢᠭᠡᠴᠢ ᠵᠢᠴᠢ ᠥᠪᠥᠷ ᠮᠣᠩᠭᠣᠯ᠎ᠤᠨ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠪᠡᠯᠡ ᠣᠷᠣᠭᠤᠯᠤᠯᠲᠠ ᠵᠢᠨ ᠪᠦᠯᠦᠭᠯᠡᠯ᠎ᠤᠨ ᠬᠢᠵᠠᠭ᠋ᠠᠷᠲᠤ ᠺᠣᠮᠫᠠᠨᠢ ᠵᠢᠨ ᠲᠥᠯᠥᠭᠡᠯᠡᠭᠴᠢᠳ᠎ᠤᠨ ᠠᠩᠭᠢ ᠵᠢᠨ 110 ᠭᠠᠷᠤᠢ ᠬᠥᠮᠥᠨ ᠤᠷᠤᠯᠳᠤᠭ᠋ᠠᠨ᠎ᠳᠤ ᠣᠷᠣᠯᠴᠠᠵᠠᠢ᠃ ᠡᠨᠡ ᠪᠣᠯ ᠬᠠᠯᠠᠭᠤᠨ ᠴᠢᠰᠤ ᠪᠠ ᠨᠥᠬᠥᠷᠯᠡᠯ ᠰᠣᠯᠪᠢᠴᠠᠭᠰᠠᠨ ᠦᠪᠡᠳᠡᠭᠰᠢ ᠴᠤᠭᠯᠠᠭ᠋ᠠᠨ ᠮᠥᠨ᠂ ᠨᠡᠩ ᠴᠤ᠌ ᠠᠮᠢ ᠠᠬᠤᠢ ᠣᠷᠴᠢᠨ ᠲᠣᠭᠣᠷᠢᠨ᠎ᠤ ᠰᠢᠰᠲ᠋ᠧᠮ᠎ᠤᠨ ᠴᠤᠭ ᠵᠢᠪᠬᠤᠭ᠎ᠠ ᠵᠢ ᠢᠯᠡᠷᠡᠭᠦᠯᠦᠭᠰᠡᠨ ᠪᠦᠯᠬᠦᠮᠳᠡᠯ᠎ᠤᠨ ᠴᠤᠭᠯᠠᠭ᠋ᠠᠨ ᠮᠥᠨ!
ᠡᠬᠢᠯᠡᠯᠲᠡ ᠵᠢᠨ ᠶᠣᠰᠣᠯᠠᠯ ᠳᠡᠭᠡᠷ᠎ᠡ᠂ ᠲᠦᠩᠯᠢᠶᠣᠣ ᠬᠤᠳᠠ ᠵᠢᠨ ᠠᠷᠠᠳ᠎ᠤᠨ ᠵᠠᠰᠠᠭ᠎ᠤᠨ ᠣᠷᠳᠣᠨ᠎ᠤ ᠳᠡᠳ᠋ ᠳᠠᠷᠤᠭ᠎ᠠ ᠪᠠᠢ ᠯᠢ ᠵᠦ᠍ ᠨᠥᠬᠥᠷ ᠲᠦᠩᠯᠢᠶᠣᠣ ᠬᠤᠳᠠ ᠵᠢᠨ ᠠᠷᠠᠳ᠎ᠤᠨ ᠵᠠᠰᠠᠭ᠎ᠤᠨ ᠣᠷᠳᠣᠨ᠎ᠤ ᠡᠮᠦᠨ᠎ᠡ᠎ᠠᠴᠠ ᠤᠭᠲᠤᠬᠤ ᠦᠭᠡ ᠬᠡᠯᠡᠵᠦ᠂ ᠤᠷᠤᠯᠳᠤᠭ᠋ᠠᠨ᠎ᠳᠤ ᠣᠷᠣᠯᠴᠠᠬᠤ᠎ᠪᠠᠷ ᠢᠷᠡᠭᠰᠡᠨ ᠡᠯ᠎ᠡ ᠤᠳᠤᠷᠢᠳᠬᠤ ᠨᠥᠬᠥᠳ᠂ ᠬᠦᠨᠳᠦᠲᠦ ᠵᠣᠴᠢᠳ ᠵᠢᠴᠢ ᠬᠢᠨᠠᠭᠴᠢ᠂ ᠲᠠᠮᠢᠷᠴᠢᠳ᠎ᠢ ᠬᠠᠯᠠᠭᠤᠨ ᠵᠶ᠋ᠠᠷ ᠤᠭᠲᠤᠵᠤ ᠪᠠᠶ᠋ᠢᠬᠤ ᠪᠥᠭᠡᠳ ᠴᠢᠩ ᠰᠡᠳᠬᠢᠯ᠎ᠠᠴᠠ᠎ᠪᠠᠨ ᠲᠠᠯᠠᠷᠬᠠᠵᠤ ᠪᠠᠶ᠋ᠢᠬᠤ᠎ᠪᠠᠨ ᠢᠯᠡᠳᠬᠡᠪᠡ᠃ ᠥᠪᠡᠷᠲᠡᠭᠡᠨ ᠵᠠᠰᠠᠬᠤ ᠣᠷᠣᠨ᠎ᠤ ᠠᠮᠢ ᠠᠬᠤᠢ ᠣᠷᠴᠢᠨ ᠲᠣᠭᠣᠷᠢᠨ᠎ᠤ ᠲᠢᠩᠬᠢᠮ᠎ᠤᠨ ᠨᠢᠭᠡᠳᠦᠭᠡᠷ ᠳᠡᠰ᠎ᠤᠨ ᠲᠣᠭᠣᠷᠢᠨ ᠪᠠᠢ᠌ᠴᠠᠭ᠋ᠠᠭᠴᠢ ᠬᠤᠤ ᠴᠢᠩ ᠸᠧᠨ ᠨᠥᠬᠥᠷ ᠡᠬᠢᠯᠡᠯᠲᠡ ᠵᠢᠨ ᠶᠣᠰᠣᠯᠠᠯ᠎ᠳᠤ ᠶᠠᠷᠢᠶ᠎ᠠ ᠲᠠᠯᠪᠢᠵᠤ᠂ ᠥᠪᠡᠷᠲᠡᠭᠡᠨ ᠵᠠᠰᠠᠬᠤ ᠣᠷᠣᠨ᠎ᠤ ᠠᠮᠢ ᠠᠬᠤᠢ ᠣᠷᠴᠢᠨ ᠲᠣᠭᠣᠷᠢᠨ᠎ᠤ ᠰᠢᠰᠲ᠋ᠧᠮ᠎ᠤᠨ ᠫᠢᠩᠫᠠᠩ ᠪᠥᠮᠪᠥᠭᠡ ᠵᠢᠨ ᠤᠷᠤᠯᠳᠤᠭ᠋ᠠᠨ᠎ᠨᠢ ᠬᠠᠷᠢᠯᠴᠠᠨ ᠰᠠᠨᠠᠯ ᠵᠶ᠋ᠠᠨ ᠰᠣᠯᠢᠯᠴᠠᠬᠤ᠂ ᠪᠥᠮᠪᠥᠭᠡ ᠵᠢᠨ ᠮᠡᠷᠭᠡᠵᠢᠯ ᠵᠶ᠋ᠡᠨ ᠰᠣᠯᠢᠯᠴᠠᠬᠤ᠂ ᠨᠥᠬᠥᠷᠯᠡᠯ ᠵᠶ᠋ᠡᠨ ᠵᠤᠵᠠᠭ᠋ᠠᠳᠬᠠᠬᠤ ᠰᠠᠢ᠍ᠢ᠍ᠨ ᠰᠠᠢ᠌ᠬᠠᠨ ᠲᠠᠪᠴᠠᠩ᠎ᠢ ᠪᠠᠢ᠌ᠭᠤᠯᠵᠤ᠂ ᠤᠷᠤᠯᠳᠤᠭ᠋ᠠᠨ ᠵᠶ᠋ᠠᠷ ᠳᠠᠮᠵᠢᠨ ᠰᠢᠨ᠎ᠡ ᠴᠠᠭ ᠦᠶ᠎ᠡ ᠵᠢᠨ ᠠᠮᠢ ᠠᠬᠤᠢ ᠣᠷᠴᠢᠨ ᠲᠣᠭᠣᠷᠢᠨ᠎ᠤ ᠰᠢᠰᠲ᠋ᠧᠮ᠎ᠤᠨ ᠥᠷᠨᠢᠭᠦᠨ ᠬᠥᠭᠵᠢᠩᠭᠦᠢ ᠣᠶᠤᠨ ᠰᠠᠨᠠᠭ᠋ᠠᠨ᠎ᠤ ᠳᠦᠷᠰᠦ ᠪᠠᠶ᠋ᠢᠳᠠᠯ᠎ᠢ ᠢᠯᠡᠷᠡᠭᠦᠯᠬᠦ ᠵᠢ ᠬᠦᠰᠡᠵᠦ ᠪᠠᠢ᠌ᠨ᠎ᠠ ᠭᠡᠵᠦ ᠢᠯᠡᠳᠬᠡᠪᠡ᠃