ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠠᠮᠢ ᠠᠬᠤᠢ᠎ᠶᠢᠨ ᠬᠠᠮᠠᠭᠠᠯᠠᠯᠲᠠ
ᠪᠣᠬᠢᠷᠲᠤᠯ᠎ᠢ ᠰᠡᠷᠭᠡᠶ᠋ᠢᠯᠡᠨ ᠵᠠᠰᠠᠬᠤ
ᠪᠣᠬᠢᠷᠳᠤᠯ᠎ᠢ ᠰᠡᠷᠭᠡᠢ᠌ᠯᠡᠨ ᠵᠠᠰᠠᠬᠤ ᠪᠣᠭᠣᠮᠲᠠ ᠰᠢᠪᠲᠤᠯᠬᠤ ᠲᠠᠢ᠌ᠯᠠᠯᠳᠣᠭ᠋ᠠᠨ
ᠵᠢᠷᠭᠤᠭ᠋ᠠᠨ ᠠᠬᠢᠭᠤᠯᠬᠤ ᠳᠦᠷᠢᠮ᠎ᠢ ᠭᠦᠨᠵᠡᠭᠡᠢ ᠲᠣᠭᠣᠰᠢᠯᠠᠭᠣᠯᠣᠶ᠎ᠠ
ᠠᠮᠢ ᠠᠬᠤᠢ᠎ᠶᠢᠨ ᠬᠠᠮᠠᠭᠠᠯᠠᠯᠲᠠ   -   ᠠᠮᠢ ᠠᠬᠤᠢ᠎ᠶᠢᠨ ᠵᠢᠱ᠌ᠢᠶᠠᠴᠢ
ᠪᠣᠬᠢᠷᠲᠤᠯ ᠦᠭᠡᠢ ᠬᠥᠭᠵᠢᠯᠲᠡ ᠵᠢᠨ ᠵᠢᠱ᠌ᠢᠶ᠎ᠡ ᠦᠵᠡᠭᠦᠯᠬᠦ ᠬᠡᠷᠡᠭ᠎ᠤᠨ ᠵᠢᠱ᠌ᠢᠶ᠎ᠡ — ᠤᠯᠤᠰ᠎ᠤᠨ ᠠᠮᠢ ᠠᠬᠤᠢ ᠵᠢᠨ ᠪᠣᠯᠪᠠᠰᠤᠨ᠎ᠤ ᠪᠠᠢ᠌ᠭᠤᠯᠤᠯᠲᠠ ᠵᠢᠨ ᠵᠢᠱ᠌ᠢᠶ᠎ᠡ ᠦᠵᠡᠭᠦᠯᠬᠦ ᠣᠷᠣᠨ — ᠰᠢᠯᠢ ᠵᠢᠨ ᠭᠣᠣᠯ ᠠᠶ᠋ᠢᠮᠠᠭ᠎ᠤᠨ ᠵᠡᠭᠦᠨ ᠦᠵᠦᠮᠦᠴᠢᠨ ᠬᠣᠰᠢᠭᠤ
ᠨᠡᠶ᠋ᠢᠲᠡᠯᠡᠭᠰᠡᠨ ᠴᠠᠭ᠄ 2023-12-20

      ᠰᠢᠯᠢ ᠵᠢᠨ ᠭᠣᠣᠯ ᠠᠶ᠋ᠢᠮᠠᠭ᠎ᠤᠨ ᠵᠡᠭᠦᠨ ᠦᠵᠦᠮᠦᠴᠢᠨ ᠬᠣᠰᠢᠭᠤᠨ᠎ᠤ ᠡᠨᠡ ᠬᠦ᠌ ᠠᠮᠢᠵᠢᠷᠠᠯ᠎ᠤᠨ ᠬᠦᠴᠦᠨ ᠵᠶ᠋ᠡᠷ ᠪᠢᠯᠬᠠᠭᠰᠠᠨ ᠥᠩ ᠰᠢᠮᠡᠯᠢᠭ ᠬᠥᠷᠥᠰᠥᠨ᠎ᠳᠤ᠂ ᠬᠥᠬᠡ ᠤᠬᠳᠠᠷᠠᠭᠤᠢ ᠴᠡᠯᠮᠡᠭᠰᠢᠵᠦ᠂ ᠬᠥᠳᠡᠭᠡ ᠲᠠᠯ᠎ᠠ ᠨᠣᠭᠣᠭ᠋ᠠᠷᠠᠨ᠂ ᠣᠨᠴᠠ ᠵᠢᠨ ᠭᠤᠶᠤ ᠬᠠᠷᠠᠭᠳᠠᠨ᠎ᠠ᠃ ᠪᠥᠬᠥ ᠬᠣᠰᠢᠭᠤᠨ᠎ᠤ ᠨᠤᠲᠤᠭ ᠳᠡᠪᠢᠰᠬᠡᠷ᠎ᠤᠨ ᠲᠠᠯᠠᠪᠠᠶ 4.73 ᠲᠦᠮᠡᠨ ᠲᠡᠭᠰᠢ ᠳᠥᠷᠪᠡᠯᠵᠢᠨ ᠺᠢᠯᠣᠮᠧᠲᠷ᠎ᠲᠤ ᠬᠦᠷᠴᠦ᠂ ᠬᠢᠯᠢ ᠵᠢᠨ ᠳᠣᠲᠣᠷ᠎ᠠ ᠤᠯᠠᠨ ᠤᠯᠤᠰ᠎ᠤᠨ ᠴᠢᠨᠠᠷᠲᠠᠢ ᠵᠢᠯ ᠲᠤᠷᠰᠢ ᠨᠡᠭᠡᠭᠡᠯᠲᠡᠲᠡᠢ ᠬᠠᠭᠤᠷᠠᠢ ᠵᠠᠮ᠎ᠤᠨ ᠪᠣᠭᠣᠮᠲᠠ ᠪᠣᠯᠬᠤ — ᠵᠡᠭᠦᠨ ᠬᠠᠲᠠᠪᠴᠢ ᠪᠣᠭᠣᠮᠲᠠ ᠪᠣᠯ ᠤᠯᠤᠰ᠎ᠤᠨ ᠬᠢᠯᠢ ᠳᠠᠭ᠋ᠠᠤ ᠵᠢᠨ ᠭᠣᠣᠯᠳᠠᠯᠭ᠎ᠠ᠎ᠲᠠᠢ ᠪᠣᠭᠣᠮᠲᠠ ᠪᠠ ᠥᠪᠡᠷᠲᠡᠭᠡᠨ ᠵᠠᠰᠠᠬᠤ ᠣᠷᠣᠨ᠎ᠤ ᠭᠣᠣᠯᠳᠠᠯᠭ᠎ᠠ᠎ᠲᠠᠢ ᠨᠡᠭᠡᠭᠡᠨ ᠬᠥᠭᠵᠢᠭᠦᠯᠵᠦ ᠨᠡᠭᠡᠭᠡᠯᠲᠡ ᠬᠢᠬᠦ ᠲᠤᠷᠰᠢᠯᠲᠠ ᠵᠢᠨ ᠣᠷᠣᠨ ᠪᠣᠯᠣᠨ᠎ᠠ᠂ ᠬᠢᠯᠢ ᠵᠢᠨ ᠱᠤᠭᠤᠮ᠎ᠤᠨ ᠤᠷᠳᠤ᠎ᠨᠢ 527.6 ᠺᠢᠯᠣᠮᠧᠲᠷ ᠪᠣᠯᠣᠨ᠎ᠠ᠃ ᠵᠡᠭᠦᠨ ᠦᠵᠦᠮᠦᠴᠢᠨ ᠬᠣᠰᠢᠭᠤ ᠪᠣᠯ ᠥᠪᠡᠷᠲᠡᠭᠡᠨ ᠵᠠᠰᠠᠬᠤ ᠣᠷᠣᠨ᠎ᠤ 33 ᠮᠠᠯᠵᠢᠬᠤ ᠬᠣᠰᠢᠭᠤ (ᠬᠣᠲᠠ) ᠪᠠ 19 ᠬᠢᠯᠢ ᠵᠢᠨ ᠬᠣᠰᠢᠭᠤ (ᠬᠣᠲᠠ) ᠵᠢᠨ ᠨᠢᠭᠡ ᠪᠠᠢ᠌ᠵᠤ᠂ ᠰᠢᠯᠢ ᠵᠢᠨ ᠭᠣᠣᠯ᠎ᠤᠨ ᠲᠠᠯ᠎ᠠ ᠨᠤᠲᠤᠭ᠎ᠤᠨ ᠭᠣᠣᠯ ᠣᠷᠣᠨ ᠪᠣᠯᠣᠨ᠎ᠠ᠂ ᠨᠤᠲᠤᠭ ᠪᠡᠯᠴᠢᠭᠡᠷ᠎ᠤᠨ ᠠᠰᠢᠭᠯᠠᠵᠤ ᠪᠣᠯᠬᠤ ᠲᠠᠯᠠᠪᠠᠶ᠎ᠨᠢ ᠪᠥᠬᠥ ᠣᠷᠣᠨ᠎ᠤ 6.2%᠎ᠢ ᠡᠵᠡᠯᠡᠵᠦ᠂ ᠪᠥᠬᠥ ᠠᠶ᠋ᠢᠮᠠᠭ᠎ᠤᠨ 23.6% ᠵᠢ ᠡᠵᠡᠯᠡᠵᠦ᠂ ᠪᠣᠬᠢᠷᠲᠤᠯ ᠦᠭᠡᠢ ᠮᠠᠯ᠎ᠤᠨ ᠠᠰᠢᠭ ᠰᠢᠮ᠎ᠡ ᠵᠢ ᠡᠳ᠋ᠰᠢᠭᠦᠯᠦᠨ ᠭᠠᠷᠭ᠋ᠠᠬᠤ ᠴᠢᠬᠤᠯᠠ ᠰᠠᠭᠤᠷᠢᠨ ᠭᠠᠵᠠᠷ ᠪᠣᠯᠣᠨ᠎ᠠ᠃ ᠪᠥᠬᠥ ᠬᠣᠰᠢᠭᠤᠨ᠎ᠳᠤ 5362 ᠲᠦᠮᠡᠨ ᠮᠦ᠍ ᠵᠢᠨ ᠪᠠᠶ᠋ᠢᠭ᠋ᠠᠯᠢ ᠵᠢᠨ ᠪᠡᠯᠴᠢᠭᠡᠷ᠂ 75.8 ᠲᠦᠮᠡᠨ ᠮᠦ᠍ ᠵᠢᠨ ᠣᠢ᠌ᠲᠤ ᠭᠠᠵᠠᠷ᠂ 548 ᠲᠦᠮᠡᠨ ᠮᠦ᠍ ᠵᠢᠨ ᠴᠢᠭᠢᠭᠯᠢᠭ ᠭᠠᠵᠠᠷ᠎ᠲᠠᠢ ᠪᠠᠢ᠌ᠵᠤ᠂ ᠪᠥᠬᠥ ᠬᠣᠰᠢᠭᠤᠨ᠎ᠤ ᠤᠯᠤᠰ᠎ᠤᠨ ᠨᠤᠲᠤᠭ ᠳᠡᠪᠢᠰᠬᠡᠷ᠎ᠤᠨ ᠲᠠᠯᠠᠪᠠᠶ ᠵᠢᠨ 75% ᠵᠢ ᠠᠮᠢ ᠠᠬᠤᠢ ᠵᠢᠨ ᠬᠠᠮᠠᠭ᠋ᠠᠯᠠᠯᠲᠠ ᠵᠢᠨ ᠤᠯᠠᠭ᠋ᠠᠨ ᠱᠤᠭᠤᠮ ᠪᠣᠯᠭ᠋ᠠᠪᠠ᠃ ᠮᠠᠨ᠎ᠤ ᠤᠯᠤᠰ᠎ᠤᠨ ᠤᠮᠠᠷᠠᠲᠤ ᠵᠢᠨ ᠴᠢᠬᠤᠯᠠ ᠠᠮᠢ ᠠᠬᠤᠢ ᠵᠢᠨ ᠠᠮᠤᠷ ᠲᠦᠪᠰᠢᠨ᠎ᠤ ᠬᠠᠯᠬᠠᠪᠴᠢ ᠵᠢ ᠪᠠᠲᠤ ᠴᠣᠭᠴᠠᠯᠠᠬᠤ ᠪᠣᠯ ᠵᠡᠭᠦᠨ ᠦᠵᠦᠮᠦᠴᠢᠨ ᠬᠣᠰᠢᠭᠤᠨ᠎ᠤ ᠤᠯᠤᠰ ᠲᠥᠷᠥ ᠵᠢᠨ ᠡᠭᠦᠷᠭᠡ ᠬᠠᠷᠢᠭᠤᠴᠠᠯᠭ᠎ᠠ ᠮᠥᠨ᠂ ᠪᠠᠰᠠ ᠴᠤ᠌ ᠲᠡᠦᠬᠡᠨ ᠬᠠᠷᠢᠭᠤᠴᠠᠯᠭ᠎ᠠ ᠮᠥᠨ᠂ ᠵᠡᠭᠦᠨ ᠦᠵᠦᠮᠦᠴᠢᠨ ᠬᠣᠰᠢᠭᠤ ᠰᠢ ᠵᠢᠨ ᠫᠢᠩ᠎ᠤᠨ ᠠᠮᠢ ᠠᠬᠤᠢ ᠵᠢᠨ ᠪᠣᠯᠪᠠᠰᠤᠨ᠎ᠤ ᠦᠵᠡᠯ ᠰᠠᠨᠠᠭ᠎ᠠ ᠵᠢ ᠭᠦᠨᠵᠡᠭᠡᠢ ᠲᠤᠭᠤᠰᠢᠯᠠᠭᠤᠯᠵᠤ᠂ ᠠᠮᠢ ᠠᠬᠤᠢ ᠵᠢ ᠤᠷᠢᠳ ᠵᠶ᠋ᠠᠷ ᠪᠣᠳᠣᠯᠬᠢᠯᠠᠬᠤ᠂ ᠪᠣᠬᠢᠷᠲᠤᠯ ᠦᠭᠡᠢ ᠬᠥᠭᠵᠢᠭᠦᠯᠬᠦ᠎ᠪᠠᠷ ᠤᠳᠤᠷᠢᠳᠤᠮᠵᠢ ᠪᠣᠯᠭ᠋ᠠᠭᠰᠠᠨ ᠴᠢᠨᠠᠷ ᠰᠠᠢ᠌ᠲᠠᠢ ᠬᠥᠭᠵᠢᠯᠲᠡ ᠵᠢᠨ ᠣᠢ᠌ᠯᠠᠭ᠋ᠠᠭᠳᠠᠬᠤᠨ᠎ᠢ ᠢᠮᠠᠭᠲᠠ ᠦᠢ᠍ᠯᠡᠳᠦᠯᠭᠡᠵᠢᠭᠦᠯᠵᠦ᠂ ᠠᠮᠢ ᠠᠬᠤᠢ ᠵᠢ ᠰᠡᠷᠭᠦᠭᠡᠨ ᠵᠠᠰᠠᠬᠤ᠂ ᠡᠬᠢ ᠪᠠᠶᠠᠯᠢᠭ᠎ᠢ ᠬᠠᠮᠠᠭ᠋ᠠᠯᠠᠬᠤ᠎ᠪᠠᠷ ᠭᠣᠣᠯᠳᠠᠯᠭ᠎ᠠ ᠪᠣᠯᠭ᠋ᠠᠵᠤ᠂ ᠠᠭᠤᠯᠠ ᠤᠰᠤ ᠤᠢ ᠮᠣᠳᠣ ᠭᠠᠵᠠᠷ ᠲᠠᠷᠢᠶ᠎ᠠ ᠨᠠᠭᠤᠷ ᠪᠦᠷᠢᠳᠦ ᠨᠤᠲᠤᠭ ᠪᠡᠯᠴᠢᠭᠡᠷ ᠡᠯᠡᠰᠦ ᠵᠢ ᠰᠢᠰᠲ᠋ᠧᠮ᠎ᠲᠠᠢ ᠵᠠᠰᠠᠬᠤ ᠵᠢ ᠨᠢᠭᠡᠳᠦᠯᠲᠡᠢ ᠲᠥᠯᠥᠪᠵᠢᠭᠦᠯᠦᠨ ᠠᠬᠢᠭᠤᠯᠵᠤ᠂ ᠠᠮᠢ ᠠᠬᠤᠢ ᠵᠢ ᠨᠢᠭᠡ ᠴᠣᠭᠴᠠᠵᠢᠭᠤᠯᠤᠨ ᠰᠡᠷᠭᠦᠭᠡᠬᠦ ᠵᠢ ᠲᠠᠰᠤᠷᠠᠯᠳᠡ ᠦᠭᠡᠢ ᠲᠦᠷᠭᠡᠳᠬᠡᠪᠡ᠃

      ᠵᠡᠭᠦᠨ ᠦᠵᠦᠮᠦᠴᠢᠨ ᠬᠣᠰᠢᠭᠤ᠎ᠨᠢ ᠡᠬᠡ ᠤᠯᠤᠰ᠎ᠤᠨ ᠤᠮᠠᠷᠠᠲᠤ ᠵᠢᠨ ᠴᠢᠬᠤᠯᠠ ᠠᠮᠢ ᠠᠬᠤᠢ ᠵᠢᠨ ᠠᠮᠤᠷ ᠲᠦᠪᠰᠢᠨ᠎ᠤ ᠬᠠᠯᠬᠠᠪᠴᠢ ᠵᠢᠨ ᠬᠢᠨᠠᠨ ᠰᠢᠯᠭ᠋ᠠᠭᠳᠠᠭᠰᠠᠨ ᠪᠥᠬᠥ ᠣᠷᠣᠨ᠎ᠤ 17 ᠬᠣᠰᠢᠭᠤ ᠰᠢᠶᠠᠨ ᠬᠣᠲᠠ (ᠲᠣᠭᠣᠷᠢᠭ) ᠵᠢᠨ ᠨᠢᠭᠡ ᠪᠣᠯᠤᠭᠰᠠᠨ᠎ᠤ ᠬᠤᠪᠢ᠎ᠳᠤ᠂ ᠡᠬᠡ ᠤᠯᠤᠰ᠎ᠤᠨ ᠬᠢᠯᠢ ᠬᠢᠵᠠᠭ᠋ᠠᠷ᠎ᠤᠨ ᠦᠵᠡᠰᠬᠦᠯᠡᠩᠲᠦ ᠰᠠᠢ᠌ᠬᠠᠨ ᠦᠵᠡᠮᠵᠢ ᠵᠢᠨ ᠣᠷᠣᠨ ᠪᠠ ᠤᠮᠠᠷᠠᠲᠤ ᠵᠢᠨ ᠴᠢᠬᠤᠯᠠ ᠠᠮᠢ ᠠᠬᠤᠢ ᠵᠢᠨ ᠠᠮᠤᠷ ᠲᠦᠪᠰᠢᠨ᠎ᠤ ᠬᠠᠯᠬᠠᠪᠴᠢ ᠵᠢ ᠪᠦᠲᠦᠭᠡᠨ ᠪᠠᠢ᠌ᠭᠤᠯᠬᠤ ᠴᠢᠬᠤᠯᠠ ᠡᠭᠦᠷᠭᠡ ᠵᠢ ᠡᠭᠦᠷᠭᠡᠯᠡᠵᠦ ᠪᠤᠢ᠃ ᠣᠢ᠌ᠷ᠎ᠠ ᠵᠢᠨ ᠵᠢᠯ᠎ᠳᠤ᠂ ᠵᠡᠭᠦᠨ ᠦᠵᠦᠮᠦᠴᠢᠨ ᠬᠣᠰᠢᠭᠤ ᠤᠷᠢᠳ ᠬᠣᠵᠢᠳ 《ᠤᠯᠤᠰ᠎ᠤᠨ ᠠᠮᠢ ᠠᠬᠤᠢ ᠵᠢᠨ ᠪᠣᠯᠪᠠᠰᠤᠨ᠎ᠤ ᠪᠠᠢ᠌ᠭᠤᠯᠤᠯᠲᠠ ᠵᠢᠨ ᠵᠢᠱ᠌ᠢᠶ᠎ᠡ ᠦᠵᠡᠭᠦᠯᠬᠦ ᠣᠷᠣᠨ》 《ᠤᠯᠤᠰ᠎ᠤᠨ ᠡᠷᠡᠭᠦᠯ ᠬᠠᠮᠠᠭ᠋ᠠᠯᠠᠯ᠎ᠤᠨ ᠰᠢᠶᠠᠨ᠎ᠤ ᠬᠣᠲᠠ》 《ᠥᠪᠡᠷᠲᠡᠭᠡᠨ ᠵᠠᠰᠠᠬᠤ ᠣᠷᠣᠨ᠎ᠤ ᠬᠣᠶᠠᠷ᠎ᠢ ᠬᠦᠷᠢᠶᠡᠯᠡᠭᠰᠡᠨ ᠵᠢᠱ᠌ᠢᠶᠡᠴᠢ ᠬᠣᠲᠠ》 《ᠥᠪᠡᠷᠲᠡᠭᠡᠨ ᠵᠠᠰᠠᠬᠤ ᠣᠷᠣᠨ᠎ᠤ ᠪᠣᠯᠪᠠᠰᠤᠨ ᠬᠣᠲᠠ》 ᠵᠡᠷᠭᠡ ᠢᠷᠠᠭᠤ ᠠᠯᠳᠠᠷ᠎ᠤᠨ ᠴᠣᠯᠠ ᠵᠢ ᠭᠥᠷᠳᠡᠪᠡ᠃

      ᠨᠢᠭᠡ᠂ ᠠᠮᠢ ᠠᠬᠤᠢ ᠵᠢᠨ ᠬᠠᠮᠠᠭ᠋ᠠᠯᠠᠯᠲᠠ ᠰᠡᠷᠭᠦᠭᠡᠯᠲᠡ ᠵᠢ ᠲᠦᠷᠭᠡᠳᠬᠡᠵᠦ᠂ ᠪᠣᠬᠢᠷᠲᠤᠯ ᠦᠭᠡᠢ ᠬᠥᠭᠵᠢᠯᠲᠡ ᠵᠢᠨ ᠥᠯᠢᠭᠡᠷ ᠳᠠᠭᠤᠷᠢᠶᠠᠯ ᠦᠵᠡᠭᠦᠯᠦᠨ᠎ᠡ

      ᠨᠤᠲᠤᠭ ᠪᠡᠯᠴᠢᠭᠡᠷ ᠪᠣᠯ ᠵᠡᠭᠦᠨ ᠦᠵᠦᠮᠦᠴᠢᠨ ᠬᠣᠰᠢᠭᠤᠨ᠎ᠤ ᠳᠡᠪᠢᠰᠬᠡᠷ ᠥᠩᠭᠡ ᠪᠠᠢ᠌ᠵᠤ᠂ ᠪᠥᠬᠥ ᠬᠣᠰᠢᠭᠤᠨ᠎ᠤ ᠪᠡᠯᠴᠢᠭᠡᠷ᠎ᠤᠨ ᠲᠠᠯᠠᠪᠠᠶ 5362.36 ᠲᠦᠮᠡᠨ ᠮᠦ᠍ ᠪᠠᠢ᠌ᠵᠤ᠂ 5093.25 ᠲᠦᠮᠡᠨ ᠮᠦ᠍ ᠦᠨᠳᠦᠰᠦᠨ ᠨᠤᠲᠤᠭ ᠪᠡᠯᠴᠢᠭᠡᠷ᠎ᠢ ᠵᠠᠭ᠋ᠠᠭᠯᠠᠨ ᠲᠣᠭᠲᠠᠭ᠋ᠠᠵᠤ᠂ ᠨᠤᠲᠤᠭ ᠪᠡᠯᠴᠢᠭᠡᠷ᠎ᠤᠨ ᠶᠡᠷᠦᠩᠬᠡᠢ ᠲᠠᠯᠠᠪᠠᠶ ᠵᠢᠨ 95.01% ᠵᠢ ᠡᠵᠡᠯᠡᠪᠡ᠃ ᠤᠯᠤᠰ ᠪᠠ ᠥᠪᠡᠷᠲᠡᠭᠡᠨ ᠵᠠᠰᠠᠬᠤ ᠣᠷᠣᠨ᠎ᠤ ᠮᠠᠭᠤᠳᠠᠭᠰᠠᠨ ᠨᠤᠲᠤᠭ ᠪᠡᠯᠴᠢᠭᠡᠷ᠎ᠤᠨ ᠠᠮᠢ ᠠᠬᠤᠢ ᠵᠢ ᠵᠠᠰᠠᠨ ᠰᠡᠷᠭᠦᠭᠡᠬᠦ ᠲᠤᠷᠰᠢᠯᠲᠠ ᠵᠢᠨ ᠴᠡᠭ᠎ᠤᠨ ᠲᠥᠷᠥᠯ ᠵᠦᠢ᠍ᠯ᠂ ᠡᠵᠡᠨᠨᠠᠭᠤᠷ ᠪᠠᠯᠭ᠋ᠠᠰᠤ ᠵᠢᠨ ᠰᠠᠶ᠋ᠢᠨ ᠤᠰᠤ ᠭᠠᠴᠠᠭ᠎ᠠ ᠵᠢᠨ ᠲᠠᠴᠢᠷᠳᠠᠭᠰᠠᠨ ᠪᠡᠯᠴᠢᠭᠡᠷ᠎ᠢ ᠵᠠᠰᠠᠬᠤ ᠲᠤᠷᠰᠢᠯᠲᠠ ᠵᠢᠨ ᠵᠢᠱ᠌ᠢᠶ᠎ᠡ ᠦᠵᠡᠭᠦᠯᠬᠦ ᠲᠥᠷᠥᠯ ᠵᠦᠢ᠍ᠯ ᠵᠡᠷᠭᠡ ᠭᠣᠣᠯᠳᠠᠯᠭ᠎ᠠ᠎ᠲᠠᠢ ᠨᠤᠲᠤᠭ ᠪᠡᠯᠴᠢᠭᠡᠷ᠎ᠤᠨ ᠠᠮᠢ ᠠᠬᠤᠢ ᠵᠢ ᠵᠠᠰᠠᠨ ᠰᠡᠷᠭᠦᠭᠡᠬᠦ ᠢᠨᠵᠧᠨᠧᠷᠢᠩ᠎ᠢ ᠯᠠᠪᠳᠠᠭᠤᠨ ᠪᠠᠲᠤᠲᠠᠢ ᠠᠬᠢᠭᠤᠯᠵᠤ᠂ 51.5 ᠲᠦᠮᠡᠨ ᠮᠦ᠍ ᠨᠤᠲᠤᠭ ᠪᠡᠯᠴᠢᠭᠡᠷ᠎ᠤᠨ ᠠᠮᠢ ᠠᠬᠤᠢ ᠵᠢ ᠵᠠᠰᠠᠨ ᠰᠡᠷᠭᠦᠭᠡᠬᠦ ᠵᠢ ᠪᠡᠶᠡᠯᠡᠭᠦᠯᠦᠨ᠎ᠡ᠃ ᠨᠤᠲᠤᠭ ᠪᠡᠯᠴᠢᠭᠡᠷ᠎ᠤᠨ ᠠᠮᠢ ᠠᠬᠤᠢ ᠵᠢᠨ ᠬᠠᠮᠠᠭ᠋ᠠᠯᠠᠯᠲᠠ ᠵᠢᠨ ᠨᠥᠬᠥᠪᠦᠷᠢ ᠪᠠ ᠱᠠᠩᠨᠠᠯ ᠣᠯᠭᠣᠬᠤ᠂ ᠮᠠᠯ ᠪᠡᠯᠴᠢᠭᠡᠷ᠎ᠢ ᠲᠡᠩᠴᠡᠭᠦᠷᠢ᠎ᠲᠠᠢ ᠪᠠᠢ᠌ᠯᠭ᠋ᠠᠬᠤ᠂ ᠪᠡᠯᠴᠢᠭᠡᠷᠯᠡᠭᠦᠯᠬᠦ ᠵᠢ ᠵᠣᠭᠰᠣᠭ᠋ᠠᠵᠤ ᠪᠡᠯᠴᠢᠭᠡᠷ᠎ᠢ ᠰᠡᠷᠭᠦᠭᠡᠬᠦ ᠰᠡᠯᠭᠦᠨ ᠮᠠᠯᠵᠢᠬᠤ᠂ ᠨᠤᠲᠤᠭ ᠪᠡᠯᠴᠢᠭᠡᠷ᠎ᠤᠨ ᠬᠠᠮᠢᠶᠠᠷᠤᠯᠲᠠ ᠵᠡᠷᠭᠡ ᠳᠦᠷᠢᠮ᠎ᠢ ᠴᠢᠩᠭ᠎ᠠ ᠨᠠᠢ᠌ᠳᠠᠪᠤᠷᠢᠵᠢᠭᠤᠯᠵᠤ᠂ ᠭᠤᠷᠪᠠᠨ ᠡᠭᠡᠯᠵᠢ ᠵᠢᠨ ᠨᠤᠲᠤᠭ ᠪᠡᠯᠴᠢᠭᠡᠷ᠎ᠤᠨ ᠠᠮᠢ ᠠᠬᠤᠢ ᠵᠢᠨ ᠬᠠᠮᠠᠭ᠋ᠠᠯᠠᠯᠲᠠ ᠵᠢᠨ ᠨᠥᠬᠥᠪᠦᠷᠢ ᠪᠠ ᠱᠠᠩᠨᠠᠯ ᠣᠯᠭᠣᠬᠤ ᠲᠥᠷᠥ ᠵᠢᠨ ᠪᠣᠳᠣᠯᠭ᠎ᠠ ᠵᠢ ᠡᠬᠢᠯᠡᠨ ᠬᠡᠷᠡᠭᠵᠢᠭᠦᠯᠵᠦ᠂ ᠨᠤᠲᠤᠭ ᠪᠡᠯᠴᠢᠭᠡᠷ᠎ᠤᠨ ᠠᠮᠢ ᠠᠬᠤᠢ ᠵᠢᠨ ᠬᠠᠮᠠᠭ᠋ᠠᠯᠠᠯᠲᠠ ᠵᠢᠨ ᠨᠥᠬᠥᠪᠦᠷᠢ ᠪᠠ ᠱᠠᠩᠨᠠᠯ ᠣᠯᠭᠣᠬᠤ ᠪᠡᠯᠡ ᠮᠥᠩᠭᠥ ᠵᠢ ᠨᠠᠢ᠌ᠳᠠ 18.04 ᠳ᠋ᠦᠩᠰᠢᠭᠤᠷ ᠲᠥᠭᠥᠷᠢᠭ ᠪᠠᠭᠤᠯᠭ᠋ᠠᠵᠤ᠂ 10600 ᠭᠠᠷᠤᠢ ᠮᠠᠯᠵᠢᠬᠤ ᠡᠷᠦᠬᠡ᠎ᠳᠤ ᠠᠰᠢᠭ ᠬᠦᠷᠲᠡᠭᠡᠵᠦ᠂ ᠪᠥᠬᠥ ᠬᠣᠰᠢᠭᠤᠨ᠎ᠤ ᠨᠤᠲᠤᠭ ᠪᠡᠯᠴᠢᠭᠡᠷ᠎ᠤᠨ ᠥᠨᠳᠥᠷᠴᠡ᠂ ᠪᠦᠷᠬᠦᠴᠡ᠂ ᠤᠨᠠᠯᠲᠠ ᠵᠢᠨ ᠬᠡᠮᠵᠢᠶ᠎ᠡ ᠵᠢ ᠲᠣᠰ ᠲᠣᠰ 2%᠂ 36%᠂ 103%᠎ᠪᠠᠷ ᠳᠡᠭᠡᠭᠰᠢᠯᠡᠭᠦᠯᠵᠦ᠂ ᠨᠤᠲᠤᠭ ᠪᠡᠯᠴᠢᠭᠡᠷ᠎ᠤᠨ ᠠᠮᠢ ᠠᠬᠤᠢ ᠮᠠᠭᠤᠳᠠᠭᠰᠠᠨ᠂ ᠡᠮᠬᠢ ᠵᠠᠮᠪᠠᠷᠠᠭ᠎ᠠ ᠦᠭᠡᠢ ᠠᠰᠢᠭᠯᠠᠭᠰᠠᠨ᠂ ᠬᠡᠲᠦ ᠨᠡᠭᠡᠭᠡᠨ ᠮᠠᠯᠵᠢᠭᠰᠠᠨ ᠪᠠᠶ᠋ᠢᠳᠠᠯ᠎ᠢ ᠦᠨᠳᠦᠰᠦᠨ᠎ᠳᠡᠭᠡᠨ ᠬᠣᠷᠢᠭᠯᠠᠵᠤ᠂ ᠥᠷᠭᠡᠨ ᠠᠭᠤᠳᠠᠮ ᠨᠤᠲᠤᠭ ᠪᠡᠯᠴᠢᠭᠡᠷ᠎ᠢ ᠠᠮᠤᠷᠵᠢᠭᠤᠯᠤᠨ ᠰᠡᠷᠭᠦᠭᠡᠵᠦ᠂ ᠨᠤᠲᠤᠭ ᠪᠡᠯᠴᠢᠭᠡᠷ᠎ᠤᠨ ᠠᠮᠢ ᠠᠬᠤᠢ ᠪᠠ ᠮᠠᠯᠴᠢᠳ᠎ᠤᠨ ᠠᠮᠢᠳᠤᠷᠠᠯ᠎ᠤᠨ 《ᠬᠣᠣᠰ ᠳᠡᠭᠡᠭᠰᠢᠯᠡᠯᠲᠡ》 ᠵᠢ ᠪᠡᠶᠡᠯᠡᠭᠦᠯᠪᠡ᠃ ᠣᠢ᠌ᠷ᠎ᠠ ᠵᠢᠨ ᠵᠢᠯ᠎ᠠᠴᠠ᠂ ᠲᠡᠦᠬᠡᠨ᠎ᠠᠴᠠ ᠦᠯᠡᠳᠡᠭᠳᠡᠵᠦ ᠢᠷᠡᠭᠰᠡᠨ ᠡᠵᠡᠨ ᠦᠭᠡᠢ ᠬᠠᠶᠠᠭᠳᠠᠮᠠᠯ ᠨᠦᠬᠡ ᠮᠠᠯᠲᠠᠬᠤ ᠵᠢ ᠵᠠᠰᠠᠬᠤ ᠢᠨᠵᠧᠨᠧᠷᠢᠩ᠎ᠢ ᠦᠷᠭᠦᠯᠵᠢᠯᠡᠨ ᠬᠡᠷᠡᠭᠵᠢᠭᠦᠯᠵᠦ᠂ ᠨᠠᠢ᠌ᠳᠠ 5200 ᠭᠠᠷᠤᠢ ᠲᠦᠮᠡᠨ ᠲᠥᠭᠥᠷᠢᠭ᠎ᠤᠨ ᠵᠠᠰᠠᠯᠲᠠ ᠵᠢᠨ ᠪᠡᠯᠡ ᠮᠥᠩᠭᠥ ᠣᠷᠣᠭᠤᠯᠵᠤ᠂ 14.61 ᠲᠡᠭᠰᠢ ᠳᠥᠷᠪᠡᠯᠵᠢᠨ ᠺᠢᠯᠤᠮᠥᠲᠷ ᠭᠠᠵᠠᠷ ᠰᠢᠷᠣᠢ ᠵᠢ ᠵᠠᠰᠠᠪᠠ᠃ ᠣᠢ᠌ᠷ᠎ᠠ ᠵᠢᠨ 3 ᠵᠢᠯ᠎ᠳᠤ᠂ ᠨᠠᠢ᠌ᠳᠠ 1.68 ᠳ᠋ᠦᠩᠰᠢᠭᠤᠷ ᠲᠥᠭᠥᠷᠢᠭ᠎ᠤᠨ ᠵᠠᠰᠠᠯᠲᠠ ᠵᠢᠨ ᠪᠡᠯᠡ ᠮᠥᠩᠭᠥ ᠣᠷᠣᠭᠤᠯᠤᠨ ᠠᠭᠤᠷᠬᠠᠢ ᠵᠢᠨ ᠭᠠᠵᠠᠷ᠎ᠤᠨ ᠣᠷᠴᠢᠨ ᠲᠣᠭᠣᠷᠢᠨ᠎ᠤ ᠵᠠᠰᠠᠯᠲᠠ ᠵᠢ ᠥᠷᠨᠢᠭᠦᠯᠵᠦ᠂ ᠨᠠᠢ᠌ᠳᠠ ᠵᠠᠰᠠᠭᠰᠠᠨ ᠲᠠᠯᠠᠪᠠᠶ᠎ᠨᠢ ᠪᠠᠷᠤᠭ 14.56 ᠲᠡᠭᠰᠢ ᠳᠥᠷᠪᠡᠯᠵᠢᠨ ᠺᠢᠯᠣᠮᠧᠲᠷ᠎ᠲᠤ ᠬᠦᠷᠴᠡᠢ᠃ 《ᠪᠣᠬᠢᠷᠲᠤᠯ ᠦᠭᠡᠢ ᠬᠥᠭᠵᠢᠭᠦᠯᠵᠦ᠂ ᠠᠮᠢ ᠠᠬᠤᠢ ᠵᠢ ᠤᠷᠢᠳ ᠵᠶ᠋ᠠᠷ ᠪᠣᠳᠣᠯᠬᠢᠯᠠᠬᠤ》 ᠴᠢᠭᠯᠡᠯᠲᠡ ᠵᠢ ᠨᠠᠢ᠌ᠳᠠᠪᠤᠷᠢᠵᠢᠭᠤᠯᠤᠨ᠂ 8 ᠪᠣᠬᠢᠷᠲᠤᠯ ᠦᠭᠡᠢ ᠠᠭᠤᠷᠬᠠᠢ ᠵᠢᠨ ᠠᠵᠤ ᠠᠬᠤᠢ᠌ᠯᠠᠯ᠎ᠢ ᠪᠠᠢ᠌ᠭᠤᠯᠵᠤ᠂ ᠲᠡᠭᠦᠨ᠎ᠢ ᠳᠤᠮᠳᠠ ᠤᠯᠤᠰ᠎ᠤᠨ ᠲᠠᠰ᠎ᠤᠨ ᠪᠣᠬᠢᠷᠲᠤᠯ ᠦᠭᠡᠢ ᠠᠭᠤᠷᠬᠠᠢ ᠵᠢᠨ ᠨᠡᠷᠡᠰ᠎ᠤᠨ ᠬᠥᠮᠥᠷᠭᠡ᠎ᠳᠤ 2 ᠣᠷᠣᠭᠤᠯᠵᠤ᠂ ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠪᠣᠬᠢᠷᠲᠤᠯ ᠦᠭᠡᠢ ᠠᠭᠤᠷᠬᠠᠢ᠎ᠳᠤ 6 ᠣᠷᠣᠭᠤᠯᠪᠠ᠃

      ᠬᠣᠶᠠᠷ᠂ ᠪᠣᠬᠢᠷᠲᠤᠯ᠎ᠢ ᠰᠡᠷᠭᠡᠢ᠌ᠯᠡᠨ ᠵᠠᠰᠠᠬᠤ ᠵᠢ ᠲᠠᠰᠤᠷᠠᠯᠲᠠ ᠦᠭᠡᠢ ᠴᠢᠩᠭ᠋ᠠᠳᠬᠠᠵᠤ᠂ ᠪᠣᠬᠢᠷᠲᠤᠯ ᠦᠭᠡᠢ ᠵᠡᠭᠦᠨ ᠦᠵᠦᠮᠦᠴᠢᠨ᠎ᠤ ᠬᠠᠭᠤᠳᠠᠰᠤ ᠵᠢ ᠪᠢᠴᠢᠭᠯᠡᠨ᠎ᠡ

      ᠵᠡᠭᠦᠨ ᠦᠵᠦᠮᠦᠴᠢᠨ ᠬᠣᠰᠢᠭᠤᠨ᠎ᠤ ᠠᠭ᠋ᠠᠷ ᠮᠠᠨᠳᠠᠯ᠂ ᠤᠰᠤ᠂ ᠬᠥᠷᠥᠰᠥ ᠰᠢᠷᠣᠢ ᠵᠢᠨ ᠪᠣᠬᠢᠷᠲᠤᠯ᠎ᠢ ᠰᠡᠷᠭᠡᠢ᠌ᠯᠡᠨ ᠵᠠᠰᠠᠬᠤ ᠰᠢᠪᠲᠤᠯᠤᠯᠲᠠ ᠵᠢᠨ ᠦᠷ᠎ᠡ ᠪᠦᠲᠦᠮᠵᠢ ᠵᠢ ᠦᠷᠭᠦᠯᠵᠢᠯᠡᠨ ᠪᠡᠬᠢᠵᠢᠭᠦᠯᠵᠦ᠂ ᠠᠮᠢ ᠠᠬᠤᠢ ᠣᠷᠴᠢᠨ ᠲᠣᠭᠣᠷᠢᠨ᠎ᠤ ᠶᠠᠰᠤ ᠴᠢᠨᠠᠷ᠎ᠢ ᠴᠢᠷᠮᠠᠢ᠌ᠨ ᠰᠠᠢ᠌ᠵᠢᠷᠠᠭᠤᠯᠵᠤ᠂ ᠪᠥᠬᠥ ᠬᠣᠰᠢᠭᠤᠨ᠎ᠤ ᠠᠮᠢ ᠠᠬᠤᠢ ᠣᠷᠴᠢᠨ ᠲᠣᠭᠣᠷᠢᠨ᠎ᠤ ᠠᠮᠤᠷ ᠲᠦᠪᠰᠢᠨ᠎ᠢ ᠦᠨᠡᠨᠬᠦ ᠪᠠᠲᠤᠯᠠᠪᠠ᠃ ᠠᠭ᠋ᠠᠷ ᠮᠠᠨᠳᠠᠯ᠎ᠤᠨ ᠪᠣᠬᠢᠷᠲᠤᠯ᠎ᠢ ᠰᠡᠷᠭᠡᠢ᠌ᠯᠡᠨ ᠵᠠᠰᠠᠬᠤ ᠪᠡᠷᠬᠡ ᠰᠡᠳᠦᠪ᠎ᠢ ᠰᠢᠢ᠍ᠳᠪᠦᠷᠢᠯᠡᠬᠦ ᠳᠠᠢ᠌ᠯᠠᠯᠳᠤᠭ᠋ᠠᠨ᠎ᠢ ᠭᠦᠨᠵᠡᠭᠡᠢ ᠰᠠᠶ᠋ᠢᠲᠤᠷ ᠬᠢᠵᠡᠢ᠃ ᠣᠢ᠌ᠷ᠎ᠠ ᠵᠢᠨ 3 ᠵᠢᠯ᠎ᠳᠤ᠂ ᠲᠣᠰ ᠬᠣᠰᠢᠭᠤᠨ᠎ᠤ ᠣᠷᠴᠢᠨ ᠲᠣᠭᠣᠷᠢᠨ᠎ᠤ ᠠᠭ᠋ᠠᠷ᠎ᠤᠨ ᠶᠠᠰᠤ ᠴᠢᠨᠠᠷ᠎ᠤᠨ ᠰᠢᠯᠢᠳᠡᠭ ᠰᠠᠶ᠋ᠢᠨ ᠡᠳᠦᠷ᠎ᠤᠨ ᠲᠣᠭ᠎ᠠ᠎ᠨᠢ 100% ᠵᠢ ᠡᠵᠡᠯᠡᠵᠦ᠂ ᠠᠭ᠋ᠠᠷ ᠳᠣᠲᠣᠷᠠᠬᠢ ᠵᠢᠵᠢᠭ ᠮᠥᠬᠥᠯᠢᠭᠲᠦ ᠪᠣᠳᠠᠰ (PM2.5)᠎ᠤᠨ ᠳᠤᠮᠳᠠᠴᠢ ᠥᠳᠬᠡᠴᠡ᠎ᠨᠢ 6.19 ᠮᠢᠺᠷᠥᠭᠷᠠᠮ / ᠪᠣᠰᠣᠭ᠎ᠠ ᠳᠥᠷᠪᠡᠯᠵᠢᠨ ᠮᠧᠲᠷ ᠪᠠᠢ᠌ᠵᠤ᠂ ᠠᠭ᠋ᠠᠷ᠎ᠤᠨ ᠶᠠᠰᠤ ᠴᠢᠨᠠᠷ᠎ᠤᠨ ᠵᠢᠭ᠋ᠠᠯᠲᠠ ᠲᠣᠭ᠎ᠠ (AQI)᠎ᠨᠢ ᠪᠥᠬᠥ ᠠᠶ᠋ᠢᠮᠠᠭ᠎ᠤᠨ 13 ᠬᠣᠰᠢᠭᠤ ᠰᠢᠶᠠᠨ ᠬᠣᠲᠠ ᠲᠣᠭᠣᠷᠢᠭ᠎ᠲᠤ 2 ᠳ᠋ᠤᠭ᠋ᠠᠷ᠎ᠲᠤ ᠵᠢᠭᠰᠠᠭ᠋ᠠᠭᠳᠠᠵᠤ᠂ ᠪᠥᠬᠥ ᠣᠷᠣᠨ᠎ᠤ 103 ᠬᠣᠰᠢᠭᠤ ᠰᠢᠶᠠᠨ ᠬᠣᠲᠠ ᠲᠣᠭᠣᠷᠢᠭ᠎ᠲᠤ 4 ᠳ᠋ᠤᠭ᠋ᠠᠷ᠎ᠲᠤ ᠵᠢᠭᠰᠠᠭ᠋ᠠᠭᠳᠠᠵᠠᠢ᠃ ᠲᠥᠬᠥᠮ ᠪᠦᠲᠦᠴᠡᠲᠦ ᠣᠷᠣᠨ ᠰᠠᠭᠤᠴᠠ ᠵᠢᠨ ᠲᠣᠭᠣᠷᠢᠭ᠎ᠢ ᠥᠭᠡᠷᠡᠴᠢᠯᠡᠬᠦ᠂ ᠨᠡᠭᠦᠷᠡᠰᠦ ᠰᠢᠲᠠᠭ᠋ᠠᠬᠤ ᠵᠢᠵᠢᠭ ᠭᠦᠥᠸᠯᠦ ᠵᠢ ᠵᠠᠭ᠋ᠠᠵᠠᠯᠠᠬᠤ᠂ ᠮᠠᠯᠵᠢᠬᠤ ᠣᠷᠣᠨ᠎ᠤ ᠠᠷᠢᠭᠤᠨ ᠴᠡᠪᠡᠷ ᠵᠶ᠋ᠡᠷ ᠳᠤᠯᠠᠭ᠋ᠠᠯᠠᠬᠤ ᠵᠡᠷᠭᠡ ᠪᠣᠬᠢᠷᠲᠤᠯ ᠪᠣᠳᠠᠰ ᠭᠠᠳᠠᠭᠰᠢᠯᠠᠭᠤᠯᠬᠤ ᠬᠡᠮᠵᠢᠶ᠎ᠡ ᠵᠢ ᠪᠠᠭ᠋ᠠᠰᠬᠠᠬᠤ ᠠᠵᠢᠯ᠎ᠢ ᠢᠳᠡᠪᠬᠢᠲᠡᠢ᠎ᠪᠠᠷ ᠲᠦᠯᠬᠢᠨ ᠠᠬᠢᠭᠤᠯᠵᠤ᠂ ᠠᠭ᠋ᠠᠷ ᠮᠠᠨᠳᠠᠯ᠎ᠤᠨ ᠭᠣᠣᠯ ᠪᠣᠬᠢᠷᠲᠤᠯ ᠪᠣᠳᠠᠰ᠎ᠤᠨ ᠬᠦᠬᠦᠷ᠎ᠤᠨ ᠳᠠᠪᠬᠤᠷ ᠢᠰᠦᠯ᠂ ᠠᠽᠣᠲ᠎ᠤᠨ ᠢᠰᠦᠮᠡᠭ᠂ ᠮᠥᠬᠥᠯᠢᠭᠲᠦ ᠪᠣᠳᠠᠰ᠎ᠢ ᠵᠢᠯ ᠪᠦᠷᠢ ᠪᠠᠷᠤᠭ 470 ᠲᠣᠨ᠂ 205 ᠲᠣᠨ ᠪᠠ 660 ᠲᠣᠨ ᠪᠠᠭ᠋ᠠᠰᠬᠠᠨ᠎ᠠ᠃ ᠤᠰᠤᠨ᠎ᠤ ᠣᠷᠴᠢᠨ ᠲᠣᠭᠣᠷᠢᠨ᠎ᠢ ᠶᠡᠷᠦᠩᠬᠡᠢ᠌ᠯᠡᠨ ᠵᠠᠰᠠᠬᠤ ᠬᠢᠷᠢ ᠬᠡᠮᠵᠢᠶ᠎ᠡ ᠵᠢ ᠪᠥᠬᠥ ᠭᠣᠣᠯᠳᠠᠯᠭ᠎ᠠ᠎ᠲᠠᠢ ᠰᠠᠪᠠ ᠭᠠᠵᠠᠷ ᠭᠣᠣᠯᠳᠠᠯᠭ᠎ᠠ᠎ᠲᠠᠢ ᠭᠣᠣᠯ᠎ᠤᠨ ᠬᠡᠰᠡᠭ᠎ᠢ ᠶᠡᠷᠦᠩᠬᠡᠢ᠌ᠯᠡᠨ ᠵᠠᠰᠠᠬᠤ ᠠᠵᠢᠯ᠎ᠢ ᠢᠳᠡᠪᠬᠢᠲᠡᠢ᠎ᠪᠠᠷ ᠲᠦᠯᠬᠢᠨ ᠠᠬᠢᠭᠤᠯᠵᠤ᠂ ᠭᠣᠣᠯ᠎ᠤᠨ ᠵᠠᠮ᠎ᠢ 16 ᠺᠢᠯᠣᠮᠧᠲᠷ ᠬᠦᠷᠢᠶᠡᠯᠡᠨ ᠪᠢᠲᠡᠭᠦᠮᠵᠢᠯᠡᠵᠦ᠂ ᠤᠰᠤ ᠤᠮᠳᠠ ᠵᠢᠨ ᠲᠣᠭᠲᠠᠮᠠᠯ ᠴᠡᠭ᠎ᠢ 12 ᠪᠠᠢ᠌ᠭᠤᠯᠪᠠ᠃ ᠬᠣᠲᠠ ᠪᠠᠯᠭ᠋ᠠᠰᠤ ᠵᠢᠨ ᠪᠣᠬᠢᠷ ᠤᠰᠤ ᠰᠢᠢ᠍ᠳᠪᠦᠷᠢᠯᠡᠬᠦ ᠦᠢ᠍ᠯᠡᠳᠪᠦᠷᠢ ᠵᠢ ᠲᠣᠭᠲᠠᠭᠤᠨ ᠵᠶ᠋ᠠᠷ ᠠᠵᠢᠯᠯᠠᠭᠤᠯᠵᠤ᠂ 4500 ᠭᠠᠷᠤᠢ ᠲᠦᠮᠡᠨ ᠲᠥᠭᠥᠷᠢᠭ ᠣᠷᠣᠭᠤᠯᠵᠤ᠂ ᠹᠣᠰᠹᠣᠷ ᠦᠭᠡᠢ᠌ᠳᠡᠭᠦᠯᠦᠨ ᠠᠽᠣᠲ ᠠᠷᠢᠯᠭ᠋ᠠᠬᠤ ᠪᠠᠷᠢᠮᠵᠢᠶ᠎ᠠ ᠵᠢ ᠳᠡᠭᠡᠭᠰᠢᠯᠡᠭᠦᠯᠬᠦ ᠥᠭᠡᠷᠡᠴᠢᠯᠡᠯᠲᠡ ᠪᠠ ᠳᠤᠮᠳᠠᠬᠢ ᠤᠰᠤ ᠵᠢ ᠡᠭᠡᠭᠦᠯᠦᠨ ᠬᠡᠷᠡᠭᠯᠡᠬᠦ ᠢᠨᠵᠧᠨᠧᠷᠢᠩ᠎ᠢ ᠪᠥᠬᠥ ᠲᠠᠯ᠎ᠠ᠎ᠪᠠᠷ ᠪᠡᠶᠡᠯᠡᠭᠦᠯᠵᠦ᠂ ᠪᠣᠬᠢᠷ ᠤᠰᠤ ᠵᠢ ᠬᠣᠷᠢᠶᠠᠨ ᠴᠤᠭᠯᠠᠭᠤᠯᠬᠤ ᠨᠣᠷᠮ᠎ᠠ᠂ ᠰᠢᠢ᠍ᠳᠪᠦᠷᠢᠯᠡᠬᠦ ᠨᠣᠷᠮ᠎ᠠ᠂ ᠪᠠᠷᠢᠮᠵᠢᠶ᠎ᠠ᠎ᠳᠤ ᠬᠦᠷᠦᠭᠦᠯᠦᠨ ᠭᠠᠳᠠᠭᠰᠢᠯᠠᠭᠤᠯᠬᠤ ᠨᠣᠷᠮ᠎ᠠ ᠵᠢ ᠰᠢᠯᠭ᠋ᠠᠨ ᠬᠢᠨᠠᠬᠤ ᠬᠠᠷᠠᠯᠲᠠ ᠵᠢᠨ ᠱᠠᠭ᠋ᠠᠷᠳᠠᠯᠭ᠎ᠠ᠎ᠳᠤ ᠬᠦᠷᠦᠭᠦᠯᠪᠡ᠃ ᠪᠣᠬᠢᠷ ᠤᠰᠤ ᠰᠢᠢ᠍ᠳᠪᠦᠷᠢᠯᠡᠬᠦ ᠦᠢ᠍ᠯᠡᠳᠪᠦᠷᠢ ᠵᠢᠨ ᠦᠯᠡᠳᠡᠭᠳᠡᠯ ᠤᠰᠤᠨ᠎ᠤ ᠵᠣᠬᠢᠶᠠᠮᠠᠯ ᠴᠢᠭᠢᠭᠯᠢᠭ ᠭᠠᠵᠠᠷ᠎ᠤᠨ ᠤᠰᠤᠨ᠎ᠤ ᠴᠢᠨᠠᠷ᠎ᠢ ᠴᠡᠪᠡᠷᠰᠢᠭᠦᠯᠬᠦ ᠢᠨᠵᠧᠨᠧᠷᠢᠩ᠎ᠢ ᠢᠳᠡᠪᠬᠢᠲᠡᠢ᠎ᠪᠠᠷ ᠲᠥᠯᠥᠪᠯᠡᠵᠦ᠂ ᠲᠥᠷᠥᠯ ᠵᠦᠢ᠍ᠯ᠎ᠢ ᠬᠡᠷᠡᠭᠵᠢᠭᠦᠯᠦᠭᠰᠡᠨ᠎ᠤ ᠳᠠᠷᠠᠭ᠎ᠠ ᠵᠢᠱ᠌ᠢᠯᠲᠡ᠎ᠪᠠᠷ ᠵᠢᠯ ᠪᠦᠷᠢ ᠬᠢᠮᠢ ᠵᠢᠨ ᠬᠦᠴᠢᠯᠲᠥ᠋ᠷᠥᠭᠴᠢ ᠬᠡᠷᠡᠭᠰᠡᠬᠦ ᠬᠡᠮᠵᠢᠶ᠎ᠡ ᠵᠢ 50.37 ᠲᠣᠨ᠂ ᠶᠡᠷᠦᠩᠬᠡᠢ ᠹᠣᠰᠹᠣᠷ 0.628 ᠲᠣᠨ᠂ ᠶᠡᠷᠦᠩᠬᠡᠢ ᠠᠽᠣᠲ 20.528 ᠲᠣᠨ᠂ ᠰᠢᠪᠲᠦᠷᠲᠦ ᠠᠽᠣᠲ 6.862 ᠲᠣᠨ ᠪᠠᠭ᠋ᠠᠰᠬᠠᠨ᠎ᠠ᠃ ᠬᠥᠷᠥᠰᠥ ᠰᠢᠷᠣᠢ ᠵᠢᠨ ᠪᠣᠬᠢᠷᠲᠤᠯ᠎ᠢ ᠰᠡᠷᠭᠡᠢ᠌ᠯᠡᠨ ᠵᠠᠰᠠᠬᠤ ᠬᠢᠨᠠᠯᠲᠠ ᠬᠠᠮᠢᠶᠠᠷᠤᠯᠲᠠ ᠵᠢ ᠬᠦᠴᠦᠯᠡᠨ ᠰᠠᠶ᠋ᠢᠲᠤᠷ ᠬᠦᠨᠳᠦ ᠲᠡᠮᠦᠷᠯᠢᠭ᠎ᠤᠨ ᠪᠣᠬᠢᠷᠲᠤᠯ᠎ᠢ ᠰᠡᠷᠭᠡᠢ᠌ᠯᠡᠨ ᠵᠠᠰᠠᠬᠤ ᠠᠵᠢᠯ᠎ᠢ ᠭᠦᠨᠵᠡᠭᠡᠢ ᠠᠬᠢᠭᠤᠯᠵᠤ᠂ ᠬᠦᠨᠳᠦ ᠲᠡᠮᠦᠷᠯᠢᠭ᠎ᠤᠨ ᠪᠣᠬᠢᠷᠲᠤᠯ ᠪᠣᠳᠠᠰ᠎ᠢ ᠭᠠᠳᠠᠭᠰᠢᠯᠠᠭᠤᠯᠬᠤ᠎ᠳᠤ ᠬᠣᠯᠪᠣᠭᠳᠠᠬᠤ 1 ᠠᠵᠤ ᠠᠬᠤᠢ᠌ᠯᠠᠯ᠎ᠤᠨ ᠬᠠᠶᠠᠭᠳᠠᠮᠠᠯ ᠬᠡᠢ ᠵᠢ ᠵᠠᠰᠠᠬᠤ ᠪᠡᠯᠡᠳᠬᠡᠮᠵᠢ ᠵᠢᠨ ᠥᠭᠡᠷᠡᠴᠢᠯᠡᠯᠲᠡ ᠵᠢ ᠪᠡᠶᠡᠯᠡᠭᠦᠯᠪᠡ᠃ ᠬᠠᠲᠠᠭᠤ ᠪᠡᠶᠡᠲᠦ ᠬᠠᠶᠠᠭᠳᠠᠮᠠᠯ ᠪᠣᠳᠠᠰ᠎ᠤᠨ ᠪᠣᠬᠢᠷᠲᠤᠯ᠎ᠢ ᠰᠡᠷᠭᠡᠢ᠌ᠯᠡᠨ ᠵᠠᠰᠠᠬᠤ ᠬᠠᠮᠢᠶᠠᠷᠤᠯᠲᠠ ᠵᠢᠨ ᠬᠠᠷᠠᠯᠲᠠ ᠵᠢᠨ ᠡᠭᠦᠷᠭᠡ ᠵᠢ ᠦᠨᠡᠨᠬᠦ ᠴᠢᠩᠭ᠋ᠠᠳᠬᠠᠵᠤ᠂ ᠪᠥᠬᠥ ᠣᠷᠣᠨ᠎ᠤ ᠠᠩᠬᠠᠳᠠᠭᠴᠢ ᠳᠣᠣᠷ᠎ᠠ ᠳᠤᠯᠠᠭ᠋ᠠᠨ᠎ᠳᠤ ᠬᠠᠯᠠᠭᠤᠨ ᠵᠶ᠋ᠠᠷ ᠵᠠᠳᠠᠷᠠᠭᠤᠯᠬᠤ ᠮᠠᠶᠢᠭ᠎ᠤᠨ ᠬᠣᠲᠠ ᠪᠠᠯᠭ᠋ᠠᠰᠤ ᠵᠢᠨ ᠬᠣᠭᠣᠯᠠᠨ ᠭᠡᠷ᠎ᠤᠨ ᠬᠣᠭ ᠨᠣᠪᠰᠢ ᠪᠠ ᠠᠮᠢᠳᠤᠷᠠᠯ᠎ᠤᠨ ᠬᠣᠭ ᠨᠣᠪᠰᠢ ᠵᠢ ᠰᠢᠢ᠍ᠳᠪᠦᠷᠢᠯᠡᠬᠦ ᠦᠢ᠍ᠯᠡᠳᠪᠦᠷᠢ ᠵᠢ ᠪᠠᠢ᠌ᠭᠤᠯᠬᠤ ᠵᠢᠨ ᠬᠠᠮᠲᠤ ᠠᠰᠢᠭᠯᠠᠯᠲᠠ᠎ᠳᠤ ᠣᠷᠣᠭᠤᠯᠤᠨ᠂ ᠰᠤᠮᠤ ᠪᠠᠯᠭ᠋ᠠᠰᠤ ᠵᠢᠨ ᠠᠮᠢᠳᠤᠷᠠᠯ᠎ᠤᠨ ᠬᠣᠭ ᠨᠣᠪᠰᠢ ᠵᠢ ᠰᠢᠢ᠍ᠳᠪᠦᠷᠢᠯᠡᠬᠦ ᠵᠢᠵᠢᠭ ᠬᠡᠯᠪᠡᠷᠢ ᠵᠢᠨ ᠪᠡᠯᠡᠳᠬᠡᠮᠵᠢ ᠵᠢ ᠬᠠᠢ᠌ᠨ ᠰᠦᠪᠡᠭᠴᠢᠯᠡᠵᠦ᠂ 6 ᠰᠤᠮᠤ ᠪᠠᠯᠭ᠋ᠠᠰᠤ ᠵᠢᠨ ᠠᠮᠢᠳᠤᠷᠠᠯ᠎ᠤᠨ ᠬᠣᠭ ᠨᠣᠪᠰᠢ ᠵᠢ ᠰᠢᠢ᠍ᠳᠪᠦᠷᠢᠯᠡᠬᠦ ᠪᠡᠯᠡᠳᠬᠡᠮᠵᠢ ᠵᠢ ᠰᠢᠨ᠎ᠡ᠎ᠪᠠᠷ ᠪᠠᠢ᠌ᠭᠤᠯᠵᠤ᠂ ᠬᠣᠲᠠ ᠲᠣᠭᠣᠷᠢᠭ᠂ ᠮᠠᠯᠵᠢᠬᠤ ᠣᠷᠣᠨ᠎ᠤ ᠠᠮᠢᠳᠤᠷᠠᠯ᠎ᠤᠨ ᠬᠣᠭ ᠨᠣᠪᠰᠢ ᠵᠢ ᠪᠦᠲᠦᠮᠵᠢᠲᠡᠢ ᠰᠢᠢ᠍ᠳᠪᠦᠷᠢᠯᠡᠵᠡᠢ᠃ 《ᠡᠷᠦᠬᠡ ᠵᠢᠨ ᠵᠣᠷᠯᠣᠩ᠎ᠢ ᠥᠭᠡᠷᠡᠴᠢᠯᠡᠬᠦ》 ᠥᠭᠡᠷᠡᠴᠢᠯᠡᠯᠲᠡ ᠵᠢᠨ ᠵᠠᠭᠪᠤᠷ᠎ᠲᠠᠢ ᠤᠶᠠᠯᠳᠤᠭᠤᠯᠤᠨ᠂ ᠮᠠᠯᠵᠢᠬᠤ ᠣᠷᠣᠨ᠎ᠤ ᠠᠮᠢᠳᠤᠷᠠᠯ᠎ᠤᠨ ᠪᠣᠬᠢᠷ ᠤᠰᠤ ᠵᠢ ᠵᠠᠰᠠᠬᠤ ᠵᠢ ᠠᠬᠢᠭᠤᠯᠵᠤ᠂ ᠥᠭᠡᠷᠡᠴᠢᠯᠡᠯᠲᠡ ᠵᠢᠨ ᠨᠣᠷᠮ᠎ᠠ ᠵᠢ 50% ᠎ᠠᠴᠠ ᠳᠡᠭᠡᠭᠰᠢ᠎ᠳᠤ ᠬᠦᠷᠦᠭᠦᠯᠪᠡ᠃

      ᠭᠤᠷᠪᠠ᠂ ᠪᠠᠭᠤᠷᠠᠢ ᠭᠣᠭᠴᠣᠭ᠎ᠠ ᠵᠢ ᠨᠢᠭᠡᠳᠦᠯᠲᠡᠢ ᠲᠥᠯᠥᠪᠯᠡᠨ ᠰᠠᠶ᠋ᠢᠲᠤᠷ ᠠᠳᠬᠤᠵᠤ᠂ ᠨᠤᠲᠤᠭ ᠪᠡᠯᠴᠢᠭᠡᠷ᠎ᠤᠨ ᠳᠦᠷᠰᠦ ᠪᠠᠶ᠋ᠢᠳᠠᠯ᠎ᠢ ᠳᠡᠭᠡᠭᠰᠢᠯᠡᠭᠦᠯᠦᠨ᠎ᠡ

      ᠵᠡᠭᠦᠨ ᠦᠵᠦᠮᠦᠴᠢᠨ ᠬᠣᠰᠢᠭᠤᠨ᠎ᠤ᠎ᠬᠢᠨ ᠨᠤᠭᠤ ᠭᠠᠵᠠᠷ᠎ᠤᠨ ᠲᠠᠯᠠᠪᠠᠶ ᠵᠢᠨ ᠶᠡᠷᠦᠩᠬᠡᠢ ᠬᠡᠮᠵᠢᠶ᠎ᠡ ᠵᠢ ᠨᠠᠷᠢᠨ ᠬᠢᠨᠠᠮᠠᠭ᠋ᠠᠢ ᠬᠢᠵᠠᠭ᠋ᠠᠷᠯᠠᠵᠤ᠂ ᠴᠢᠬᠤᠯᠠ ᠨᠤᠭᠤ ᠭᠠᠵᠠᠷ᠎ᠢ ᠠᠮᠢ ᠠᠬᠤᠢ ᠵᠢᠨ ᠬᠠᠮᠠᠭ᠋ᠠᠯᠠᠯᠲᠠ ᠵᠢᠨ ᠤᠯᠠᠭ᠋ᠠᠨ ᠱᠤᠭᠤᠮ᠎ᠳᠤ ᠣᠷᠣᠭᠤᠯᠵᠤ᠂ ᠨᠤᠭᠤ ᠭᠠᠵᠠᠷ᠎ᠢ ᠬᠠᠮᠠᠭ᠋ᠠᠯᠠᠵᠤ ᠰᠡᠷᠭᠦᠭᠡᠬᠦ 2 ᠲᠥᠷᠥᠯ ᠵᠦᠢ᠍ᠯ᠎ᠢ ᠬᠡᠷᠡᠭᠵᠢᠭᠦᠯᠵᠦ᠂ 13 ᠭᠠᠷᠤᠢ ᠲᠦᠮᠡᠨ ᠮᠦ᠍ ᠨᠤᠭᠤ ᠭᠠᠵᠠᠷ᠎ᠢ ᠵᠠᠰᠠᠨ ᠰᠡᠯᠪᠢᠵᠦ᠂ ᠴᠢᠭᠢᠭᠯᠢᠭ ᠭᠠᠵᠠᠷ᠎ᠤᠨ ᠲᠠᠯᠠᠪᠠᠶ ᠵᠢ 582 ᠲᠦᠮᠡᠨ ᠮᠦ᠍᠎ᠳᠤ ᠬᠦᠷᠦᠭᠦᠯᠵᠦ᠂ ᠤᠯᠠᠭ᠋ᠠᠢ ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠴᠢᠭᠢᠭᠯᠢᠭ ᠭᠠᠵᠠᠷ᠎ᠤᠨ ᠬᠠᠮᠠᠭ᠋ᠠᠯᠠᠯᠲᠠ ᠵᠢᠨ ᠣᠷᠣᠨ᠎ᠤ ᠵᠠᠭ᠋ᠠᠭ ᠱᠤᠭᠤᠮ ᠲᠣᠭᠲᠠᠭ᠋ᠠᠬᠤ ᠪᠠ ᠠᠭᠤᠷᠬᠠᠢ ᠬᠠᠶ᠋ᠢᠬᠤ ᠡᠷᠬᠡ ᠵᠢ ᠪᠤᠴᠠᠭ᠋ᠠᠨ ᠭᠠᠷᠭ᠋ᠠᠬᠤ ᠠᠵᠢᠯ᠎ᠢ ᠪᠦᠬᠦᠨ᠎ᠢ ᠪᠡᠶᠡᠯᠡᠭᠦᠯᠦᠨ᠂ ᠤᠯᠠᠭ᠋ᠠᠢ ᠭᠣᠣᠯ᠎ᠤᠨ ᠤᠰᠤᠨ ᠵᠠᠮ᠎ᠢ ᠯᠠᠢ᠌ᠳᠠᠬᠤ ᠢᠨᠵᠧᠨᠧᠷᠢᠩ᠎ᠢ ᠡᠬᠢᠯᠡᠨ ᠬᠡᠷᠡᠭᠵᠢᠭᠦᠯᠵᠦ᠂ 13 ᠨᠠᠭᠤᠷ ᠴᠥᠭᠥᠷᠥᠮ ᠵᠢᠴᠢ ᠳᠣᠣᠷᠠᠳᠤ ᠤᠷᠤᠰᠬᠠᠯ᠎ᠤᠨ ᠤᠰᠤᠨ᠎ᠤ ᠠᠮᠢ ᠠᠬᠤᠢ ᠵᠢᠨ ᠰᠢᠰᠲ᠋ᠧᠮ᠎ᠤᠨ ᠤᠤᠯ ᠦᠵᠡᠮᠵᠢ ᠵᠢ ᠳᠠᠬᠢᠨ ᠢᠯᠡᠷᠡᠭᠦᠯᠬᠦ ᠵᠢ ᠪᠡᠶᠡᠯᠡᠭᠦᠯᠵᠦ᠂ 2 ᠠᠶ᠋ᠢᠮᠠᠭ᠎ᠤᠨ ᠲᠠᠰ᠎ᠤᠨ ᠴᠢᠬᠤᠯᠠ ᠴᠢᠭᠢᠭᠯᠢᠭ ᠭᠠᠵᠠᠷ᠎ᠤᠨ ᠨᠡᠷᠡᠰ᠎ᠤᠨ ᠵᠢᠭᠰᠠᠭ᠋ᠠᠯᠲᠠ ᠵᠢ ᠭᠤᠶᠤᠴᠢᠯᠠᠨ ᠪᠠᠢ᠌ᠭᠤᠯᠵᠤ᠂ ᠴᠢᠭᠢᠭᠯᠢᠭ ᠭᠠᠵᠠᠷ᠎ᠤᠨ ᠬᠠᠮᠠᠭ᠋ᠠᠯᠠᠯᠲᠠ ᠵᠢᠨ ᠨᠣᠷᠮ᠎ᠠ ᠵᠢ 42.7%᠎ᠳᠤ ᠬᠦᠷᠦᠭᠦᠯᠵᠦ᠂ ᠪᠥᠬᠥ ᠠᠶ᠋ᠢᠮᠠᠭ᠎ᠤᠨ ᠨᠢᠭᠡᠳᠦᠭᠡᠷ᠎ᠲᠤ ᠵᠢᠭᠰᠠᠭ᠋ᠠᠭᠳᠠᠪᠠ᠃ ᠪᠡᠭᠡᠵᠢᠩ ᠲᠢᠶᠠᠨᠵᠢᠨ᠎ᠤ ᠰᠠᠯᠬᠢ ᠡᠯᠡᠰᠦᠨ᠎ᠤ ᠡᠬᠢ ᠵᠢ ᠵᠠᠰᠠᠬᠤ᠂ ᠥᠪᠥᠷ ᠮᠣᠩᠭᠣᠯ᠎ᠤᠨ ᠵᠡᠭᠦᠨ ᠬᠡᠰᠡᠭ᠎ᠤᠨ ᠲᠠᠯ᠎ᠠ ᠨᠤᠲᠤᠭ᠎ᠤᠨ ᠡᠯᠡᠰᠦᠷᠬᠡᠭ ᠭᠠᠵᠠᠷ᠎ᠢ ᠶᠡᠷᠦᠩᠬᠡᠢ᠌ᠯᠡᠨ ᠵᠠᠰᠠᠬᠤ᠂ ᠣᠢ ᠰᠢᠭᠤᠢ ᠵᠢᠨ ᠤᠷᠭᠤᠮᠠᠯ᠎ᠤᠨ ᠬᠤᠴᠢᠯᠭ᠎ᠠ ᠵᠢ ᠰᠡᠷᠭᠦᠭᠡᠬᠦ᠂ ᠲᠥᠪ᠎ᠤᠨ ᠡᠳ᠋᠎ᠤᠨ ᠵᠠᠰᠠᠭ᠎ᠤᠨ ᠣᠢ᠌ᠵᠢᠭᠤᠯᠤᠯᠲᠠ ᠵᠢᠨ ᠨᠥᠬᠥᠪᠦᠷᠢ᠂ ᠮᠠᠭᠤᠳᠠᠭᠰᠠᠨ ᠨᠤᠲᠤᠭ ᠪᠡᠯᠴᠢᠭᠡᠷ᠎ᠤᠨ ᠠᠮᠢ ᠠᠬᠤᠢ ᠵᠢ ᠰᠡᠷᠭᠦᠭᠡᠬᠦ ᠵᠡᠷᠭᠡ ᠤᠯᠤᠰ᠂ ᠥᠪᠡᠷᠲᠡᠭᠡᠨ ᠵᠠᠰᠠᠬᠤ ᠣᠷᠣᠨ᠎ᠤ ᠠᠮᠢ ᠠᠬᠤᠢ ᠵᠢᠨ ᠢᠨᠵᠧᠨᠧᠷᠢᠩ᠎ᠤᠨ ᠪᠦᠲᠦᠭᠡᠨ ᠪᠠᠢ᠌ᠭᠤᠯᠤᠯᠲᠠ ᠵᠢᠨ ᠲᠥᠷᠥᠯ ᠵᠦᠢ᠍ᠯ᠎ᠢ ᠯᠠᠪᠳᠠᠭᠤᠨ ᠪᠠᠲᠤᠲᠠᠢ ᠠᠬᠢᠭᠤᠯᠵᠤ᠂ ᠡᠯᠡᠰᠦ ᠵᠢ ᠰᠡᠷᠭᠡᠢ᠌ᠯᠡᠨ ᠡᠯᠡᠰᠦ ᠵᠢ ᠵᠠᠰᠠᠭᠰᠠᠨ ᠨᠠᠢ᠌ᠳᠠ 109 ᠲᠦᠮᠡᠨ ᠮᠦ᠍᠂ ᠡᠯᠡᠰᠦ ᠵᠢ ᠲᠣᠭᠲᠠᠪᠤᠷᠢᠵᠢᠭᠤᠯᠤᠭᠰᠠᠨ 1000 ᠮᠦ᠍᠂ ᠤᠯᠠᠭ᠋ᠠᠢ ᠭᠣᠣᠯ᠎ᠤᠨ ᠤᠰᠤᠨ᠎ᠤ ᠡᠬᠢ ᠵᠢ ᠬᠠᠳᠠᠭ᠋ᠠᠯᠠᠬᠤ ᠣᠢ ᠵᠢᠨ ᠬᠥᠮᠥᠨ᠎ᠤ ᠬᠦᠴᠦ᠎ᠪᠠᠷ ᠣᠶ᠋ᠢᠵᠢᠭᠤᠯᠬᠤ ᠢᠨᠵᠧᠨᠧᠷᠢᠩ᠎ᠢ ᠨᠠᠢ᠌ᠳᠠ 35 ᠲᠦᠮᠡᠨ ᠮᠦ᠍᠂ ᠪᠡᠭᠡᠵᠢᠩ ᠲᠢᠶᠠᠨᠵᠢᠨ᠎ᠤ ᠰᠠᠯᠬᠢ ᠡᠯᠡᠰᠦᠨ᠎ᠤ ᠡᠬᠢ ᠵᠢ ᠵᠠᠰᠠᠬᠤ ᠢᠨᠵᠧᠨᠧᠷᠢᠩ᠎ᠢ ᠨᠠᠢ᠌ᠳᠠ 101.03 ᠲᠦᠮᠡᠨ ᠮᠦ᠍ ᠪᠡᠶᠡᠯᠡᠭᠦᠯᠵᠦ᠂ ᠨᠤᠲᠤᠭ ᠪᠡᠯᠴᠢᠭᠡᠷ᠎ᠤᠨ ᠠᠮᠢ ᠠᠬᠤᠢ ᠵᠢ ᠵᠠᠰᠠᠨ ᠰᠡᠷᠭᠦᠭᠡᠭᠰᠡᠨ 24 ᠲᠦᠮᠡᠨ ᠮᠦ᠍᠂ ᠣᠢ ᠰᠢᠭᠤᠢ ᠵᠢ ᠠᠷᠠᠴᠢᠯᠠᠨ ᠪᠣᠢ᠌ᠵᠢᠭᠤᠯᠤᠭᠰᠠᠨ 1 ᠲᠦᠮᠡᠨ ᠮᠦ᠍᠂ ᠬᠥᠮᠥᠨ᠎ᠤ ᠬᠦᠴᠦ᠎ᠪᠠᠷ ᠣᠢ᠌ᠵᠢᠭᠤᠯᠤᠭᠰᠠᠨ 5500 ᠮᠦ᠍ ᠪᠣᠯᠪᠠ᠃ ᠪᠥᠬᠥ ᠬᠣᠰᠢᠭᠤᠨ᠎ᠤ ᠡᠯᠡᠰᠦᠷᠬᠡᠭᠵᠢᠭᠰᠡᠨ ᠭᠠᠵᠠᠷ ᠰᠢᠷᠣᠢ ᠵᠢᠨ ᠲᠠᠯᠠᠪᠠᠶ᠎ᠨᠢ ᠠᠷᠪᠠᠨ ᠵᠢᠯ᠎ᠤᠨ ᠡᠮᠦᠨᠡᠬᠢ᠎ᠠᠴᠠ ᠲᠣᠰ ᠲᠣᠰ 40 ᠲᠦᠮᠡᠨ ᠮᠦ᠍ ᠪᠠᠭ᠋ᠠᠰᠪᠠ᠃ 《ᠤᠮᠠᠷᠠᠲᠤ ᠵᠢᠨ ᠭᠤᠷᠪᠠᠨ ᠣᠷᠣᠨ》᠎ᠤ ᠢᠨᠵᠧᠨᠧᠷᠢᠩ᠎ᠤᠨ ᠬᠤᠯᠠᠨ ᠰᠢᠷᠭ᠎ᠠ ᠲᠠᠭ᠎ᠠ ᠵᠢᠨ ᠡᠯᠡᠰᠦᠷᠬᠡᠭ ᠭᠠᠵᠠᠷ᠎ᠢ ᠶᠡᠷᠦᠩᠬᠡᠢ᠌ᠯᠡᠨ ᠵᠠᠰᠠᠬᠤ ᠲᠥᠷᠥᠯ ᠵᠦᠢ᠍ᠯ᠎ᠢ ᠡᠬᠢᠯᠡᠭᠦᠯᠦᠨ ᠬᠡᠷᠡᠭᠵᠢᠭᠦᠯᠵᠦ᠂ 3 ᠵᠢᠯ᠎ᠤᠨ ᠳᠣᠲᠣᠷ᠎ᠠ ᠬᠤᠯᠠᠨ ᠰᠢᠷᠭ᠎ᠠ ᠳᠠᠭᠠ ᠵᠢᠨ ᠡᠯᠡᠰᠦᠷᠬᠡᠭ ᠭᠠᠵᠠᠷ᠎ᠢ ᠶᠡᠷᠦᠩᠬᠡᠢ᠌ᠯᠡᠨ ᠵᠠᠰᠠᠬᠤ ᠡᠭᠦᠷᠭᠡ ᠵᠢ 46 ᠲᠦᠮᠡᠨ ᠮᠦ᠍ ᠪᠡᠶᠡᠯᠡᠭᠦᠯᠵᠦ᠂ ᠡᠯ᠎ᠡ ᠲᠥᠷᠥᠯ᠎ᠤᠨ ᠠᠮᠢ ᠠᠬᠤᠢ ᠵᠢᠨ ᠰᠢᠰᠲ᠋ᠧᠮ᠎ᠤᠨ ᠶᠠᠰᠤ ᠴᠢᠨᠠᠷ ᠪᠠ ᠲᠣᠭᠲᠠᠪᠤᠷᠢᠲᠤ ᠴᠢᠨᠠᠷ᠎ᠢ ᠳᠡᠭᠡᠭᠰᠢᠯᠡᠭᠦᠯᠬᠦ᠎ᠪᠠᠷ ᠲᠥᠯᠥᠪᠯᠡᠵᠦ ᠪᠠᠢ᠌ᠨ᠎ᠠ᠃

      ᠳᠥᠷᠪᠡ᠂ ᠣᠷᠣᠨ ᠵᠠᠢ ᠵᠢᠨ ᠪᠠᠢ᠌ᠷᠢᠰᠢᠯ᠎ᠢ ᠤᠯᠠᠮ ᠨᠢᠭᠡ ᠠᠯᠬᠤᠮ ᠰᠢᠯᠢᠳᠡᠭᠵᠢᠭᠦᠯᠵᠦ᠂ ᠠᠵᠤ ᠦᠢ᠍ᠯᠡᠰ᠎ᠤᠨ ᠪᠦᠲᠦᠴᠡ ᠵᠢ ᠲᠣᠬᠢᠷᠠᠭᠤᠯᠤᠨ᠎ᠠ

      ᠵᠡᠭᠦᠨ ᠦᠵᠦᠮᠦᠴᠢᠨ ᠬᠣᠰᠢᠭᠤᠨ᠎ᠤ ᠭᠣᠣᠯ ᠴᠣᠭᠴᠠ ᠵᠢᠨ ᠴᠢᠳᠠᠮᠵᠢᠲᠤ ᠣᠷᠣᠨ᠎ᠤ ᠲᠥᠷᠥᠯ ᠬᠡᠯᠪᠡᠷᠢ ᠪᠣᠯ ᠭᠣᠣᠯᠳᠠᠯᠭ᠎ᠠ᠎ᠲᠠᠢ ᠠᠮᠢ ᠠᠬᠤᠢ ᠵᠢᠨ ᠴᠢᠳᠠᠮᠵᠢᠲᠤ ᠣᠷᠣᠨ ᠪᠣᠯᠣᠨ᠎ᠠ᠂ ᠠᠮᠢ ᠠᠬᠤᠢ ᠵᠢᠨ ᠪᠦᠲᠦᠭᠡᠨ ᠪᠠᠢ᠌ᠭᠤᠯᠤᠯᠲᠠ ᠵᠢ ᠴᠢᠩᠭ᠋ᠠᠳᠬᠠᠬᠤ᠎ᠨᠢ ᠡᠬᠡ ᠤᠯᠤᠰ᠎ᠤᠨ ᠤᠮᠠᠷᠠᠲᠤ ᠵᠢᠨ ᠠᠮᠢ ᠠᠬᠤᠢ ᠵᠢᠨ ᠠᠮᠤᠷ ᠲᠦᠪᠰᠢᠨ᠎ᠤ ᠬᠠᠯᠬᠠᠪᠴᠢ ᠵᠢᠨ ᠴᠢᠬᠤᠯᠠ ᠪᠦᠷᠢᠯᠳᠦᠬᠦᠨ ᠬᠡᠰᠡᠭ ᠪᠣᠯᠤᠭᠰᠠᠨ ᠪᠠᠢ᠌ᠨ᠎ᠠ᠃ ᠪᠥᠬᠥ ᠬᠣᠰᠢᠭᠤᠨ᠎ᠤ ᠠᠮᠢ ᠠᠬᠤᠢ ᠵᠢᠨ ᠬᠠᠮᠠᠭ᠋ᠠᠯᠠᠯᠲᠠ ᠵᠢᠨ ᠤᠯᠠᠭ᠋ᠠᠨ ᠱᠤᠭᠤᠮ᠎ᠤᠨ ᠲᠠᠯᠠᠪᠠᠶ ᠵᠢ 30509.60 ᠲᠡᠭᠰᠢ ᠳᠥᠷᠪᠡᠯᠵᠢᠨ ᠺᠢᠯᠣᠮᠧᠲᠷ ᠵᠠᠭ᠋ᠠᠭᠯᠠᠨ ᠲᠣᠭᠲᠠᠭ᠋ᠠᠵᠤ᠂ ᠪᠥᠬᠥ ᠬᠣᠰᠢᠭᠤᠨ᠎ᠤ ᠨᠤᠲᠤᠭ ᠳᠡᠪᠢᠰᠬᠡᠷ᠎ᠤᠨ ᠶᠡᠷᠦᠩᠬᠡᠢ ᠲᠠᠯᠠᠪᠠᠶ ᠵᠢᠨ 75.26% ᠵᠢ ᠡᠵᠡᠯᠡᠪᠡ᠃ ᠠᠵᠤ ᠦᠢ᠍ᠯᠡᠰ᠎ᠤᠨ ᠬᠥᠭᠵᠢᠯᠲᠡ ᠵᠢᠨ ᠪᠠᠢ᠌ᠷᠢᠰᠢᠭᠤᠯᠤᠯᠲᠠ ᠵᠢ ᠰᠢᠯᠢᠳᠡᠭᠵᠢᠭᠦᠯᠵᠦ᠂ ᠪᠥᠬᠥ ᠬᠣᠰᠢᠭᠤᠨ᠎ᠤ ᠬᠡᠪᠴᠢᠶᠡᠨ᠎ᠳᠤ 《ᠨᠢᠭᠡ ᠬᠦᠷᠢᠶᠡᠯᠡᠩ᠂ ᠬᠣᠶᠠᠷ ᠴᠥᠮ᠎ᠡ᠂ ᠭᠤᠷᠪᠠᠨ ᠲᠡᠩᠭᠡᠯᠢᠭ᠂ ᠳᠥᠷᠪᠡᠨ ᠲᠣᠭᠣᠷᠢᠭ᠂ ᠤᠯᠠᠨ ᠴᠡᠭ》᠎ᠤᠨ ᠠᠵᠤ ᠦᠢ᠍ᠯᠡᠰ᠎ᠤᠨ ᠣᠷᠣᠨ ᠵᠠᠢ ᠵᠢᠨ ᠪᠠᠢ᠌ᠷᠢᠰᠢᠭᠤᠯᠤᠯᠲᠠ ᠵᠢ ᠪᠦᠷᠢᠯᠳᠦᠭᠦᠯᠵᠡᠢ᠃ ᠠᠮᠢ ᠠᠬᠤᠢ ᠵᠢᠨ ᠣᠷᠣᠨ ᠵᠠᠢ ᠵᠢᠨ ᠪᠠᠢ᠌ᠷᠢᠰᠢᠯ᠎ᠢ ᠪᠡᠬᠢᠯᠡᠵᠦ᠂ ᠴᠢᠨᠠᠷ ᠰᠠᠢ᠌ᠲᠠᠢ ᠨᠤᠲᠤᠭ ᠪᠡᠯᠴᠢᠭᠡᠷ᠎ᠢ ᠭᠣᠣᠯᠳᠠᠯᠭ᠎ᠠ᠎ᠲᠠᠢ ᠬᠠᠮᠠᠭ᠋ᠠᠯᠠᠨ᠂ ᠣᠢ ᠰᠢᠭᠤᠢ ᠨᠤᠲᠤᠭ ᠪᠡᠯᠴᠢᠭᠡᠷ᠎ᠤᠨ ᠪᠦᠲᠦᠴᠡ ᠵᠢ ᠰᠢᠯᠢᠳᠡᠭᠵᠢᠭᠦᠯᠵᠦ᠂ ᠪᠠᠷᠠᠭᠤᠨ ᠣᠷᠣᠨ᠎ᠤ ᠨᠤᠲᠤᠭ ᠪᠡᠯᠴᠢᠭᠡᠷ ᠪᠠ ᠵᠡᠭᠦᠨ ᠣᠷᠣᠨ᠎ᠤ ᠣᠢ᠌ᠲᠤ ᠭᠠᠵᠠᠷ᠎ᠤᠨ ᠠᠮᠢ ᠠᠬᠤᠢ ᠵᠢ ᠰᠡᠷᠭᠦᠭᠡᠬᠦ ᠢᠨᠵᠧᠨᠧᠷᠢᠩ᠎ᠤᠨ ᠪᠦᠲᠦᠭᠡᠨ ᠪᠠᠢ᠌ᠭᠤᠯᠤᠯᠲᠠ ᠵᠢ ᠴᠢᠩᠭ᠋ᠠᠳᠬᠠᠵᠤ᠂ ᠣᠢ ᠰᠢᠭᠤᠢ ᠨᠤᠲᠤᠭ ᠪᠡᠯᠴᠢᠭᠡᠷ᠎ᠤᠨ ᠪᠦᠬᠦᠯᠢ ᠴᠣᠭᠴᠠ ᠵᠢᠨ ᠶᠠᠰᠤ ᠴᠢᠨᠠᠷ᠎ᠢ ᠳᠡᠭᠡᠭᠰᠢᠯᠡᠭᠦᠯᠵᠡᠢ᠃ ᠤᠢ ᠰᠢᠭᠤᠢ ᠨᠤᠲᠤᠭ ᠪᠡᠯᠴᠢᠭᠡᠷ᠂ ᠤᠰᠤᠨ ᠣᠷᠣᠨ᠂ ᠴᠢᠭᠢᠭᠯᠢᠭ ᠭᠠᠵᠠᠷ ᠵᠡᠷᠭᠡ ᠴᠢᠬᠤᠯᠠ ᠠᠮᠢ ᠠᠬᠤᠢ᠎ᠳᠤ ᠬᠡᠷᠡᠭᠯᠡᠬᠦ ᠭᠠᠵᠠᠷ᠎ᠤᠨ ᠬᠠᠮᠠᠭ᠋ᠠᠯᠠᠯᠲᠠ ᠵᠢ ᠴᠢᠩᠭ᠋ᠠᠳᠬᠠᠵᠤ᠂ ᠪᠣᠬᠢᠷᠲᠤᠯ ᠦᠭᠡᠢ ᠣᠷᠣᠨ ᠵᠠᠢ ᠪᠠ ᠤᠰᠤᠨ᠎ᠤ ᠰᠤᠷᠪᠤᠯᠵᠢ ᠵᠢ ᠬᠠᠳᠠᠭ᠋ᠠᠯᠠᠬᠤ ᠣᠷᠣᠨ ᠵᠠᠢ ᠵᠢ ᠥᠷᠭᠡᠳᠬᠡᠵᠦ᠂ ᠭᠠᠵᠠᠷ ᠰᠢᠷᠣᠢ ᠵᠢᠨ ᠠᠮᠢ ᠠᠬᠤᠶ᠋ᠢᠵᠢᠯᠲᠠ ᠵᠢᠨ ᠲᠦᠪᠰᠢᠨ᠎ᠢ ᠲᠡᠭᠡᠭ᠍ᠰᠢᠯᠡᠬᠦᠯᠵᠠᠢ᠃

      ᠵᠡᠭᠦᠨ ᠦᠵᠦᠮᠦᠴᠢᠨ ᠬᠣᠰᠢᠭᠤᠨ᠎ᠤ ᠡᠨᠡᠬᠦ ᠠᠮᠢᠵᠢᠷᠠᠯ᠎ᠤᠨ ᠬᠦᠴᠦᠨ ᠵᠶ᠋ᠡᠷ ᠪᠢᠯᠬᠠᠭᠰᠠᠨ ᠨᠤᠲᠤᠭ ᠳᠡᠪᠢᠰᠬᠡᠷ᠎ᠨᠢ ᠶᠡᠷᠦᠩᠬᠡᠢ ᠱᠦᠵᠢ ᠰᠢ ᠵᠢᠨ ᠫᠢᠩ᠎ᠤᠨ ᠬᠦᠰᠡᠯ ᠨᠠᠢ᠌ᠳᠠᠯᠭ᠎ᠠ᠎ᠪᠠᠷ 《ᠮᠣᠩᠭᠣᠯ ᠮᠣᠷᠢᠨ᠎ᠤ ᠵᠣᠷᠢᠭ ᠰᠠᠨᠠᠭ᠎ᠠ》 ᠵᠢ ᠶᠡᠬᠡᠪᠡᠷ ᠪᠠᠳᠠᠷᠠᠭᠤᠯᠵᠤ᠂ ᠡᠷᠴᠢ ᠵᠣᠷᠢᠭ ᠵᠶ᠋ᠠᠨ ᠬᠥᠪᠴᠢᠯᠡᠨ ᠡᠷᠡᠯᠬᠡᠭᠯᠡᠨ ᠤᠷᠤᠭᠰᠢᠯᠠᠵᠤ᠂ ᠨᠣᠭᠣᠭ᠋ᠠᠨ ᠥᠩᠭᠡ ᠵᠢ ᠬᠠᠮᠤᠭ᠎ᠤᠨ ᠦᠵᠡᠰᠬᠦᠯᠡᠩᠲᠦ ᠰᠠᠢ᠌ᠬᠠᠨ ᠰᠠᠭᠤᠷᠢ ᠥᠩᠭᠡ᠎ᠪᠠᠨ ᠪᠣᠯᠭ᠋ᠠᠪᠠ᠃ ᠨᠣᠭᠣᠭ᠋ᠠᠨ ᠡᠪᠡᠰᠦ ᠪᠢᠷ᠂ ᠨᠣᠮᠢᠨ ᠤᠰᠤ ᠪᠡᠬᠡ᠂ ᠠᠮᠢ ᠠᠬᠤᠢ ᠭᠣᠶᠣ ᠰᠠᠢ᠌ᠬᠠᠨ᠂ ᠠᠮᠢᠳᠤᠷᠠᠯ ᠪᠠ ᠭᠣᠶᠣ ᠰᠠᠢ᠌ᠬᠠᠨ᠂ ᠦᠢ᠍ᠯᠡᠳᠪᠦᠷᠢᠯᠡᠯ ᠬᠥᠭᠵᠢᠯᠲᠡ ᠵᠢᠨ ᠲᠠᠩᠰᠤᠭ ᠰᠠᠢ᠌ᠬᠠᠨ ᠲᠠᠯ᠎ᠠ ᠨᠤᠲᠤᠭ᠎ᠤᠨ ᠵᠢᠷᠤᠭ ᠦᠵᠡᠰᠬᠦᠯᠡᠩᠲᠦ ᠰᠠᠢ᠌ᠬᠠᠨ ᠵᠡᠭᠦᠨ ᠦᠵᠦᠮᠦᠴᠢᠨ ᠬᠣᠰᠢᠭᠤᠨ᠎ᠳᠤ ᠠᠯᠭᠤᠷᠬᠠᠨ ᠳᠡᠯᠭᠡᠭᠳᠡᠯ᠎ᠡ᠃


ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠠᠮᠢ ᠠᠬᠤᠢ ᠤᠷᠴᠢᠨ ᠲᠤᠭᠤᠷᠢᠨ᠎ᠤ ᠲᠢᠩᠬᠢᠮ
          
ᠬᠠᠮᠢᠶ᠎ᠡ ᠪᠦᠬᠦᠢ ᠰᠣᠨᠢᠨ
ᠪᠣᠬᠢᠷᠲᠤᠯ ᠦᠭᠡᠢ ᠬᠥᠭᠵᠢᠯᠲᠡ ᠵᠢᠨ ᠵᠢᠱ᠌ᠢᠶ᠎ᠡ ᠦᠵᠡᠭᠦᠯᠬᠦ ᠬᠡᠷᠡᠭ᠎ᠤᠨ ᠵᠢᠱ᠌ᠢᠶ᠎ᠡ — ᠤᠯᠤᠰ᠎ᠤᠨ ᠠᠮᠢ ᠠᠬᠤᠢ ᠵᠢᠨ ᠪᠣᠯᠪᠠᠰᠤᠨ᠎ᠤ ᠪᠠᠢ᠌ᠭᠤᠯᠤᠯᠲᠠ ᠵᠢᠨ ᠵᠢᠱ᠌ᠢᠶ᠎ᠡ ᠦᠵᠡᠭᠦᠯᠬᠦ ᠣᠷᠣᠨ — ᠡᠷᠢᠶᠡᠨ ᠬᠤᠳᠠ
ᠪᠣᠬᠢᠷᠲᠤᠯ ᠦᠭᠡᠢ ᠬᠥᠭᠵᠢᠯᠲᠡ ᠵᠢᠨ ᠬᠡᠷᠡᠭ᠎ᠤᠨ ᠵᠢᠱ᠌ᠢᠶ᠎ᠡ — ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠠᠮᠢ ᠠᠬᠤᠢ ᠵᠢᠨ ᠪᠣᠯᠪᠠᠰᠤᠨ᠎ᠤ ᠪᠠᠢ᠌ᠭᠤᠯᠤᠯᠲᠠ ᠵᠢᠨ ᠵᠢᠱ᠌ᠢᠶ᠎ᠡ ᠦᠵᠡᠭᠦᠯᠬᠦ ᠣᠷᠣᠨ — ᠲᠦᠮᠡᠳ ᠵᠡᠭᠦᠨ ᠬᠣᠰᠢᠭᠤ
ᠪᠣᠬᠢᠷᠲᠤᠯ ᠦᠭᠡᠢ ᠬᠥᠭᠵᠢᠯᠲᠡ ᠵᠢᠨ ᠵᠢᠱ᠌ᠢᠶ᠎ᠡ — ᠥᠪᠡᠷᠲᠡᠭᠡᠨ ᠵᠠᠰᠠᠬᠤ ᠣᠷᠣᠨ᠎ᠤ ᠲᠡᠰ᠎ᠤᠨ ᠠᠮᠢ ᠠᠬᠤᠢ ᠵᠢᠨ ᠪᠣᠯᠪᠠᠰᠤᠨ᠎ᠤ ᠪᠠᠢ᠌ᠭᠤᠯᠤᠯᠲᠠ ᠵᠢᠨ ᠵᠢᠱ᠌ᠢᠶ᠎ᠡ ᠦᠵᠡᠭᠦᠯᠬᠦ ᠣᠷᠣᠨ — ᠰᠠᠢ᠌ᠬᠠᠨ ᠲᠣᠭᠣᠷᠢᠭ
ᠥᠪᠡᠷᠲᠡᠭᠡᠨ ᠵᠠᠰᠠᠬᠤ ᠣᠷᠣᠨ᠎ᠤ ᠠᠮᠢ ᠠᠬᠤᠢ ᠣᠷᠴᠢᠨ ᠲᠣᠭᠣᠷᠢᠨ᠎ᠤ ᠲᠢᠩᠬᠢᠮ 2024 ᠣᠨ᠎ᠤ ᠠᠩᠬᠠᠳᠤᠭ᠋ᠠᠷ ᠬᠤᠭᠤᠴᠠᠭ᠋ᠠᠨ᠎ᠤ ᠠᠮᠢ ᠠᠬᠤᠢ ᠵᠢᠨ ᠪᠣᠯᠪᠠᠰᠤᠨ᠎ᠤ ᠪᠠᠢ᠌ᠭᠤᠯᠤᠯᠲᠠ ᠵᠢᠨ ᠵᠢᠱ᠌ᠢᠶ᠎ᠡ ᠦᠵᠡᠭᠦᠯᠬᠦ ᠲᠣᠭᠣᠷᠢᠭ ᠪᠣᠯᠣᠨ 《ᠬᠥᠬᠡᠮᠳᠦᠭ ᠨᠣᠭᠣᠭ᠋ᠠᠨ ᠠᠭᠤᠯᠠ ᠤᠰᠤ ᠪᠣᠯ ᠠᠯᠳᠠᠨ ᠠᠭᠤᠯᠠ ᠮᠥᠩᠭᠥᠨ ᠠᠭᠤᠯᠠ》 ᠭᠡᠬᠦ ᠦᠢ᠍ᠯᠡᠳᠦᠯᠭᠡ ᠵᠢᠨ ᠰᠢᠨ᠎ᠡ ᠵᠢ ᠡᠭᠦᠳᠬᠦ ᠰᠠᠭᠤᠷᠢᠨ᠎ᠤ ᠪᠣᠯᠪᠠᠰᠤᠷᠠᠯ᠎ᠤᠨ ᠠᠩᠭᠢ ᠵᠢ ᠡᠷᠬᠢᠯᠡᠪᠡ
 
             蒙ICP备05000248号