ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠠᠮᠢ ᠠᠬᠤᠢ᠎ᠶᠢᠨ ᠬᠠᠮᠠᠭᠠᠯᠠᠯᠲᠠ
ᠪᠣᠬᠢᠷᠲᠤᠯ᠎ᠢ ᠰᠡᠷᠭᠡᠶ᠋ᠢᠯᠡᠨ ᠵᠠᠰᠠᠬᠤ
ᠪᠣᠬᠢᠷᠳᠤᠯ᠎ᠢ ᠰᠡᠷᠭᠡᠢ᠌ᠯᠡᠨ ᠵᠠᠰᠠᠬᠤ ᠪᠣᠭᠣᠮᠲᠠ ᠰᠢᠪᠲᠤᠯᠬᠤ ᠲᠠᠢ᠌ᠯᠠᠯᠳᠣᠭ᠋ᠠᠨ
ᠵᠢᠷᠭᠤᠭ᠋ᠠᠨ ᠠᠬᠢᠭᠤᠯᠬᠤ ᠳᠦᠷᠢᠮ᠎ᠢ ᠭᠦᠨᠵᠡᠭᠡᠢ ᠲᠣᠭᠣᠰᠢᠯᠠᠭᠣᠯᠣᠶ᠎ᠠ
ᠠᠮᠢ ᠠᠬᠤᠢ᠎ᠶᠢᠨ ᠬᠠᠮᠠᠭᠠᠯᠠᠯᠲᠠ   -   ᠤᠯᠠᠨ ᠤᠯᠤᠰ᠎ᠤᠨ ᠬᠠᠮᠲᠤᠷᠠᠯᠴᠠᠭ᠎ᠠ
ᠪᠦᠭᠦᠳᠡ ᠨᠠᠢ᠌ᠷᠠᠮᠳᠠᠬᠤ ᠳᠤᠮᠳᠠᠳᠤ ᠠᠷᠠᠳ ᠤᠯᠤᠰ᠎ᠤᠨ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ ᠬᠢᠭᠡᠳ ᠮᠣᠩᠭᠣᠯ ᠤᠯᠤᠰ᠎ᠤᠨ ᠭᠠᠳᠠᠭ᠋ᠠᠳᠤ ᠶᠠᠪᠤᠳᠠᠯ᠎ᠤᠨ ᠶᠠᠮᠤᠨ᠎ᠤ ᠪᠠᠢ᠌ᠩᠭᠤ ᠵᠢᠨ ᠵᠥᠪᠯᠡᠬᠦ ᠠᠵᠢᠯ᠎ᠤᠨ ᠳᠤᠭᠤᠢ᠌ᠯᠠᠩ᠎ᠤᠨ ᠠᠮᠢ ᠠᠬᠤᠢ ᠣᠷᠴᠢᠨ ᠲᠣᠭᠣᠷᠢᠨ᠎ᠤ ᠳᠤᠭᠤᠢ᠌ᠯᠠᠩ᠎ᠤᠨ ᠠᠵᠢᠯ᠎ᠤᠨ ᠠᠬᠢᠭᠤᠯᠬᠤ ᠬᠤᠷᠠᠯ ᠬᠤᠷᠠᠯᠳᠤᠪᠠ
ᠨᠡᠶ᠋ᠢᠲᠡᠯᠡᠭᠰᠡᠨ ᠴᠠᠭ᠄ 2024-02-07

      1 ᠰᠠᠷ᠎ᠠ ᠵᠢᠨ 19᠎ᠤ ᠡᠳᠦᠷ᠎ᠤᠨ ᠦᠳᠡ ᠵᠢᠨ ᠡᠮᠦᠨ᠎ᠡ᠂ ᠪᠥᠬᠥᠳᠡ ᠨᠠᠢ᠌ᠷᠠᠮᠳᠠᠬᠤ ᠳᠤᠮᠳᠠᠳᠤ ᠠᠷᠠᠳ ᠤᠯᠤᠰ᠎ᠤᠨ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ ᠬᠢᠭᠡᠳ ᠮᠣᠩᠭᠣᠯ ᠤᠯᠤᠰ᠎ᠤᠨ ᠭᠠᠳᠠᠭ᠋ᠠᠳᠤ ᠶᠠᠪᠤᠳᠠᠯ᠎ᠤᠨ ᠶᠠᠮᠤᠨ᠎ᠤ ᠪᠠᠢ᠌ᠩᠭᠤ ᠵᠢᠨ ᠵᠥᠪᠯᠡᠬᠦ ᠠᠵᠢᠯ᠎ᠤᠨ ᠳᠤᠭᠤᠢ᠌ᠯᠠᠩ᠎ᠤᠨ ᠠᠮᠢ ᠠᠬᠤᠢ ᠵᠢᠨ ᠣᠷᠴᠢᠨ ᠲᠣᠭᠣᠷᠢᠨ᠎ᠤ ᠳᠤᠭᠤᠢ᠌ᠯᠠᠩ᠎ᠤᠨ ᠠᠵᠢᠯ᠎ᠤᠨ ᠠᠬᠢᠭᠤᠯᠬᠤ ᠬᠤᠷᠠᠯ ᠬᠤᠷᠠᠯᠳᠤᠪᠠ᠃

      ᠥᠪᠡᠷᠲᠡᠭᠡᠨ ᠵᠠᠰᠠᠬᠤ ᠣᠷᠣᠨ᠎ᠤ ᠠᠮᠢ ᠠᠬᠤᠢ ᠣᠷᠴᠢᠨ ᠲᠣᠭᠣᠷᠢᠨ᠎ᠤ ᠲᠢᠩᠬᠢᠮ᠂ ᠣᠢ ᠰᠢᠭᠤᠢ ᠡᠪᠡᠰᠦ ᠪᠡᠯᠴᠢᠭᠡᠷ᠎ᠤᠨ ᠲᠣᠪᠴᠢᠶ᠎ᠠ᠂ ᠪᠠᠴᠢᠮ ᠪᠠᠶ᠋ᠢᠳᠠᠯ᠎ᠢ ᠠᠷᠭ᠋ᠠᠴᠠᠭ᠋ᠠᠬᠤ ᠬᠠᠮᠢᠶᠠᠷᠤᠯᠲᠠ ᠵᠢᠨ ᠲᠢᠩᠬᠢᠮ᠂ ᠴᠠᠭ ᠠᠭᠤᠷ᠎ᠤᠨ ᠲᠣᠪᠴᠢᠶ᠎ᠠ ᠵᠢᠴᠢ ᠡᠷᠢᠶᠡᠨ ᠬᠣᠲᠠ ᠵᠢᠨ ᠠᠷᠠᠳ᠎ᠤᠨ ᠵᠠᠰᠠᠭ᠎ᠤᠨ ᠣᠷᠳᠣᠨ ᠪᠣᠯᠣᠨ ᠬᠥᠬᠡᠬᠣᠲᠠ᠎ᠳᠤ ᠰᠠᠭᠤᠭ᠎ᠠ ᠮᠣᠩᠭᠣᠯ ᠤᠯᠤᠰ᠎ᠤᠨ ᠶᠡᠷᠦᠩᠬᠡᠢ ᠺᠣᠨᠰᠦ᠋ᠯ᠎ᠤᠨ ᠭᠠᠵᠠᠷ ᠬᠠᠮᠲᠤ᠎ᠪᠠᠷ ᠴᠦᠯᠯᠡᠷᠭᠡᠭᠵᠢᠯ᠎ᠢ ᠶᠡᠷᠦᠩᠬᠡᠢ᠌ᠯᠡᠨ ᠰᠡᠷᠭᠡᠢ᠌ᠯᠡᠨ ᠵᠠᠰᠠᠬᠤ ᠵᠢ ᠠᠬᠢᠭᠤᠯᠵᠤ᠂ ᠡᠯᠡᠰᠦ ᠲᠣᠭᠣᠰᠣ ᠵᠢ ᠬᠢᠨᠠᠨ ᠬᠡᠮᠵᠢᠬᠦ ᠪᠠ ᠵᠠᠰᠠᠬᠤ᠂ 《ᠠᠷᠪᠠᠨ ᠳ᠋ᠦᠩᠰᠢᠭᠤᠷ ᠰᠠᠭᠤᠷᠢ ᠮᠣᠳᠣ ᠲᠠᠷᠢᠬᠤ》 ᠲᠥᠯᠥᠪᠯᠡᠭᠡ ᠵᠢ ᠬᠠᠮᠲᠤᠷᠠᠨ ᠬᠡᠷᠡᠭᠵᠢᠭᠦᠯᠬᠦ᠂ ᠬᠢᠯᠢ ᠬᠢᠵᠠᠭ᠋ᠠᠷ ᠣᠷᠣᠨ᠎ᠤ ᠣᠢ ᠰᠢᠭᠤᠢ ᠨᠤᠲᠤᠭ ᠪᠡᠯᠴᠢᠭᠡᠷ᠎ᠤᠨ ᠭᠠᠯ᠎ᠤᠨ ᠭᠠᠮᠰᠢᠭ᠎ᠢ ᠬᠠᠮᠲᠤᠷᠠᠨ ᠰᠡᠷᠭᠡᠢ᠌ᠯᠡᠵᠦ ᠬᠠᠮᠲᠤᠷᠠᠨ ᠡᠵᠡᠮᠳᠡᠬᠦ ᠵᠢ ᠴᠢᠩᠭ᠋ᠠᠳᠬᠠᠬᠤ᠂ ᠮᠣᠩᠭᠣᠯ᠎ᠢ ᠲᠤᠰᠠᠯᠠᠬᠤ ᠥᠨᠳᠥᠷ ᠣᠭᠲᠠᠷᠭᠤᠢ ᠵᠢᠨ ᠠᠵᠢᠭᠯᠠᠨ ᠬᠡᠮᠵᠢᠬᠦ ᠥᠷᠲᠡᠭᠡ ᠵᠢᠨ ᠪᠦᠲᠦᠭᠡᠨ ᠪᠠᠢ᠌ᠭᠤᠯᠤᠯᠲᠠ ᠪᠠ ᠬᠠᠮᠠᠭ᠋ᠠᠯᠠᠯᠲᠠ ᠵᠢ ᠴᠢᠩᠭ᠋ᠠᠳᠬᠠᠬᠤ᠂ ᠰᠠᠯᠬᠢ ᠪᠣᠷᠣᠭ᠋ᠠᠨ᠎ᠲᠠᠢ ᠴᠠᠭ ᠠᠭᠤᠷ᠎ᠤᠨ ᠳᠠᠭ᠋ᠠᠭᠤᠯᠢ ᠣᠲᠣ᠎ᠪᠠᠷ ᠮᠣᠩᠭᠣᠯ᠎ᠤᠨ ᠴᠠᠭ ᠠᠭᠤᠷ᠎ᠤᠨ ᠦᠢ᠍ᠯᠡᠴᠢᠯᠡᠭᠡ ᠵᠢ ᠬᠢᠨᠠᠨ ᠬᠡᠮᠵᠢᠵᠦ ᠦᠨᠡᠯᠡᠨ ᠵᠢᠱ᠌ᠢᠬᠦ ᠵᠢ ᠥᠷᠨᠢᠭᠦᠯᠬᠦ᠂ ᠡᠷᠢᠶᠡᠨ ᠬᠣᠲᠠ — ᠵᠠᠮ᠎ᠤᠨ ᠡᠭᠦᠳᠡ ᠵᠢᠨ ᠠᠮᠢ ᠠᠬᠤᠢ ᠵᠢᠨ ᠪᠣᠯᠪᠠᠰᠤᠨ᠎ᠢ ᠬᠠᠮᠲᠤ᠎ᠪᠠᠷ ᠪᠠᠢ᠌ᠭᠤᠯᠬᠤ ᠲᠤᠷᠰᠢᠯᠲᠠ ᠵᠢᠨ ᠣᠷᠣᠨ᠎ᠢ ᠪᠠᠢ᠌ᠭᠤᠯᠬᠤ ᠵᠡᠷᠭᠡ ᠲᠠᠯ᠎ᠠ᠎ᠪᠠᠷ ᠰᠤᠳᠤᠯᠤᠨ ᠶᠠᠷᠢᠯᠴᠠᠵᠤ ᠰᠠᠨᠠᠯ ᠵᠶ᠋ᠠᠨ ᠰᠣᠯᠢᠯᠴᠠᠪᠠ᠃ ᠬᠣᠶᠠᠷ ᠲᠠᠯ᠎ᠠ᠎ᠪᠠᠷ ᠵᠶ᠋ᠠᠨ᠂ ᠡᠯᠡᠰᠦ ᠵᠢ ᠰᠡᠷᠭᠡᠢ᠌ᠯᠡᠵᠦ ᠡᠯᠡᠰᠦ ᠵᠢ ᠵᠠᠰᠠᠬᠤ ᠡᠷᠴᠢᠮ᠎ᠢ ᠴᠢᠩᠭ᠋ᠠᠷᠠᠭᠤᠯᠵᠤ᠂ ᠤᠢ ᠰᠢᠭᠤᠢ ᠡᠪᠡᠰᠦᠨ᠎ᠤ ᠠᠮᠢ ᠠᠬᠤᠢ ᠵᠢᠨ ᠪᠦᠲᠦᠭᠡᠨ ᠪᠠᠢ᠌ᠭᠤᠯᠤᠯᠲᠠ ᠵᠢ ᠴᠢᠩᠭ᠋ᠠᠳᠬᠠᠬᠤ ᠪᠣᠯ ᠬᠣᠶᠠᠷ ᠤᠯᠤᠰ᠎ᠤᠨ ᠬᠠᠮᠲᠤ ᠵᠢᠨ ᠬᠠᠷᠢᠭᠤᠴᠠᠯᠭ᠎ᠠ ᠪᠠ ᠡᠭᠦᠷᠭᠡ ᠪᠣᠯᠣᠨ᠎ᠠ ᠭᠡᠵᠦ ᠰᠠᠨᠠᠯ ᠨᠢᠭᠡᠲᠡᠢ ᠦᠵᠡᠪᠡ᠃ ᠪᠠᠢ᠌ᠩᠭᠤ ᠵᠢᠨ ᠵᠥᠪᠯᠡᠬᠦ ᠠᠵᠢᠯ᠎ᠤᠨ ᠳᠤᠭᠤᠢ᠌ᠯᠠᠩ᠎ᠤᠨ ᠨᠢᠭᠡᠳᠦᠯᠲᠡᠢ ᠲᠥᠯᠥᠪᠵᠢᠭᠦᠯᠦᠨ ᠵᠣᠬᠢᠴᠠᠭᠤᠯᠬᠤ ᠦᠢ᠍ᠯᠡᠳᠦᠯ᠎ᠢ ᠭᠦᠢ᠍ᠴᠡᠳ ᠪᠠᠳᠠᠷᠠᠭᠤᠯᠵᠤ᠂ ᠬᠣᠶᠠᠷ ᠲᠠᠯ᠎ᠠ ᠵᠢᠨ ᠠᠮᠢ ᠠᠬᠤᠢ ᠵᠢᠨ ᠣᠷᠴᠢᠨ ᠲᠣᠭᠣᠷᠢᠨ᠎ᠤ ᠬᠠᠮᠠᠭ᠋ᠠᠯᠠᠯᠲᠠ᠂ ᠠᠭᠤᠷ ᠠᠮᠢᠰᠬᠤᠯ᠎ᠤᠨ ᠬᠤᠪᠢᠷᠠᠯᠲᠠ ᠵᠢ ᠠᠷᠭ᠋ᠠᠴᠠᠭ᠋ᠠᠬᠤ ᠠᠵᠢᠯ᠎ᠤᠨ ᠰᠢᠨ᠎ᠡ ᠳᠡᠭᠲᠡᠷ᠎ᠲᠤ ᠭᠠᠷᠬᠤ ᠵᠢ ᠠᠬᠢᠭᠤᠯᠬᠤ ᠬᠡᠷᠡᠭᠲᠡᠢ᠃

      ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ ᠬᠢᠭᠡᠳ ᠮᠣᠩᠭᠣᠯ ᠤᠯᠤᠰ᠎ᠤᠨ ᠭᠠᠳᠠᠭ᠋ᠠᠳᠤ ᠶᠠᠪᠤᠳᠠᠯ᠎ᠤᠨ ᠶᠠᠮᠤᠨ᠎ᠤ ᠪᠠᠢ᠌ᠩᠭᠤ ᠵᠢᠨ ᠵᠥᠪᠯᠡᠬᠦ ᠠᠵᠢᠯ᠎ᠤᠨ ᠳᠤᠭᠤᠢ᠌ᠯᠠᠩ᠎ᠤᠨ ᠠᠮᠢ ᠠᠬᠤᠢ ᠣᠷᠴᠢᠨ ᠲᠣᠭᠣᠷᠢᠨ᠎ᠤ ᠳᠤᠭᠤᠢ᠌ᠯᠠᠩ᠎ᠤᠨ ᠪᠦᠷᠢᠯᠳᠦᠬᠦᠨ ᠨᠢᠭᠡᠴᠢ ᠵᠢᠨ ᠲᠥᠯᠥᠭᠡᠯᠡᠭᠴᠢ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠣᠷᠢᠶ᠎ᠠ ᠵᠢᠨ ᠤᠬᠠᠭᠤᠯᠬᠤ ᠬᠡᠯᠲᠡᠰ᠂ ᠠᠮᠢ ᠠᠬᠤᠢ ᠣᠷᠴᠢᠨ ᠲᠣᠭᠣᠷᠢᠨ᠎ᠤ ᠲᠢᠩᠬᠢᠮ᠎ᠤᠨ ᠬᠠᠮᠢᠶ᠎ᠠ ᠪᠦᠬᠦᠢ ᠭᠠᠵᠠᠷ ᠭᠡᠷ (ᠨᠢᠭᠡᠴᠢ)᠎ᠤᠨ ᠬᠠᠷᠢᠭᠤᠴᠠᠯᠭ᠋ᠠᠲᠠᠨ᠂ ᠡᠷᠢᠶᠡᠨ ᠬᠤᠳᠠ ᠵᠢᠨ ᠠᠷᠠᠳ᠎ᠤᠨ ᠵᠠᠰᠠᠭ᠎ᠤᠨ ᠣᠷᠳᠣᠨ ᠵᠢᠴᠢ ᠬᠣᠯᠪᠣᠭᠳᠠᠯ ᠪᠦᠬᠦᠢ ᠰᠠᠯᠠᠭ᠎ᠠ ᠮᠥᠴᠢᠷ᠎ᠤᠨ ᠬᠠᠷᠢᠭᠤᠴᠠᠯᠭ᠋ᠠᠲᠠᠨ᠂ ᠮᠣᠩᠭᠣᠯ ᠤᠯᠤᠰ᠎ᠤᠨ ᠬᠥᠬᠡᠬᠣᠲᠠ᠎ᠳᠤ ᠰᠠᠭᠤᠭ᠎ᠠ ᠶᠡᠷᠦᠩᠬᠡᠢ ᠺᠣᠨᠰᠦ᠋ᠯ᠎ᠤᠨ ᠭᠠᠵᠠᠷ᠎ᠤᠨ ᠬᠠᠮᠢᠶ᠎ᠠ ᠪᠦᠬᠦᠢ ᠬᠥᠮᠥᠰ ᠬᠤᠷᠠᠯ᠎ᠳᠤ ᠣᠷᠣᠯᠴᠠᠪᠠ᠃


ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠠᠮᠢ ᠠᠬᠤᠢ ᠤᠷᠴᠢᠨ ᠲᠤᠭᠤᠷᠢᠨ᠎ᠤ ᠲᠢᠩᠬᠢᠮ
          
ᠬᠠᠮᠢᠶ᠎ᠡ ᠪᠦᠬᠦᠢ ᠰᠣᠨᠢᠨ
ᠪᠥᠬᠥ ᠪᠥᠮᠪᠥᠷᠴᠡᠭ᠎ᠤᠨ ᠬᠥᠭᠵᠢᠯᠲᠡ ᠵᠢᠨ ᠲᠥᠷᠥᠯ ᠵᠦᠢ᠍ᠯ᠎ᠤᠨ ᠬᠥᠮᠥᠷᠭᠡ᠎ᠳᠤ ᠣᠷᠣᠭᠤᠯᠬᠤ ᠲᠥᠷᠥᠯ ᠵᠦᠢ᠍ᠯ᠎ᠢ ᠴᠤᠭᠯᠠᠭᠤᠯᠬᠤ ᠲᠤᠬᠠᠢ ᠥᠪᠥᠷ ᠮᠣᠩᠭᠣᠯ᠎ᠤᠨ ᠠᠮᠢ ᠠᠬᠤᠢ ᠣᠷᠴᠢᠨ ᠲᠣᠭᠣᠷᠢᠨ᠎ᠤ ᠲᠢᠩᠬᠢᠮ᠎ᠤᠨ ᠮᠡᠳᠡᠭᠳᠡᠯ
ᠰᠠᠭᠤᠷᠢ ᠳᠥᠷᠪᠡᠨ ᠤᠯᠤᠰ᠎ᠤᠨ ᠠᠭᠤᠷ ᠠᠮᠢᠰᠬᠤᠯ᠎ᠤᠨ ᠬᠤᠪᠢᠷᠠᠯᠲᠠ ᠵᠢᠨ ᠰᠠᠢ᠌ᠳ ᠨᠠᠷ᠎ᠤᠨ ᠬᠤᠷᠠᠯ᠎ᠤᠨ ᠬᠠᠮᠲᠤᠷᠠᠭᠰᠠᠨ ᠢᠯᠡᠷᠬᠡᠢ᠌ᠯᠡᠯᠲᠡ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠮᠢ ᠠᠬᠤᠢ ᠣᠷᠴᠢᠨ ᠲᠣᠭᠣᠷᠢᠨ᠎ᠤ ᠲᠢᠩᠬᠢᠮ ᠳᠤᠮᠳᠠᠳᠤ ᠣᠷᠣᠰ᠎ᠤᠨ ᠶᠡᠷᠦᠩᠬᠡᠢ ᠰᠠᠢ᠌ᠳ᠎ᠤᠨ ᠲᠣᠭᠲᠠᠮᠠᠯ ᠬᠤᠭᠤᠴᠠᠭ᠋ᠠᠲᠤ ᠠᠭᠤᠯᠵᠠᠯᠲᠠ ᠵᠢᠨ ᠵᠥᠪᠯᠡᠯ᠎ᠤᠨ ᠣᠷᠴᠢᠨ ᠲᠣᠭᠣᠷᠢᠨ᠎ᠤ ᠬᠠᠮᠠᠭ᠋ᠠᠯᠠᠯᠲᠠ ᠵᠢᠨ ᠬᠠᠮᠲᠤᠷᠠᠯᠴᠠᠭ᠋ᠠᠨ᠎ᠤ ᠬᠤᠪᠢᠶᠠᠷᠢ ᠵᠥᠪᠯᠡᠯ᠎ᠤᠨ ᠠᠷᠪᠠᠨ ᠨᠠᠢ᠍ᠮᠠᠳᠤᠭ᠋ᠠᠷ ᠤᠳᠠᠭ᠎ᠠ ᠵᠢᠨ ᠬᠤᠷᠠᠯ᠎ᠳᠤ ᠣᠷᠣᠯᠴᠠᠪᠠ
ᠠᠮᠢ ᠠᠬᠤᠢ ᠣᠷᠴᠢᠨ ᠲᠣᠭᠣᠷᠢᠨ᠎ᠤ ᠶᠠᠮᠤᠨ᠎ᠤ ᠰᠠᠢ᠌ᠳ ᠬᠤᠸᠠᠩ ᠷᠦᠨ ᠴᠢᠦ ᠪᠷᠠᠽᠢᠯ᠎ᠤᠨ ᠣᠷᠴᠢᠨ ᠲᠣᠭᠣᠷᠢᠨ ᠬᠢᠭᠡᠳ ᠠᠭᠤᠷ ᠠᠮᠢᠰᠬᠤᠯ᠎ᠤᠨ ᠬᠤᠪᠢᠷᠠᠯᠲᠠ ᠵᠢᠨ ᠶᠠᠮᠤᠨ᠎ᠤ ᠰᠠᠢ᠌ᠳ ᠰᠢᠷᠸᠠ᠎ᠲᠠᠢ ᠠᠭᠤᠯᠵᠠᠪᠠ
 
             蒙ICP备05000248号