ᠠᠮᠢ ᠠᠬᠤᠢ ᠣᠷᠴᠢᠨ ᠲᠣᠭᠣᠷᠢᠨ᠎ᠤ ᠬᠢᠨᠠᠨ ᠬᠡᠮᠵᠢᠯᠲᠡ ᠪᠣᠯ ᠠᠮᠢ ᠠᠬᠤᠢ ᠣᠷᠴᠢᠨ ᠲᠣᠭᠣᠷᠢᠨ᠎ᠤ ᠬᠠᠮᠠᠭᠠᠯᠠᠯᠲᠠ᠎ᠶᠢᠨ ᠰᠠᠭᠤᠷᠢ ᠮᠥᠨ᠂ ᠠᠮᠢ ᠠᠬᠤᠢ᠎ᠶᠢᠨ ᠪᠣᠯᠪᠠᠰᠤᠨ᠎ᠤ ᠪᠠᠢᠭᠤᠯᠤᠯᠲᠠ᠎ᠶᠢᠨ ᠴᠢᠬᠤᠯᠠ ᠲᠦᠰᠢᠭ ᠲᠤᠯᠭᠠᠭᠤᠷᠢ ᠮᠥᠨ᠃ ᠮᠠᠨ᠎ᠤ ᠤᠯᠤᠰ ᠠᠭᠠᠷ ᠮᠠᠨᠳᠠᠯ᠂ ᠭᠠᠵᠠᠷ᠎ᠤᠨ ᠭᠠᠳᠠᠷᠭᠤ᠎ᠶᠢᠨ ᠤᠰᠤ᠂ ᠭᠠᠵᠠᠷ ᠳᠣᠣᠷᠠᠬᠢ ᠤᠰᠤ᠂ ᠬᠥᠷᠥᠰᠥ ᠰᠢᠷᠣᠢ᠂ ᠲᠠᠭᠤ ᠱᠤᠤᠭᠢᠶᠠᠨ᠂ ᠳᠠᠯᠠᠢ ᠲᠠᠩᠭᠢᠰ᠂ ᠠᠮᠢ ᠠᠬᠤᠢ ᠵᠡᠷᠭᠡ ᠡᠯᠧᠮᠧᠨ᠋ᠲ᠎ᠢ ᠪᠦᠷᠬᠦᠭᠰᠡᠨ᠂ ᠪᠠᠢᠷᠢᠰᠢᠯ ᠵᠣᠬᠢᠰᠲᠠᠢ᠂ ᠴᠢᠳᠠᠮᠵᠢ ᠲᠡᠭᠦᠯᠳᠡᠷ᠂ ᠪᠦᠬᠦ ᠪᠥᠮᠪᠥᠷᠴᠡᠭ᠎ᠦᠨ ᠬᠡᠪᠴᠢᠶ᠎ᠡ᠎ᠪᠡᠷ ᠬᠠᠮᠤᠭ᠎ᠤᠨ ᠶᠡᠬᠡ ᠠᠮᠢ ᠠᠬᠤᠢ ᠣᠷᠴᠢᠨ ᠲᠣᠭᠣᠷᠢᠨ᠎ᠤ ᠶᠠᠰᠤ ᠴᠢᠨᠠᠷ᠎ᠢ ᠬᠢᠨᠠᠨ ᠬᠡᠮᠵᠢᠬᠦ ᠲᠣᠣᠷ᠎ᠢ ᠪᠠᠢᠭᠤᠯᠵᠤ᠂ ᠠᠮᠢ ᠠᠬᠤᠢ᠎ᠶᠢᠨ ᠰᠢᠰᠲᠧᠮ᠎ᠤᠨ ᠤᠤᠯ᠎ᠤᠨ ᠦᠨᠡᠨ ᠴᠢᠨᠠᠷ᠂ ᠪᠦᠷᠢᠨ ᠪᠦᠲᠦᠨ ᠴᠢᠨᠠᠷ᠎ᠢᠶᠠᠷ ᠬᠠᠮᠤᠭ᠎ᠤᠨ ᠰᠠᠢᠨ ᠣᠷᠣᠨ ᠪᠦᠰᠡ᠎ᠶᠢ ᠰᠠᠬᠢᠨ ᠬᠠᠮᠠᠭᠠᠯᠠᠵᠤ᠂ ᠨᠡᠩ ᠤᠬᠠᠭᠠᠯᠢᠭ᠋ ᠠᠮᠢ ᠠᠬᠤᠢ ᠣᠷᠴᠢᠨ ᠲᠣᠭᠣᠷᠢᠨ᠎ᠤ ᠬᠢᠨᠠᠨ ᠬᠡᠮᠵᠢᠯᠲᠡ᠎ᠪᠡᠷ ᠡᠬᠡ ᠤᠯᠤᠰ᠎ᠤᠨ᠎ᠢᠶᠠᠨ ᠬᠥᠬᠡᠮᠳᠦᠭ ᠨᠣᠭᠣᠭᠠᠨ ᠠᠭᠤᠯᠠ ᠤᠰᠤ᠎ᠶᠢ ᠰᠠᠢᠲᠤᠷ ᠰᠠᠬᠢᠨ ᠬᠠᠮᠠᠭᠠᠯᠠᠨ᠎ᠠ᠃ ᠠᠮᠢ ᠠᠬᠤᠢ ᠣᠷᠴᠢᠨ ᠲᠣᠭᠣᠷᠢᠨ᠎ᠤ ᠶᠠᠮᠤᠨ 3 ᠰᠠᠷ᠎ᠠ᠎ᠶᠢᠨ 26᠎ᠤ ᠡᠳᠦᠷ ᠬᠢᠭᠰᠡᠨ ᠰᠣᠨᠢᠨ ᠮᠡᠳᠡᠭᠡ ᠨᠡᠢᠲᠡᠯᠡᠬᠦ ᠬᠤᠷᠠᠯ ᠳᠡᠭᠡᠷ᠎ᠡ ᠂ ᠠᠮᠢ ᠠᠬᠤᠢ ᠣᠷᠴᠢᠨ ᠲᠣᠭᠣᠷᠢᠨ᠎ᠤ ᠶᠠᠮᠤᠨ᠎ᠤ ᠠᠮᠢ ᠠᠬᠤᠢ ᠣᠷᠴᠢᠨ ᠲᠣᠭᠣᠷᠢᠨ᠎ᠤ ᠬᠢᠨᠠᠨ ᠬᠡᠮᠵᠢᠯᠲᠡ᠎ᠶᠢᠨ ᠵᠤᠷᠭᠠᠨ᠎ᠤ ᠳᠠᠷᠤᠭ᠎ᠠ ᠵᠢᠶᠠᠩ ᠾᠥᠸᠧ ᠬᠤᠸᠠ ᠲᠠᠨᠢᠯᠴᠠᠭᠤᠯᠬᠤ᠎ᠳᠠᠭᠠᠨ ᠂ ᠮᠠᠨ᠎ᠤ ᠤᠯᠤᠰ ᠠᠭᠠᠷ ᠮᠠᠨᠳᠠᠯ᠂ ᠭᠠᠵᠠᠷ ᠳᠡᠭᠡᠷᠡᠬᠢ ᠤᠰᠤ᠂ ᠭᠠᠵᠠᠷ ᠳᠣᠣᠷᠠᠬᠢ ᠤᠰᠤ᠂ ᠬᠥᠷᠥᠰᠥ ᠰᠢᠷᠣᠢ᠂ ᠲᠠᠭᠤ ᠱᠤᠤᠭᠢᠶᠠᠨ᠂ ᠳᠠᠯᠠᠢ ᠲᠠᠩᠭᠢᠰ᠂ ᠠᠮᠢ ᠠᠬᠤᠢ ᠵᠡᠷᠭᠡ ᠡᠯᠧᠮᠧᠨ᠋ᠲ᠎ᠢ ᠪᠦᠷᠬᠦᠭᠰᠡᠨ᠂ ᠪᠠᠢᠷᠢᠰᠢᠯ ᠵᠣᠬᠢᠰᠲᠠᠢ᠂ ᠴᠢᠳᠠᠮᠵᠢ ᠲᠡᠭᠦᠯᠳᠡᠷ᠂ ᠪᠦᠬᠦ ᠪᠥᠮᠪᠥᠷᠴᠡᠭ᠎ᠦᠨ ᠬᠡᠪᠴᠢᠶ᠎ᠡ᠎ᠪᠡᠷ ᠬᠠᠮᠤᠭ᠎ᠤᠨ ᠶᠡᠬᠡ ᠠᠮᠢ ᠠᠬᠤᠢ ᠣᠷᠴᠢᠨ ᠲᠣᠭᠣᠷᠢᠨ᠎ᠤ ᠶᠠᠰᠤ ᠴᠢᠨᠠᠷ᠎ᠢ ᠬᠢᠨᠠᠨ ᠬᠡᠮᠵᠢᠬᠦ ᠰᠦᠯᠵᠢᠶ᠎ᠡ᠎ᠶᠢ ᠪᠠᠢᠭᠤᠯᠵᠤ᠂ ᠦᠨᠡᠨ ᠪᠣᠳᠠᠲᠠᠢ᠂ ᠣᠨᠣᠪᠴᠢᠲᠠᠢ᠂ ᠪᠦᠬᠦ ᠲᠠᠯ᠎ᠠ᠎ᠶᠢᠨ ᠬᠢᠨᠠᠨ ᠬᠡᠮᠵᠢᠭᠰᠡᠨ ᠲᠣᠭ᠎ᠠ ᠪᠠᠷᠢᠮᠲᠠ ᠪᠡᠷ ᠥᠪᠡᠷ ᠥᠪᠡᠷ᠎ᠦᠨ ᠭᠤᠶᠤ ᠰᠠᠢᠬᠠᠨ᠎ᠢᠶᠠᠨ ᠬᠠᠮᠲᠤᠳᠬᠠᠭᠰᠠᠨ ᠦᠵᠡᠰᠬᠦᠯᠡᠩᠲᠦ ᠰᠠᠢᠬᠠᠨ ᠳᠤᠮᠳᠠᠳᠤ ᠤᠯᠤᠰ᠎ᠤᠨ ᠰᠢᠨ᠎ᠡ ᠬᠠᠭᠤᠳᠠᠰᠤ᠎ᠶᠢ ᠵᠢᠷᠤᠭᠯᠠᠵᠤ ᠪᠠᠢᠨ᠎ᠠ ᠭᠡᠵᠡᠢ᠃
ᠲᠡᠭᠷᠢ ᠭᠠᠵᠠᠷ ᠳᠠᠯᠠᠢ ᠲᠠᠩᠭᠢᠰ᠎ᠢ ᠨᠢᠭᠡ ᠴᠣᠭᠴᠠᠵᠢᠭᠤᠯᠤᠨ ᠬᠢᠨᠠᠨ ᠬᠡᠮᠵᠢᠬᠦ ᠲᠣᠣᠷ᠎ᠢ ᠲᠡᠭᠦᠯᠳᠡᠷᠵᠢᠭᠦᠯᠪᠡ
ᠣᠳᠣᠬᠢᠴᠢᠯᠠᠭᠰᠠᠨ ᠬᠢᠨᠠᠨ ᠬᠡᠮᠵᠢᠬᠦ ᠰᠢᠰᠲᠧᠮ᠎ᠦᠨ ᠪᠠᠢᠭᠤᠯᠤᠯᠲᠠ ᠪᠣᠯ ᠨᠢᠭᠡᠨ ᠰᠢᠰᠲᠧᠮᠲᠦ ᠢᠨᠵᠧᠨᠧᠷᠢᠩ ᠮᠥᠨ᠃ ᠡᠭᠦᠨ᠎ᠳᠦ ᠂ ᠣᠭᠲᠠᠷᠭᠤᠢ ᠭᠠᠵᠠᠷ ᠲᠡᠯᠡᠶ ᠲᠠᠩᠭᠢᠰ᠎ᠢ ᠨᠢᠭᠡ ᠴᠣᠭᠴᠠᠵᠢᠭᠤᠯᠤᠭᠰᠠᠨ ᠬᠢᠨᠠᠨ ᠬᠡᠮᠵᠢᠯᠲᠡ᠎ᠶᠢᠨ ᠰᠦᠯᠵᠢᠶ᠎ᠡ᠎ᠶᠢ ᠪᠦᠷᠢᠨᠰᠢᠭᠦᠯᠬᠦ ᠪᠣᠯ ᠬᠠᠮᠤᠭ᠎ᠤᠨ ᠰᠠᠭᠤᠷᠢ ᠂ ᠬᠠᠮᠤᠭ᠎ᠤᠨ ᠲᠡᠷᠢᠭᠦᠨ ᠴᠢᠬᠤᠯᠠ ᠡᠭᠦᠷᠭᠡ ᠪᠣᠯᠣᠨ᠎ᠠ ᠃ 《 ᠠᠷᠠᠳ ᠤᠯᠠᠨ᠎ᠤ ᠳᠡᠷᠭᠡᠳᠡ ᠪᠠᠢᠷᠢᠯᠠᠭᠤᠯᠤᠭᠰᠠᠨ ᠬᠢᠨᠠᠨ ᠬᠡᠮᠵᠢᠬᠦ ᠦᠷᠳᠡᠭᠡᠨᠦᠭᠦᠳ ᠨᠢ ᠶᠠᠭ ᠯᠠ ᠬᠣᠣᠰ ᠬᠣᠣᠰ 〈 ᠨᠢᠳᠦ 〉 ᠰᠢᠭ᠎ᠢᠶᠡᠷ ᠳᠡᠷᠭᠡᠳᠡᠬᠢ ᠭᠤᠶᠤ ᠦᠵᠡᠮᠵᠢ᠎ᠶᠢ ᠲᠠᠰᠤᠷᠠᠯᠲᠠ ᠦᠭᠡᠢ ᠣᠯᠵᠤ ᠬᠠᠷᠠᠵᠤ᠂ ᠣᠷᠴᠢᠨ ᠲᠣᠭᠣᠷᠢᠨ᠎ᠤ ᠴᠢᠨᠠᠷ ᠴᠢᠨᠰᠠᠭ᠎ᠠ᠎ᠶᠢᠨ ᠬᠤᠪᠢᠷᠠᠯᠲᠠ᠎ᠶᠢ ᠣᠢᠯᠠᠭᠠᠵᠤ᠂ ᠣᠷᠴᠢᠨ ᠲᠣᠭᠣᠷᠢᠨ᠎ᠤ ᠲᠣᠪᠣᠢᠮ᠎ᠠ ᠠᠰᠠᠭᠤᠳᠠᠯ᠎ᠢ ᠢᠯᠡᠷᠡᠭᠦᠯᠵᠡᠢ》 ᠭᠡᠵᠦ ᠵᠢᠶᠠᠩ ᠾᠦᠸᠸ᠋ ᠬᠤᠸᠠ ᠬᠡᠯᠡᠪᠡ᠃
2024 ᠣᠨ᠎ᠠᠴᠠ ᠨᠠᠭᠠᠰᠢ᠂ ᠠᠮᠢ ᠠᠬᠤᠢ ᠣᠷᠴᠢᠨ ᠲᠣᠭᠣᠷᠢᠨ᠎ᠤ ᠶᠠᠮᠤᠨ ᠣᠭᠲᠠᠷᠭᠤᠢ ᠭᠠᠵᠠᠷ ᠳᠠᠯᠠᠢ ᠲᠠᠩᠭᠢᠰ᠎ᠢ ᠨᠢᠭᠡ ᠴᠣᠭᠴᠠᠵᠢᠭᠤᠯᠬᠤ ᠱᠠᠭᠠᠷᠳᠠᠯᠭ᠎ᠠ ᠶᠣᠰᠣᠭᠠᠷ᠂ 《 ᠠᠷᠪᠠᠨ ᠲᠠᠪᠤᠳᠤᠭᠠᠷ ᠲᠠᠪᠤᠨ ᠵᠢᠯ 》᠎ᠤᠨ ᠤᠯᠤᠰ᠎ᠤᠨ ᠣᠷᠴᠢᠨ ᠲᠣᠭᠣᠷᠢᠨ᠎ᠤ ᠠᠭᠠᠷ᠂ ᠭᠠᠵᠠᠷ᠎ᠤᠨ ᠭᠠᠳᠠᠷᠭᠤ᠎ᠶᠢᠨ ᠤᠰᠤ᠂ ᠭᠠᠵᠠᠷ ᠳᠣᠣᠷᠠᠬᠢ ᠤᠰᠤ᠂ ᠳᠠᠯᠠᠢ ᠲᠠᠩᠭᠢᠰ ᠵᠡᠷᠭᠡ᠎ᠶᠢ ᠬᠢᠨᠠᠨ ᠬᠡᠮᠵᠢᠬᠦ ᠰᠦᠯᠵᠢᠶᠡᠨ᠎ᠦ ᠪᠠᠢᠷᠢᠰᠢᠭᠤᠯᠤᠯᠲᠠ᠎ᠶᠢ ᠪᠠᠷᠠᠭᠠᠯᠬᠢᠯᠠᠯ᠎ᠤᠨ ᠴᠢᠨᠠᠷᠲᠠᠢ ᠲᠥᠯᠥᠪᠵᠢᠭᠦᠯᠵᠦ᠂ 《 ᠠᠷᠪᠠᠨ ᠲᠠᠪᠤᠳᠤᠭᠠᠷ ᠲᠠᠪᠤᠨ ᠵᠢᠯ 》᠎ᠤᠨ ᠬᠤᠭᠤᠴᠠᠭᠠᠨ᠎ᠳᠤ᠂ ᠨᠡᠩ ᠰᠢᠨᠵᠢᠯᠡᠬᠦ ᠤᠬᠠᠭᠠᠨᠴᠢ᠂ ᠥᠨᠳᠥᠷ ᠦᠷ᠎ᠡ ᠠᠰᠢᠭ᠋᠎ᠲᠠᠢ᠂ ᠨᠢᠭᠡ ᠴᠣᠭᠴᠠᠵᠢᠭᠤᠯᠤᠭᠰᠠᠨ ᠰᠦᠯᠵᠢᠶ᠎ᠡ᠎ᠪᠡᠷ ᠦᠵᠡᠰᠬᠦᠯᠡᠩᠲᠦ ᠰᠠᠢᠬᠠᠨ ᠳᠤᠮᠳᠠᠳᠤ ᠤᠯᠤᠰ᠎ᠤᠨ ᠪᠦᠲᠦᠭᠡᠨ ᠪᠠᠢᠭᠤᠯᠤᠯᠲᠠ᠎ᠶᠢ ᠨᠡᠩ ᠰᠠᠢᠲᠤᠷ ᠲᠤᠯᠭᠠᠭᠤᠷᠢᠯᠠᠵᠤ ᠪᠠᠢᠨ᠎ᠠ᠃ ᠠᠮᠢ ᠠᠬᠤᠢ ᠣᠷᠴᠢᠨ ᠲᠣᠭᠣᠷᠢᠨ᠎ᠤ ᠶᠠᠰᠤ ᠴᠢᠨᠠᠷ᠎ᠢ ᠨᠡᠩ ᠪᠦᠬᠦ ᠲᠠᠯ᠎ᠠ᠎ᠪᠠᠷ ᠲᠤᠰᠬᠠᠨ᠎ᠠ᠃ ᠠᠭᠠᠷ ᠮᠠᠨᠳᠠᠯ᠎ᠤᠨ ᠲᠠᠯ᠎ᠠ᠎ᠪᠠᠷ᠂ ᠰᠢᠨ᠎ᠡ ᠬᠣᠲᠠ᠎ᠶᠢᠨ ᠪᠦᠲᠦᠭᠡᠨ ᠪᠠᠢᠭᠤᠯᠤᠯᠲᠠ᠎ᠶᠢᠨ ᠲᠣᠭᠣᠷᠢᠭ᠋᠎ᠲᠤ ᠠᠭᠠᠷ᠎ᠤᠨ ᠶᠠᠰᠤ ᠴᠢᠨᠠᠷ᠎ᠢ ᠬᠢᠨᠠᠨ ᠬᠡᠮᠵᠢᠬᠦ ᠴᠡᠭ᠎ᠢ ᠨᠡᠮᠡᠨ ᠪᠠᠢᠭᠤᠯᠵᠤ ᠂ ᠬᠣᠲᠠ ᠬᠠᠮᠢᠭ᠎ᠠ ᠬᠦᠷᠲᠡᠯ᠎ᠡ ᠬᠥᠭᠵᠢᠪᠡᠯ ᠂ ᠠᠭᠠᠷ᠎ᠤᠨ ᠬᠢᠨᠠᠨ ᠬᠡᠮᠵᠢᠯᠲᠡ᠎ᠶᠢ ᠲᠡᠨᠳᠡ ᠬᠦᠷᠲᠡᠯ᠎ᠡ ᠪᠦᠷᠬᠦᠭᠦᠯᠬᠦ᠎ᠶᠢ ᠦᠨᠡᠨ ᠬᠦ᠌ ᠪᠠᠲᠤᠯᠠᠨ᠎ᠠ ; ᠭᠠᠵᠠᠷ᠎ᠤᠨ ᠭᠠᠳᠠᠷᠭᠤ᠎ᠶᠢᠨ ᠤᠰᠤᠨ᠎ᠤ ᠲᠠᠯ᠎ᠠ᠎ᠪᠠᠷ᠂ ᠭᠤᠷᠪᠠᠨ ᠮᠥᠷᠡᠨ᠎ᠦ ᠡᠬᠢ ᠵᠡᠷᠭᠡ ᠡᠬᠢ ᠡᠭᠦᠰᠦᠯ᠎ᠦᠨ ᠣᠷᠣᠨ᠎ᠳᠤ ᠭᠠᠵᠠᠷ᠎ᠤᠨ ᠭᠠᠳᠠᠷᠭᠤ᠎ᠶᠢᠨ ᠤᠰᠤ᠎ᠶᠢ ᠬᠢᠨᠠᠨ ᠬᠡᠮᠵᠢᠬᠦ ᠣᠭᠲᠣᠯᠣᠭᠠᠰᠤ᠎ᠶᠢ ᠨᠡᠮᠡᠨ ᠪᠠᠢᠭᠤᠯᠵᠤ᠂ ᠡᠬᠢ ᠡᠭᠦᠰᠦᠯ᠎ᠡᠴᠡ ᠨᠢ ᠳᠠᠯᠠᠢ᠎ᠳᠦ ᠴᠢᠳᠬᠤᠬᠤ ᠠᠮᠠᠰᠠᠷ ᠬᠦᠷᠲᠡᠯᠡᠬᠢ ᠶᠡᠬᠡ ᠭᠣᠣᠯ ᠮᠥᠷᠡᠨ᠎ᠦ 《 ᠪᠦᠬᠦ ᠪᠡᠶ᠎ᠡ᠎ᠶᠢᠨ ᠭᠡᠷᠡᠯ ᠵᠢᠷᠤᠭ 》᠎ᠢ ᠰᠠᠢᠲᠤᠷ ᠰᠡᠭᠦᠳᠡᠷᠯᠡᠵᠦ᠂ ᠤᠰᠤᠨ᠎ᠤ ᠠᠮᠢᠳᠤ ᠪᠣᠳᠠᠰ᠎ᠤᠨ ᠭᠦᠢᠴᠡᠳᠬᠡᠯ ᠲᠣᠭ᠎ᠠ ᠵᠡᠷᠭᠡ᠎ᠶᠢ ᠬᠢᠨᠠᠨ ᠬᠡᠮᠵᠢᠵᠦ ᠦᠨᠡᠯᠡᠬᠦ᠎ᠶᠢ ᠪᠦᠬᠦ ᠲᠠᠯ᠎ᠠ᠎ᠪᠠᠷ ᠪᠠᠢᠷᠢᠯᠠᠭᠤᠯᠵᠤ᠂ ᠨᠡᠩ ᠴᠤ᠌ ᠤᠰᠤᠨ᠎ᠤ ᠣᠷᠴᠢᠨ ᠲᠣᠭᠣᠷᠢᠨ᠂ ᠤᠰᠤᠨ᠎ᠤ ᠠᠮᠢ ᠠᠬᠤᠢ᠎ᠶᠢᠨ ᠪᠠᠢᠳᠠᠯ᠎ᠢ ᠶᠡᠷᠦᠩᠬᠡᠢᠯᠡᠨ ᠲᠤᠰᠬᠠᠨ᠎ᠠ; ᠳᠠᠯᠠᠢ ᠲᠠᠩᠭᠢᠰ᠎ᠤᠨ ᠲᠠᠯ᠎ᠠ᠎ᠪᠠᠷ᠂ ᠦᠵᠡᠰᠬᠦᠯᠡᠩᠲᠦ ᠰᠠᠢᠬᠠᠨ ᠳᠠᠯᠠᠢ᠎ᠶᠢᠨ ᠪᠤᠯᠤᠩ᠎ᠤᠨ ᠨᠢᠭᠡᠴᠢ᠂ ᠡᠮᠦᠨᠡᠲᠦ ᠲᠠᠩᠭᠢᠰ᠎ᠤᠨ ᠣᠷᠣᠨ ᠪᠦᠰᠡ ᠵᠡᠷᠭᠡ᠎ᠳᠦ ᠳᠠᠯᠠᠢ ᠲᠠᠩᠭᠢᠰ᠎ᠤᠨ ᠬᠢᠨᠠᠨ ᠬᠡᠮᠵᠢᠬᠦ ᠴᠡᠭ᠎ᠢ ᠨᠡᠮᠡᠨ ᠪᠠᠢᠭᠤᠯᠵᠤ᠂ ᠳᠠᠯᠠᠢ ᠲᠠᠩᠭᠢᠰ᠎ᠤᠨ ᠠᠮᠢ ᠠᠬᠤᠢ ᠣᠷᠴᠢᠨ ᠲᠣᠭᠣᠷᠢᠨ᠎ᠤ ᠬᠠᠮᠠᠭᠠᠯᠠᠯᠲᠠ᠎ᠶᠢᠨ ᠰᠢᠨ᠎ᠡ ᠱᠠᠭᠠᠷᠳᠠᠯᠭ᠎ᠠ᠎ᠶᠢ ᠨᠡᠩ ᠰᠠᠢᠲᠤᠷ ᠬᠠᠩᠭᠠᠨ᠎ᠠ᠃
ᠤᠨᠢᠨ ᠳᠡᠭᠡᠷ᠎ᠡ ᠨᠢ ᠰᠢᠨᠵᠢᠯᠡᠬᠦ ᠤᠬᠠᠭᠠᠨᠴᠢ᠎ᠪᠠᠷ ᠪᠣᠬᠢᠷᠲᠤᠯ᠎ᠢ ᠵᠠᠰᠠᠬᠤ᠎ᠶᠢ ᠨᠡᠩ ᠬᠦᠴᠦᠲᠡᠢ ᠲᠤᠯᠭᠠᠭᠤᠷᠢᠯᠠᠨ᠎ᠠ᠃ 《 ᠤᠨᠢᠨ ᠳᠡᠭᠡᠷ᠎ᠡ ᠨᠢ ᠰᠢᠨᠵᠢᠯᠡᠬᠦ ᠤᠬᠠᠭᠠᠨᠴᠢ᠎ᠪᠠᠷ ᠪᠣᠬᠢᠷᠲᠤᠯ᠎ᠢ ᠵᠠᠰᠠᠬᠤ᠎ᠶᠢᠨ ᠤᠷᠢᠲᠠᠯ ᠪᠣᠯ ᠳᠠᠷᠤᠢ ᠪᠠᠢᠭᠠᠯᠢ᠎ᠶᠢᠨ ᠡᠯᠧᠮᠧᠨ᠋ᠲ ᠪᠣᠯᠣᠨ ᠵᠣᠷᠢᠭᠤᠳᠠ᠎ᠶᠢᠨ ᠠᠵᠢᠯᠯᠠᠭ᠎ᠠ᠎ᠶᠢᠨ ᠠᠮᠢ ᠠᠬᠤᠢ ᠣᠷᠴᠢᠨ ᠲᠣᠭᠣᠷᠢᠨ᠎ᠤ ᠶᠠᠰᠤ ᠴᠢᠨᠠᠷ᠎ᠲᠤ ᠦᠵᠡᠭᠦᠯᠬᠦ ᠨᠥᠯᠥᠭᠡ᠎ᠶᠢ ᠰᠢᠨᠵᠢᠯᠡᠬᠦ ᠤᠬᠠᠭᠠᠨᠴᠢ᠎ᠪᠠᠷ ᠢᠯᠭᠠᠵᠤ᠂ ᠠᠩᠬᠠᠷᠤᠯ᠎ᠢᠶᠠᠨ ᠵᠣᠷᠢᠭᠤᠳᠠ᠎ᠶᠢᠨ ᠠᠵᠢᠯᠯᠠᠭ᠎ᠠ᠎ᠠᠴᠠ ᠪᠣᠯᠤᠭᠰᠠᠨ ᠣᠷᠴᠢᠨ ᠲᠣᠭᠣᠷᠢᠨ᠎ᠤ ᠪᠣᠬᠢᠷᠲᠤᠯ ᠳᠡᠭᠡᠷ᠎ᠡ ᠲᠥᠪᠯᠡᠷᠡᠭᠦᠯᠬᠦ ᠶᠠᠪᠤᠳᠠᠯ ᠪᠣᠯᠣᠨ᠎ᠠ 》᠃ ᠵᠢᠶᠠᠩ ᠾᠥᠸᠧ ᠬᠤᠸᠠ ᠬᠡᠯᠡᠭᠰᠡᠨ ᠨᠢ ᠂ 《 ᠠᠷᠪᠠᠨ ᠲᠠᠪᠤᠳᠤᠭᠠᠷ ᠲᠠᠪᠤᠨ ᠵᠢᠯ 》᠎ᠦᠨ ᠲᠥᠯᠦᠪᠵᠢᠭᠦᠯᠭᠡ ᠶᠢᠨ ᠬᠤᠭᠤᠴᠠᠭᠠᠨ᠎ᠳᠤ ᠪᠠᠢᠭᠠᠯᠢ᠎ᠶᠢᠨ ᠦᠨᠳᠦᠰᠦᠨ ᠬᠦᠴᠦᠨ ᠵᠦᠢᠯ᠎ᠦᠨ ᠨᠥᠯᠥᠭᠡᠯᠡᠯ᠎ᠢᠶᠡᠷ ᠶᠡᠬᠡ ᠂ ᠡᠷᠭᠢᠨ ᠲᠣᠭᠣᠷᠢᠨ᠎ᠤ ᠬᠥᠮᠥᠨ ᠲᠥᠷᠥᠯᠬᠢᠲᠡᠨ᠎ᠦ ᠠᠵᠢᠯᠯᠠᠭ᠎ᠠ ᠴᠥᠭᠡᠨ ᠪᠠᠢᠭ᠎ᠠ ᠵᠠᠷᠢᠮ ᠣᠭᠲᠣᠯᠣᠭᠠᠰᠤ᠎ᠳᠤ ᠪᠠᠢᠷᠢᠯᠠᠭᠤᠯᠤᠯᠲᠠ᠎ᠶᠢ ᠰᠢᠯᠢᠳᠡᠭᠵᠢᠭᠦᠯᠬᠦ ᠪᠠ ᠬᠢᠨᠠᠨ ᠬᠡᠮᠵᠢᠵᠦ ᠦᠨᠡᠯᠡᠬᠦ ᠠᠷᠭ᠎ᠠ ᠬᠡᠯᠪᠡᠷᠢ᠎ᠶᠢ ᠵᠢᠷᠤᠮᠵᠢᠭᠤᠯᠬᠤ ᠪᠣᠯᠣᠨ᠎ᠠ ᠃ ᠵᠢᠱ᠌ᠢᠶᠡᠯᠡᠪᠡᠯ᠂ ᠣᠢᠷ᠎ᠠ᠎ᠶᠢᠨ ᠵᠢᠯ᠎ᠦᠳ᠎ᠲᠦ ᠶᠡᠬᠡ ᠬᠡᠮᠵᠢᠶᠡᠨ᠎ᠦ ᠡᠪᠦᠯ ᠥᠩᠭᠡᠷᠡᠬᠦ ᠨᠡᠭᠦᠳᠡᠯ᠎ᠦᠨ ᠰᠢᠪᠠᠭᠤ ᠪᠥᠸᠧ ᠶᠠᠩ ᠬᠤ᠌ ᠨᠠᠭᠤᠷ᠎ᠤᠨ ᠨᠠᠨ ᠵᠢᠢ ᠱᠠᠨ ᠠᠭᠤᠯᠠᠨ᠎ᠳᠤ ᠠᠮᠢᠳᠤᠷᠠᠵᠤ᠂ ᠰᠢᠪᠠᠭᠤᠨ᠎ᠤ ᠢᠯᠭᠠᠳᠠᠰᠤ ᠨᠢ ᠶᠡᠷᠦᠩᠬᠡᠢ ᠹᠣᠰᠹᠣᠷ᠎ᠤᠨ ᠥᠳᠬᠡᠴᠡ᠎ᠶᠢ ᠳᠡᠭᠡᠭᠰᠢᠯᠡᠭᠦᠯᠳᠡᠭ ᠨᠢ ᠳᠠᠷᠤᠢ ᠨᠡᠢᠲᠡᠯᠢᠭ ᠪᠠᠢᠭᠠᠯᠢ᠎ᠶᠢᠨ ᠡᠯᠧᠮᠧᠨ᠋ᠲ᠎ᠦᠨ ᠣᠷᠴᠢᠨ ᠲᠣᠭᠣᠷᠢᠨ᠎ᠤ ᠴᠢᠨᠠᠷ ᠴᠢᠨᠰᠠᠭ᠎ᠠ᠎ᠳᠤ ᠦᠵᠡᠭᠦᠯᠬᠦ ᠨᠥᠯᠥᠭᠡ ᠪᠣᠯᠣᠨ᠎ᠠ᠃ ᠤᠯᠠᠨ ᠲᠦᠮᠡᠨ᠎ᠦ ᠳᠡᠷᠭᠡᠳᠡᠬᠢ ᠣᠷᠴᠢᠨ ᠲᠣᠭᠣᠷᠢᠨ᠎ᠤ ᠠᠰᠠᠭᠤᠳᠠᠯ᠎ᠳᠤ ᠨᠡᠩ ᠢᠯᠡᠭᠦᠦ ᠠᠩᠬᠠᠷᠤᠯ᠎ᠢᠶᠠᠨ ᠲᠥᠪᠯᠡᠷᠡᠭᠦᠯᠦᠨ᠎ᠡ᠃ 《 ᠶᠡᠬᠡ ᠭᠣᠣᠯ ᠮᠥᠷᠡᠨ᠎ᠦ ᠤᠰᠤᠨ᠎ᠤ ᠴᠢᠨᠠᠷ᠎ᠤᠨ ᠬᠢᠨᠠᠨ ᠬᠡᠮᠵᠢᠯᠲᠡ᠎ᠶᠢ ᠰᠠᠢᠲᠤᠷ ᠬᠢᠬᠦ᠎ᠶᠢᠨ ᠵᠡᠷᠭᠡ᠎ᠳᠦ ᠣᠯᠠᠨ ᠲᠦᠮᠡᠨ᠎ᠦ ᠳᠡᠷᠭᠡᠳᠡᠬᠢ ᠳᠤᠮᠳᠠ ᠵᠢᠵᠢᠭ ᠤᠰᠤᠨ ᠴᠣᠭᠴᠠ ᠵᠦᠭ ᠤᠷᠲᠤᠳᠬᠠᠬᠤ᠎ᠶᠢ ᠨᠡᠩ ᠢᠯᠡᠭᠦᠦ ᠴᠢᠬᠤᠯᠠᠴᠢᠯᠠᠬᠤ ᠬᠡᠷᠡᠭᠲᠡᠢ 》 ᠃ ᠵᠢᠶᠠᠩ ᠾᠥᠸᠧ ᠬᠤᠸᠠ ᠬᠡᠯᠡᠬᠦ᠎ᠳᠡᠭᠡᠨ᠂ 《 ᠠᠷᠪᠠᠨ ᠲᠠᠪᠤᠳᠤᠭᠠᠷ ᠲᠠᠪᠤᠨ ᠵᠢᠯ 》᠎ᠦᠨ ᠲᠥᠯᠦᠪᠵᠢᠭᠦᠯᠭᠡ᠎ᠶᠢᠨ ᠬᠤᠭᠤᠴᠠᠭᠠᠨ᠎ᠳᠤ ᠣᠯᠠᠨ ᠲᠦᠮᠡᠨ᠎ᠦ ᠳᠡᠷᠭᠡᠳᠡᠬᠢ 170 ᠭᠠᠷᠤᠢ ᠰᠠᠯᠪᠤᠷᠢ ᠭᠣᠣᠯ ᠮᠥᠷᠡᠨ᠎ᠦ ᠬᠢᠨᠠᠨ ᠬᠡᠮᠵᠢᠯᠲᠡ᠎ᠶᠢ ᠰᠢᠨ᠎ᠡ᠎ᠪᠡᠷ ᠨᠡᠮᠡᠭᠳᠡᠭᠦᠯᠵᠦ᠂ ᠬᠢᠨᠠᠨ ᠬᠡᠮᠵᠢᠭᠰᠡᠨ ᠲᠣᠭ᠎ᠠ ᠪᠠᠷᠢᠮᠲᠠ᠎ᠶᠢ ᠣᠯᠠᠨ ᠨᠡᠶ᠋ᠢᠲᠡ᠎ᠳᠦ ᠨᠠᠩ ᠢᠯᠡᠭᠦᠦ ᠮᠡᠳᠡᠷᠡᠭᠦᠯᠦᠨ᠎ᠡ᠃ ᠭᠠᠵᠠᠷ ᠳᠣᠣᠷᠠᠬᠢ ᠤᠰᠤᠨ᠎ᠤ ᠲᠠᠯ᠎ᠠ᠎ᠪᠠᠷ ᠂ ᠠᠰᠠᠭᠤᠳᠠᠯ᠎ᠢᠶᠠᠷ ᠤᠳᠤᠷᠢᠳᠤᠮᠵᠢ ᠪᠣᠯᠭᠠᠬᠤ᠎ᠶᠢ ᠪᠠᠷᠢᠮᠲᠠᠯᠠᠵᠤ ᠂ 《 ᠨᠢᠭᠡ ᠲᠣᠭᠣᠷᠢᠭ᠋ ᠬᠣᠶᠠᠷ ᠲᠠᠯᠠᠪᠠᠢ 》 ᠂ ᠲᠤᠬᠠᠢᠯᠠᠪᠠᠯ ᠬᠢᠮᠢ᠎ᠶᠢᠨ ᠠᠵᠤ ᠦᠢᠯᠡᠳᠪᠦᠷᠢ᠎ᠶᠢᠨ ᠬᠦᠷᠢᠶᠡᠯᠡᠩ ᠲᠣᠭᠣᠷᠢᠭ᠋᠂ ᠬᠣᠭ ᠨᠣᠪᠰᠢ ᠪᠤᠯᠠᠬᠤ ᠲᠠᠯᠠᠪᠠᠶ ᠪᠠ ᠠᠶᠤᠯᠲᠠᠢ ᠬᠠᠶᠠᠭᠳᠠᠮᠠᠯ ᠪᠣᠳᠠᠰ᠎ᠢ ᠰᠢᠢᠳᠪᠦᠷᠢᠯᠡᠬᠦ ᠲᠠᠯᠠᠪᠠᠶ᠎ᠶᠢᠨ ᠲᠣᠭᠣᠷᠢᠨ᠎ᠳᠤ ᠬᠢᠨᠠᠨ ᠬᠡᠮᠵᠢᠯᠲᠡ᠎ᠶᠢ ᠴᠢᠩᠭᠠᠳᠬᠠᠨ᠎ᠠ ᠭᠡᠪᠡ᠃
《 ᠠᠮᠢ ᠠᠬᠤᠢ᠎ᠶᠢᠨ ᠶᠠᠰᠤ ᠴᠢᠨᠠᠷ᠎ᠢ ᠶᠡᠷᠦᠩᠬᠡᠢᠯᠡᠨ ᠬᠢᠨᠠᠨ ᠬᠡᠮᠵᠢᠬᠦ ᠥᠷᠲᠡᠭᠡ + ᠥᠯᠢᠭᠡᠷ ᠭᠠᠵᠠᠷ 》᠎ᠢ ᠪᠦᠷᠢᠯᠳᠦᠭᠦᠯᠦᠭᠰᠡᠨ ᠠᠮᠢ ᠠᠬᠤᠢ᠎ᠶᠢᠨ ᠶᠠᠰᠤ ᠴᠢᠨᠠᠷ᠎ᠢ ᠬᠢᠨᠠᠨ ᠬᠡᠮᠵᠢᠬᠦ ᠲᠣᠣᠷ᠎ᠢ ᠠᠩᠬ᠎ᠠ ᠠᠯᠬᠤᠮ ᠪᠠᠢᠭᠤᠯᠪᠠ
ᠣᠷᠳᠣ᠌ ᠬᠤᠭᠤᠴᠠᠭᠠᠨ᠎ᠤ ᠲᠤᠷᠰᠢ ᠂ ᠣᠷᠴᠢᠨ ᠲᠣᠭᠣᠷᠢᠨ᠎ᠤ ᠶᠠᠰᠤ ᠴᠢᠨᠠᠷ᠎ᠢ ᠬᠢᠨᠠᠨ ᠬᠡᠮᠵᠢᠬᠦ ᠬᠠᠷᠢᠴᠠᠩᠭᠤᠢ ᠲᠡᠭᠦᠯᠳᠡᠷᠵᠢᠭᠰᠡᠨ ᠲᠣᠣᠷ᠎ᠲᠠᠢ ᠬᠠᠷᠢᠴᠠᠭᠤᠯᠪᠠᠯ ᠂ ᠠᠮᠢ ᠠᠬᠤᠢ᠎ᠶᠢᠨ ᠶᠠᠰᠤ ᠴᠢᠨᠠᠷ᠎ᠢ ᠬᠢᠨᠠᠨ ᠬᠡᠮᠵᠢᠬᠦ ᠲᠣᠣᠷ᠎ᠤᠨ ᠪᠠᠢᠭᠤᠯᠤᠯᠲᠠ ᠨᠢ ᠶᠡᠷᠦ᠎ᠡᠴᠡ ᠬᠠᠢᠨ ᠰᠦᠪᠡᠭᠴᠢᠯᠡᠬᠦ ᠱᠠᠲᠤᠨ᠎ᠳᠤ ᠣᠷᠣᠰᠢᠵᠤ᠂ ᠠᠮᠢ ᠠᠬᠤᠢ ᠣᠷᠴᠢᠨ ᠲᠣᠭᠣᠷᠢᠨ᠎ᠢ ᠬᠢᠨᠠᠨ ᠬᠡᠮᠵᠢᠬᠦ ᠠᠵᠢᠯ᠎ᠤᠨ ᠨᠢᠭᠡᠨ ᠳᠤᠲᠠᠭᠤᠳᠠᠯ᠂ ᠪᠠᠭᠤᠷᠠᠢ ᠲᠠᠯ᠎ᠠ ᠪᠣᠯᠣᠭᠰᠠᠭᠠᠷ ᠢᠷᠡᠵᠡᠶ᠃
ᠵᠢᠶᠠᠩ ᠾᠥᠸᠧ ᠬᠤᠸᠠ᠂ 《ᠠᠷᠪᠠᠨ ᠳᠥᠷᠪᠡᠳᠦᠭᠡᠷ ᠲᠠᠪᠤᠨ ᠵᠢᠯ》᠎ᠡᠴᠡ ᠨᠠᠭᠠᠰᠢ᠂ ᠠᠮᠢ ᠠᠬᠤᠢ ᠣᠷᠴᠢᠨ ᠲᠣᠭᠣᠷᠢᠨ᠎ᠤ ᠶᠠᠮᠤᠨ 《ᠣᠷᠣᠨ ᠪᠦᠰᠡ᠎ᠶᠢᠨ ᠠᠮᠢ ᠠᠬᠤᠢ᠎ᠶᠢᠨ ᠶᠠᠰᠤ ᠴᠢᠨᠠᠷ᠎ᠢ ᠦᠨᠡᠯᠡᠬᠦ ᠠᠷᠭ᠎ᠠ ( ᠲᠤᠷᠰᠢᠨ
ᠬᠡᠷᠡᠭᠵᠢᠭᠦᠯᠬᠦ )》᠎ᠶᠢ ᠳᠠᠷᠤᠮᠠᠯᠯᠠᠨ ᠲᠠᠷᠬᠠᠭᠠᠵᠤ᠂ ᠳᠤᠮᠳᠠᠳᠤ ᠤᠯᠤᠰ᠎ᠤᠨ ᠰᠢᠨᠵᠢᠯᠡᠬᠦ ᠤᠬᠠᠭᠠᠨ᠎ᠤ ᠬᠦᠷᠢᠶᠡᠯᠡᠩ᠎ᠲᠠᠢ ᠬᠠᠮᠲᠤᠷᠠᠨ 《 ᠪᠥᠬᠥ ᠤᠯᠤᠰ᠎ᠤᠨ ᠠᠮᠢ ᠠᠬᠤᠢ᠎ᠶᠢᠨ ᠶᠠᠰᠤ ᠴᠢᠨᠠᠷ᠎ᠲᠤ ᠬᠢᠨᠠᠯᠲᠠ ᠲᠠᠯᠪᠢᠵᠤ ᠬᠢᠨᠠᠨ ᠬᠡᠮᠵᠢᠬᠦ ᠠᠵᠢᠯ᠎ᠤᠨ ᠲᠥᠰᠥᠯ ( 2023 ︱ 2025 ᠣᠨ ) 》᠎ᠢ ᠲᠣᠭᠲᠠᠭᠠᠨ ᠬᠡᠷᠡᠭᠵᠢᠭᠦᠯᠵᠦ ᠂ ᠮᠠᠨ᠎ᠤ ᠤᠯᠤᠰ᠎ᠤᠨ ᠠᠮᠢ ᠠᠬᠤᠢ᠎ᠶᠢᠨ ᠶᠠᠰᠤ ᠴᠢᠨᠠᠷ᠎ᠢ ᠬᠢᠨᠠᠨ ᠬᠡᠮᠵᠢᠬᠦ ᠲᠣᠣᠷ᠎ᠤᠨ ᠪᠠᠢᠭᠤᠯᠤᠯᠲᠠ᠎ᠶᠢᠨ 《 ᠲᠦᠷᠭᠡᠨ ᠤᠷᠤᠭᠰᠢᠯᠠᠬᠤ ᠳᠠᠷᠤᠪᠴᠢ 》᠎ᠶᠢ ᠳᠠᠷᠤᠬᠤ᠎ᠶᠢ ᠲᠦᠯᠬᠢᠨ ᠠᠬᠢᠭᠤᠯᠵᠤ᠂ 《 ᠠᠮᠢ ᠠᠬᠤᠢ᠎ᠶᠢᠨ ᠶᠠᠰᠤ ᠴᠢᠨᠠᠷ᠎ᠢ ᠶᠡᠷᠦᠩᠬᠡᠢᠯᠡᠨ ᠬᠢᠨᠠᠨ ᠬᠡᠮᠵᠢᠬᠦ ᠥᠷᠲᠡᠭᠡ + ᠥᠯᠢᠭᠡᠷ ᠭᠠᠵᠠᠷ 》᠎ᠤᠨ ᠠᠮᠢ ᠠᠬᠤᠢ᠎ᠶᠢᠨ ᠶᠠᠰᠤ ᠴᠢᠨᠠᠷ᠎ᠢ ᠬᠢᠨᠠᠨ ᠬᠡᠮᠵᠢᠬᠦ ᠲᠣᠣᠷ᠎ᠢ ᠠᠩᠬ᠎ᠠ ᠠᠯᠬᠤᠮ ᠪᠣᠶ ᠪᠣᠯᠭᠠᠭᠰᠠᠨ ᠪᠠᠢᠨ᠎ᠠ᠃ ᠶᠡᠷᠦᠩᠬᠡᠢᠯᠡᠭᠰᠡᠨ ᠬᠢᠨᠠᠨ ᠬᠡᠮᠵᠢᠬᠦ ᠦᠷᠳᠡᠬᠡ ᠨᠢ ᠪᠦᠬᠦ ᠤᠯᠤᠰ᠎ᠤᠨ ᠠᠮᠢ ᠠᠬᠤᠢ᠎ᠶᠢᠨ ᠶᠠᠰᠤ ᠴᠢᠨᠠᠷ᠎ᠲᠤ ᠬᠢᠨᠠᠯᠲᠠ ᠲᠠᠯᠪᠢᠵᠤ ᠬᠢᠨᠠᠨ ᠬᠡᠮᠵᠢᠬᠦ ᠪᠠ ᠦᠨᠡᠯᠡᠬᠦ ᠠᠵᠢᠯ᠎ᠤᠨ ᠳᠤᠮᠳᠠ 《 ᠡᠵᠡᠮᠳᠡᠬᠦ ᠴᠢᠨᠠᠷ 》᠎ᠤᠨ ᠦᠢᠯᠡᠳᠦᠯ᠎ᠢ ᠪᠠᠳᠠᠷᠠᠭᠤᠯᠵᠤ᠂ ᠠᠮᠢ ᠠᠬᠤᠢ᠎ᠶᠢᠨ ᠰᠢᠰᠲᠧᠮ᠎ᠤᠨ ᠤᠭ ᠦᠨᠡᠨ ᠴᠢᠨᠠᠷ᠂ ᠪᠦᠷᠢᠨ ᠪᠦᠲᠦᠨ ᠴᠢᠨᠠᠷ᠎ᠢᠶᠠᠷ ᠬᠠᠮᠤᠭ᠎ᠤᠨ ᠰᠠᠢᠨ ᠣᠷᠣᠨ ᠪᠦᠰᠡ᠎ᠶᠢ ᠰᠠᠬᠢᠨ ᠬᠠᠮᠠᠭᠠᠯᠠᠵᠠᠢ ᠭᠡᠵᠦ ᠲᠠᠨᠢᠯᠴᠠᠭᠤᠯᠪᠠ᠃
ᠠᠮᠢ ᠠᠬᠤᠢ ᠣᠷᠴᠢᠨ ᠲᠣᠭᠣᠷᠢᠨ᠎ᠤ ᠶᠠᠮᠤᠨ ᠳᠤᠮᠳᠠᠳᠤ ᠤᠯᠤᠰ᠎ᠤᠨ ᠰᠢᠨᠵᠢᠯᠡᠬᠦ ᠤᠬᠠᠭᠠᠨ᠎ᠤ ᠬᠦᠷᠢᠶᠡᠯᠡᠩ᠂ ᠬᠠᠮᠢᠶ᠎ᠠ ᠪᠦᠬᠦᠢ ᠶᠡᠬᠡ ᠳᠡᠭᠡᠳᠦ ᠰᠤᠷᠭᠠᠭᠤᠯᠢ ᠪᠣᠯᠣᠨ ᠰᠢᠨᠵᠢᠯᠡᠬᠦ ᠤᠬᠠᠭᠠᠨ᠎ᠤ ᠰᠤᠳᠤᠯᠭᠠᠨ᠎ᠤ ᠬᠦᠷᠢᠶᠡᠯᠡᠩ ᠭᠠᠵᠠᠷ ᠵᠡᠷᠭᠡ ᠯᠦ᠍ᠭᠡ᠎ᠶᠢᠨ ᠬᠠᠮᠲᠤᠷᠠᠯᠴᠠᠭ᠎ᠠ᠎ᠪᠠᠨ ᠴᠢᠩᠭᠠᠳᠬᠠᠵᠤ᠂ ᠨᠢᠭᠡᠨᠲᠡ ᠬᠣᠶᠠᠷ ᠪᠦᠯᠦᠭ ᠤᠳᠠᠭ᠎ᠠ᠎ᠶᠢᠨ ᠰᠢᠯᠢᠨ ᠰᠣᠩᠭᠣᠯᠲᠠ᠎ᠶᠢ ᠥᠷᠨᠢᠭᠦᠯᠵᠦ᠂ 171 ᠠᠮᠢ ᠠᠬᠤᠢ᠎ᠶᠢᠨ ᠶᠠᠰᠤ ᠴᠢᠨᠠᠷ᠎ᠤᠨ ᠶᠡᠷᠦᠩᠬᠡᠢᠯᠡᠭᠰᠡᠨ ᠬᠢᠨᠠᠨ ᠬᠡᠮᠵᠢᠬᠦ ᠦᠷᠳᠡᠭᠡ᠎ᠶᠢ ᠪᠠᠢᠭᠤᠯᠪᠠ᠃ 《 ᠣᠳᠣᠬᠠᠨ᠎ᠳᠤ ᠭᠤᠷᠪᠠᠳᠤᠭᠠᠷ ᠪᠦᠯᠦᠭ᠎ᠦᠨ ᠰᠢᠯᠢᠨ ᠰᠣᠩᠭᠣᠬᠤ ᠠᠵᠢᠯ ᠢ ᠶᠠᠭ ᠬᠢᠵᠦ ᠪᠠᠢᠨ᠎ᠠ ᠂ ᠲᠤᠬᠠᠢ᠎ᠶᠢᠨ ᠦᠶ᠎ᠡ᠎ᠳᠦ ᠪᠦᠬᠦ ᠤᠯᠤᠰ᠎ᠤᠨ ᠠᠮᠢ ᠠᠬᠤᠢ᠎ᠶᠢᠨ ᠶᠠᠰᠤ ᠴᠢᠨᠠᠷ᠎ᠤᠨ ᠶᠡᠷᠦᠩᠬᠡᠢᠯᠡᠭᠰᠡᠨ ᠥᠷᠲᠡᠭᠡᠨ᠎ᠦ ᠲᠣᠭ᠎ᠠ 200 ᠣᠷᠴᠢᠮ ᠪᠣᠯᠬᠤ ᠪᠣᠯᠣᠨ᠎ᠠ ᠭᠡᠵᠦ ᠵᠢᠱ᠌ᠢᠵᠦ ᠪᠠᠢᠨ᠎ᠠ ᠃ 》 ᠵᠢᠶᠠᠩ ᠾᠦᠸᠸ᠋ ᠬᠤᠸᠠ ᠬᠡᠯᠡᠬᠦ᠎ᠳᠡᠭᠡᠨ᠂ 31 ᠮᠤᠵᠢ ᠪᠣᠯᠣᠨ ᠰᠢᠨᠵᠢᠶᠠᠩ᠎ᠤᠨ ᠦᠢᠯᠡᠳᠪᠦᠷᠢᠯᠡᠯ ᠪᠦᠲᠦᠭᠡᠨ ᠪᠠᠢᠭᠤᠯᠤᠯᠲᠠ᠎ᠶᠢᠨ ᠪᠢᠩᠲ᠋ᠤᠸᠠᠨ ᠵᠢᠴᠢ ᠠᠮᠢ ᠠᠬᠤᠢ᠎ᠶᠢᠨ ᠬᠠᠮᠠᠭᠠᠯᠠᠯᠲᠠ ᠬᠢᠨᠠᠯᠲᠠ ᠬᠠᠮᠢᠶᠠᠷᠤᠯᠲᠠ᠎ᠶᠢᠨ ᠭᠣᠣᠯᠳᠠᠯᠭ᠎ᠠ᠎ᠲᠠᠢ ᠣᠷᠣᠨ ᠪᠦᠰᠡ᠂ ᠤᠯᠤᠰ᠎ᠤᠨ ᠭᠣᠣᠯᠳᠠᠯᠭ᠎ᠠ᠎ᠲᠠᠢ ᠠᠮᠢ ᠠᠬᠤᠢ᠎ᠶᠢᠨ ᠴᠢᠳᠠᠮᠵᠢᠲᠤ ᠣᠷᠣᠨ᠂ ᠤᠯᠤᠰ᠎ᠤᠨ ᠴᠡᠴᠡᠷᠯᠢᠭ ᠵᠡᠷᠭᠡ ᠭᠣᠣᠯᠳᠠᠯᠭ᠎ᠠ᠎ᠲᠠᠢ ᠣᠷᠣᠨ ᠪᠦᠰᠡ᠎ᠶᠢ ᠪᠦᠬᠦ ᠲᠠᠯ᠎ᠠ᠎ᠪᠠᠷ ᠪᠦᠷᠬᠦᠭᠦᠯᠦᠨ᠎ᠡ᠃ ᠠᠮᠢ ᠠᠬᠤᠢ᠎ᠶᠢᠨ ᠶᠠᠰᠤ ᠴᠢᠨᠠᠷ᠎ᠤᠨ ᠬᠢᠨᠠᠨ ᠬᠡᠮᠵᠢᠯᠲᠡ᠎ᠶᠢᠨ ᠥᠯᠢᠭᠡᠷ ᠭᠠᠵᠠᠷ ᠪᠣᠯ ᠠᠮᠢ ᠠᠬᠤᠢ᠎ᠶᠢᠨ ᠶᠠᠰᠤ ᠴᠢᠨᠠᠷ᠎ᠤᠨ ᠬᠢᠨᠠᠨ ᠬᠡᠮᠵᠢᠯᠲᠡ᠎ᠶᠢᠨ ᠲᠣᠣᠷ ᠰᠦᠯᠵᠢᠶ᠎ᠡ᠎ᠶᠢᠨ ᠭᠣᠣᠯ ᠠᠴᠢᠶᠠᠯᠠᠭ᠍ᠴᠢ ᠮᠥᠨ᠂ ᠲᠡᠷᠡ ᠨᠢ ᠭᠠᠵᠠᠷ ᠳᠡᠭᠡᠷᠡᠬᠢ ᠤᠰᠤᠨ᠎ᠤ ᠣᠭᠲᠣᠯᠣᠭᠠᠰᠤ ᠂ ᠣᠷᠴᠢᠨ ᠲᠣᠭᠣᠷᠢᠨ᠎ᠤ ᠠᠭᠠᠷ᠎ᠤᠨ ᠬᠢᠨᠠᠨ ᠬᠡᠮᠵᠢᠯᠲᠡ᠎ᠶᠢᠨ ᠴᠡᠭ᠎ᠲᠠᠢ ᠠᠳᠠᠯᠢᠪᠲᠤᠷ ᠴᠢᠳᠠᠮᠵᠢ᠎ᠶᠢᠨ ᠪᠠᠢᠷᠢ ᠲᠣᠭᠲᠠᠭᠠᠯᠲᠠ᠎ᠶᠢ ᠡᠭᠦᠷᠭᠡᠯᠡᠵᠦ ᠪᠠᠢᠨ᠎ᠠ ᠭᠡᠪᠡ᠃
ᠵᠢᠶᠠᠩ ᠾᠥᠸᠧ ᠬᠤᠸᠠ᠎ᠶᠢᠨ ᠲᠠᠨᠢᠯᠴᠠᠭᠤᠯᠤᠭᠰᠠᠨ᠎ᠢᠶᠠᠷ᠂ ᠠᠮᠢ ᠠᠬᠤᠢ ᠣᠷᠴᠢᠨ ᠲᠣᠭᠣᠷᠢᠨ᠎ᠤ ᠰᠠᠯᠠᠭ᠎ᠠ ᠮᠥᠴᠢᠷ᠎ᠦᠨ ᠬᠢᠨ ᠲᠣᠣᠷᠯᠢᠭ᠋ᠤᠨ ᠠᠷᠭ᠎ᠠ᠎ᠪᠠᠷ ᠪᠦᠬᠦ ᠤᠯᠤᠰ᠎ᠲᠤ ᠨᠡᠢ᠍ᠢᠳᠡ 1.64 ᠲᠦᠮᠡᠨ ᠦᠯᠢᠬᠡᠷ ᠭᠠᠵᠠᠷ᠎ᠢ ᠪᠠᠢᠷᠢᠯᠠᠭᠤᠯᠵᠤ᠂ ᠤᠢ ᠰᠢᠭᠤᠢ᠂ ᠡᠪᠡᠰᠦᠲᠦ ᠭᠠᠵᠠᠷ᠂ ᠨᠤᠭᠤ ᠭᠠᠵᠠᠷ᠂ ᠴᠦᠯ᠂ ᠬᠤᠳᠠ ᠬᠥᠳᠡᠭᠡ᠂ ᠲᠠᠷᠢᠶᠠᠨ ᠭᠠᠵᠠᠷ᠂ ᠤᠰᠤᠨ ᠴᠣᠭᠴᠠ ᠪᠣᠯᠣᠨ ᠲᠠᠯᠠᠢ ᠲᠠᠩᠭᠢᠰ ᠵᠡᠷᠭᠡ ᠨᠠᠢ᠍ᠮᠠᠨ ᠶᠡᠬᠡ ᠠᠮᠢ ᠠᠬᠤᠢ᠎ᠶᠢᠨ ᠰᠢᠰᠲᠧᠮ᠎ᠤᠨ ᠲᠦᠷᠦᠯ ᠵᠦᠢᠯ᠎ᠢ ᠬᠠᠮᠤᠷᠴᠤ᠂ ᠰᠢᠶᠠᠨ᠎ᠤ ᠱᠠᠲᠤᠨ᠎ᠤ ᠵᠠᠰᠠᠭ ᠵᠠᠬᠢᠷᠭᠠᠨ᠎ᠤ ᠨᠢᠭᠡᠴᠢ᠎ᠶᠢ ᠪᠦᠬᠦᠨ᠎ᠢ ᠬᠠᠮᠤᠷᠬᠤ᠎ᠶᠢ ᠦᠨᠳᠦᠰᠦᠨ᠎ᠳᠡᠭᠡᠨ ᠪᠡᠶᠡᠯᠡᠭᠦᠯᠵᠡᠢ᠃ ᠠᠮᠢ ᠠᠬᠤᠢ᠎ᠶᠢᠨ ᠶᠠᠰᠤ ᠴᠢᠨᠠᠷ᠎ᠤᠨ ᠬᠢᠨᠠᠨ ᠬᠡᠮᠵᠢᠯᠲᠡ᠎ᠶᠢᠨ ᠥᠯᠢᠭᠡᠷ ᠭᠠᠵᠠᠷ ᠨᠢ ᠠᠮᠢᠳᠤ ᠪᠣᠳᠠᠰ᠎ᠤᠨ ᠣᠯᠠᠨ ᠶᠠᠩᠵᠤᠲᠤ ᠴᠢᠨᠠᠷ᠎ᠢᠶᠠᠷ ᠭᠣᠣᠯ ᠬᠢᠨᠠᠨ ᠬᠡᠮᠵᠢᠬᠦ ᠡᠲᠡᠭᠡᠳ᠎ᠢᠶᠡᠨ ᠪᠣᠯᠭᠠᠵᠤ ᠂ ᠠᠮᠢᠳᠤ ᠪᠣᠳᠠᠰ᠎ᠤᠨ ᠣᠯᠠᠨ ᠶᠠᠩᠵᠤᠲᠤ ᠴᠢᠨᠠᠷ᠎ᠤᠨ ᠬᠠᠮᠠᠭᠠᠯᠠᠯᠲᠠ᠎ᠶᠢᠨ ᠦᠷ᠎ᠡ ᠪᠦᠲᠦᠮᠵᠢ᠎ᠶᠢ ᠲᠤᠰᠬᠠᠬᠤ 《 ᠴᠠᠭ ᠠᠭᠤᠷ᠎ᠤᠨ ᠬᠡᠮᠵᠢᠭᠦᠷ 》 ᠪᠣᠯᠣᠨ᠎ᠠ ᠃ ᠵᠢᠶᠠᠩ ᠾᠦᠸᠸ᠋ ᠬᠤᠸᠠ᠂ ᠠᠮᠢ ᠠᠬᠤᠢ ᠣᠷᠴᠢᠨ ᠲᠣᠭᠣᠷᠢᠨ᠎ᠤ ᠶᠠᠮᠤᠨ᠎ᠠᠴᠠ ᠭᠤᠷᠪᠠᠳᠤᠭᠠᠷ ᠪᠦᠯᠦᠭ᠎ᠦᠨ ᠶᠡᠷᠦᠩᠬᠡᠢᠯᠡᠭᠰᠡᠨ ᠦᠷᠳᠡᠬᠡ᠎ᠶᠢ ᠭᠤᠶᠤᠴᠢᠯᠠᠨ ᠮᠡᠳᠡᠭᠦᠯᠬᠦ ᠪᠠ ᠰᠢᠯᠢᠨ ᠰᠣᠩᠭᠣᠬᠤ᠎ᠶᠢ ᠱᠠᠯᠠᠪᠳᠠᠨ ᠵᠣᠬᠢᠶᠠᠨ ᠪᠠᠢᠭᠤᠯᠵᠤ᠂ 200 ᠭᠠᠷᠤᠢ ᠶᠡᠷᠦᠩᠬᠡᠢᠯᠡᠭᠰᠡᠨ ᠦᠷᠳᠡᠬᠡ ᠪᠣᠯᠣᠨ 1.64 ᠲᠦᠮᠡᠨ ᠬᠢᠨᠠᠨ ᠬᠡᠮᠵᠢᠬᠦ ᠦᠯᠢᠬᠡᠷ ᠭᠠᠵᠠᠷ᠎ᠢᠶᠠᠷ ᠪᠦᠷᠢᠯᠳᠦᠭᠰᠡᠨ ᠤᠯᠤᠰ᠎ᠤᠨ ᠠᠮᠢ ᠠᠬᠤᠢ᠎ᠶᠢᠨ ᠶᠠᠰᠤ ᠴᠢᠨᠠᠷ᠎ᠢ ᠬᠢᠨᠠᠨ ᠬᠡᠮᠵᠢᠬᠦ ᠲᠣᠣᠷ᠎ᠢ ᠦᠨᠳᠦᠰᠦᠨ᠎ᠳᠡᠭᠡᠨ ᠪᠠᠢᠭᠤᠯᠵᠤ᠂ ᠠᠮᠢ ᠠᠬᠤᠢ᠎ᠶᠢ ᠬᠠᠮᠠᠭᠠᠯᠠᠨ ᠰᠡᠷᠭᠦᠭᠡᠬᠦ᠎ᠳᠦ 《 ᠡᠮᠴᠢᠯᠡᠭᠡᠨ᠎ᠦ ᠦᠷ᠎ᠡ ᠠᠰᠢᠭ᠋᠎ᠢ ᠣᠯᠵᠤ ᠬᠠᠷᠠᠬᠤ 》 ᠪᠣᠯᠭᠠᠵᠤ᠂ 《 ᠡᠨᠳᠡ᠎ᠡᠴᠡ ᠦᠵᠡᠰᠬᠦᠯᠡᠩᠲᠦ ᠰᠠᠢᠬᠠᠨ ᠳᠤᠮᠳᠠᠳᠤ ᠤᠯᠤᠰ᠎ᠢ ᠣᠯᠵᠤ ᠬᠠᠷᠠᠬᠤ 》 ᠶ᠋ᠢ ᠪᠡᠶᠡᠯᠡᠭᠦᠯᠦᠨ᠎ᠡ ᠭᠡᠵᠦ ᠢᠯᠡᠳᠬᠡᠪᠡ᠃
ᠠᠮᠢ ᠠᠬᠤᠢ ᠣᠷᠴᠢᠨ ᠲᠣᠭᠣᠷᠢᠨ᠎ᠤ ᠬᠢᠨᠠᠨ ᠬᠡᠮᠵᠢᠯᠲᠡ᠎ᠶᠢᠨ ᠲᠤᠭᠠᠴᠢᠯᠠᠯᠳᠠ ᠣᠶᠤᠨᠴᠢᠯᠠᠯᠲᠠ᠎ᠶᠢᠨ ᠬᠡᠯᠪᠡᠷᠢ᠎ᠪᠡᠨ ᠬᠤᠪᠢᠷᠠᠭᠤᠯᠬᠤ᠎ᠶᠢ ᠠᠬᠢᠭᠤᠯᠤᠨ᠎ᠠ
《 ᠠᠮᠢ ᠠᠬᠤᠢ ᠣᠷᠴᠢᠨ ᠲᠣᠭᠣᠷᠢᠨ᠎ᠤ ᠬᠢᠨᠠᠨ ᠬᠡᠮᠵᠢᠯᠲᠡ᠎ᠶᠢᠨ ᠰᠢᠨᠵᠢᠯᠡᠬᠦ ᠤᠬᠠᠭᠠᠨ ᠮᠡᠷᠭᠡᠵᠢᠯ᠎ᠦᠨ ᠠᠭᠤᠯᠤᠭᠳᠠᠴᠠ᠎ᠪᠠᠷ ᠥᠨᠳᠥᠷ᠂ ᠲᠣᠭ᠎ᠠ ᠪᠠᠷᠢᠮᠲᠠ᠎ᠶᠢᠨ ᠡᠬᠢ ᠪᠠᠶᠠᠯᠢᠭ᠋᠎ᠢᠶᠠᠷ ᠤᠯᠠᠨ᠂ ᠵᠣᠬᠢᠶᠠᠮᠠᠯ ᠤᠶᠤᠨ ᠴᠢᠳᠠᠪᠤᠷᠢ᠎ᠶᠢᠨ ᠬᠡᠷᠡᠭᠯᠡᠯᠲᠡ᠎ᠳᠦ ᠪᠠᠴᠢᠮ ᠲᠤᠯᠭᠠᠮ᠎ᠠ ᠲᠤᠬᠠᠢᠯᠠᠭᠰᠠᠨ ᠠᠵᠢᠯ᠎ᠤᠨ ᠬᠡᠷᠡᠭᠴᠡᠭᠡ ᠱᠠᠭᠠᠷᠳᠠᠯᠭ᠎ᠠ᠎ᠲᠠᠢ ᠪᠥᠭᠡᠳ ᠵᠣᠬᠢᠶᠠᠮᠠᠯ ᠤᠶᠤᠨ ᠴᠢᠳᠠᠪᠤᠷᠢ᠎ᠶᠢᠨ ᠪᠠᠢᠷᠢᠯᠠᠭᠤᠯᠤᠯᠲᠠ᠎ᠶᠢ ᠨᠠᠢᠳᠠᠪᠤᠷᠢᠵᠢᠭᠤᠯᠬᠤ᠎ᠳᠤ ᠥᠷᠭᠡᠨ ᠳᠡᠯᠭᠡᠷ ᠬᠡᠷᠡᠭᠯᠡᠭᠡᠨ᠎ᠦ ᠣᠷᠴᠢᠨ ᠲᠣᠭᠣᠷᠢᠨ᠎ᠢ ᠬᠠᠩᠭᠠᠵᠤ ᠴᠢᠳᠠᠨ᠎ᠠ᠃ 》 ᠵᠢᠶᠠᠩ ᠾᠦᠸᠸ᠋ ᠬᠤᠸᠠ᠎ᠶᠢᠨ ᠲᠠᠨᠢᠯᠴᠠᠭᠤᠯᠤᠭᠰᠠᠨ᠎ᠢᠶᠠᠷ᠂ ᠠᠭᠠᠷ ᠪᠣᠯᠣᠨ ᠭᠠᠵᠠᠷ᠎ᠤᠨ ᠭᠠᠳᠠᠷᠭᠤ᠎ᠶᠢᠨ ᠤᠰᠤ᠎ᠶᠢ ᠬᠢᠨᠠᠨ ᠬᠡᠮᠵᠢᠬᠦ ᠲᠠᠯ᠎ᠠ᠎ᠪᠠᠷ᠂ ᠤᠯᠤᠰ᠎ᠠᠴᠠ ᠡᠵᠡᠮᠳᠡᠬᠦ ᠦᠷᠳᠡᠬᠡ ᠴᠡᠭ᠎ᠦᠨ ᠲᠤᠭᠠᠴᠢᠯᠠᠯᠳᠠ ᠣᠶᠤᠨᠴᠢᠯᠠᠯᠲᠠ ᠵᠢᠨ ᠥᠭᠡᠷᠡᠴᠢᠯᠡᠯᠲᠡ᠎ᠶᠢ ᠥᠷᠨᠢᠭᠦᠯᠬᠦ᠎ᠪᠡᠷ ᠳᠠᠮᠵᠢᠭᠤᠯᠵᠤ᠂ ᠠᠦ᠋ᠲ᠋ᠣ᠋ ᠬᠢᠨᠠᠨ ᠬᠡᠮᠵᠢᠯᠲᠡ᠎ᠳᠦ 《 ᠬᠥᠮᠥᠨ ᠦᠭᠡᠢ ᠠᠵᠢᠯᠯᠠᠨ ᠠᠷᠠᠴᠢᠯᠠᠬᠤ 》 ᠶ᠋ᠢ ᠪᠡᠶᠡᠯᠡᠭᠦᠯᠵᠦ᠂ ᠲᠤᠬᠠᠢ᠎ᠶᠢᠨ ᠲᠠᠯᠠᠪᠠᠢ᠎ᠶᠢᠨ ᠠᠵᠢᠯᠯᠠᠨ ᠠᠷᠠᠴᠢᠯᠠᠬᠤ ᠤᠳᠠᠭ᠎ᠠ ᠪᠣᠯᠣᠨ ᠭᠠᠭᠴᠠ ᠤᠳᠠᠭ᠎ᠠ᠎ᠶᠢᠨ ᠠᠵᠢᠯᠯᠠᠨ ᠠᠷᠠᠴᠢᠯᠠᠬᠤ ᠴᠠᠭ᠎ᠢ 70%᠎ᠡᠴᠡ ᠳᠡᠭᠡᠭᠰᠢ ᠪᠠᠭᠤᠷᠠᠭᠤᠯᠤᠨ᠎ᠠ; ᠭᠠᠷ᠎ᠢᠶᠠᠷ ᠬᠢᠨᠠᠨ ᠬᠡᠮᠵᠢᠬᠦ᠎ᠳᠦ 《 ᠣᠶᠤᠨᠴᠢ᠎ᠪᠠᠷ ᠥᠯᠢᠭᠡᠷ ᠡᠳ᠋ ᠠᠪᠬᠤ + ᠣᠶᠤᠨᠴᠢ᠎ᠪᠠᠷ ᠵᠠᠳᠠᠯᠤᠯᠲᠠ ᠬᠢᠬᠦ 》᠎ᠶᠢ ᠪᠡᠶᠡᠯᠡᠭᠦᠯᠵᠦ ᠂ ᠥᠯᠢᠭᠡᠷ ᠡᠳ᠋ ᠠᠪᠬᠤ ᠲᠠᠯ᠎ᠠ᠎ᠪᠠᠷ ᠂ ᠵᠢᠯᠣᠭᠣᠴᠢ ᠦᠭᠡᠢ ᠨᠢᠰᠬᠡᠯ ᠵᠡᠷᠭᠡ᠎ᠶᠢ ᠬᠡᠷᠡᠭᠯᠡᠨ ᠬᠥᠮᠥᠨ ᠦᠭᠡᠢ᠎ᠪᠡᠷ ᠥᠯᠢᠭᠡᠷ ᠡᠳ᠋ ᠠᠪᠬᠤ᠎ᠶᠢ ᠥᠷᠨᠢᠭᠦᠯᠵᠦ᠂ ᠵᠠᠳᠠᠯᠤᠯᠲᠠ ᠬᠢᠬᠦ ᠲᠠᠯ᠎ᠠ᠎ᠪᠠᠷ ᠂ ᠣᠷᠣᠨ ᠪᠦᠰᠡ ᠬᠤᠪᠢᠶᠠᠨ ᠪᠦᠷᠢᠨ ᠠᠦ᠋ᠲ᠋ᠣ᠋ ᠵᠢᠯᠣᠭᠣᠴᠢ ᠦᠭᠡᠢ 《 ᠬᠠᠷ᠎ᠠ ᠳ᠋ᠧᠩ᠎ᠦᠨ ᠲᠤᠷᠰᠢᠯᠲᠠ᠎ᠶᠢᠨ ᠲᠠᠰᠤᠭ 》᠎ᠢ ᠪᠠᠢᠭᠤᠯᠵᠤ᠂ ᠤᠰᠤᠨ᠎ᠤ ᠴᠢᠨᠠᠷ᠎ᠤᠨ ᠥᠯᠢᠭᠡᠷ ᠡᠳ᠋᠎ᠢ ᠵᠠᠳᠠᠯᠬᠤ ᠡᠭᠦᠷᠭᠡ᠎ᠶᠢ ᠲᠥᠪᠯᠡᠷᠡᠭᠦᠯᠦᠨ ᠡᠭᠦᠷᠭᠡᠯᠡᠵᠦ᠂ ᠥᠯᠢᠭᠡᠷ ᠡᠳ᠋ ᠠᠪᠬᠤ᠎ᠳᠤ ᠵᠠᠷᠤᠴᠠᠭᠤᠯᠬᠤ ᠴᠠᠭ᠂ ᠬᠥᠮᠥᠨ᠎ᠦ ᠣᠷᠣᠭᠤᠯᠤᠯᠲᠠ ᠪᠠ ᠲᠡᠭᠡᠭᠡᠪᠦᠷᠢ᠎ᠶᠢᠨ ᠥᠪᠡᠷ᠎ᠦᠨ ᠥᠷᠲᠡᠭ᠎ᠢ 50%᠎ᠠᠴᠠ ᠳᠡᠭᠡᠭᠰᠢ ᠠᠷᠪᠢᠯᠠᠨ᠎ᠠ᠃
ᠠᠮᠢ ᠠᠬᠤᠢ ᠣᠷᠴᠢᠨ ᠲᠣᠭᠣᠷᠢᠨ᠎ᠤ ᠶᠠᠮᠤᠨ ᠵᠡᠷᠭᠡ ᠰᠠᠯᠠᠭ᠎ᠠ ᠮᠥᠴᠢᠷ ᠣᠢᠷ᠎ᠠ᠎ᠳᠤ ᠬᠠᠮᠲᠤᠷᠠᠨ ᠰᠠᠨᠠᠯ ᠳᠠᠷᠤᠮᠠᠯᠯᠠᠨ ᠲᠠᠷᠬᠠᠭᠠᠵᠤ ᠂ ᠣᠷᠴᠢᠨ ᠲᠣᠭᠣᠷᠢᠨ᠎ᠤ ᠬᠢᠨᠠᠨ ᠬᠡᠮᠵᠢᠯᠲᠡ ᠵᠡᠷᠭᠡ ᠬᠦᠷᠢᠶᠡᠨ᠎ᠦ ᠲᠣᠭᠣᠷᠢᠨ᠎ᠳᠤ ᠨᠢᠭᠡ ᠪᠦᠯᠦᠭ ᠣᠷᠴᠢᠨ ᠲᠣᠭᠣᠷᠢᠨ᠎ᠤ ᠬᠠᠮᠠᠭᠠᠯᠠᠯᠲᠠ᠎ᠶᠢᠨ ᠮᠠᠰᠢᠨ ᠬᠥᠮᠥᠨ ᠂ ᠠᠯᠤᠰ᠎ᠠᠴᠠ ᠠᠵᠢᠯᠯᠠᠭᠤᠯᠵᠤ ᠠᠷᠠᠴᠢᠯᠠᠬᠤ ᠲᠣᠨᠣᠭ ᠲᠥᠬᠦᠭᠡᠷᠦᠮᠵᠢ᠎ᠶᠢ ᠰᠤᠳᠤᠯᠤᠨ ᠨᠡᠭᠡᠭᠡᠵᠦ ᠂ ᠵᠢᠱ᠌ᠢᠮᠡᠭ ᠠᠬᠤᠢ ᠂ ᠲᠣᠭᠠᠴᠢᠯᠠᠭᠰᠠᠨ ᠢᠬᠡᠷ᠎ᠡ ᠵᠡᠷᠭᠡ ᠲᠡᠷᠢᠭᠦᠨ᠎ᠦ ᠮᠡᠷᠭᠡᠵᠢᠯ᠎ᠢ ᠳᠡᠯᠭᠡᠷᠡᠭᠦᠯᠦᠨ ᠬᠡᠷᠡᠭᠯᠡᠬᠦ᠎ᠶᠢ ᠲᠦᠷᠭᠡᠳᠬᠡᠨ᠎ᠡ ᠭᠡᠵᠦ ᠳᠤᠷᠠᠳᠤᠨ ᠭᠠᠷᠭᠠᠪᠠ ᠃ 《 ᠪᠢᠳᠡ ᠰᠢᠨ᠎ᠡ ᠮᠡᠷᠭᠡᠵᠢᠯ᠎ᠦᠨ ᠠᠮᠢ ᠠᠬᠤᠢ ᠣᠷᠴᠢᠨ ᠲᠣᠭᠣᠷᠢᠨ᠎ᠤ ᠬᠢᠨᠠᠨ ᠬᠡᠮᠵᠢᠯᠲᠡ᠎ᠳᠡᠬᠢ ᠬᠡᠷᠡᠭᠯᠡᠯᠲᠡ᠎ᠶᠢ ᠢᠳᠡᠪᠬᠢᠲᠡᠢ ᠠᠬᠢᠭᠤᠯᠵᠤ᠂ ᠨᠡᠩ ᠤᠬᠠᠭᠠᠯᠢᠭ᠋ ᠠᠮᠢ ᠠᠬᠤᠢ ᠣᠷᠴᠢᠨ ᠲᠣᠭᠣᠷᠢᠨ᠎ᠤ ᠬᠢᠨᠠᠨ ᠬᠡᠮᠵᠢᠯᠲᠡ᠎ᠪᠡᠷ ᠡᠬᠡ ᠤᠯᠤᠰ᠎ᠤᠨ᠎ᠢᠶᠠᠨ ᠬᠥᠬᠡᠮᠳᠦᠭ ᠨᠣᠭᠣᠭᠠᠨ ᠠᠭᠤᠯᠠ ᠤᠰᠤ᠎ᠶᠢ ᠰᠠᠢᠲᠤᠷ ᠰᠠᠬᠢᠨ ᠬᠠᠮᠠᠭᠠᠯᠠᠨ᠎ᠠ᠃ 》 ᠵᠢᠶᠠᠩ ᠾᠦᠸᠸ᠋ ᠬᠤᠸᠠ᠂ ᠳᠠᠭᠠᠭᠤᠯᠢ ᠤᠳᠤᠨ᠎ᠤ ᠠᠯᠤᠰ ᠰᠡᠷᠡᠯ ᠨᠢ ᠶᠡᠬᠡ ᠬᠡᠮᠵᠢᠶ᠎ᠡ᠂ ᠠᠯᠤᠰ ᠵᠠᠢ᠂ ᠦᠯᠦ ᠬᠦᠷᠦᠯᠴᠡᠬᠦ ᠠᠮᠢ ᠠᠬᠤᠢ ᠣᠷᠴᠢᠨ ᠲᠣᠭᠣᠷᠢᠨ᠎ᠤ ᠬᠢᠨᠠᠨ ᠬᠡᠮᠵᠢᠯᠲᠡ ᠵᠡᠷᠭᠡ ᠲᠠᠯ᠎ᠠ᠎ᠪᠠᠷ ᠣᠨᠴᠠᠭᠠᠢ ᠢᠯᠡᠳᠲᠡ ᠳᠠᠪᠠᠭᠤᠯᠢᠭ᠋᠎ᠲᠠᠢ ᠶᠤᠮ᠃ ᠣᠢᠷ᠎ᠠ᠎ᠶᠢᠨ ᠵᠢᠯ᠎ᠡᠴᠡ᠂ ᠢᠯᠠᠩᠭᠤᠶ᠎ᠠ 《 ᠠᠷᠪᠠᠨ ᠳᠥᠷᠪᠡᠳᠦᠭᠡᠷ ᠲᠠᠪᠤᠨ ᠵᠢᠯ 》᠎ᠤᠨ ᠲᠥᠯᠦᠪᠵᠢᠭᠦᠯᠭᠡ᠎ᠡᠴᠡ ᠨᠠᠭᠠᠰᠢ᠂ ᠠᠮᠢ ᠠᠬᠤᠢ ᠣᠷᠴᠢᠨ ᠲᠣᠭᠣᠷᠢᠨ᠎ᠤ ᠶᠠᠮᠤᠨ᠎ᠤ ᠳᠠᠭᠠᠭᠤᠯᠢ ᠤᠳᠤᠨ᠎ᠤ ᠠᠯᠤᠰ ᠰᠡᠷᠡᠯ᠎ᠦᠨ ᠬᠢᠨᠠᠨ ᠬᠡᠮᠵᠢᠬᠦ ᠴᠢᠳᠠᠪᠤᠷᠢ ᠮᠡᠳᠡᠭᠳᠡᠮ᠎ᠡ ᠳᠡᠭᠡᠭᠰᠢᠯᠡᠵᠦ᠂ ᠣᠳᠣᠬᠠᠨ᠎ᠳᠤ ᠣᠷᠴᠢᠨ ᠲᠣᠭᠣᠷᠢᠨ ᠪᠠ ᠠᠭᠠᠷ ᠮᠠᠨᠳᠠᠯ᠎ᠤᠨ ᠬᠣᠶᠠᠷ ᠰᠢᠷᠢᠰ ᠲᠣᠭᠣᠷᠢᠯᠲᠠ᠎ᠶᠢᠨ ᠵᠠᠮ᠎ᠳᠤ ᠪᠠᠢᠭ᠎ᠠ 7 ᠳᠠᠭᠠᠭᠤᠯᠢ ᠤᠳᠤ᠎ᠲᠠᠢ ᠪᠣᠯᠵᠤ᠂ ᠤᠯᠠᠨ ᠤᠳᠤ ᠬᠣᠯᠪᠤᠭᠠᠯᠠᠨ ᠬᠥᠳᠡᠯᠦᠯᠴᠡᠭᠰᠡᠨ ᠣᠬᠣᠷ ᠦᠶᠡᠯᠡᠯ᠎ᠦᠨ ᠬᠤᠭᠤᠴᠠᠭ᠎ᠠ᠎ᠲᠠᠢ᠂ ᠥᠨᠳᠥᠷ ᠪᠦᠷᠬᠦᠴᠡ᠎ᠲᠠᠢ᠂ ᠥᠨᠳᠥᠷ ᠢᠯᠭᠠᠮᠵᠢᠲᠠᠢ ᠠᠮᠢ ᠠᠬᠤᠢ ᠣᠷᠴᠢᠨ ᠲᠣᠭᠣᠷᠢᠨ᠎ᠤ ᠳᠠᠭᠠᠭᠤᠯᠢ ᠤᠳᠤᠨ᠎ᠤ ᠠᠯᠤᠰ ᠰᠡᠷᠡᠯ᠎ᠦᠨ ᠬᠢᠨᠠᠨ ᠬᠡᠮᠵᠢᠬᠦ ᠰᠢᠰᠲᠧᠮ᠎ᠢ ᠠᠩᠬ᠎ᠠ ᠠᠯᠬᠤᠮ ᠪᠠᠢᠭᠤᠯᠵᠠᠢ ᠭᠡᠪᠡ᠃
ᠵᠢᠶᠠᠩ ᠾᠥᠸᠧ ᠬᠤᠸᠠ ᠢᠯᠡᠷᠬᠡᠢᠯᠡᠬᠦ᠎ᠳᠡᠭᠡᠨ᠂ ᠳᠠᠭᠠᠭᠤᠯᠢ ᠤᠳᠤ᠂ ᠵᠢᠯᠣᠭᠣᠴᠢ ᠦᠭᠡᠢ ᠨᠢᠰᠬᠡᠯ ᠵᠡᠷᠭᠡ᠎ᠪᠡᠷ ᠲᠥᠯᠥᠭᠡᠯᠡᠭᠦᠯᠦᠭᠰᠡᠨ ᠠᠯᠤᠰ ᠰᠡᠷᠡᠯ᠎ᠦᠨ ᠠᠷᠭ᠎ᠠ ᠪᠠᠷᠢᠯ ᠨᠢ ᠠᠮᠢ ᠠᠬᠤᠢ ᠣᠷᠴᠢᠨ ᠲᠣᠭᠣᠷᠢᠨ᠎ᠤ ᠬᠠᠮᠠᠭᠠᠯᠠᠯᠲᠠ᠎ᠳᠤ ᠤᠯᠠᠮ᠎ᠠᠴᠠ ᠤᠯᠠᠮ ᠴᠢᠬᠤᠯᠠ ᠦᠢᠯᠡᠳᠦᠯ ᠦᠵᠡᠭᠦᠯᠬᠦ ᠪᠣᠯᠣᠨ᠎ᠠ᠃ ᠳᠠᠷᠠᠭᠠᠴᠢ᠎ᠶᠢᠨ ᠠᠯᠬᠤᠮ᠎ᠳᠤ᠂ ᠠᠮᠢ ᠠᠬᠤᠢ ᠣᠷᠴᠢᠨ ᠲᠣᠭᠣᠷᠢᠨ᠎ᠤ ᠶᠠᠮᠤᠨ᠎ᠠᠴᠠ ᠳᠠᠭᠠᠭᠤᠯᠢ ᠤᠳᠤᠨ᠎ᠤ ᠠᠯᠤᠰ ᠰᠡᠷᠡᠯ᠎ᠦᠨ ᠬᠢᠨᠠᠨ ᠬᠡᠮᠵᠢᠬᠦ ᠴᠢᠳᠠᠪᠤᠷᠢ᠎ᠶᠢ ᠪᠦᠬᠦ ᠲᠠᠯ᠎ᠠ᠎ᠪᠠᠷ ᠳᠡᠭᠡᠭᠰᠢᠯᠡᠭᠦᠯᠵᠦ᠂ ᠠᠯᠤᠰ ᠰᠡᠷᠡᠯ᠎ᠦᠨ ᠮᠡᠷᠭᠡᠵᠢᠯ᠎ᠦᠨ ᠥᠪᠡᠷᠮᠢᠴᠡ ᠳᠠᠪᠠᠭᠤᠯᠢᠭ᠋᠎ᠢ ᠴᠢᠨᠠᠭᠰᠢᠳᠠ ᠰᠠᠢᠲᠤᠷ ᠪᠠᠳᠠᠷᠠᠭᠤᠯᠵᠤ᠂ ᠵᠣᠬᠢᠶᠠᠮᠠᠯ ᠤᠶᠤᠨ ᠴᠢᠳᠠᠪᠤᠷᠢ᠎ᠶᠢᠨ ᠲᠣᠮᠣ᠌ ᠵᠠᠭᠪᠤᠷ᠎ᠲᠠᠢ ᠬᠣᠯᠪᠤᠭᠠᠯᠠᠨ ᠬᠡᠷᠡᠭᠯᠡᠬᠦ᠎ᠶᠢ ᠢᠳᠡᠪᠬᠢᠲᠡᠢ ᠰᠦᠪᠡᠭᠴᠢᠯᠡᠵᠦ᠂ ᠳᠠᠭᠠᠭᠤᠯᠢ ᠤᠳᠤᠨ᠎ᠤ ᠠᠯᠤᠰ ᠰᠡᠷᠡᠯ᠎ᠦᠨ 《 ᠲᠡᠭᠷᠢ᠎ᠶᠢᠨ ᠨᠢᠳᠦ 》 ᠶ᠋ᠢ ᠤᠯᠠᠮ᠎ᠠᠴᠠ ᠤᠯᠠᠮ ᠲᠣᠳᠣᠷᠬᠠᠢ ᠪᠣᠯᠭᠠᠵᠤ᠂ ᠬᠠᠷᠠᠭ᠎ᠠ᠎ᠶᠢ ᠤᠯᠠᠮ᠎ᠠᠴᠠ ᠤᠯᠠᠮ ᠥᠷᠭᠡᠨ ᠪᠣᠯᠭᠠᠵᠤ᠂ ᠦᠵᠡᠰᠬᠦᠯᠡᠩᠲᠦ ᠰᠠᠢᠬᠠᠨ ᠳᠤᠮᠳᠠᠳᠤ ᠤᠯᠤᠰ᠎ᠤᠨ ᠪᠦᠲᠦᠭᠡᠨ ᠪᠠᠢᠭᠤᠯᠤᠯᠲᠠ᠎ᠳᠤ ᠬᠦᠴᠦᠨ ᠨᠡᠮᠡᠷᠢᠯᠡᠨ᠎ᠡ ᠭᠡᠪᠡ᠃