ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠠᠮᠢ ᠠᠬᠤᠢ᠎ᠶᠢᠨ ᠬᠠᠮᠠᠭᠠᠯᠠᠯᠲᠠ
ᠪᠣᠬᠢᠷᠲᠤᠯ᠎ᠢ ᠰᠡᠷᠭᠡᠶ᠋ᠢᠯᠡᠨ ᠵᠠᠰᠠᠬᠤ
ᠪᠣᠬᠢᠷᠳᠤᠯ᠎ᠢ ᠰᠡᠷᠭᠡᠢ᠌ᠯᠡᠨ ᠵᠠᠰᠠᠬᠤ ᠪᠣᠭᠣᠮᠲᠠ ᠰᠢᠪᠲᠤᠯᠬᠤ ᠲᠠᠢ᠌ᠯᠠᠯᠳᠣᠭ᠋ᠠᠨ
ᠵᠢᠷᠭᠤᠭ᠋ᠠᠨ ᠠᠬᠢᠭᠤᠯᠬᠤ ᠳᠦᠷᠢᠮ᠎ᠢ ᠭᠦᠨᠵᠡᠭᠡᠢ ᠲᠣᠭᠣᠰᠢᠯᠠᠭᠣᠯᠣᠶ᠎ᠠ
ᠰᠣᠨᠢᠨ ᠮᠡᠳᠡᠭᠡ   -   ᠵᠢᠷᠤᠬᠲᠦ᠍ ᠮᠡᠳᠡᠭᠡ
ᠥᠪᠡᠷᠲᠡᠭᠡᠨ ᠵᠠᠰᠠᠬᠤ ᠣᠷᠣᠨ᠎ᠤ ᠠᠮᠢ ᠠᠬᠤᠢ ᠣᠷᠴᠢᠨ ᠲᠣᠭᠤᠷᠢᠨ᠎ᠤ ᠲᠢᠩᠬᠢᠮ ᠲᠥᠪ᠎ᠤᠨ ᠨᠠᠢ᠍ᠮᠠᠨ ᠲᠣᠭ᠍ᠲᠠᠭᠠᠯ᠎ᠤᠨ ᠵᠣᠷᠢᠭ ᠰᠠᠨᠠᠭ᠎ᠠ᠎ᠶ᠋ᠢ ᠭᠦᠨᠵᠡᠭᠡᠢ ᠲᠤᠭᠤᠱᠢᠯᠠᠭᠤᠯᠬᠤ ᠰᠤᠷᠤᠯᠴᠠᠯᠭ᠎ᠠ ᠬᠥᠮᠦᠵᠢᠯ᠎ᠤᠨ ᠰᠡᠷᠡᠮᠵᠢᠯᠡᠭᠦᠯᠬᠦ᠌ ᠬᠥᠮᠦᠵᠢᠯ᠎ᠤᠨ ᠬᠤᠷᠠᠯ ᠬᠤᠷᠠᠯᠳᠤᠭᠤᠯᠪᠠ
ᠨᠡᠶ᠋ᠢᠲᠡᠯᠡᠭᠰᠡᠨ ᠴᠠᠭ᠄ 2025-07-14

    6 ᠰᠠᠷ᠎ᠠ᠎ᠶ᠋ᠢᠨ 17 ᠎ᠤ ᠡᠳᠦᠷ᠂ ᠥᠪᠡᠷᠲᠡᠭᠡᠨ ᠵᠠᠰᠠᠬᠤ ᠣᠷᠣᠨ᠎ᠤ ᠠᠮᠢ ᠠᠬᠤᠶ ᠣᠷᠴᠢᠨ ᠲᠣᠭᠤᠷᠢᠨ᠎ᠤ ᠲᠢᠩᠬᠢᠮ ᠲᠥᠪ᠎ᠤᠨ ᠨᠠᠢ᠍ᠮᠠᠨ ᠵᠦᠶ᠋ᠯ᠎ᠤᠨ ᠲᠣᠭ᠍ᠲᠠᠭᠠᠯ᠎ᠤᠨ ᠵᠣᠷᠢᠭ ᠰᠠᠨᠠᠭ᠎ᠠ᠎ᠶ᠋ᠢ ᠭᠦᠨᠵᠡᠭᠡᠶ ᠲᠤᠭᠤᠱᠢᠯᠠᠭᠤᠯᠬᠤ ᠰᠤᠷᠤᠯᠴᠠᠯᠭ᠎ᠠ ᠬᠥᠮᠦᠵᠢᠯ᠎ᠤᠨ ᠰᠡᠷᠡᠮᠵᠢᠯᠡᠭᠦᠯᠬᠦ᠌ ᠬᠥᠮᠦᠵᠢᠯ᠎ᠤᠨ ᠬᠤᠷᠠᠯ ᠬᠤᠷᠠᠯᠳᠤᠭᠤᠯᠪᠠ᠃ ᠲᠢᠩᠬᠢᠮ᠎ᠤᠨ ᠨᠠᠮ᠎ᠤᠨ ᠤᠳᠤᠷᠢᠳᠭᠤ ᠳᠤᠭᠤᠢᠯᠠᠩ᠎ᠤᠨ ᠱᠦᠵᠢ᠂ ᠲᠢᠩᠬᠢᠮ᠎ᠤᠨ ᠳᠠᠷᠤᠭ᠎ᠠ ᠴᠢ ᠹᠸᠢ ᠶᠦᠨ ᠨᠥᠬᠦᠷ ᠬᠤᠷᠠᠯ᠎ᠢ ᠡᠷᠬᠢᠯᠡᠵᠦ᠍᠂ ᠰᠠᠬᠢᠯᠭ᠎ᠠ ᠪᠠᠲᠤ ᠣᠪᠣᠷ ᠰᠤᠷᠲᠠᠯ᠎ᠤᠨ ᠲᠤᠰᠭᠠᠢ ᠰᠡᠳᠦᠪᠲᠦ ᠨᠠᠮ᠎ᠤᠨ ᠬᠢᠴᠢᠶᠡᠯ ᠣᠷᠣᠪᠠ᠃ ᠲᠢᠩᠬᠢᠮ᠎ᠤᠨ ᠤᠳᠤᠷᠢᠳᠤᠯᠭ᠎ᠠ᠂ ᠲᠢᠩᠬᠢᠮ᠎ᠤᠨ ᠪᠠᠢᠭᠤᠯᠭ᠎ᠠ᠎ᠶ᠋ᠢᠨ ᠪᠥᠬᠦ᠌ ᠠᠵᠢᠯᠲᠠᠨ᠂ ᠬᠠᠷᠢᠶ᠎ᠠ ᠠᠵᠢᠯ ᠦᠶ᠋ᠯᠡᠰ᠎ᠤᠨ ᠨᠢᠭᠡᠴᠢ᠎ᠶ᠋ᠢᠨ ᠰᠠᠯᠠᠭᠠᠨ᠎ᠤ ᠲᠠᠰ᠎ᠠᠴᠠ ᠳᠡᠭᠡᠭ᠌ᠰᠢᠬᠢ ᠺᠠᠳ᠋ᠷ ᠬᠤᠷᠠᠯ᠎ᠳᠤ ᠣᠷᠣᠯᠴᠠᠪᠠ᠃
    ᠲᠢᠩᠬᠢᠮ᠎ᠤᠨ ᠨᠠᠮ᠎ᠤᠨ ᠤᠳᠤᠷᠢᠳᠭᠤ ᠳᠤᠭᠤᠢᠯᠠᠩ᠎ᠤᠨ ᠪᠦᠷᠢᠯᠳᠦᠬᠦᠨ᠂ ᠲᠢᠩᠬᠢᠮ᠎ᠳᠤ ᠰᠠᠭᠤᠭ᠎ᠠ ᠰᠠᠬᠢᠯᠭ᠎ᠠ ᠪᠠᠲᠤ ᠪᠠᠢᠴᠠᠭᠠᠬᠤ ᠬᠢᠨᠠᠨ ᠪᠠᠢᠴᠠᠭᠠᠬᠤ ᠳᠤᠭᠤᠢᠯᠠᠩ᠎ᠤᠨ ᠳᠠᠷᠤᠭ᠎ᠠ ᠯᠢ ᠵᠢᠶᠠᠨ ᠵᠢᠶᠦ᠋ᠨ ᠨᠥᠬᠦᠷ ᠲᠥᠪ ᠬᠤᠷᠢᠶᠠᠨ᠎ᠤ ᠨᠠᠢ᠍ᠮᠠᠨ ᠲᠣᠭ᠍ᠲᠠᠭᠠᠯ᠎ᠤᠨ ᠵᠣᠷᠢᠭ ᠰᠠᠨᠠᠭ᠎ᠠ᠎ᠶ᠋ᠢ ᠵᠥᠷᠢᠴᠡᠭ᠌ᠰᠡᠨ ᠠᠰᠠᠭᠤᠳᠠᠯ᠎ᠤᠨ ᠨᠡᠢᠲᠡᠯᠢᠭ ᠬᠡᠷᠡᠭ᠎ᠤᠨ ᠵᠢᠱ᠌ᠢᠶ᠎ᠡ᠎ᠶ᠋ᠢ ᠵᠠᠷᠯᠠᠨ ᠮᠡᠳᠡᠭ᠌ᠳᠡᠪᠡ᠃ ᠬᠤᠷᠠᠯ᠎ᠳᠤ ᠣᠷᠣᠯᠴᠠᠭ᠍ᠰᠠᠳ ᠰᠡᠷᠡᠮᠵᠢᠯᠡᠭᠦᠯᠬᠦ᠌ ᠬᠥᠮᠦᠵᠢᠯ᠎ᠤᠨ ᠹᠢᠯᠢᠮ᠎ᠢ ᠬᠠᠮᠲᠤ᠎ᠪᠠᠷ ᠦᠵᠡᠪᠡ᠃
    ᠬᠤᠷᠠᠯ᠎ᠠᠴᠠ᠂ ᠠᠮᠢ ᠠᠬᠤᠢ ᠣᠷᠴᠢᠨ ᠲᠣᠭᠤᠷᠢᠨ᠎ᠤ ᠱᠢᠰᠲ᠋ᠧᠮ᠎ᠤᠨ ᠨᠠᠮ᠎ᠤᠨ ᠭᠡᠱᠢᠭᠦᠨ ᠺᠠᠳ᠋ᠷ ᠶᠡᠷᠦᠩᠬᠡᠢ ᠱᠦᠵᠢ ᠰᠢ᠎ᠶ᠋ᠢᠨ ᠫᠢᠩ᠎ᠤᠨ ᠨᠠᠮ᠎ᠤᠨ ᠰᠤᠷᠲᠠᠯ᠎ᠤᠨ ᠪᠠᠢᠭᠤᠯᠤᠯᠲᠠ᠎ᠶ᠋ᠢ ᠴᠢᠩᠭᠠᠳᠭᠠᠬᠤ ᠲᠤᠬᠠᠢ ᠴᠢᠬᠤᠯᠠ ᠥᠭᠦᠯᠡᠯᠲᠡ ᠪᠣᠯᠤᠨ ᠴᠢᠬᠤᠯᠠ ᠵᠢᠭᠠᠪᠤᠷᠢ ᠴᠣᠬᠤᠯᠠᠪᠤᠷᠢ᠎ᠶ᠋ᠢᠨ ᠵᠣᠷᠢᠭ ᠰᠠᠨᠠᠭ᠎ᠠ᠎ᠶ᠋ᠢ ᠭᠦᠨᠵᠡᠭᠡᠢ ᠰᠤᠷᠤᠯᠴᠠᠨ ᠲᠤᠭᠤᠱᠢᠯᠠᠭᠤᠯᠵᠤ᠂ ᠬᠡᠷᠡᠭ᠎ᠢᠶᠠᠷ ᠲᠤᠯᠢ ᠪᠣᠯᠭᠠᠵᠤ᠂ ᠭᠦᠨᠵᠡᠭᠡᠢ ᠰᠡᠷᠡᠮᠵᠢᠯᠡᠭᠦᠯᠵᠦ᠍᠂ ᠥᠪᠡᠷ᠎ᠢ᠎ᠪᠠᠨ ᠲᠤᠩᠭᠠᠭᠠᠨ ᠪᠤᠳᠤᠵᠤ᠂ 《ᠦᠵᠡᠭ᠌ᠰᠡᠳ᠎ᠤᠨ ᠤᠪᠤᠷ》 ᠎ᠢ ᠡᠷᠡᠰ ᠲᠡᠪᠴᠢᠵᠦ᠍᠂ 《ᠨᠢᠳᠤᠨ᠎ᠳᠤ ᠦᠵᠡᠭ᠌ᠳᠡᠵᠦ᠍ ᠪᠠᠢᠭ᠎ᠠ ᠰᠤᠷᠭᠠᠮᠵᠢ》 ᠎ᠶ᠋ᠢ ᠦᠨᠡᠨ ᠬᠦ᠌ 《ᠰᠡᠳᠭᠢᠯ᠎ᠤᠨ ᠭᠦᠨ᠎ᠳᠤ ᠰᠡᠢᠯᠦᠭ᠌ᠰᠡᠨ ᠪᠢᠱᠢᠷᠡᠨ ᠵᠢᠷᠦᠬᠡᠱᠢᠶᠡᠬᠦ᠌ ᠰᠡᠳᠭᠢᠯᠭᠡ》 ᠪᠣᠯᠭᠠᠨ ᠬᠤᠪᠢᠷᠠᠭᠤᠯᠵᠤ᠂ ᠦᠵᠡᠯ ᠰᠠᠨᠠᠭᠠᠨ᠎ᠤ ᠲᠠᠯ᠎ᠠ᠎ᠪᠠᠷ ᠦᠨᠳᠦᠰᠦ ᠰᠠᠭᠤᠷᠢ᠎ᠶ᠋ᠢ ᠪᠠᠲᠤᠳᠭᠠᠵᠤ᠂ ᠦᠢᠯᠡ ᠠᠵᠢᠯᠯᠠᠭ᠎ᠠ᠎ᠶ᠋ᠢᠨ ᠲᠠᠯ᠎ᠠ᠎ᠪᠠᠷ ᠵᠠᠷᠯᠢᠭ ᠴᠠᠭᠠᠵᠠ᠎ᠶ᠋ᠢ ᠲᠠᠭᠠᠵᠤ᠂ ᠰᠠᠬᠢᠯᠭ᠎ᠠ ᠪᠠᠲᠤ ᠶᠣᠰᠣ ᠲᠦᠷᠢᠮ᠎ᠢ ᠤᠯᠤᠰ ᠲᠦᠷᠦ᠍᠎ᠶ᠋ᠢᠨ ᠤᠬᠠᠮᠰᠠᠷ᠂ ᠦᠵᠡᠯ ᠰᠠᠨᠠᠭᠠᠨ᠎ᠤ ᠤᠬᠠᠮᠰᠠᠷ᠂ ᠦᠢᠯᠡ ᠠᠵᠢᠯᠯᠠᠭ᠎ᠠ᠎ᠶ᠋ᠢᠨ ᠤᠬᠠᠮᠰᠠᠷ ᠪᠣᠯᠭᠠᠨ ᠬᠤᠪᠢᠷᠠᠭᠤᠯᠵᠤ᠂ ᠢᠮᠠᠭ᠍ᠲᠠ ᠦᠨᠡᠨᠴᠢ ᠱᠢᠳᠤᠷᠭᠤ ᠠᠷᠢᠭᠤᠨ ᠴᠢᠬᠡᠴᠢ ᠬᠠᠷᠢᠭᠤᠴᠠᠯᠭ᠎ᠠ ᠡᠭᠦᠷᠭᠡᠯᠡᠬᠦ᠌᠎ᠶ᠋ᠢ ᠪᠡᠶᠡᠯᠡᠭᠦᠯᠬᠦ᠌ ᠬᠡᠷᠡᠭ᠌ᠲᠡᠢ ᠭᠡᠵᠦ᠍ ᠵᠢᠭᠠᠵᠤ ᠭᠠᠷᠭᠠᠪᠠ᠃
    ᠬᠤᠷᠠᠯ᠎ᠠᠴᠠ᠂ ᠠᠮᠢ ᠠᠬᠤᠢ ᠣᠷᠴᠢᠨ ᠲᠣᠭᠤᠷᠢᠨ᠎ᠤ ᠱᠢᠰᠲ᠋ᠧᠮ᠎ᠤᠨ ᠨᠠᠮ᠎ᠤᠨ ᠭᠡᠱᠢᠭᠦᠨ ᠺᠠᠳ᠋ᠷ ᠡᠷᠬᠡᠪᠰᠢ 《ᠵᠢᠷᠭᠤᠭ᠎ᠠ᠎ᠶ᠋ᠢ ᠪᠠᠲᠤ ᠴᠡᠭᠡᠵᠢᠯᠡᠬᠦ᠌》 ᠬᠡᠷᠡᠭ᠌ᠲᠡᠢ᠃ ᠨᠢᠭᠡ᠎ᠳᠤ᠂ ᠨᠠᠮᠴᠢ ᠴᠢᠨᠠᠷ᠎ᠢᠶᠠᠨ ᠳᠠᠪᠲᠠᠨ ᠪᠣᠯᠪᠠᠰᠤᠷᠠᠭᠤᠯᠬᠤ᠂ ᠤᠬᠠᠮᠰᠠᠷ᠎ᠢᠶᠠᠨ ᠳᠡᠭᠡᠭ᠌ᠰᠢᠯᠡᠭᠦᠯᠬᠦ᠌ ᠪᠣᠯ ᠨᠠᠰᠤᠨ ᠲᠤᠷᠱᠢᠳᠠ᠎ᠶ᠋ᠢᠨ ᠰᠡᠳᠦᠪ ᠪᠣᠯᠬᠤ᠎ᠶ᠋ᠢ ᠪᠠᠲᠤ ᠴᠡᠭᠡᠵᠢᠯᠡᠬᠦ᠌ ᠬᠡᠷᠡᠭ᠌ᠲᠡᠢ᠂ ᠶᠠᠮᠠᠷᠪᠠ ᠴᠠᠭ ᠦᠶ᠎ᠡ ᠶᠠᠮᠠᠷᠪᠠ ᠪᠠᠢᠳᠠᠯ ᠳᠣᠣᠷ᠎ᠠ ᠴᠥᠮ ᠤᠬ ᠰᠠᠨᠠᠭ᠎ᠠ᠎ᠪᠠᠨ ᠪᠠᠲᠤ ᠰᠠᠬᠢᠵᠤ᠂ ᠤᠬ ᠴᠢᠨᠠᠷ᠎ᠢᠶᠠᠨ ᠪᠠᠲᠤ ᠰᠠᠬᠢᠬᠤ ᠬᠡᠷᠡᠭ᠌ᠲᠡᠢ᠃ ᠬᠤᠶᠠᠷ᠎ᠲᠤ᠌᠂ ᠶᠠᠮᠠᠷᠪᠠ ᠤᠴᠢᠷ ᠶᠠᠪᠤᠳᠠᠯ᠎ᠢ ᠬᠢᠬᠦ᠌᠎ᠳᠤ ᠴᠥᠮ ᠦᠨᠡᠨ᠎ᠠᠴᠠ ᠵᠥᠪ᠎ᠢ ᠡᠷᠢᠬᠦ᠌ ᠦᠵᠡᠯ ᠰᠠᠨᠠᠭᠠᠨ᠎ᠤ ᠱᠤᠭᠤᠮ᠎ᠢ ᠲᠤᠭᠤᠱᠢᠯᠠᠭᠤᠯᠵᠤ᠂ ᠠᠰᠠᠭᠤᠳᠠᠯ᠎ᠢᠶᠠᠷ ᠤᠳᠤᠷᠢᠳᠤᠮᠵᠢ ᠪᠣᠯᠭᠠᠬᠤ᠂ ᠬᠠᠷᠠᠯᠲᠠ᠎ᠪᠠᠷ ᠤᠳᠤᠷᠢᠳᠤᠮᠵᠢ ᠪᠣᠯᠭᠠᠬᠤ᠂ ᠦᠷ᠎ᠡ ᠳ᠋ᠦᠩ᠎ᠢᠶᠠᠷ ᠤᠳᠤᠷᠢᠳᠤᠮᠵᠢ ᠪᠣᠯᠭᠠᠬᠤ᠎ᠶ᠋ᠢ ᠪᠠᠷᠢᠮᠲᠠᠯᠠᠵᠤ᠂ ᠬᠤᠭᠤᠰᠣᠨ ᠭᠠᠪᠢᠶ᠎ᠠ᠎ᠶ᠋ᠢ ᠬᠥᠭᠡᠭᠡᠴᠡᠯᠳᠦᠬᠦ᠌ ᠦᠭᠡᠢ᠂ ᠬᠤᠭᠤᠰᠣᠨ ᠨᠡᠷ᠎ᠡ᠎ᠶ᠋ᠢ ᠬᠥᠭᠡᠭᠡᠴᠡᠯᠳᠦᠬᠦ᠌ ᠦᠭᠡᠢ ᠪᠠᠢᠬᠤ᠎ᠶ᠋ᠢ ᠪᠠᠲᠤ ᠴᠡᠭᠡᠵᠢᠯᠡᠬᠦ᠌ ᠬᠡᠷᠡᠭ᠌ᠲᠡᠶ᠃ ᠭᠤᠷᠪᠠ᠎ᠳᠤ᠂ ᠰᠤᠷᠳᠠᠯ᠎ᠠᠴᠠ ᠢᠯᠵᠢᠷᠡᠯ᠎ᠳᠤ ᠬᠦᠷᠬᠦ᠂ ᠰᠤᠷᠳᠠᠯ ᠢᠯᠵᠢᠷᠡᠯ᠎ᠢ ᠨᠢᠭᠡ ᠴᠤᠭ᠍ᠴᠠᠵᠢᠭᠤᠯᠬᠤ᠎ᠶ᠋ᠢᠨ ᠬᠤᠣᠷ ᠬᠦᠨᠦᠭᠡᠯᠳᠦ ᠴᠢᠨᠠᠷ᠎ᠢ ᠪᠠᠲᠤ ᠴᠡᠭᠡᠵᠢᠯᠡᠵᠦ᠍᠂ ᠰᠡᠳᠭᠢᠯ ᠵᠢᠷᠦᠬᠡᠨ᠎ᠠᠴᠠ᠎ᠪᠠᠨ ᠠᠶᠤᠬᠤ᠂ ᠦᠭᠡ ᠶᠠᠷᠢᠶᠠᠨ᠎ᠳᠠᠭᠠᠨ ᠴᠡᠭᠡᠷ᠎ᠲᠠᠢ᠂ ᠦᠢᠯᠡ ᠠᠵᠢᠯᠯᠠᠭ᠎ᠠ᠎ᠳᠠᠭᠠᠨ ᠬᠤᠷᠢᠭ᠎ᠠ᠎ᠲᠠᠢ ᠪᠠᠢᠬᠤ᠎ᠶ᠋ᠢ ᠪᠡᠶᠡᠯᠡᠭᠦᠯᠬᠦ᠌ ᠬᠡᠷᠡᠭ᠌ᠲᠡᠢ᠃ ᠲᠦᠷᠪᠡ᠎ᠳᠤ᠂ ᠰᠠᠨᠠᠭᠠᠴᠢᠯᠠᠭ᠎ᠠ᠎ᠠᠴᠠ᠎ᠪᠠᠨ ᠬᠠᠷᠢᠭᠤᠴᠠᠯᠭ᠎ᠠ ᠡᠭᠦᠷᠭᠡᠯᠡᠨ ᠠᠵᠢᠯ ᠶᠠᠪᠤᠳᠠᠯ ᠬᠢᠬᠦ᠌᠎ᠶ᠋ᠢ ᠪᠠᠲᠤ ᠴᠡᠭᠡᠵᠢᠯᠡᠵᠦ᠍᠂ ᠡᠭᠦᠷᠭᠡ ᠬᠠᠷᠢᠭᠤᠴᠠᠯᠭ᠎ᠠ᠎ᠪᠠᠨ ᠨᠠᠷᠢᠨ ᠬᠢᠨᠠᠮᠠᠭᠠᠢ ᠭᠦᠢᠴᠡᠳᠭᠡᠵᠦ᠍᠂ ᠬᠡᠯᠡᠭ᠌ᠰᠡᠨ᠎ᠢᠶᠠᠨ ᠭᠦᠢᠴᠡᠳᠭᠡᠵᠦ᠍᠂ ᠲᠣᠭ᠍ᠲᠠᠭᠠᠭ᠍ᠰᠠᠨ᠎ᠢᠶᠠᠨ ᠬᠢᠵᠦ᠍᠂ ᠬᠢᠪᠡᠯ ᠰᠠᠢᠲᠤᠷ ᠬᠢᠬᠦ᠌ ᠬᠡᠷᠡᠭ᠌ᠲᠡᠢ᠃ ᠲᠠᠪᠤ᠎ᠳᠤ᠂ ᠰᠠᠢᠨ ᠰᠠᠢᠬᠠᠨ ᠠᠮᠢ ᠠᠬᠤᠢ ᠣᠷᠴᠢᠨ ᠲᠣᠭᠤᠷᠢᠨ ᠪᠣᠯ ᠬᠠᠮᠤᠭ᠎ᠤᠨ ᠲᠦᠭᠡᠮᠡᠯ ᠠᠱᠢᠭ ᠬᠦᠷᠲᠡᠭᠡᠬᠦ᠌ ᠠᠷᠠᠳ᠎ᠤᠨ ᠠᠮᠢᠳᠤᠷᠠᠯ᠎ᠤᠨ ᠪᠤᠶᠠᠨ ᠵᠢᠷᠭᠠᠯ ᠪᠣᠯᠬᠤ᠎ᠶ᠋ᠢ ᠪᠠᠲᠤ ᠴᠡᠭᠡᠵᠢᠯᠡᠵᠦ᠍᠂ ᠠᠮᠢ ᠠᠬᠤᠢ᠎ᠪᠠᠷ ᠠᠷᠠᠳ᠎ᠲᠤ ᠲᠤᠰᠠ ᠬᠦᠷᠲᠡᠭᠡᠬᠦ᠂ ᠠᠮᠢ ᠠᠬᠤᠢ᠎ᠪᠠᠷ ᠠᠷᠠᠳ᠎ᠲᠤ ᠠᠱᠢᠭ ᠬᠦᠷᠲᠡᠭᠡᠬᠦ᠂ ᠠᠮᠢ ᠠᠬᠤᠢ᠎ᠪᠠᠷ ᠠᠷᠠᠳ᠎ᠲᠤ ᠦᠢᠯᠡᠴᠢᠯᠡᠬᠦ᠌᠎ᠶ᠋ᠢ ᠪᠠᠷᠢᠮᠲᠠᠯᠠᠬᠤ ᠬᠡᠷᠡᠭ᠌ᠲᠡᠢ᠃ ᠵᠢᠷᠭᠤᠭ᠎ᠠ᠎ᠳᠤ᠂ ᠭᠠᠭ᠍ᠴᠠ ᠬᠦ᠌ ᠭᠡᠷ᠎ᠤᠨ ᠰᠤᠷᠲᠠᠯ᠎ᠤᠨ ᠪᠠᠢᠭᠤᠯᠤᠯᠲᠠ᠎ᠶ᠋ᠢ ᠳᠡᠭᠡᠳᠦ ᠬᠡᠮᠵᠢᠶ᠎ᠡ᠎ᠪᠠᠷ ᠴᠢᠬᠤᠯᠠᠴᠢᠯᠠᠪᠠᠯ ᠰᠠᠶᠢ ᠠᠷᠢᠭᠤᠨ ᠴᠢᠬᠡᠴᠢ᠎ᠪᠠᠷ ᠵᠠᠰᠠᠭ ᠪᠠᠷᠢᠬᠤ ᠪᠠᠲᠤ ᠪᠠᠬᠢ ᠰᠡᠷᠭᠡᠢᠯᠡᠯᠲᠡ᠎ᠶ᠋ᠢᠨ ᠱᠤᠭᠤᠮ᠎ᠢ ᠪᠠᠲᠤ ᠪᠠᠬᠢ ᠪᠠᠢᠭᠤᠯᠵᠤ ᠴᠢᠳᠠᠨ᠎ᠠ ᠭᠡᠳᠡᠭ᠎ᠢ ᠪᠠᠲᠤ ᠴᠡᠭᠡᠵᠢᠯᠡᠬᠦ᠌ ᠬᠡᠷᠡᠭ᠌ᠲᠡᠶ ᠭᠡᠵᠦ᠍ ᠴᠢᠬᠤᠯᠠᠴᠢᠯᠠᠪᠠ᠃
    ᠬᠤᠷᠠᠯ᠎ᠠᠴᠠ᠂ ᠠᠮᠢ ᠠᠬᠤᠢ ᠣᠷᠴᠢᠨ ᠲᠣᠭᠤᠷᠢᠨ᠎ᠤ ᠱᠢᠰᠲ᠋ᠧᠮ᠎ᠤᠨ᠎ᠬᠢᠨ ᠰᠢ᠎ᠶ᠋ᠢᠨ ᠫᠢᠩ᠎ᠤᠨ ᠠᠮᠢ ᠠᠬᠤᠢ᠎ᠶ᠋ᠢᠨ ᠪᠣᠯᠪᠠᠰᠤᠨ᠎ᠤ ᠦᠵᠡᠯ ᠰᠠᠨᠠᠭ᠎ᠠ᠎ᠶ᠋ᠢ ᠭᠦᠨᠵᠡᠭᠡᠢ ᠲᠤᠭᠤᠱᠢᠯᠠᠭᠤᠯᠵᠤ᠂ ᠬᠤᠯᠪᠣᠭ᠍ᠳᠠᠯ ᠪᠦᠬᠦᠢ ᠰᠠᠯᠠᠭ᠎ᠠ ᠮᠥᠴᠢᠷ᠎ᠯᠦᠭᠡ᠎ᠶ᠋ᠢᠨ ᠬᠠᠮᠲᠤᠷᠠᠯᠴᠠᠭ᠎ᠠ᠎ᠪᠠᠨ ᠴᠢᠩᠭᠠᠳᠭᠠᠵᠤ᠂ ᠬᠦᠬᠡ ᠣᠭ᠍ᠲᠠᠷᠭᠤᠢ᠂ ᠴᠡᠩᠬᠡᠷ ᠤᠰᠤ᠂ ᠴᠡᠪᠡᠷ ᠬᠥᠷᠥᠰᠥ᠍ ᠭᠤᠷᠪᠠᠨ ᠶᠡᠭᠡ ᠬᠠᠮᠠᠭᠠᠯᠠᠯᠲᠠ᠎ᠶ᠋ᠢᠨ ᠳᠠᠢᠯᠠᠯᠳᠤᠭᠠᠨ ᠪᠣᠯᠤᠨ 《ᠤᠮᠠᠷᠠᠲᠤ᠎ᠶ᠋ᠢᠨ ᠭᠤᠷᠪᠠᠨ ᠣᠷᠣᠨ》 ᠎ᠤ ᠢᠨᠵᠧᠨᠧᠷᠢᠩ᠎ᠤᠨ ᠭᠤᠷᠪᠠᠨ ᠶᠡᠭᠡ ᠪᠡᠯᠭᠡ ᠳᠡᠮᠳᠡᠭ᠎ᠤᠨ ᠴᠢᠨᠠᠷᠲᠠᠢ ᠳᠠᠢᠯᠠᠯᠳᠤᠭᠠᠨ᠎ᠢ ᠦᠷᠭᠦᠯᠵᠢᠯᠡᠨ ᠭᠦᠨᠵᠡᠭᠡᠢ ᠰᠠᠢᠲᠤᠷ ᠬᠢᠬᠦ᠌ ᠬᠡᠷᠡᠭ᠌ᠲᠡᠢ᠃ 《ᠬᠠᠮᠠᠭᠠᠯᠠᠬᠤ》 ᠠᠵᠢᠯ᠎ᠢ ᠰᠠᠢᠲᠤᠷ ᠬᠢᠵᠦ᠍᠂ ᠪᠣᠬᠢᠷᠲᠤᠯ ᠦᠭᠡᠢ ᠬᠥᠭ᠌ᠵᠢᠯᠲᠡ᠎ᠶ᠋ᠢᠨ ᠰᠠᠭᠤᠷᠢ ᠦᠩᠭᠡ᠎ᠶ᠋ᠢ ᠵᠤᠵᠠᠭᠠᠳᠭᠠᠵᠤ᠂ ᠤᠯᠤᠰ᠎ᠤᠨ ᠭᠠᠵᠠᠷ ᠱᠢᠷᠣᠢ᠎ᠶ᠋ᠢᠨ ᠣᠷᠣᠨ ᠵᠠᠢ᠎ᠶ᠋ᠢ ᠨᠡᠭᠡᠭᠡᠨ ᠬᠥᠭ᠌ᠵᠢᠭᠦᠯᠵᠦ᠍ ᠬᠠᠮᠠᠭᠠᠯᠠᠬᠤ ᠪᠠᠢᠷᠢᠱᠢᠯ᠎ᠢ ᠱᠢᠯᠢᠳᠡᠭ᠌ᠵᠢᠭᠦᠯᠵᠦ᠍᠂ ᠲᠠᠯ᠎ᠠ ᠨᠤᠲᠤᠭ᠂ ᠤᠢ ᠱᠢᠭᠤᠢ᠎ᠶ᠋ᠢ ᠬᠠᠮᠠᠭᠠᠯᠠᠵᠤ᠂ ᠬᠠᠳᠤᠨ ᠭᠤᠣᠯ᠎ᠢ ᠰᠠᠬᠢᠨ ᠬᠠᠮᠠᠭᠠᠯᠠᠬᠤ ᠬᠡᠷᠡᠭ᠌ᠲᠡᠢ᠃ 《ᠬᠡᠯᠪᠡᠷᠢ᠎ᠪᠠᠨ ᠬᠤᠪᠢᠷᠠᠭᠤᠯᠬᠤ》 ᠠᠵᠢᠯ᠎ᠢ ᠰᠠᠢᠲᠤᠷ ᠬᠢᠵᠦ᠍᠂ ᠪᠣᠬᠢᠷᠲᠤᠯ ᠦᠭᠡᠢ ᠬᠥᠭ᠌ᠵᠢᠯᠲᠡ᠎ᠶ᠋ᠢᠨ ᠶᠠᠰᠤ ᠴᠢᠨᠠᠷ ᠦᠷ᠎ᠡ ᠠᠱᠢᠭ᠎ᠢ ᠳᠡᠭᠡᠭ᠌ᠰᠢᠯᠡᠭᠦᠯᠵᠦ᠍᠂ ᠠᠵᠤ ᠦᠢᠯᠡᠰ᠎ᠤᠨ ᠪᠦᠲᠦᠴᠡ᠎ᠶ᠋ᠢ ᠱᠢᠯᠢᠳᠡᠭ᠌ᠵᠢᠭᠦᠯᠦᠨ ᠲᠡᠰ ᠳᠡᠪᠱᠢᠭᠦᠯᠬᠦ᠌᠎ᠶ᠋ᠢ ᠲᠦᠷᠭᠡᠳᠭᠡᠨ ᠠᠬᠢᠭᠤᠯᠵᠤ᠂ ᠡᠬᠢ ᠪᠠᠶᠠᠯᠢᠭ᠎ᠢ ᠪᠦᠬᠦ᠌ ᠲᠠᠯ᠎ᠠ᠎ᠪᠠᠷ ᠠᠷᠪᠢᠯᠠᠨ ᠠᠱᠢᠭ᠍ᠯᠠᠬᠤ᠎ᠶ᠋ᠢ ᠠᠬᠢᠭᠤᠯᠵᠤ᠂ ᠥᠨᠳᠥᠷ ᠲᠦᠪᠱᠢᠨ᠎ᠲᠠᠢ ᠬᠠᠮᠠᠭᠠᠯᠠᠯᠲᠠ ᠪᠣᠯᠤᠨ ᠴᠢᠨᠠᠷ ᠰᠠᠢᠲᠠᠢ ᠬᠥᠭ᠌ᠵᠢᠯᠲᠡ᠎ᠶ᠋ᠢᠨ ᠬᠠᠷᠢᠯᠴᠠᠨ ᠨᠥᠬᠦᠴᠡᠯᠳᠦᠵᠦ᠍᠂ ᠬᠠᠷᠢᠯᠴᠠᠨ ᠬᠠᠪᠰᠤᠷᠤᠯᠴᠠᠵᠤ ᠬᠠᠷᠢᠯᠴᠠᠨ ᠲᠤᠪᠤᠢᠯᠭᠠᠬᠤ᠎ᠶ᠋ᠢ ᠠᠬᠢᠭᠤᠯᠬᠤ ᠬᠡᠷᠡᠭ᠌ᠲᠡᠢ ᠭᠡᠵᠦ᠍ ᠱᠠᠭᠠᠷᠳᠠᠪᠠ᠃
    ᠬᠤᠷᠠᠯ᠎ᠤᠨ ᠳᠠᠷᠠᠭ᠎ᠠ᠂ ᠲᠢᠩᠬᠢᠮ᠎ᠤᠨ ᠨᠠᠮ᠎ᠤᠨ ᠤᠳᠤᠷᠢᠳᠭᠤ ᠳᠤᠭᠤᠢᠯᠠᠩ᠎ᠤᠨ ᠱᠦᠵᠢ᠂ ᠲᠢᠩᠬᠢᠮ᠎ᠤᠨ ᠳᠠᠷᠤᠭ᠎ᠠ ᠴᠢ ᠹᠸᠢ ᠶᠦᠨ ᠨᠥᠬᠦᠷ ᠲᠣᠭ᠍ᠲᠠᠭᠠᠯ᠎ᠠᠴᠠ ᠵᠥᠷᠢᠴᠡᠨ ᠢᠳᠡᠵᠦ᠍ ᠤᠥᠭᠤᠬᠤ᠎ᠶ᠋ᠢ ᠴᠢᠩᠭ᠎ᠠ ᠬᠤᠷᠢᠭ᠍ᠯᠠᠬᠤ ᠠᠰᠠᠭᠤᠳᠠᠯ᠎ᠤᠨ ᠲᠤᠬᠠᠶ ᠬᠠᠮᠲᠤ᠎ᠶ᠋ᠢᠨ ᠶᠠᠷᠢᠯᠴᠠᠭ᠎ᠠ ᠬᠢᠵᠡᠶ᠃

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠠᠮᠢ ᠠᠬᠤᠢ ᠤᠷᠴᠢᠨ ᠲᠤᠭᠤᠷᠢᠨ᠎ᠤ ᠲᠢᠩᠬᠢᠮ
          
ᠬᠠᠮᠢᠶ᠎ᠡ ᠪᠦᠬᠦᠢ ᠰᠣᠨᠢᠨ
 
             蒙ICP备05000248号