ᠱᠤᠤᠬᠢᠶ᠎ᠠ ᠳᠠᠭᠤᠨ ᠤ ᠪᠤᠬᠢᠷᠳᠤᠯ ︵noise pollution︶
ᠨᠡᠶᠢᠲᠡᠯᠡᠭᠰᠡᠨ ᠴᠠᠭ᠄
2019/1/11
     ᠱᠤᠤᠭᠢᠶ᠎ᠠ ᠳᠠᠭᠤ ᠨᠢᠬᠡᠨᠳᠡ ᠬᠦᠮᠦᠨ ᠤ ᠠᠮᠢᠳᠤᠷᠠᠯ ᠪᠠ ᠦᠢᠯᠡᠳᠪᠦᠷᠢᠯᠡᠯ ᠤᠨ ᠠᠵᠢᠯᠯᠠᠭ᠎ᠠ ᠶᠢᠨ ᠵᠦᠪᠰᠢᠶᠡᠷᠡᠬᠦ ᠬᠡᠪᠴᠢᠶᠡᠨ ᠠᠴᠠ ᠳᠠᠪᠠᠭᠰᠠᠨ ᠤᠷᠴᠢᠨ ᠳᠤᠭᠤᠷᠢᠨ ᠤ ᠪᠠᠶᠢᠳᠠᠯ ᠢ ᠱᠤᠤᠬᠢᠶ᠎ᠠ ᠳᠠᠭᠤᠨ ᠤ ᠪᠤᠬᠢᠷᠳᠤᠯ ᠭᠡᠨ᠎ᠡ᠃ ᠳᠡᠷᠡ  ᠨᠢ ᠶᠡᠷᠦ ᠳᠤ ᠪᠠᠨ ᠪᠠᠶᠢᠭᠠᠯᠢ ᠶᠢᠨ ᠦᠵᠡᠭᠳᠡᠯ ᠠᠴᠠ ᠡᠬᠦᠰᠦᠭᠰᠡᠨ ᠪᠢᠰᠢ᠂ ᠬᠠᠷᠢᠨ ᠬᠦᠮᠦᠰ ᠤᠨ ᠠᠵᠢᠯᠯᠠᠭ᠎ᠠ ᠠᠴᠠ ᠪᠤᠯᠤᠬᠰᠠᠨ ᠵᠦᠢᠯ ᠢ ᠬᠡᠯᠡᠳᠡᠭ᠃ ᠱᠤᠤᠬᠢᠶ᠎ᠠ ᠳᠠᠭᠤᠨ ᠤ ᠪᠤᠬᠢᠷᠳᠤᠯ ᠪᠤᠯ ᠹᠢᠽᠢᠺ ᠤᠨ ᠰᠢᠨᠵᠢ ᠲᠠᠢ ᠪᠤᠬᠢᠷᠳᠤᠯ᠂ ᠳᠤᠰ ᠪᠡᠶ᠎ᠡ ᠨᠢ ᠬᠦᠮᠦᠨ ᠳᠤ ᠬᠦᠨᠦᠬᠡᠯ ᠪᠤᠯᠬᠤ ᠦᠬᠡᠢ᠂ ᠵᠦᠪᠬᠡᠨ ᠤᠷᠴᠢᠨ ᠳᠤᠭᠤᠷᠢᠨ ᠳᠠᠬᠢ ᠳᠠᠷᠬᠠᠯᠳᠠ ᠶᠢᠨ ᠬᠡᠮᠵᠢᠶ᠎ᠡ ᠬᠡᠳᠦ ᠦᠨᠳᠦᠷ ᠪᠤᠶᠤ ᠬᠡᠳᠦ ᠳᠤᠤᠷ᠎ᠠ ᠪᠤᠯᠬᠤ ᠦᠶ᠎ᠡ ᠳᠤ ᠰᠠᠶ᠋ᠢ ᠪᠤᠬᠢᠷᠳᠤᠯ ᠡᠬᠦᠰᠬᠡᠬᠦ ᠪᠤᠶᠤ ᠤᠨᠴᠠᠭᠠᠢ ᠪᠠᠶᠢᠳᠠᠯ ᠢ ᠪᠤᠢ ᠪᠤᠯᠭᠠᠳᠠᠭ᠃ ᠹᠢᠽᠢᠺ ᠤᠨ ᠰᠢᠨᠵᠢ ᠲᠠᠢ ᠪᠤᠬᠢᠷᠳᠤᠯ ᠨᠢ ᠬᠢᠵᠠᠭᠠᠷᠳᠠᠮᠠᠯ ᠴᠢᠨᠠᠷ ᠲᠠᠢ᠂ ᠳᠤᠬᠠᠶᠢᠯᠠᠪᠠᠯ ᠨᠢᠬᠡ ᠱᠤᠤᠬᠢᠶ᠎ᠠ ᠳᠠᠭᠤᠨ ᠤ ᠡᠬᠢ ᠶᠢᠨ ᠨᠦᠯᠦᠬᠡᠯᠡᠬᠦ ᠤᠷᠤᠨ ᠬᠡᠪᠴᠢᠶ᠎ᠡ ᠳᠡᠶᠢᠮᠦ ᠶᠡᠭᠡ ᠪᠢᠰᠢ︔ ᠡᠬᠦᠨ ᠠᠴᠠ ᠭᠠᠳᠠᠨ᠎ᠠ ᠹᠢᠽᠢᠺ ᠤᠨ ᠰᠢᠨᠵᠢ ᠲᠠᠢ ᠪᠤᠬᠢᠷᠳᠤᠯ ᠨᠢ ᠬᠤᠵᠢᠭᠤ ᠦᠢᠯᠡᠳᠦᠯ ᠭᠠᠷᠭᠠᠬᠤ ᠦᠬᠡᠢ᠂ ᠳᠤᠬᠠᠶᠢᠯᠠᠪᠠᠯ ᠳᠠᠭᠤ ᠳᠠᠰᠤᠷᠠᠮᠠᠬᠴᠠ ᠱᠤᠤᠭᠢᠶ᠎ᠠ ᠨᠢ ᠪᠦᠷᠢᠮᠦᠰᠦᠨ ᠠᠷᠢᠯᠤᠨ᠎ᠠ᠂ ᠤᠷᠴᠢᠨ ᠳᠤᠭᠤᠷᠢᠨ ᠳᠤ ᠶᠠᠮᠠᠷ ᠴᠦ ᠦᠯᠡᠳᠡᠭᠳᠡᠯ ᠦᠯᠡᠳᠡᠬᠦ ᠦᠬᠡᠢ᠂ ᠪᠤᠬᠢᠷᠳᠤᠯ ᠦᠯᠡᠳᠡᠬᠦ ᠦᠬᠡᠢ᠃
 
ᠢᠷᠡᠯᠲᠡ᠄ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠠᠮᠢ ᠠᠬᠤᠢ ᠤᠷᠴᠢᠨ ᠲᠤᠭᠤᠷᠢᠨ ᠤ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号