ᠠᠮᠢ ᠠᠬᠤᠶ ᠣᠷᠴᠢᠨ ᠲᠣᠭᠤᠷᠢᠨ ᠤ ᠶᠠᠮᠤᠨ ᠦᠵᠡᠰᠬᠦᠯᠡᠩᠲᠦ ᠰᠠᠶᠢᠬᠠᠨ ᠭᠤᠤᠯ ᠮᠥᠷᠡᠨ ᠨᠠᠭᠤᠷ ᠴᠦᠬᠦᠷᠦᠮ᠂ ᠦᠵᠡᠰᠬᠦᠯᠡᠩᠲᠦ ᠰᠠᠶᠢᠬᠠᠨ ᠲᠡᠯᠡᠶ ᠶᠢᠨ ᠪᠤᠯᠤᠩ ᠤᠨ ᠰᠢᠯᠢᠳᠡᠭ ᠬᠡᠷᠡᠭ ᠤᠨ ᠵᠢᠱᠢᠶ᠎ᠡ ᠶᠢ ᠴᠤᠭᠯᠠᠭᠤᠯᠬᠤ ᠪᠠ ᠳᠡᠯᠭᠡᠷᠡᠭᠦᠯᠦᠨ ᠤᠬᠠᠭᠤᠯᠬᠤ ᠠᠵᠢᠯᠯᠠᠭ᠎ᠠ ᠥᠷᠨᠢᠭᠦᠯᠬᠦ ᠪᠠᠷ ᠪᠣᠶ
ᠨᠡᠶᠢᠲᠡᠯᠡᠭᠰᠡᠨ ᠴᠠᠭ᠄
2020/8/5
     7 ᠰᠠᠷ᠎ᠠ ᠶᠢᠨ 29 ᠤ ᠡᠳᠦᠷ᠂ ᠠᠮᠢ ᠠᠬᠤᠶ ᠣᠷᠴᠢᠨ ᠲᠣᠭᠤᠷᠢᠨ ᠤ ᠶᠠᠮᠤᠨ ᠦᠵᠡᠰᠬᠦᠯᠡᠩᠲᠦ ᠰᠠᠶᠢᠬᠠᠨ ᠭᠤᠤᠯ ᠮᠥᠷᠡᠨ ᠨᠠᠭᠤᠷ ᠴᠦᠬᠦᠷᠦᠮ᠂ ᠦᠵᠡᠰᠬᠦᠯᠡᠩᠲᠦ ᠰᠠᠶᠢᠬᠠᠨ ᠲᠡᠯᠡᠶ ᠶᠢᠨ ᠪᠤᠯᠤᠩ ᠤᠨ ᠰᠢᠯᠢᠳᠡᠭ ᠬᠡᠷᠡᠭ ᠤᠨ ᠵᠢᠱᠢᠶ᠎ᠡ ᠶᠢ ᠡᠯᠰᠡᠬᠦ ᠠᠵᠢᠯᠯᠠᠭ᠎ᠠ ᠶᠢᠨ ᠶᠠᠷᠢᠯᠴᠠᠬᠤ ᠬᠤᠷᠠᠯ ᠢ ᠵᠣᠬᠢᠶᠠᠨ ᠪᠠᠶᠢᠭᠤᠯᠵᠤ ᠬᠤᠷᠠᠯᠳᠤᠭᠤᠯᠪᠠ᠃ ᠠᠮᠢ ᠠᠬᠤᠶ ᠣᠷᠴᠢᠨ ᠲᠣᠭᠤᠷᠢᠨ ᠤ ᠶᠠᠮᠤᠨ ᠤ ᠶᠡᠷᠦᠩᠬᠡᠶ ᠢᠨᠵᠧᠨᠧᠷ ᠵᠠᠩ ᠪᠥᠸᠧ ᠡᠯᠰᠡᠯᠲᠡ ᠶᠢᠨ ᠠᠵᠢᠯᠯᠠᠭ᠎ᠠ ᠶᠢᠨ ᠠᠬᠤᠶ ᠪᠠᠶᠢᠳᠠᠯ ᠪᠠ ᠲᠣᠬᠢᠷᠠᠭᠤᠯᠤᠯᠲᠠ ᠶᠢ ᠲᠠᠨᠢᠯᠴᠠᠭᠤᠯᠵᠠᠶ᠃      ᠭᠤᠸᠠᠩᠳᠦ᠋ᠩ ᠮᠤᠵᠢ᠂ ᠵᠧᠵᠢᠶᠠᠩ ᠮᠤᠵᠢ᠂ ᠱᠠᠨᠳᠦ᠋ᠩ ᠮᠤᠵᠢ ᠵᠡᠷᠭᠡ ᠣᠷᠣᠨ ᠨᠤᠲᠤᠭ ᠤᠨ ᠨᠥᠬᠦᠳ ᠫᠦ᠋ ᠶᠠᠩ ᠵᠢᠶᠠᠩ ᠮᠦᠷᠡᠨ᠂ ᠱᠢ ᠯᠢᠶᠠᠩ ᠰᠢ ᠭᠤᠷᠤᠬ᠎ᠠ᠂ ᠮᠠ ᠲᠠ ᠬᠤ᠋ ᠨᠠᠭᠤᠷ᠂ ᠮᠤᠤ ᠵᠧᠤ ᠾᠧ ᠭᠤᠤᠯ᠂ ᠬᠤᠸᠠ ᠶᠠᠩ ᠬᠤ᠋ ᠨᠠᠭᠤᠷ ᠵᠡᠷᠭᠡ ᠭᠤᠤᠯ ᠮᠥᠷᠡᠨ᠂ ᠲᠠᠢ ᠵᠸᠤ ᠪᠤᠯᠤᠩ᠂ ᠲᠤᠤ ᠽᠢ ᠪᠤᠯᠤᠩ᠂ ᠳ᠋ᠠ ᠫᠧᠩ ᠸᠠᠨ ᠵᠡᠷᠭᠡ ᠳᠠᠯᠠᠢ ᠶᠢᠨ ᠪᠤᠯᠤᠩ ᠤᠨ ᠬᠠᠮᠠᠭᠠᠯᠠᠨ ᠵᠠᠰᠠᠭᠰᠠᠨ ᠡᠮᠦᠨ᠎ᠡ ᠬᠤᠶᠢᠨᠠᠬᠢ ᠬᠤᠪᠢᠷᠠᠯᠲᠠ ᠶᠢᠨ ᠦᠷ᠎ᠡ ᠪᠦᠲᠦᠮᠵᠢ ᠶᠢ ᠲᠤᠰ ᠲᠤᠰ ᠲᠠᠨᠢᠯᠴᠠᠭᠤᠯᠵᠠᠢ᠃      ᠦᠵᠡᠰᠬᠦᠯᠡᠩᠲᠦ ᠰᠠᠶᠢᠬᠠᠨ ᠭᠤᠣᠯ ᠮᠥᠷᠡᠨ ᠨᠠᠭᠤᠷ ᠴᠥᠭᠦᠷᠥᠮ᠂ ᠦᠵᠡᠰᠬᠦᠯᠡᠩᠲᠦ ᠰᠠᠶᠢᠬᠠᠨ ᠳᠠᠯᠠᠢ ᠶᠢᠨ ᠪᠤᠯᠤᠩ ᠪᠣᠯ ᠰᠢ ᠶᠢᠨ ᠫᠢᠩ ᠤᠨ ᠠᠮᠢ ᠠᠬᠤᠢ ᠶᠢᠨ ᠪᠣᠯᠪᠠᠰᠤᠨ ᠤ ᠦᠵᠡᠯ ᠰᠠᠨᠠᠭ᠎ᠠ ᠶᠢ ᠲᠤᠤᠱᠯᠠᠭᠤᠯᠤᠨ ᠨᠠᠶᠢᠳᠠᠪᠤᠷᠢᠵᠢᠭᠤᠯᠵᠤ᠂ ᠭᠤᠣᠯ ᠮᠥᠷᠡᠨ ᠨᠠᠭᠤᠷ ᠴᠥᠭᠦᠷᠥᠮ ᠤᠨ ︽ᠲᠤᠩᠭᠠᠯᠠᠭ ᠤᠰᠤ ᠨᠣᠭᠤᠭᠠᠨ ᠡᠷᠭᠢ᠂ ᠵᠢᠭᠠᠰᠤ ᠬᠠᠯᠢᠨ ᠭᠦᠢᠬᠡᠨ ᠢᠷᠣᠭᠠᠷ︾᠂ ᠳᠠᠯᠠᠶ ᠶᠢᠨ ᠪᠤᠯᠤᠩ ᠤᠨ ︽ᠤᠰᠤ ᠨᠢ ᠲᠤᠩᠭᠠᠯᠠᠭ ᠰᠠᠶᠢᠷᠭᠠᠯ ᠨᠢ ᠴᠡᠪᠡᠷ᠂ ᠡᠷᠭᠢ ᠨᠢ ᠨᠤᠮᠢᠨ ᠨᠣᠭᠤᠭᠠᠨ ᠪᠤᠯᠤᠩ ᠨᠢ ᠦᠵᠡᠰᠬᠦᠯᠡᠩ ᠲᠠᠢ᠂ ᠵᠢᠭᠠᠰᠤ ᠴᠠᠬᠤᠯᠠᠢ ᠴᠤᠭᠯᠠᠷᠠᠨ᠂ ᠬᠥᠮᠦᠨ ᠳᠠᠯᠠᠶ ᠡᠶ᠎ᠡ ᠵᠣᠬᠢᠴᠠᠯ ᠲᠠᠢ︾ ᠦᠵᠡᠰᠬᠦᠯᠡᠩᠲᠦ ᠪᠠᠶᠢᠳᠠᠯ ᠢ ᠪᠣᠢ ᠪᠤᠯᠭᠠᠵᠤ᠂ ᠦᠵᠡᠰᠬᠦᠯᠡᠩᠲᠦ ᠰᠠᠶᠢᠬᠠᠨ ᠳᠤᠮᠳᠠᠳᠤ ᠤᠯᠤᠰ ᠢ ᠪᠦᠳᠦᠭᠡᠨ ᠪᠠᠶᠢᠭᠤᠯᠬᠤ ᠰᠠᠶᠢᠨ ᠲᠤᠷᠰᠢᠯᠭ᠎ᠠ ᠰᠠᠶᠢᠨ ᠠᠷᠭ᠎ᠠ ᠪᠠᠷᠢᠯ ᠤᠨ ᠲᠥᠪᠯᠡᠷᠡᠩᠭᠦᠢ ᠢᠯᠡᠷᠡᠯ᠂ ᠳᠠᠷᠤᠢ ᠠᠷᠠᠳ ᠤᠯᠠᠨ ᠤ ᠳᠡᠷᠭᠡᠳᠡᠬᠢ ᠰᠢᠯᠢᠳᠡᠭ ᠠᠮᠢ ᠠᠬᠤᠢ ᠶᠢᠨ ᠪᠦᠲᠦᠭᠡᠭᠳᠡᠬᠦᠨ ᠶᠤᠮ᠃ ᠦᠵᠡᠰᠬᠦᠯᠡᠩᠲᠦ ᠰᠠᠶᠢᠬᠠᠨ ᠭᠤᠤᠯ ᠮᠥᠷᠡᠨ ᠨᠠᠭᠤᠷ ᠴᠥᠭᠦᠷᠥᠮ᠂ ᠦᠵᠡᠰᠬᠦᠯᠡᠩᠲᠦ ᠰᠠᠶᠢᠬᠠᠨ ᠳᠠᠯᠠᠢ ᠶᠢᠨ ᠪᠤᠯᠤᠩ ᠤᠨ ᠰᠢᠯᠢᠳᠡᠭ ᠬᠡᠷᠡᠭ ᠤᠨ ᠵᠢᠱᠢᠶ᠎ᠡ ᠶᠢ ᠡᠯᠰᠡᠨ ᠴᠤᠭᠯᠠᠭᠤᠯᠬᠤ ᠪᠠ ᠳᠡᠯᠭᠡᠷᠡᠭᠦᠯᠦᠨ ᠤᠬᠠᠭᠤᠯᠬᠤ ᠠᠵᠢᠯᠯᠠᠭ᠎ᠠ ᠦᠷᠨᠢᠭᠦᠯᠬᠦ ᠨᠢ᠂ ᠭᠤᠣᠯ ︵ᠮᠥᠷᠡᠨ︶ ᠳᠠᠭᠠᠤ ᠰᠠᠪᠠ ᠭᠠᠵᠠᠷ ᠤᠨ ᠣᠷᠴᠢᠨ ᠲᠣᠭᠤᠷᠢᠨ ᠪᠣᠯᠤᠨ ᠲᠠᠯᠠᠢ ᠲᠠᠩᠭᠢᠰ ᠤᠨ ᠣᠷᠴᠢᠨ ᠲᠣᠭᠤᠷᠢᠨ ᠤ ᠵᠠᠰᠠᠯᠲᠠ ᠶᠢ ᠵᠢᠯᠣᠭᠤᠳᠴᠤ ᠭᠦᠨᠵᠡᠭᠡᠶᠢᠷᠡᠭᠦᠯᠬᠦ ᠳᠤ ᠠᠰᠢᠭᠲᠠᠶ᠂ ᠡᠯ᠎ᠡ ᠭᠠᠵᠠᠷ ᠤᠨ ᠬᠢᠨ ᠭᠤᠤᠯᠳᠠᠯᠭ᠎ᠠ ᠲᠠᠢ ᠰᠠᠪᠠ ᠭᠠᠵᠠᠷ ᠤᠨ ᠤᠰᠤᠨ ᠤ ᠠᠮᠢ ᠠᠬᠤᠶ ᠣᠷᠴᠢᠨ ᠲᠣᠭᠤᠷᠢᠨ ᠤ ᠬᠠᠮᠠᠭᠠᠯᠠᠯᠲᠠ ᠪᠣᠯᠤᠨ ᠲᠠᠯᠠᠢ ᠲᠠᠩᠭᠢᠰ ᠤᠨ ᠠᠮᠢ ᠠᠬᠤᠶ ᠣᠷᠴᠢᠨ ᠲᠣᠭᠤᠷᠢᠨ ᠤ ᠬᠠᠮᠠᠭᠠᠯᠠᠯᠲᠠ ᠶᠢᠨ ︽ᠠᠷᠪᠠᠨ ᠳᠥᠷᠪᠡᠳᠦᠭᠡᠷ ᠲᠠᠪᠤᠨ ᠵᠢᠯ︾ ᠤᠨ ᠲᠥᠯᠥᠪᠵᠢᠭᠦᠯᠭᠡ ᠶᠢ ᠨᠠᠶᠢᠷᠠᠭᠤᠯᠤᠨ ᠵᠣᠬᠢᠶᠠᠵᠤ ᠬᠡᠷᠡᠭᠵᠢᠭᠦᠯᠬᠦ ᠳᠤ ᠯᠠᠪᠯᠠᠯᠲᠠ ᠬᠠᠩᠭᠠᠨ᠎ᠠ᠃ ᠦᠵᠡᠰᠬᠦᠯᠡᠩᠲᠦ ᠰᠠᠶᠢᠬᠠᠨ ᠭᠤᠤᠯ ᠮᠥᠷᠡᠨ ᠨᠠᠭᠤᠷ ᠴᠥᠭᠦᠷᠥᠮ ᠤᠨ ᠰᠢᠯᠢᠳᠡᠭ ᠬᠡᠷᠡᠭ ᠤᠨ ᠵᠢᠱᠢᠶ᠎ᠡ ᠨᠢ ︽ᠭᠤᠤᠯ ᠲᠠᠢ ᠤᠰᠤ ᠲᠠᠢ︾ ︽ᠵᠢᠭᠠᠰᠤ ᠲᠠᠢ ᠵᠠᠮᠠᠭ ᠲᠠᠢ︾ ︽ᠬᠥᠮᠦᠨ ᠤᠰᠤ ᠡᠶ᠎ᠡ ᠵᠣᠬᠢᠴᠠᠯ ᠲᠠᠢ ᠪᠠᠶᠢᠬᠤ︾ ᠶᠢ ᠲᠣᠭᠲᠠᠭᠤᠨ ᠢᠶᠠᠷ ᠪᠡᠶᠡᠯᠡᠭᠦᠯᠬᠦ ᠦᠨᠳᠦᠰᠦᠨ ᠨᠥᠬᠦᠴᠡᠯ ᠢ ᠪᠦᠷᠢᠯᠳᠦᠭᠦᠯᠬᠦ ᠬᠡᠷᠡᠭᠲᠡᠶ᠃ ᠦᠵᠡᠰᠬᠦᠯᠡᠩᠲᠦ ᠰᠠᠶᠢᠬᠠᠨ ᠳᠠᠯᠠᠢ ᠶᠢᠨ ᠪᠤᠯᠤᠩ ᠤᠨ ᠰᠢᠯᠢᠳᠡᠭ ᠬᠡᠷᠡᠭ ᠤᠨ ᠵᠢᠱᠢᠶ᠎ᠡ ᠨᠢ ︽ᠤᠰᠤ ᠨᠢ ᠲᠤᠩᠭᠠᠯᠠᠭ᠂ ᠰᠠᠶᠢᠷᠭᠠᠯ ᠨᠢ ᠴᠡᠪᠡᠷ︾᠂ ︽ᠡᠷᠭᠢ ᠨᠢ ᠨᠤᠮᠢᠨ ᠨᠣᠭᠤᠭᠠᠨ᠂ ᠪᠤᠯᠤᠩ ᠨᠢ ᠦᠵᠡᠰᠬᠦᠯᠡᠩ ᠲᠠᠢ》᠂ ︽ᠵᠢᠭᠠᠰᠤ ᠴᠠᠬᠤᠯᠠᠢ ᠴᠤᠭᠯᠠᠷᠠᠨ᠂ ᠬᠥᠮᠦᠨ ᠳᠠᠯᠠᠶ ᠡᠶ᠎ᠡ ᠵᠣᠬᠢᠴᠠᠯ ᠲᠠᠢ︾ ᠶᠢ ᠲᠣᠭᠲᠠᠭᠤᠨ ᠢᠶᠠᠷ ᠪᠡᠶᠡᠯᠡᠭᠦᠯᠬᠦ ᠦᠨᠳᠦᠰᠦᠨ ᠨᠥᠬᠦᠴᠡᠯ ᠢ ᠪᠦᠷᠢᠯᠳᠦᠭᠦᠯᠬᠦ ᠬᠡᠷᠡᠭᠲᠡᠶ᠃      2020 ᠣᠨ ᠠᠴᠠ ᠡᠬᠢᠯᠡᠨ᠂ ᠠᠮᠢ ᠠᠬᠤᠶ ᠣᠷᠴᠢᠨ ᠲᠣᠭᠤᠷᠢᠨ ᠤ ᠶᠠᠮᠤᠨ ᠵᠢᠯ ᠪᠦᠷᠢ ᠨᠢᠭᠡ ᠤᠳᠠᠭ᠎ᠠ ᠦᠵᠡᠰᠬᠦᠯᠡᠩᠲᠦ ᠰᠠᠶᠢᠬᠠᠨ ᠭᠤᠤᠯ ᠮᠥᠷᠡᠨ ᠨᠠᠭᠤᠷ᠂ ᠦᠵᠡᠰᠬᠦᠯᠡᠩᠲᠦ ᠰᠠᠶᠢᠬᠠᠨ ᠲᠡᠯᠡᠶ ᠶᠢᠨ ᠪᠤᠯᠤᠩ ᠤᠨ ᠰᠢᠯᠢᠳᠡᠭ ᠬᠡᠷᠡᠭ ᠤᠨ ᠵᠢᠱᠢᠶ᠎ᠡ ᠶᠢ ᠡᠯᠰᠡᠬᠦ ᠠᠵᠢᠯᠯᠠᠭ᠎ᠠ ᠶᠢ ᠵᠣᠬᠢᠶᠠᠨ ᠪᠠᠶᠢᠭᠤᠯᠤᠨ᠎ᠠ᠃ ᠠᠮᠢ ᠠᠬᠤᠶ ᠶᠢᠨ ᠣᠷᠴᠢᠨ ᠲᠣᠭᠤᠷᠢᠨ ᠤ ᠶᠠᠮᠤᠨ ᠡᠯᠰᠡᠭᠰᠡᠨ ᠪᠠᠶᠢᠳᠠᠯ ᠢᠶᠠᠨ ᠦᠨᠳᠦᠰᠦᠯᠡᠨ ᠨᠡᠶᠢᠭᠡᠮ ᠨᠡᠶᠢᠲᠡ ᠪᠠᠷ ᠢᠶᠠᠨ ᠦᠨᠡᠯᠡᠨ ᠶᠠᠷᠢᠯᠴᠠᠵᠤ ᠪᠢᠯᠧᠲ ᠥᠭᠬᠦ ᠶᠢ ᠬᠦᠰᠡᠨ᠎ᠡ᠃ ᠣᠯᠠᠨ ᠨᠡᠶᠢᠲᠡ ᠶᠢᠨ ᠦᠨᠡᠯᠡᠨ ᠶᠠᠷᠢᠯᠴᠠᠵᠤ ᠪᠢᠯᠧᠲ ᠥᠭᠭᠦᠭᠰᠡᠨ ᠦᠷ᠎ᠡ ᠳ᠋ᠦᠩ ᠪᠣᠯᠤᠨ ᠲᠤᠰᠬᠠᠶ ᠮᠡᠷᠭᠡᠵᠢᠯᠲᠡᠨ ᠤ ᠦᠨᠡᠯᠡᠯᠲᠡ ᠶᠢ ᠦᠨᠳᠦᠰᠦᠯᠡᠨ᠂ ᠰᠢᠯᠢᠳᠡᠭ ᠢ ᠨᠢ ᠰᠣᠩᠭᠤᠵᠤ᠂ ᠪᠦᠬᠦ ᠤᠯᠤᠰ ᠤᠨ ᠦᠵᠡᠰᠬᠦᠯᠡᠩᠲᠦ ᠰᠠᠶᠢᠬᠠᠨ ᠭᠤᠤᠯ ᠮᠥᠷᠡᠨ ᠨᠠᠭᠤᠷ᠂ ᠦᠵᠡᠰᠬᠦᠯᠡᠩ ᠰᠠᠶᠢᠬᠠᠨ ᠳᠠᠯᠠᠶ ᠶᠢᠨ ᠪᠤᠯᠤᠩ ᠤᠨ ᠰᠢᠯᠢᠳᠡᠭ ᠵᠢᠱᠢᠶ᠎ᠡ ᠪᠣᠯᠭᠠᠬᠤ ᠶᠢᠨ ᠬᠠᠮᠲᠤ ᠭᠠᠳᠠᠭᠰᠢ ᠢᠯᠡ ᠪᠣᠯᠭᠠᠨ᠎ᠠ᠃      ᠠᠮᠢ ᠠᠬᠤᠢ ᠣᠷᠴᠢᠨ ᠲᠣᠭᠤᠷᠢᠨ ᠤ ᠶᠠᠮᠤᠨ ᠬᠥᠳᠡᠯᠦᠩᠭᠦᠶ ᠬᠠᠮᠢᠶᠠᠷᠤᠯᠲᠠ ᠶᠢᠨ ᠲᠣᠭᠲᠠᠴᠠ ᠪᠠᠶᠢᠭᠤᠯᠵᠤ᠂ ᠪᠦᠬᠦ ᠤᠯᠤᠰ ᠤᠨ ᠦᠵᠡᠰᠬᠦᠯᠡᠩᠲᠦ ᠰᠠᠶᠢᠬᠠᠨ ᠭᠤᠤᠯ ᠮᠥᠷᠡᠨ ᠨᠠᠭᠤᠷ ᠴᠥᠭᠦᠷᠥᠮ᠂ ᠦᠵᠡᠰᠬᠦᠯᠡᠩᠲᠦ ᠰᠠᠶᠢᠬᠠᠨ ᠳᠠᠯᠠᠶ ᠶᠢᠨ ᠪᠤᠯᠤᠩ ᠤᠨ ᠰᠢᠯᠢᠳᠡᠭ ᠬᠡᠷᠡᠭ ᠤᠨ ᠵᠢᠱᠢᠶ᠎ᠡ ᠪᠠᠷ ᠨᠢᠭᠡᠨᠲᠡ ᠰᠣᠩᠭᠤᠭᠳᠠᠭᠰᠠᠨ ᠭᠤᠤᠯ ᠮᠥᠷᠡᠨ ᠨᠠᠭᠤᠷ ᠴᠥᠭᠦᠷᠥᠮ᠂ ᠳᠠᠯᠠᠶ ᠶᠢᠨ ᠪᠤᠯᠤᠩ ᠬᠡᠷᠪᠡ ᠦᠨᠳᠦᠰᠦᠨ ᠨᠥᠬᠦᠴᠡᠯ ᠢ ᠦᠷᠭᠦᠯᠵᠢᠯᠡᠨ ᠬᠠᠩᠭᠠᠵᠤ ᠳᠡᠶᠢᠯᠬᠦ ᠦᠭᠡᠶ ᠪᠣᠯ ᠂ ᠵᠢᠱᠢᠶᠡᠯᠡᠪᠡᠯ ᠭᠤᠤᠯ ᠮᠥᠷᠡᠨ ᠤ ᠤᠷᠤᠰᠬᠠᠯ ᠲᠠᠲᠠᠷᠠᠨ ᠬᠠᠲᠠᠬᠤ᠂ ᠤᠰᠤᠨ ᠤ ᠠᠮᠢ ᠠᠬᠤᠶ ᠡᠪᠳᠡᠭᠳᠡᠬᠦ᠂ ᠤᠰᠤᠨ ᠤ ᠴᠢᠨᠠᠷ ᠮᠠᠭᠤᠳᠠᠬᠤ ᠵᠡᠷᠭᠡ ᠪᠠᠶᠢᠳᠠᠯ ᠢᠯᠡᠷᠡᠨ᠂ ᠳᠠᠯᠠᠢ ᠶᠢᠨ ᠪᠤᠯᠤᠩ ᠤᠨ ᠪᠠᠶᠢᠭᠠᠯᠢ ᠶᠢᠨ ᠡᠷᠭᠢ ᠶᠢᠨ ᠱᠤᠭᠤᠮ ᠪᠠᠭᠠᠰᠤᠭᠰᠠᠨ᠂ ᠨᠡᠶᠢᠲᠡᠯᠢᠭ ᠠᠮᠢ ᠠᠬᠤᠢ ᠶᠢᠨ ᠰᠢᠰᠲ᠋ᠧᠮ ᠮᠠᠭᠤᠳᠠᠭᠰᠠᠨ᠂ ᠤᠰᠤᠨ ᠤ ᠣᠷᠴᠢᠨ ᠲᠣᠭᠤᠷᠢᠨ ᠮᠠᠭᠤᠳᠠᠭᠰᠠᠨ ᠵᠡᠷᠭᠡ ᠪᠠᠶᠢᠳᠠᠯ ᠢᠯᠡᠷᠡᠪᠡᠯ ᠳᠠᠷᠤᠢ ᠦᠵᠡᠰᠬᠦᠯᠡᠩᠲᠦ ᠰᠠᠶᠢᠬᠠᠨ ᠭᠤᠤᠯ ᠮᠥᠷᠡᠨ ᠨᠠᠭᠤᠷ ᠴᠥᠭᠦᠷᠥᠮ᠂ ᠦᠵᠡᠰᠬᠦᠯᠡᠩᠲᠦ ᠰᠠᠶᠢᠬᠠᠨ ᠲᠡᠯᠡᠶ ᠶᠢᠨ ᠪᠤᠯᠤᠩ ᠤᠨ ᠰᠢᠯᠢᠳᠡᠭ ᠬᠡᠷᠡᠭ ᠤᠨ ᠵᠢᠱᠢᠶ᠎ᠡ ᠠᠴᠠ  ᠬᠠᠰᠤᠵᠤ᠂ ᠬᠠᠰᠤᠭᠰᠠᠨ ᠰᠢᠯᠲᠠᠭᠠᠨ ᠢ ᠨᠡᠶᠢᠭᠡᠮ ᠳᠤ ᠢᠯᠡ ᠪᠣᠯᠭᠠᠨ᠎ᠠ᠃
 
ᠢᠷᠡᠯᠲᠡ᠄ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠠᠮᠢ ᠠᠬᠤᠢ ᠤᠷᠴᠢᠨ ᠲᠤᠭᠤᠷᠢᠨ ᠤ ᠲᠢᠩᠬᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号