ᠥᠪᠥᠷ ᠮᠣᠩᠭᠤᠯ ᠤᠨ ᠦᠪᠡᠷᠲᠡᠭᠡᠨ ᠵᠠᠰᠠᠬᠤ ᠣᠷᠤᠨ ᠤ ᠠᠭᠠᠷ ᠮᠠᠨᠳᠠᠯ ᠤᠨ ᠪᠤᠬᠢᠷᠲᠤᠯ ᠤᠨ ᠡᠬᠢ ᠶᠢ ᠠᠩᠬ᠎ᠠ ᠠᠯᠬᠤᠮ ᠵᠠᠳᠠᠯᠤᠨ ᠰᠢᠨᠵᠢᠯᠡᠭᠰᠡᠨ ᠨᠢ
ᠨᠡᠶᠢᠲᠡᠯᠡᠭᠰᠡᠨ ᠴᠠᠭ᠄
2021/2/26
     ᠣᠷᠴᠢᠨ ᠲᠣᠭᠤᠷᠢᠨ ᠢ ᠬᠠᠮᠠᠭᠠᠯᠠᠬᠤ ᠲᠧᠭᠨᠢᠭ  ᠮᠡᠷᠭᠡᠵᠢᠯ ᠤᠨ ᠬᠦᠷᠢᠶᠡᠯᠩ ᠠᠴᠠ ᠴᠢᠬᠤᠯᠠ ᠪᠣᠯᠬᠤ ᠣᠷᠤᠨ ᠪᠦᠰᠡ᠂ ᠴᠢᠬᠤᠯᠠ ᠪᠦᠬᠦᠢ ᠬᠤᠲᠠ ᠶᠢᠨ ᠠᠭᠠᠷ ᠤᠨ ᠪᠤᠬᠢᠷᠲᠤᠯ ᠤᠨ ᠡᠬᠢ ᠶᠢ ᠲᠤᠳᠤᠷᠠᠭᠤᠯᠬᠤ ᠠᠵᠢᠯ ᠢ ᠦᠷᠨᠢᠭᠦᠯᠵᠦ᠂ ᠤᠨᠴᠠᠭᠠᠶᠢᠯᠠᠨ ᠬᠦᠬᠡᠬᠤᠲᠠ᠂ ᠪᠤᠭᠤᠲᠤ ᠤᠷᠤᠨ ᠬᠢᠭᠡᠳ ᠦᠬᠠᠢ ᠶᠢᠨ ᠤᠶᠢᠷ᠎ᠠ ᠤᠷᠴᠢᠮ ᠤᠨ ᠠᠭᠠᠷ ᠤᠨ ᠪᠤᠬᠢᠷᠲᠤᠯ ᠤᠨ ᠡᠬᠢ ᠳᠤ ᠠᠩᠬ᠎ᠠ ᠠᠯᠬᠤᠮ ᠵᠠᠳᠠᠯᠤᠯᠲᠠ ᠬᠢᠪᠡ᠃ ᠡᠨᠡᠬᠦ ᠵᠠᠳᠠᠯᠤᠯᠲᠠ ᠨᠢ ᠬᠤᠲᠠ ᠶᠢᠨ ᠣᠷᠴᠢᠨ ᠲᠣᠭᠤᠷᠢᠨ᠂ ᠪᠤᠬᠢᠷᠳᠤᠯ ᠤᠨ ᠡᠬᠢ᠂ ᠡᠬᠡ ᠬᠠᠭᠤᠷᠠᠢ ᠶᠢᠨ ᠭᠠᠳᠠᠷᠭᠤ ᠶᠢᠨ ᠪᠤᠬᠢᠷᠲᠤᠯ ᠤᠨ ᠡᠬᠢ VOCS᠂ ᠣᠽᠤᠨ᠂ ᠰᠢᠪᠳᠤᠷ ᠤᠨ ᠠᠭᠤᠰᠤᠮᠠᠯ ᠬᠢᠭᠡᠳ ᠨᠠᠷᠢᠨ ᠮᠦᠬᠦᠯᠢᠭᠲᠦ ᠶᠢᠨ ᠣᠳᠤᠬᠢ ᠪᠠᠶᠢᠳᠠᠯ ᠵᠢᠴᠢ ᠡᠳᠡᠭᠡᠷ ᠤᠨ ᠡᠭᠦᠰᠦᠯ ᠪᠦᠷᠢᠯᠳᠦᠯ ᠳᠤ ᠬᠠᠨᠳᠤᠭᠤᠯᠤᠨ ᠶᠠᠪᠤᠭᠳᠠᠵᠤ᠂ ᠪᠤᠬᠢᠷᠲᠤᠯ ᠤᠨ ᠨᠡᠶᠢᠯᠡᠯᠴᠡᠭᠰᠡᠨ ᠨᠦᠯᠦᠭᠡᠯᠡᠯ᠂ ᠭᠠᠵᠠᠷ ᠤᠨ ᠪᠠᠶᠢᠴᠠ ᠶᠢᠨ ᠦᠢᠯᠡᠳᠦᠯᠴᠡᠯ᠂ ᠨᠠᠷᠠᠨ ᠤ ᠰᠠᠴᠤᠷᠠᠭ ᠤᠨ ᠦᠢᠯᠡᠳᠦᠯᠴᠡᠯ ᠵᠡᠷᠭᠡ ᠳᠤ ᠬᠠᠮᠢᠶ᠎ᠠ ᠪᠦᠬᠦᠢ ᠵᠠᠳᠠᠯᠤᠯᠲᠠ ᠬᠢᠵᠡᠢ᠃ ᠵᠠᠳᠠᠯᠤᠯᠲᠠ ᠨᠢ ᠬᠤᠲᠠ ᠶᠢᠨ ᠣᠽᠤᠨ ᠤ ᠪᠤᠬᠢᠷᠳᠤᠯ ᠤᠨ ᠪᠤᠢ ᠪᠤᠯᠤᠭᠰᠠᠨ ᠰᠢᠯᠲᠠᠭᠠᠨ ᠳᠤ ᠬᠠᠷᠢᠭᠤᠯᠲᠠ ᠦᠭᠴᠦ᠂ VOCS ᠯᠤᠭ᠎ᠠ ᠶᠢᠨ ᠬᠠᠷᠢᠴᠠᠭᠠᠨ ᠳᠤ ᠵᠠᠳᠠᠯᠤᠯᠲᠠ ᠬᠢᠵᠦ᠂ ᠣᠽᠤᠨ ᠤ ᠪᠦᠷᠢᠯᠳᠦᠯ᠂ ᠵᠠᠳᠠᠷᠠᠯ᠂ ᠳᠠᠮᠵᠢᠯᠲᠠ ᠶᠢᠨ ᠣᠨᠴᠠᠯᠢᠭ ᠢ ᠶᠡᠭᠡ ᠲᠥᠯᠦᠪ ᠵᠠᠳᠠᠯᠤᠨ ᠰᠢᠨᠵᠢᠯᠡᠵᠡᠢ᠃ ᠬᠦᠬᠡᠬᠤᠲᠠ᠂ ᠪᠤᠭᠤᠲᠤ ᠶᠢᠨ ᠣᠶᠢᠷ᠎ᠠ ᠬᠠᠪᠢ ᠶᠢᠨ ᠣᠷᠤᠨ ᠤ ᠠᠭᠠᠷ ᠮᠠᠨᠳᠠᠯ ᠤᠨ ᠠᠮᠢ ᠠᠬᠤᠢ ᠣᠷᠴᠢᠨ ᠲᠤᠭᠤᠷᠢᠨ ᠤ ᠠᠰᠠᠭᠤᠳᠠᠯ ᠵᠢᠴᠢ ᠪᠦᠷᠢᠯᠳᠦᠭᠰᠡᠨ ᠰᠢᠯᠲᠠᠭᠠᠨ ᠢ ᠵᠠᠳᠠᠯᠵᠠᠢ᠃ ᠠᠭᠤᠰᠬᠤ ᠴᠢᠨᠠᠷ ᠪᠦᠬᠦᠢ ᠬᠡᠢ ᠴᠠᠪᠠᠤᠯᠢᠭ ᠠᠭᠤᠰᠤᠮᠠᠯ ᠤᠨ ᠳᠤᠤᠷ᠎ᠠ ᠳᠤᠯᠠᠭᠠᠨ ᠦᠨᠳᠦᠷ ᠴᠢᠬᠢᠭᠯᠢᠭ ᠪᠠᠶᠢᠳᠠᠯ ᠳᠠᠬᠢ ᠮᠦᠬᠦᠯᠢᠭ ᠤᠨ ᠪᠦᠭᠡᠮᠨᠡᠷᠡᠯ ᠤᠨ ᠦᠢᠯᠡᠳᠦᠯᠴᠡᠯ ᠶᠢ ᠠᠩᠬ᠎ᠠ ᠠᠯᠬᠤᠮ ᠶᠠᠷᠢᠯᠴᠠᠨ  ᠰᠤᠳᠤᠯᠵᠠᠢ᠃ ᠪᠠᠶᠢᠴᠠᠭᠠᠯᠲᠠ ᠳᠤ᠂ ᠤᠷᠭᠤᠮᠠᠯ ᠤᠨ ᠬᠤᠴᠢᠯᠭ᠎ᠠ ᠶᠢᠨ ᠡᠬᠡ ᠬᠠᠭᠤᠷᠠᠢ ᠳᠠᠬᠢ ᠪᠤᠬᠢᠷᠲᠤᠯ ᠂ ᠲᠠᠷᠢᠶᠠᠯᠠᠩ ᠦᠢᠯᠡᠳᠪᠦᠷᠢᠯᠡᠯ ᠤᠨ ᠪᠤᠬᠢᠷᠳᠤᠯ᠂ ᠠᠵᠤ ᠦᠢᠯᠡᠳᠪᠦᠷᠢᠯᠡᠯ ᠤᠨ ᠪᠤᠬᠢᠷᠳᠤᠯ᠂ ᠠᠵᠤ ᠠᠮᠢᠳᠤᠷᠠᠯ ᠤᠨ ᠪᠤᠬᠢᠷᠲᠤᠯ᠂ ᠠᠮᠢᠳᠤ ᠪᠤᠳᠠᠰ ᠤᠨ ᠰᠢᠲᠠᠭᠠᠯᠲᠠ ᠶᠢᠨ ᠪᠤᠬᠢᠷᠳᠤᠯ᠂ ᠰᠢᠯᠵᠢᠮᠡᠯ ᠪᠤᠬᠢᠷᠳᠤᠯ ᠵᠢᠴᠢ ᠬᠠᠶᠠᠭᠳᠠᠮᠠᠯ ᠪᠤᠳᠠᠰ ᠤᠨ ᠰᠢᠢᠳᠪᠦᠷᠢᠯᠡᠯᠲᠡ ᠶᠢᠨ ᠪᠤᠬᠢᠷᠳᠤᠯ ᠵᠡᠷᠭᠡ ᠶᠢᠨ ᠭᠠᠳᠠᠭᠰᠢᠯᠠᠯᠲᠠ ᠶᠢᠨ ᠤᠨᠴᠠᠯᠢᠭ ᠢ ᠪᠠᠭᠲᠠᠭᠠᠵᠠᠢ᠃      ᠠᠵᠢᠯ ᠤᠨ ᠳᠤᠮᠳᠠ᠂ VOCS ᠬᠢᠭᠡᠳ ᠡᠬᠡ ᠬᠠᠭᠤᠷᠠᠢ ᠶᠢᠨ ᠭᠠᠳᠠᠷᠭᠤ ᠶᠢᠨ ᠨᠠᠷᠢᠨ ᠮᠦᠬᠦᠯᠢᠭ ᠠᠴᠠ ᠦᠯᠢᠭᠡᠷ ᠠᠪᠤᠨ᠂ ᠰᠢᠪᠳᠤᠷᠲᠤ ᠴᠠᠪᠠᠤᠯᠢᠭ ᠠᠭᠤᠰᠤᠮᠠᠯ ᠤᠨ ᠵᠠᠳᠠᠯᠤᠯᠲᠠ ᠬᠢᠭᠰᠡᠨ ᠢᠶᠠᠷ᠂ ᠦᠪᠥᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠠᠭᠠᠷ ᠮᠠᠨᠳᠠᠯ ᠤᠨ ᠪᠤᠬᠢᠷᠳᠤᠯ ᠤᠨ ᠡᠬᠢ ᠶᠢᠨ ᠠᠩᠬ᠎ᠠ ᠠᠯᠬᠤᠮ ᠤᠨ ᠵᠠᠳᠠᠯᠤᠯᠲᠠ  ᠨᠢ ᠳᠠᠷᠠᠭᠠᠬᠢ ᠬᠡᠳᠦᠨ ᠵᠦᠢᠯ ᠤᠨ ᠳ᠋ᠦᠩᠨᠡᠯᠲᠠ ᠶᠢ ᠭᠠᠷᠭᠠᠪᠠ᠃ ᠦᠬᠠᠢ ᠬᠤᠲᠠ ᠵᠢᠴᠢ ᠲᠡᠭᠦᠨ ᠤ ᠡᠷᠭᠢᠨ ᠲᠤᠭᠤᠷᠢᠨ ᠤ ᠣᠷᠤᠨ ᠤ ᠤᠨᠴᠠᠯᠢᠭ ᠪᠣᠯ ᠰᠢᠪᠲᠤᠷᠲᠤ ᠴᠠᠪᠠᠤᠯᠢᠭ ᠠᠭᠤᠰᠤᠮᠠᠯ ᠤᠨ ᠠᠭᠤᠯᠤᠭᠳᠠᠴᠠ ᠦᠨᠳᠦᠷ᠂ ᠭᠤᠣᠯ ᠨᠢ ᠰᠢᠪᠳᠤᠷ ᠬᠡᠢ ᠬᠢᠭᠡᠳ ᠤᠰᠤᠮᠠᠭᠲᠤ ᠠᠮᠮᠤᠨᠢ ︵ᠰᠢᠪᠳᠤᠷ ᠤᠨ ᠤᠰᠤ︶ ᠪᠤᠯᠠᠬᠤ ᠶᠤᠮ᠃ ᠡᠨᠡ ᠨᠢ ᠬᠦᠬᠡᠬᠤᠲᠠ᠂ ᠪᠤᠭᠤᠲᠤ ᠬᠤᠶᠠᠷ ᠬᠤᠲᠠ ᠠᠴᠠ ᠢᠯᠭᠠᠭᠳᠠᠬᠤ ᠤᠨᠴᠠᠯᠢᠭ ᠪᠣᠯᠤᠨ᠎ᠠ᠃ ᠡᠭᠦᠨ ᠢᠶᠠᠷ ᠥᠯᠥ ᠪᠠᠷᠠᠮ ᠡᠷᠭᠢᠨ ᠲᠤᠭᠤᠷᠢᠨ ᠤ ᠰᠢᠪᠳᠤᠷᠲᠤ ᠴᠠᠪᠠᠤᠯᠢᠭ ᠠᠭᠤᠰᠤᠮᠠᠯ ᠤᠨ ᠦᠳᠭᠡᠴᠡ ᠨᠢ ᠮᠠᠰᠢ ᠶᠡᠷᠦ ᠶᠢᠨ ᠪᠤᠰᠤ ᠪᠠᠶᠢᠵᠤ᠂ ᠦᠷᠭᠦᠯᠵᠢᠯᠡᠨ ᠪᠠᠶᠢᠴᠠᠭᠠᠨ ᠰᠢᠯᠭᠠᠷᠠᠭᠤᠯᠤᠯᠲᠠ ᠬᠢᠬᠦ ᠴᠢᠬᠤᠯᠠᠲᠠᠢ᠃ ᠦᠬᠠᠢ ᠬᠤᠲᠠ ᠶᠢᠨ ᠠᠭᠠᠷ ᠮᠠᠨᠳᠠᠯ ᠳᠤ ᠨᠠᠲ᠋ᠤᠷᠢ ᠢᠶᠤᠨ ᠨᠢ ᠠᠷᠭ᠎ᠠ ᠢᠶᠤᠨ ᠤ ᠬᠠᠭᠠᠰ ᠬᠢᠷᠢᠲᠡᠢ ᠶᠢ ᠡᠵᠡᠯᠡᠵᠦ ᠪᠤᠢ᠃ ᠭᠤᠣᠯ ᠨᠢ ᠬᠦᠬᠦᠷ ᠬᠦᠴᠢᠯ ᠤᠨ ᠳᠠᠪᠤᠰᠤ᠂ ᠡᠨᠡ ᠨᠢ ᠤᠶᠢᠷ᠎ᠠ ᠣᠷᠴᠢᠮ ᠤᠨ ᠬᠤᠵᠢᠷᠯᠢᠭ ᠡᠯᠡᠰᠦᠨ ᠴᠥᠯ ᠲᠠᠢ ᠬᠤᠯᠪᠤᠭ᠎ᠠ ᠲᠠᠢ᠃ ᠰᠢᠪᠳᠤᠷᠲᠤ ᠴᠠᠪᠠᠤᠯᠢᠭ ᠠᠭᠤᠰᠤᠮᠠᠯ ᠤᠨ ᠠᠭᠤᠯᠤᠭᠳᠠᠴᠠ ᠨᠢ ᠨᠡᠭᠦᠷᠡᠰᠦᠨ ᠠᠭᠤᠷᠬᠠᠢ ᠶᠢᠨ ᠣᠷᠤᠨ ᠵᠢᠴᠢ ᠬᠡᠦᠷᠰᠢᠯᠲᠠ᠂ ᠵᠡᠭᠦᠨ ᠠᠭᠤᠯᠠ ᠶᠢᠨ ᠨᠡᠭᠦᠷᠡᠰᠦᠨ ᠴᠢᠯᠠᠭᠤᠯᠢᠭ ᠤᠨ ᠠᠭᠤᠯᠠᠷᠬᠠᠭ ᠣᠷᠤᠨ ᠳᠤ ᠬᠠᠮᠤᠭ ᠤᠨ ᠦᠨᠳᠦᠷ᠃ ᠬᠦᠬᠡᠬᠤᠲᠠ᠂ ᠪᠤᠭᠤᠲᠤ ᠣᠷᠣᠨ ᠳᠤ ᠦᠨᠳᠦᠷ ᠬᠤᠯᠠᠩ ᠤᠨ ᠪᠤᠬᠢᠷᠳᠤᠯ ᠪᠤᠯᠤᠨ ᠬᠡᠲᠦ ᠳᠤᠤᠷ᠎ᠠ ᠭᠠᠳᠠᠭᠰᠢᠯᠠᠭᠤᠯᠤᠯᠲᠠ ᠶᠢᠨ ᠲᠥᠪᠯᠡᠷᠡᠭᠰᠡᠨ ᠣᠷᠤᠨ ᠪᠤᠯᠤᠨ᠎ᠠ᠃ ᠡᠪᠦᠯ ᠤᠨ ᠤᠯᠠᠷᠢᠯ ᠤᠨ ᠭᠤᠣᠯ ᠪᠣᠯᠬᠤ ᠪᠤᠬᠢᠷᠳᠤᠯ ᠪᠤᠳᠠᠰ ᠪᠣᠯ ᠠᠭᠤᠰᠬᠤ ᠴᠢᠨᠠᠷ ᠪᠦᠬᠦᠢ ᠲᠠᠪᠤᠰᠤ ᠪᠠᠶᠢᠵᠤ᠂ ᠡᠬᠦᠨ ᠳᠤ  ᠬᠦᠬᠦᠷ ᠬᠦᠴᠢᠯ ᠤᠨ ᠠᠮᠮᠤᠨᠢ ᠬᠢᠭᠡᠳ ᠬᠦᠬᠦᠷ ᠬᠦᠴᠢᠯ ᠤᠨ ᠨᠠᠲ᠋ᠠᠷᠢ ᠪᠠᠭᠲᠠᠨ᠎ᠠ᠃ ᠦᠬᠠᠢ ᠬᠤᠲᠠ ᠤᠨ ᠠᠵᠤ ᠦᠢᠯᠡᠳᠪᠦᠷᠢ ᠲᠦᠪᠯᠡᠷᠡᠭᠰᠡᠨ ᠤᠷᠤᠨ ᠳᠤ ᠰᠢᠪᠳᠤᠷ ᠬᠢᠭᠡᠳ ᠤᠰᠤᠮᠠᠭᠲᠤ ᠠᠮᠮᠤᠨᠢ ︵ᠰᠢᠪᠳᠤᠷ ᠤᠨ ᠤᠰᠤ︶  ᠶᠢᠨ ᠠᠭᠤᠯᠤᠭᠳᠠᠴᠠ ᠬᠠᠮᠤᠭ ᠤᠨ ᠦᠨᠳᠦᠷ᠃ ᠬᠦᠬᠦᠷ ᠬᠦᠴᠢᠯ ᠤᠨ ᠲᠠᠪᠤᠰᠤ  ᠨᠢ ᠣᠽᠤᠨ ᠤ ᠵᠠᠳᠠᠷᠠᠯ ᠢ ᠬᠤᠷᠢᠭᠯᠠᠬᠤ ᠦᠭᠡᠷ᠎ᠡ ᠨᠢᠭᠡᠨ ᠴᠢᠬᠤᠯᠠ ᠰᠢᠯᠲᠠᠭᠠᠨ ᠪᠣᠯᠳᠠᠭ᠃ ᠦᠬᠠᠢ ᠬᠤᠲᠠ ᠶᠢᠨ ᠡᠷᠭᠢᠨ ᠲᠤᠭᠤᠷᠢᠨ ᠳᠤ ᠰᠢᠲᠠᠯᠲᠠ ᠶᠢᠨ ᠲᠣᠰᠤ᠂ ᠲᠦᠯᠡᠰᠢᠨ ᠨᠡᠭᠦᠷᠡᠰᠦ᠂ ᠬᠢᠮᠢ ᠶᠢᠨ ᠠᠵᠤ ᠦᠢᠯᠡᠳᠪᠦᠷᠢ ᠶᠢᠨ ᠬᠡᠦᠷᠰᠢᠯᠲᠡ ᠬᠢᠭᠡᠳ ᠨᠡᠭᠦᠷᠡᠰᠦᠨ ᠴᠢᠯᠠᠭᠤᠯᠢᠭ ᠤᠨ ᠪᠤᠬᠢᠷᠲᠤᠯ ᠤᠨ ᠶᠡᠷᠦᠩᠬᠡᠶᠢᠯᠡᠭᠰᠡᠨ ᠰᠢᠨᠵᠢ ᠲᠠᠢ᠃ ᠲᠠᠯ᠎ᠠ ᠨᠤᠲᠤᠭ ᠤᠨ ᠣᠷᠤᠨ ᠳᠤ VOCS  ᠨᠠᠮᠤᠷ ᠤᠨ ᠰᠡᠭᠦᠯᠴᠢ ᠳᠤ ᠳᠤᠤᠷ᠎ᠠ᠂ ᠣᠢ ᠰᠢᠭᠤᠢ ᠶᠢᠨ VOCS ᠨᠡᠯᠢᠶᠡᠳ ᠦᠨᠳᠦᠷ᠃ SVOC  ᠶᠢᠨ ᠲᠠᠷᠬᠠᠯᠲᠠ ᠨᠢ ᠵᠡᠭᠦᠨ ᠪᠠᠷᠠᠭᠤᠨ ᠬᠤᠶᠠᠷ ᠠᠭᠤᠯᠠ ᠶᠢᠨ ᠠᠭᠤᠷᠬᠠᠢ ᠶᠢᠨ ᠣᠷᠣᠨ᠂ ᠨᠡᠭᠦᠷᠡᠰᠦᠨ ᠴᠢᠯᠠᠭᠤᠯᠢᠭ ᠠᠭᠤᠯᠠ ᠶᠢᠨ ᠲᠥᠪᠯᠡᠷᠡᠭᠰᠡᠨ ᠣᠷᠤᠨ ᠳᠤ ᠨᠢᠭᠲᠠᠷᠠᠵᠤ ᠪᠠᠶᠢᠳᠠᠭ᠃ ᠡᠨᠡ ᠨᠢ ᠬᠡᠦᠷᠰᠢᠬᠦᠯᠬᠦ ᠠᠵᠤ ᠦᠢᠯᠡᠰ ᠤᠨ ᠲᠠᠷᠬᠠᠯᠲᠠ ᠲᠠᠢ ᠲᠠᠪᠬᠤᠴᠠᠭᠰᠠᠨ ᠦᠭᠡᠢ ᠪᠠᠶᠢᠳᠠᠭ ᠨᠢ ᠰᠢᠪᠳᠤᠷᠲᠤ ᠴᠠᠪᠠᠤᠯᠢᠭ ᠠᠭᠤᠰᠤᠮᠠᠯ ᠲᠠᠢ ᠤᠨᠳᠤᠤ᠃ ᠪᠦᠬᠦᠯᠢ ᠲᠠᠯ᠎ᠠ ᠠᠴᠠ ᠦᠵᠡᠪᠡᠯ᠂ ᠦᠬᠠᠢ ᠬᠤᠲᠠ ᠶᠢᠨ ᠡᠷᠭᠢᠨ ᠲᠤᠭᠤᠷᠢᠨ ᠳᠤ VOCS ᠶᠢᠨ ᠦᠳᠭᠡᠴᠡ ᠦᠨᠳᠦᠷ᠃      ᠭᠡᠬᠦ ᠳᠡᠭᠡᠨ ᠵᠢᠨᠢᠩ ᠤᠨ ᠵᠡᠭᠦᠨ ᠡᠮᠦᠨᠡᠬᠢ ᠰᠤᠮᠤᠨ ᠠᠭᠤᠯᠠ᠂ ᠤᠯᠠᠭᠠᠨᠬᠠᠳᠠ ᠪᠤᠯᠤᠨ ᠴᠧᠩᠳᠧ ᠤᠨ ᠠᠭᠤᠯᠵᠠᠷ ᠣᠷᠤᠨ ᠳᠤ VOCS ᠪᠠᠰᠠ ᠦᠨᠳᠦᠷ ᠪᠠᠶᠢᠳᠠᠭ᠃ ᠬᠠᠷᠢᠯᠴᠠᠨ ᠳᠠᠮᠵᠢᠭᠳᠠᠳᠠᠭ ᠡᠰᠡᠬᠦ ᠶᠢᠨ ᠲᠤᠬᠠᠢ ᠲᠤᠳᠤᠷᠬᠠᠢ ᠦᠭᠡᠢ᠃ ᠣᠽᠤᠨ ᠨᠢ ᠶᠡᠭᠡ ᠲᠥᠯᠦᠪ  ᠪᠤᠭᠤᠨᠢ ᠦᠷᠭᠡᠷᠢᠭ ᠤᠨ ᠣᠷᠤᠨ ᠳᠤ ᠦᠨᠳᠦᠷ᠂ ᠦᠷᠭᠡᠷᠢᠭ  ᠨᠢ ᠨᠡᠮᠡᠭᠳᠡᠬᠦ ᠲᠣᠰᠤᠮ  ᠣᠽᠤᠨ ᠤ ᠲᠤᠭᠲᠠᠮᠠᠯ ᠴᠢᠨᠠᠷ ᠨᠢ ᠪᠠᠷᠢᠮᠵᠢᠶᠠᠨ ᠳᠤ ᠨᠡᠶᠢᠴᠡᠳᠡᠭ᠃ ᠦᠬᠠᠢ ᠬᠤᠲᠠ ᠶᠢᠨ ᠡᠷᠭᠢᠨ ᠲᠤᠭᠤᠷᠢᠨ ᠳᠤ ᠦᠳᠡᠰᠢ ᠤᠷᠤᠢ ᠳᠠᠭᠠᠨ ᠣᠽᠤᠨ ᠪᠠᠭᠤᠷᠠᠨ  ᠵᠠᠳᠠᠷᠠᠬᠤ ᠳᠤ ᠪᠡᠷᠭᠡ ᠠᠰᠠᠭᠤᠳᠠᠯ ᠣᠷᠤᠰᠢᠳᠠᠭ᠃      ᠨᠠᠷᠢᠨ ᠮᠦᠬᠦᠯᠢᠭᠲᠦ ᠨᠢ ᠦᠨᠳᠦᠷ ᠬᠤᠯᠠᠩ ᠤᠨ ᠪᠤᠬᠢᠷᠲᠤᠯ ᠤᠨ ᠭᠠᠳᠠᠭᠰᠢᠯᠠᠯᠲᠠ ᠳᠠᠬᠢ ᠨᠠᠲ᠋ᠠᠷᠢ ᠶᠢᠨ ᠳᠠᠪᠤᠰᠤ᠂ ᠠᠮᠮᠤᠨᠢ ᠶᠢᠨ ᠳᠠᠪᠤᠰᠤ ᠠᠴᠠ ᠢᠷᠡᠯᠲᠡ ᠲᠠᠢ ᠪᠠᠶᠢᠵᠤ᠂ ᠬᠦᠬᠡᠬᠤᠲᠠ ᠪᠤᠭᠤᠲᠤ ᠶᠢᠨ ᠭᠠᠳᠠᠭᠰᠢᠯᠠᠯᠲᠠ ᠶᠢᠨ ᠬᠠᠭᠠᠰ ᠲᠤ ᠬᠦᠷᠳᠡᠭ᠃ ᠡᠬᠡ ᠬᠠᠭᠤᠷᠠᠢ ᠶᠢᠨ ᠭᠠᠳᠠᠷᠭᠤ ᠶᠢᠨ ᠭᠠᠳᠠᠭᠰᠢᠯᠠᠯᠲᠠ ᠨᠢ ᠭᠤᠣᠯ ᠨᠢ ᠱᠦᠯᠲᠦ ᠳᠠᠪᠤᠰᠤᠯᠢᠭ ᠰᠢᠷᠤᠢ᠂ ᠨᠤᠶᠢᠲᠠᠨ ᠰᠢᠷᠤᠢ᠂ ᠬᠦᠷᠡᠩ ᠬᠦᠷᠦᠰᠦᠲᠦ ᠰᠢᠷᠤᠢ ᠪᠠᠶᠢᠵᠤ᠂ ᠡᠯᠡᠰᠦᠨ ᠴᠥᠯ ᠤᠨ ᠡᠯᠡᠰᠦᠨ ᠰᠢᠭᠤᠷᠭᠠᠨ ᠳᠤ ᠨᠠᠷᠢᠨ ᠮᠦᠬᠦᠯᠢᠭᠲᠦ ᠲᠣᠩ ᠪᠠᠭ᠎ᠠ ᠤᠴᠢᠷ ᠠᠴᠠ ᠨᠠᠷᠢᠨ ᠮᠦᠬᠦᠯᠢᠭᠲᠦ ᠶᠢᠨ ᠢᠷᠡᠯᠲᠡ ᠪᠣᠯᠬᠤ ᠶᠤᠰᠤ ᠦᠭᠡᠢ ᠪᠢᠯᠡ᠃
 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠣᠷᠴᠢᠨ ᠲᠣᠭᠤᠷᠢᠨ ᠤ ᠰᠢᠨᠵᠢᠯᠡᠬᠦ ᠤᠬᠠᠭᠠᠨ ᠤ ᠰᠤᠳᠤᠯᠭᠠᠨ ᠤ ᠬᠦᠷᠢᠶᠡᠯᠡᠩ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号