ᠲᠡᠷᠢᠭᠦᠨ ᠨᠢᠭᠤᠷ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠣᠨᠢᠨ ᠮᠡᠳᠡᠭᠡ   -   ᠵᠠᠮ ᠬᠠᠷᠢᠯᠴᠠᠭᠠᠨ᠎ᠤ ᠴᠢᠬᠤᠯᠠ ᠮᠡᠳᠡᠭᠡ
ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ᠎ᠶ᠋ᠢᠨ ᠲᠢᠩᠬᠢᠮ᠎ᠤᠨ ᠨᠠᠮ᠎ᠤᠨ ᠤᠳᠤᠷᠢᠳᠭᠤ ᠳᠤᠭᠤᠢᠯᠠᠩ᠎ᠤᠨ ᠣᠨᠣᠯ ᠰᠤᠷᠤᠯᠴᠠᠬᠤ ᠭᠤᠤᠯ ᠳᠤᠭᠤᠢᠯᠠᠩ 2025 ᠣᠨ᠎ᠤ 11 ᠳ᠋ᠤᠭᠡᠷ ᠤᠳᠠᠭᠠᠨ᠎ᠤ ᠬᠠᠮᠲᠤ᠎ᠶ᠋ᠢᠨ ᠰᠤᠷᠤᠯᠴᠠᠯᠭ᠎ᠠ᠎ᠶᠢ ᠰᠤᠳᠤᠯᠤᠨ ᠶᠠᠷᠢᠯᠴᠠᠪᠠ
ᠨᠡᠶ᠋ᠢᠲᠡᠯᠡᠭᠰᠡᠨ ᠴᠠᠭ᠄ 2025-12-08

12 ᠳ᠋ᠤᠭᠠᠷ ᠰᠠᠷ᠎ᠠ᠎ᠶ᠋ᠢᠨ 4 ᠎ᠤ ᠡᠳᠦᠷ᠂ ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ᠎ᠶ᠋ᠢᠨ ᠲᠢᠩᠬᠢᠮ᠎ᠤᠨ ᠨᠠᠮ᠎ᠤᠨ ᠤᠳᠤᠷᠢᠳᠭᠤ ᠳᠤᠭᠤᠢᠯᠠᠩ᠎ᠤᠨ ᠣᠨᠣᠯ ᠰᠤᠷᠤᠯᠴᠠᠬᠤ ᠭᠤᠤᠯ ᠳᠤᠭᠤᠢᠯᠠᠩ 2025 ᠣᠨ᠎ᠤ 11 ᠳ᠋ᠤᠭᠡᠷ ᠤᠳᠠᠭᠠᠨ᠎ᠤ ᠬᠠᠮᠲᠤ᠎ᠶ᠋ᠢᠨ ᠰᠤᠷᠤᠯᠴᠠᠯᠭ᠎ᠠ ᠬᠢᠵᠦ᠍᠂ ᠲᠢᠩᠬᠢᠮ᠎ᠤᠨ ᠨᠠᠮ᠎ᠤᠨ ᠤᠳᠤᠷᠢᠳᠭᠤ ᠳᠤᠭᠤᠢᠯᠠᠩ᠎ᠤᠨ ᠱᠦᠵᠢ᠂ ᠲᠢᠩᠬᠢᠮ᠎ᠤᠨ ᠳᠠᠷᠤᠭ᠎ᠠ ᠭᠤᠤ ᠱ᠌ᠢ ᠴᠢᠨ ᠬᠤᠷᠠᠯ ᠡᠷᠭᠢᠯᠡᠭ᠌ᠰᠡᠨ ᠪᠥᠭᠡᠳ ᠶᠠᠷᠢᠶ᠎ᠠ ᠲᠠᠯᠪᠢᠪᠠ᠃

ᠬᠤᠷᠠᠯ ᠳᠡᠭᠡᠷ᠎ᠡ 《ᠰᠢ᠎ᠶ᠋ᠢᠨ ᠫᠢᠩ ᠲᠥᠷᠥ᠎ᠶ᠋ᠢ ᠵᠠᠰᠠᠬᠤ ᠲᠤᠬᠠᠢ》 ᠭᠡᠬᠦ᠌ ᠨᠣᠮ᠎ᠤᠨ ᠲᠠᠪᠤᠳᠤᠭᠠᠷ ᠪᠣᠲᠢ᠂ ᠶᠡᠷᠦᠩᠬᠡᠶ ᠱᠦᠵᠢ ᠰᠢ᠎ᠶ᠋ᠢᠨ ᠫᠢᠩ᠎ᠤᠨ ᠥᠪᠥᠷ ᠮᠣᠩᠭᠤᠯ᠎ᠤᠨ ᠲᠤᠬᠠᠶ ᠱᠢᠷᠢᠰ ᠴᠢᠬᠤᠯᠠ ᠶᠠᠷᠢᠶ᠎ᠠ ᠴᠢᠬᠤᠯᠠ ᠵᠢᠭᠠᠪᠤᠷᠢ᠎ᠶ᠋ᠢᠨ ᠵᠣᠷᠢᠭ ᠰᠠᠨᠠᠭ᠎ᠠ᠂ 《ᠤᠯᠤᠰ ᠠᠷᠠᠳ᠎ᠤᠨ ᠠᠵᠤ ᠠᠬᠤᠶ ᠪᠠ ᠨᠡᠢᠭᠡᠮ᠎ᠤᠨ ᠬᠥᠭ᠌ᠵᠢᠯᠲᠡ᠎ᠶ᠋ᠢᠨ ᠠᠷᠪᠠᠨ ᠲᠠᠪᠤᠳᠤᠭᠠᠷ ᠲᠠᠪᠤᠨ ᠵᠢᠯ᠎ᠤᠨ ᠲᠥᠯᠥᠪᠵᠢᠭᠦᠯᠭᠡ᠎ᠶ᠋ᠢ ᠲᠣᠭ᠍ᠲᠠᠭᠠᠬᠤ ᠲᠤᠬᠠᠶ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠤᠷᠢᠶᠠᠨ᠎ᠤ ᠰᠠᠨᠠᠭᠤᠯᠭ᠎ᠠ》 ᠎ᠶ᠋ᠢᠨ ᠬᠡᠰᠡᠭ᠌ᠯᠡᠯ ᠰᠣᠩᠭᠤᠬᠤ ᠠᠭᠤᠯᠭ᠎ᠠ᠎ᠶ᠋ᠢ ᠲᠥᠪᠯᠡᠷᠡᠭᠦᠯᠦᠨ ᠰᠤᠷᠤᠯᠴᠠᠪᠠ᠃ ᠲᠢᠩᠬᠢᠮ᠎ᠤᠨ ᠨᠠᠮ᠎ᠤᠨ ᠤᠳᠤᠷᠢᠳᠭᠤ ᠳᠤᠭᠤᠢᠯᠠᠩ᠎ᠤᠨ ᠭᠡᠰᠢᠭᠦᠨ ᠨᠡᠷ ᠨᠠᠮ᠎ᠤᠨ ᠬᠤᠷᠢᠳᠤᠭᠠᠷ ᠬᠤᠭᠤᠴᠠᠭᠠᠨ᠎ᠤ ᠲᠥᠪ ᠬᠤᠷᠢᠶᠠᠨ᠎ᠤ ᠳᠥᠷᠪᠡᠳᠦᠭᠡᠷ ᠪᠥᠬᠦᠳᠡ ᠬᠤᠷᠠᠯ᠎ᠤᠨ ᠵᠣᠷᠢᠭ ᠰᠠᠨᠠᠭ᠎ᠠ᠎ᠶ᠋ᠢ ᠭᠦᠨᠵᠡᠭᠡᠢ ᠰᠤᠷᠤᠯᠴᠠᠨ ᠲᠤᠭᠤᠱᠢᠯᠠᠭᠤᠯᠬᠤ᠎ᠶ᠋ᠢᠨ ᠲᠣᠭᠤᠷᠢᠨ᠎ᠳᠤ ᠰᠠᠨᠠᠯ᠎ᠢᠶᠠᠨ ᠰᠣᠯᠢᠯᠴᠠᠬᠤ ᠶᠠᠷᠢᠶ᠎ᠠ ᠲᠠᠯᠪᠢᠪᠠ᠃

ᠭᠤᠤ ᠱ᠌ᠢ ᠴᠢᠨ᠂ ᠶᠡᠷᠦᠩᠬᠡᠶ ᠱᠦᠵᠢ ᠰᠢ᠎ᠶ᠋ᠢᠨ ᠫᠢᠩ᠎ᠤᠨ ᠥᠪᠥᠷ ᠮᠣᠩᠭᠤᠯ᠎ᠤᠨ ᠲᠤᠬᠠᠶ ᠱᠢᠷᠢᠰ ᠴᠢᠬᠤᠯᠠ ᠶᠠᠷᠢᠶ᠎ᠠ ᠴᠢᠬᠤᠯᠠ ᠵᠢᠭᠠᠪᠤᠷᠢ᠎ᠶ᠋ᠢᠨ ᠵᠣᠷᠢᠭ ᠰᠠᠨᠠᠭᠠᠨ᠎ᠤ ᠪᠠᠶᠠᠯᠢᠭ ᠠᠭᠤᠯᠤᠭ᠍ᠳᠠᠬᠤᠨ᠎ᠢ ᠭᠦᠨᠵᠡᠭᠡᠶ ᠣᠢᠯᠠᠭᠠᠵᠤ᠂ ᠶᠡᠷᠦᠩᠬᠡᠶ ᠱᠦᠵᠢ ᠰᠢ᠎ᠶ᠋ᠢᠨ ᠫᠢᠩ᠎ᠤᠨ ᠥᠪᠥᠷ ᠮᠣᠩᠭᠤᠯ᠎ᠤᠨ ᠲᠤᠬᠠᠶ ᠪᠠᠢᠯᠳᠤᠬᠤ ᠪᠣᠳᠣᠯᠭ᠎ᠠ᠎ᠶ᠋ᠢᠨ ᠪᠠᠢᠷᠢ ᠲᠣᠭ᠍ᠲᠠᠭᠠᠯᠲᠠ᠎ᠲᠠᠢ ᠨᠢᠭ᠍ᠲᠠ ᠤᠶᠠᠯᠳᠤᠭᠤᠯᠤᠨ᠂ ᠲᠥᠪ᠎ᠤᠨ 《ᠠᠷᠪᠠᠨ ᠲᠠᠪᠤᠳᠤᠭᠠᠷ ᠲᠠᠪᠤᠨ ᠵᠢᠯ》 ᠎ᠤᠨ ᠲᠥᠯᠥᠪᠵᠢᠭᠦᠯᠭᠡ᠎ᠶ᠋ᠢᠨ ᠰᠠᠨᠠᠭᠤᠯᠭ᠎ᠠ ᠲᠠᠢ ᠨᠢᠭᠲᠠ ᠤᠶᠠᠯᠳᠤᠭᠤᠯᠤᠨ᠂ ᠥᠪᠡᠷᠲᠡᠭᠡᠨ ᠵᠠᠰᠠᠬᠤ ᠣᠷᠣᠨ᠎ᠤ ᠨᠠᠮ᠎ᠤᠨ ᠬᠤᠷᠢᠶᠠᠨ᠎ᠤ ᠠᠷᠪᠠᠨ ᠨᠢᠭᠡᠳᠦᠭᠡᠷ ᠬᠤᠭᠤᠴᠠᠭᠠᠨ᠎ᠤ ᠠᠷᠪᠠᠳᠤᠭᠠᠷ ᠪᠥᠬᠦᠳᠡ ᠬᠤᠷᠠᠯ᠎ᠤᠨ ᠲᠣᠬᠢᠷᠠᠭᠤᠯᠤᠯᠲᠠ ᠪᠠᠢᠷᠢᠯᠠᠭᠤᠯᠤᠯᠲᠠ ᠶᠣᠰᠣᠭᠠᠷ᠂ ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ᠎ᠶᠢᠨ ᠳᠤᠲᠠᠭᠤᠳᠠᠯ ᠪᠠ ᠪᠠᠭᠤᠷᠠᠢ ᠲᠠᠯ᠎ᠠ᠎ᠶᠢ ᠭᠦᠨᠵᠡᠭᠡᠢ ᠡᠵᠡᠮᠰᠢᠵᠦ᠂ ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ᠎ᠶ᠋ᠢᠨ 《ᠠᠷᠪᠠᠨ ᠲᠠᠪᠤᠳᠤᠭᠠᠷ ᠲᠠᠪᠤᠨ ᠵᠢᠯ》 ᠎ᠤᠨ ᠱᠢᠷᠢᠰ ᠲᠥᠯᠥᠪᠵᠢᠭᠦᠯᠭᠡ᠎ᠶ᠋ᠢ ᠨᠠᠢᠷᠠᠭᠤᠯᠤᠨ ᠵᠣᠬᠢᠶᠠᠬᠤ ᠪᠠ ᠡᠨᠡ ᠵᠢᠯ᠎ᠤᠨ ᠠᠵᠢᠯ᠎ᠢᠶᠠᠨ ᠡᠮᠬᠢᠯᠡᠨ ᠳ᠋ᠦᠩᠨᠡᠬᠦ᠌᠎ᠶ᠋ᠢ ᠤᠶᠠᠯᠳᠤᠭᠤᠯᠵᠤ᠂ ᠢᠷᠡᠬᠦ ᠵᠢᠯ᠎ᠦᠨ ᠠᠵᠢᠯ᠎ᠢᠶᠠᠨ ᠲᠥᠯᠥᠪᠵᠢᠭᠦᠯᠦᠨ ᠲᠣᠬᠢᠷᠠᠭᠤᠯᠬᠤ ᠯᠤᠭ᠎ᠠ ᠤᠶᠠᠯᠳᠤᠭᠤᠯᠵᠤ᠂ ᠪᠥᠬᠥ ᠵᠢᠯ᠎ᠦᠨ ᠵᠠᠮ ᠬᠠᠷᠢᠯᠴᠠᠭ᠎ᠠ ᠲᠡᠭᠡᠭᠡᠪᠦᠷᠢ᠎ᠶᠢᠨ ᠬᠥᠭᠵᠢᠯᠲᠡ᠎ᠶᠢᠨ ᠬᠠᠷᠠᠯᠲᠠ ᠪᠠ 《 ᠠᠷᠪᠠᠨ ᠳᠥᠷᠪᠡᠳᠦᠭᠡᠷ ᠲᠠᠪᠤᠨ ᠵᠢᠯ 》᠎ᠤᠨ ᠲᠥᠯᠦᠪᠵᠢᠭᠦᠯᠭᠡ᠎ᠶᠢ ᠲᠡᠭᠦᠰ ᠠᠮᠵᠢᠯᠲᠠ᠎ᠲᠠᠢ ᠲᠡᠭᠦᠰᠬᠡᠬᠦ᠎ᠶᠢ ᠡᠷᠡᠰ ᠪᠡᠶᠡᠯᠡᠭᠦᠯᠵᠦ᠂ ᠥᠪᠡᠷᠲᠡᠭᠡᠨ ᠵᠠᠰᠠᠬᠤ ᠣᠷᠣᠨ᠎ᠤ 《 ᠬᠣᠶᠠᠷ ᠬᠠᠯᠬᠠᠪᠴᠢ 》᠂ 《 ᠬᠣᠶᠠᠷ ᠰᠠᠭᠤᠷᠢᠨ ᠭᠠᠵᠠᠷ 》᠂ 《 ᠨᠢᠭᠡ ᠪᠡᠬᠢᠯᠡᠯᠲᠡ 》᠎ᠶᠢ ᠰᠠᠢᠲᠤᠷ ᠪᠦᠲᠦᠭᠡᠨ ᠪᠠᠶ᠋ᠢᠭᠤᠯᠬᠤ᠎ᠳᠤ ᠨᠠᠩ ᠪᠠᠲᠤ ᠴᠢᠩᠭ᠎ᠠ ᠬᠦᠴᠦᠨ ᠪᠦᠬᠦᠢ ᠵᠠᠮ ᠬᠠᠷᠢᠯᠴᠠᠭ᠎ᠠ ᠲᠡᠭᠡᠭᠡᠪᠦᠷᠢ᠎ᠶᠢᠨ ᠦᠢᠯᠡᠴᠢᠯᠡᠭᠡᠨ᠎ᠦ ᠪᠠᠲᠤᠯᠠᠭ᠎ᠠ ᠬᠠᠩᠭ᠋ᠠᠬᠤ ᠬᠡᠷᠡᠭᠲᠡᠢ ᠭᠡᠵᠦ ᠴᠢᠬᠤᠯᠠᠴᠢᠯᠠᠪᠠ᠃

ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠵᠠᠮ ᠬᠠᠷᠢᠯᠴᠠᠭ᠎ᠠ ᠲᠡᠭᠡᠭᠡᠪᠦᠷᠢ ᠵᠢᠨ ᠲᠢᠩᠬᠢᠮ
          
ᠬᠠᠮᠢᠶ᠎ᠡ ᠪᠦᠬᠦᠢ ᠰᠣᠨᠢᠨ
 
            