ᠪᠢᠷᠠᠭᠤ ᠠᠴᠠ ᠤᠯᠠᠭᠠᠨᠪᠤᠲᠤᠩ ᠬᠦᠷᠲᠡᠯᠡᠬᠢ ᠳᠡᠭᠡᠳᠦ ᠬᠤᠷᠳᠤ ᠶᠢᠨ ᠵᠠᠰᠠᠮᠠᠯ ᠵᠠᠮ ᠤᠨ ᠰᠠᠯᠢᠩ ᠭᠤᠤᠯ ᠤᠨ ᠶᠡᠭᠡ ᠬᠥᠭᠦᠷᠭᠡ ᠶᠢᠨ ᠪᠠᠷᠠᠭᠤᠨ ᠲᠠᠯ᠎ᠠ ᠶᠢ ᠨᠡᠶᠢᠯᠡᠭᠦᠯᠪᠡ
ᠨᠡᠶᠢᠲᠡᠯᠡᠭᠰᠡᠨ ᠴᠠᠭ᠄
2021/10/9
9 ᠳ᠋ᠦ᠋ᠭᠡᠷ ᠰᠠᠷ᠎ᠠ ᠶᠢᠨ 25 ᠤ ᠡᠳᠦᠷ ᠤᠨ 23 ᠴᠠᠭ ᠤᠨ ᠦᠶ᠎ᠡ ᠪᠠᠷ᠂ ᠳ᠋ᠠᠨᠳᠦ᠋ᠩ ᠠᠴᠠ ᠰᠢᠯᠢᠩᠬᠤᠲᠠ ᠬᠦᠷᠲᠡᠯᠡᠬᠢ ᠳᠡᠭᠡᠳᠥ ᠬᠤᠷᠳᠤ ᠶᠢᠨ ᠵᠠᠰᠠᠮᠠᠯ ᠵᠠᠮ ᠤᠨ ᠬᠡᠰᠢᠭᠲᠡᠨ ᠠᠴᠠ ᠴᠧᠩᠳᠧ ᠬᠥᠷᠬᠦ ᠬᠠᠷᠢᠯᠴᠠᠭᠠᠨ ᠤ ᠱᠤᠭᠤᠮ ᠤᠨ ᠪᠢᠷᠠᠭᠤ ᠠᠴᠠ ᠤᠯᠠᠭᠠᠨᠪᠤᠲᠤᠩ ᠬᠦᠷᠬᠦ ᠬᠡᠰᠡᠭ ᠤᠨ ᠳᠡᠭᠡᠳᠦ ᠬᠤᠷᠳᠤ ᠶᠢᠨ ᠵᠠᠰᠠᠮᠠᠯ ᠵᠠᠮ ᠤᠨ ᠲᠦᠷᠦᠯ ᠵᠦᠢᠯ ᠤᠨ ᠰᠠᠯᠢᠩ ᠭᠤᠤᠯ ᠤᠨ ᠶᠡᠭᠡ ᠬᠥᠭᠦᠷᠭᠡ ᠶᠢᠨ ᠪᠠᠷᠠᠭᠤᠨ ᠲᠠᠯ᠎ᠠ ᠶᠢ ᠤᠷᠤᠭᠰᠢᠲᠠᠶ ᠨᠡᠶᠢᠯᠡᠭᠦᠯᠪᠡ᠃      ᠰᠠᠯᠢᠩ ᠭᠤᠣᠯ ᠤᠨ ᠶᠡᠭᠡ ᠬᠥᠭᠦᠷᠭᠡ ᠨᠢ ᠤᠯᠠᠭᠠᠨᠬᠠᠳᠠ ᠬᠤᠲᠠ ᠶᠢᠨ ᠬᠡᠰᠢᠭᠲᠡᠨ ᠬᠤᠰᠢᠭᠤᠨ ᠤ ᠱᠠᠩ ᠸᠠᠨ ᠽᠢ ᠶᠢᠨ I ᠳᠡᠰ ᠤᠨ ᠤᠰᠤᠨ ᠴᠠᠬᠢᠯᠭᠠᠨ ᠤ ᠥᠷᠲᠡᠭᠡᠨ ᠤ ᠳᠡᠭᠡᠳᠦ ᠤᠷᠤᠰᠬᠠᠯ ᠤᠨ 20km ᠣᠷᠴᠢᠮ ᠭᠠᠵᠠᠷ ᠲᠤ ᠪᠤᠶ᠃ ᠬᠥᠭᠦᠷᠭᠡᠨ ᠤ ᠪᠥᠬᠦ ᠣᠷᠳᠣ ᠨᠢ 988 ᠮᠧᠲᠷ᠂ ᠨᠡᠶᠢᠲᠡ 19 ᠠᠯᠭᠠᠰᠠᠯ ᠲᠠᠢ᠂ ᠭᠤᠤᠯ ᠬᠥᠭᠦᠷᠭᠡᠨ ᠤ ᠳᠡᠭᠡᠳᠦ ᠬᠡᠰᠡᠭ ᠤᠨ ᠪᠦᠲᠦᠴᠡ ᠳᠤ 6 ᠭᠤᠯᠳᠤᠩ ᠤᠨ ᠵᠠᠯᠭᠠᠯᠳᠤᠮᠠᠯ ᠳᠡᠭᠦᠵᠢᠩ ᠮᠦᠷᠦ ᠶᠢᠨ ᠲᠣᠬᠠᠢ ᠶᠢᠨ ᠭᠠᠵᠠᠷ ᠴᠢᠳᠬᠤᠨ ᠬᠡᠪᠰᠢᠭᠦᠯᠬᠦ ᠨᠡᠶᠢᠯᠡᠮᠡᠯ ᠨᠢᠷᠤᠭᠤ ᠶᠢ ᠬᠡᠷᠡᠭᠯᠡᠵᠦ᠂ ᠨᠡᠶᠢᠲᠡ 460m ᠣᠷᠳᠣ᠂ ᠬᠦᠲᠦᠯᠦᠯ ᠬᠥᠭᠦᠷᠭᠡ  ᠨᠢ ᠤᠷᠢᠳ ᠢᠶᠠᠷ ᠲᠥᠬᠦᠮ ᠲᠤᠯᠭᠠᠭᠤᠷᠯᠠᠵᠤ ᠳᠠᠷᠠᠭ᠎ᠠ ᠨᠢ ᠦᠷᠭᠦᠯᠵᠢᠯᠡᠭᠰᠡᠨ ᠪᠡᠯᠡᠳᠬᠡᠯ ᠬᠤᠪᠢᠷᠠᠭᠠᠭᠳᠠᠯ ᠤᠨ ᠬᠦᠴᠦᠯᠡᠴᠡ ᠲᠠᠢ ᠪᠧᠲ᠋ᠤᠨ T ᠨᠢᠷᠤᠭᠤ ᠶᠢ ᠬᠡᠷᠡᠭᠯᠡᠵᠦ᠂ ᠳᠣᠤᠷᠠᠳᠤ ᠬᠡᠰᠡᠭ ᠤᠨ ᠪᠦᠲᠦᠴᠡ ᠳᠤ ᠬᠥᠨᠳᠡᠶ ᠨᠢᠮᠭᠡᠨ ᠬᠠᠨᠠᠲᠤ ᠲᠤᠯᠭᠠᠭᠤᠷ ᠪᠠ ᠴᠤᠯ ᠪᠡᠶᠡᠲᠦ ᠳᠥᠷᠪᠡᠯᠵᠢᠨ ᠲᠤᠯᠭᠠᠭᠤᠷ ᠢ ᠬᠡᠷᠡᠭᠯᠡᠵᠦ᠂ ᠬᠠᠮᠤᠭ ᠤᠨ ᠲᠣᠮᠣ ᠲᠤᠯᠭᠠᠭᠤᠷ ᠤᠨ ᠥᠨᠳᠥᠷ ᠨᠢ 80.5m ᠪᠠᠶᠢᠵᠤ᠂ 27 ᠳᠠᠪᠬᠤᠷ ᠠᠰᠠᠷ ᠤᠨ ᠥᠨᠳᠥᠷ ᠲᠠᠢ ᠲᠡᠩᠴᠡᠵᠦ᠂ ᠶᠡᠷᠦᠩᠬᠡᠶ ᠪᠠᠯᠠ ᠣᠷᠣᠭᠤᠯᠤᠯᠲᠠ ᠨᠢ ᠪᠠᠷᠤᠭ 2.2 ᠳ᠋ᠦᠩᠰᠢᠭᠤᠷ ᠲᠥᠭᠦᠷᠢᠭ ᠲᠤ ᠬᠦᠷᠴᠡᠶ᠃ ᠲᠤᠰ ᠤᠳᠠᠭ᠎ᠠ ᠶᠢᠨ ᠨᠡᠶᠢᠯᠡᠭᠦᠯᠦᠭᠰᠡᠨ ᠬᠡᠰᠡᠭ ᠲᠤ ᠡᠯᠭᠦᠭᠡ ᠰᠠᠭᠰᠤ ᠶᠢ ᠲᠡᠭᠰᠢ ᠬᠡᠮ ᠲᠠᠢ ᠪᠠᠷ ᠳᠡᠭᠦᠵᠢᠯᠡᠵᠦ ᠴᠢᠳᠬᠤᠨ ᠬᠡᠪᠰᠢᠭᠦᠯᠬᠦ ᠪᠠᠷᠢᠯᠭ᠎ᠠ ᠶᠢᠨ ᠠᠵᠢᠯ ᠢ ᠬᠢᠵᠦ᠂ ᠨᠡᠶᠢᠳᠡ 200 ᠭᠠᠷᠤᠢ ᠬᠥᠮᠦᠨ ᠣᠷᠣᠯᠴᠠᠵᠤ᠂ 10 ᠢᠵᠢ ᠡᠯᠭᠦᠭᠡ ᠰᠠᠭᠰᠤ᠂  5 ᠰᠠᠤᠷᠢ  ᠰᠤᠪᠤᠷᠭᠠᠨ ᠬᠡᠯᠪᠡᠷᠢᠲᠦ ᠲᠡᠭᠦᠵᠢ ᠪᠠ 2 ᠰᠠᠤᠷᠢ ᠪᠧᠲ᠋ᠤᠨ ᠭᠠᠵᠠᠷ ᠤᠨ ᠬᠥᠭᠡᠷᠭᠡ ᠶᠢᠨ ᠲᠥᠬᠦᠭᠡᠷᠦᠮᠵᠢ ᠶᠢ ᠣᠷᠣᠭᠤᠯᠵᠤ᠂ ᠪᠠᠷᠠᠭᠤᠨ ᠲᠠᠯ᠎ᠠ ᠶᠢᠨ ᠲᠡᠭᠦᠵᠢᠩ ᠮᠦᠷᠦ ᠶᠢᠨ ᠲᠤᠬᠠᠢ ᠶᠢᠨ ᠭᠠᠵᠠᠷ ᠴᠢᠳᠬᠤᠨ ᠬᠡᠪᠰᠢᠭᠦᠯᠬᠦ ᠨᠢᠷᠤᠭᠤ ᠶᠢᠨ ᠬᠡᠰᠡᠭ ᠢ ᠨᠡᠶᠢᠳᠡ 9 ᠰᠠᠷ᠎ᠠ ᠶᠢᠨ ᠴᠠᠭ ᠵᠠᠷᠤᠴᠠᠭᠤᠯᠤᠨ ᠨᠡᠶᠢᠯᠡᠭᠦᠯᠵᠦ᠂ ᠵᠡᠭᠦᠨ ᠲᠠᠯ᠎ᠠ ᠶᠢ 10 ᠳ᠋ᠤᠭᠠᠷ ᠰᠠᠷ᠎ᠠ ᠶᠢᠨ 15 ᠤ ᠡᠳᠦᠷ ᠨᠡᠶᠢᠯᠡᠭᠦᠯᠬᠦ ᠪᠠᠷ ᠲᠦᠯᠦᠪᠯᠡᠵᠦ᠂ ᠶᠡᠭᠡ ᠬᠥᠭᠦᠷᠭᠡ ᠶᠢ 2022 ᠣᠨ ᠳᠤ ᠪᠠᠶᠢᠭᠤᠯᠵᠤ ᠳᠠᠭᠤᠰᠬᠠᠬᠤ ᠪᠠᠷ ᠲᠥᠯᠥᠪᠯᠡᠵᠦ ᠪᠤᠢ᠃
     ᠰᠠᠯᠢᠩ ᠭᠤᠣᠯ ᠤᠨ ᠶᠡᠭᠡ ᠬᠥᠭᠦᠷᠭᠡ ᠶᠢᠨ ᠪᠦᠲᠦᠭᠡᠨ ᠪᠠᠶᠢᠭᠤᠯᠤᠯᠲᠠ ᠶᠢᠨ ᠶᠠᠪᠤᠴᠠ ᠳᠤ᠂ ᠪᠢᠷᠠᠭᠤ ᠠᠴᠠ ᠤᠯᠠᠭᠠᠨᠪᠤᠲᠤᠩ ᠬᠦᠷᠲᠡᠯᠡᠬᠢ ᠳᠡᠭᠡᠳᠦ ᠬᠤᠷᠳᠤ ᠶᠢᠨ ᠵᠠᠰᠠᠮᠠᠯ ᠵᠠᠮ ᠤᠨ ᠬᠠᠮᠢᠶᠠᠷᠤᠯᠲᠠ ᠶᠢᠨ ᠺᠣᠮᠫᠠᠨᠢ ᠪᠣᠯᠤᠨ ᠪᠠᠷᠢᠯᠭ᠎ᠠ ᠶᠢᠨ ᠠᠵᠤ ᠠᠬᠤᠶᠢᠯᠠᠯ ᠤᠨ ᠬᠢᠨ ᠠᠮᠢ ᠠᠬᠤᠶ ᠶᠢᠨ ᠪᠣᠯᠪᠠᠰᠤᠨ ᠤ ᠦᠵᠡᠯ ᠰᠠᠨᠠᠭ᠎ᠠ ᠶᠢ ᠲᠤᠭᠤᠰᠢᠯᠠᠭᠤᠯᠤᠨ ᠨᠠᠶᠢᠳᠠᠪᠤᠷᠢᠵᠢᠭᠤᠯᠬᠤ ᠶᠢ ᠪᠠᠷᠢᠮᠲᠠᠯᠠᠵᠤ᠂ ᠪᠣᠬᠢᠷᠲᠤᠯ ᠦᠭᠡᠶ ᠬᠥᠭᠵᠢᠯᠲᠡ ᠶᠢᠨ ᠣᠶᠢᠯᠠᠭᠠᠭᠳᠠᠬᠤᠨ ᠢ ᠢᠳᠡᠪᠬᠢᠲᠡᠶ ᠦᠢᠯᠡᠳᠦᠯᠭᠡᠵᠢᠭᠦᠯᠵᠦ᠂ ︽ᠪᠣᠬᠢᠷᠲᠤᠯ ᠥᠬᠡᠶ᠂ ᠠᠮᠤᠷ ᠠᠮᠤᠭᠤᠯᠠᠩ᠂ ᠶᠠᠰᠤ ᠴᠢᠨᠠᠷ︾ ᠤᠨ ᠢᠨᠵᠧᠨᠧᠷᠢᠩ ᠢ ᠪᠠᠶᠢᠭᠤᠯᠬᠤ ᠪᠠᠷ ᠬᠠᠷᠠᠯᠲᠠ ᠪᠣᠯᠭᠠᠵᠤ᠂ ᠤᠷᠠᠨ ᠮᠡᠷᠭᠡᠰᠢᠯ᠂ ᠲᠣᠨᠤᠭ ᠲᠥᠬᠦᠭᠡᠷᠦᠮᠵᠢ ᠪᠠ ᠮᠠᠲ᠋ᠧᠷᠢᠶᠠᠯ ᠤᠨ ᠰᠢᠨ᠎ᠡ ᠶᠢ ᠡᠭᠦᠳᠬᠦ ᠪᠠᠷ ᠳᠡᠮᠵᠢᠨ᠂ ᠪᠠᠷᠢᠯᠭ᠎ᠠ ᠶᠢᠨ ᠶᠠᠰᠤ ᠴᠢᠨᠠᠷ ᠪᠠ ᠠᠬᠢᠴᠠ ᠶᠢ ᠶᠡᠭᠡ ᠪᠠᠷ ᠳᠡᠭᠡᠭᠰᠢᠯᠡᠭᠦᠯᠬᠦ ᠶᠢᠨ ᠬᠠᠮᠲᠤ᠂ ᠰᠢᠨᠵᠢᠯᠡᠬᠦ ᠤᠬᠠᠭᠠᠨᠴᠢ ᠵᠦᠶ ᠵᠣᠬᠢᠰᠲᠠᠶ ᠬᠡᠮᠵᠢᠯᠲᠡ ᠪᠠ  ᠣᠨᠤᠪᠴᠢᠲᠠᠢ ᠬᠢᠨᠠᠨ ᠡᠵᠡᠮᠳᠡᠬᠦ ᠪᠠᠷ ᠳᠡᠮᠵᠢᠨ᠂ ᠶᠡᠭᠡ ᠬᠥᠭᠦᠷᠭᠡ ᠶᠢᠨ ᠡᠯ᠎ᠡ ᠵᠦᠢᠯ ᠤᠨ ᠪᠥᠲᠥᠭᠡᠨ ᠪᠠᠶᠢᠭᠤᠯᠤᠯᠲᠠ ᠶᠢᠨ ᠭᠦᠢᠴᠡᠳᠭᠡᠯ ᠲᠤᠭ᠎ᠠ ᠶᠢ ᠵᠢᠷᠤᠭ ᠲᠥᠯᠥᠪᠯᠡᠭᠡ ᠶᠢᠨ ᠵᠢᠷᠤᠮᠵᠢᠯ ᠠᠴᠠ ᠳᠠᠪᠠᠭᠤᠯᠢᠭ ᠪᠠᠶᠢᠯᠭᠠᠬᠤ ᠶᠢ ᠪᠡᠶᠡᠯᠡᠭᠦᠯᠵᠦ᠂ ᠥᠪᠥᠷ ᠮᠣᠩᠭᠤᠯ ᠣᠷᠣᠨ ᠤ ᠥᠨᠳᠥᠷ ᠲᠤᠯᠭᠠᠭᠤᠷ ᠪᠠ ᠲᠣᠮᠣ ᠠᠯᠭᠠᠰᠠᠯᠳᠤ ᠬᠥᠭᠦᠷᠭᠡ ᠶᠢᠨ ᠪᠥᠲᠥᠭᠡᠨ ᠪᠠᠶᠢᠭᠤᠯᠤᠯᠲᠠ ᠶᠢᠨ ᠲᠠᠯ᠎ᠠ ᠪᠠᠷ ᠡᠷᠬᠢᠮ ᠨᠠᠨᠳᠢᠨ ᠲᠤᠷᠰᠢᠯᠭ᠎ᠠ ᠬᠤᠷᠠᠮᠳᠤᠭᠤᠯᠪᠠ᠃ ︵ᠯᠢᠦ ᠵᠢᠶᠠ ᠪᠢᠨ︶
 
ᠢᠷᠡᠯᠲᠡ᠄ ᠵᠠᠮ ᠬᠠᠷᠢᠯᠴᠠᠭ᠎ᠠ ᠲᠡᠭᠡᠭᠡᠪᠦᠷᠢ ᠶᠢᠨ ᠲᠢᠩᠭᠢᠮ ᠤᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号