ᠥᠪᠥᠷ ᠮᠣᠩᠭᠤᠯ ᠤᠨ ᠵᠠᠰᠠᠮᠠᠯ ᠵᠠᠮ ᠤᠨ ᠵᠠᠮ ᠬᠠᠷᠢᠯᠴᠠᠭᠠᠨ ᠤ ᠪᠡᠯᠡ ᠣᠷᠣᠭᠤᠯᠤᠯᠲᠠ ᠬᠦᠭᠵᠢᠭᠦᠯᠦᠯᠲᠡ ᠶᠢᠨ ᠬᠢᠵᠠᠭᠠᠷᠲᠤ ᠺᠣᠮᠫᠠᠨᠢ ᠶᠢᠨ ᠰᠢᠯᠢ ᠶᠢᠨ ᠭᠤᠣᠯ ᠳᠠᠬᠢ ᠬᠤᠪᠢᠶᠠᠷᠢ ᠺᠣᠮᠫᠠᠨᠢ ᠶᠢᠨ ᠬᠦᠢᠲᠡᠨ ᠭᠤᠣᠯ ᠤᠨ ᠰᠦᠢᠳᠬᠡᠯ ᠬᠤᠷᠢᠶᠠᠬᠤ ᠭᠠᠵᠠᠷ ᠨᠢ ᠰᠡᠳᠬᠢᠯ ᠠᠮᠤᠷ ᠵᠢᠭᠤᠯᠴᠢᠯᠠᠬᠤ ᠪᠠᠷ ᠭᠠᠷᠬᠤ ᠳᠤ ᠳᠣᠲᠣᠨᠣ ᠦᠢᠯᠡᠴᠢᠯᠡᠪᠡ
ᠨᠡᠶᠢᠲᠡᠯᠡᠭᠰᠡᠨ ᠴᠠᠭ᠄
2021/8/31
     ᠬᠦᠢᠲᠡᠨ ᠭᠤᠣᠯ ᠪᠣᠯ ᠭᠠᠳᠠᠷ ᠣᠷᠣᠨ ᠤ ᠵᠤᠭᠠᠴᠠᠭᠰᠠᠳ ᠤᠨ ᠰᠢᠯᠢ ᠶᠢᠨ ᠭᠤᠣᠯ ᠠᠶᠢᠮᠠᠭ ᠲᠤ ᠢᠷᠡᠵᠦ ᠵᠤᠭᠠᠴᠠᠬᠤ ᠳᠤ ᠵᠠᠪᠠᠯ ᠥᠩᠭᠡᠷᠡᠬᠦ ᠭᠠᠵᠠᠷ ᠪᠣᠯᠤᠨ᠎ᠠ᠃ ᠳᠡᠭᠡᠳᠦ ᠬᠤᠷᠳᠦ ᠶᠢᠨ ᠵᠠᠰᠠᠮᠠᠯ ᠵᠠᠮ ᠤᠨ ᠪᠦᠲᠦᠭᠡᠨ ᠪᠠᠶᠢᠭᠤᠯᠤᠯᠲᠠ ᠶᠢᠨ ᠲᠡᠭᠦᠯᠳᠡᠷᠵᠢᠬᠦ ᠶᠢ ᠳᠠᠭᠠᠯᠳᠤᠨ᠂ ᠶᠠᠪᠤᠵᠤ ᠰᠠᠭᠤᠬᠤ ᠳᠤ ᠤᠯᠠᠮ ᠳᠥᠭᠦᠮ ᠪᠣᠯᠵᠤ᠂ ᠥᠪᠡᠷ ᠢᠶᠠᠨ ᠲᠡᠷᠭᠡ ᠵᠢᠯᠣᠭᠤᠳᠴᠤ ᠵᠢᠭᠤᠯᠴᠢᠯᠠᠬᠤ ᠬᠥᠮᠦᠨ ᠶᠠᠪᠤᠬᠤ ᠲᠤᠲᠤᠮ ᠣᠯᠠᠰᠢᠷᠠᠪᠠ᠃ ᠥᠪᠥᠷ ᠮᠣᠩᠭᠤᠯ ᠤᠨ ᠵᠠᠰᠠᠮᠠᠯ ᠵᠠᠮ ᠤᠨ ᠵᠠᠮ ᠬᠠᠷᠢᠯᠴᠠᠭᠠᠨ ᠤ ᠪᠡᠯᠡ ᠣᠷᠣᠭᠤᠯᠤᠯᠲᠠ ᠬᠦᠭᠵᠢᠭᠦᠯᠦᠯᠲᠡ ᠶᠢᠨ ᠬᠢᠵᠠᠭᠠᠷᠲᠤ ᠺᠣᠮᠫᠠᠨᠢ ᠶᠢᠨ ᠰᠢᠯᠢ ᠶᠢᠨ ᠭᠤᠣᠯ ᠳᠠᠬᠢ ᠬᠤᠪᠢᠶᠠᠷᠢ ᠺᠣᠮᠫᠠᠨᠢ ᠶᠢᠨ ᠬᠦᠢᠲᠡᠨ ᠭᠤᠣᠯ ᠤᠨ ᠰᠦᠢᠳᠬᠡᠯ ᠬᠤᠷᠢᠶᠠᠬᠤ ᠭᠠᠵᠠᠷ ᠨᠢ ᠰᠠᠭᠠᠳ ᠦᠭᠡᠢ ᠨᠡᠪᠲᠡᠷᠡᠬᠦ ᠶᠢ ᠪᠠᠲᠤᠯᠠᠬᠤ ᠠᠷᠭ᠎ᠠ ᠪᠠᠷᠢᠯ ᠢ ᠴᠢᠩᠭ᠎ᠠ ᠨᠠᠶᠢᠳᠠᠪᠤᠷᠢᠵᠢᠭᠤᠯᠵᠤ᠂ ᠦᠢᠯᠡᠴᠢᠯᠡᠭᠡᠨ ᠤ ᠲᠦᠪᠰᠢᠨ ᠢᠶᠠᠨ ᠲᠠᠰᠤᠷᠠᠯᠲᠠ ᠦᠭᠡᠢ ᠳᠡᠭᠡᠭᠰᠢᠯᠡᠭᠦᠯᠵᠦ᠂ ᠨᠡᠩ ᠳᠥᠭᠦᠮ ᠳᠥᠲᠡ᠂ ᠲᠠᠭᠠᠯᠠᠮᠵᠢᠲᠠᠢ ᠶᠠᠪᠤᠵᠤ ᠰᠠᠭᠤᠬᠤ ᠣᠷᠴᠢᠨ ᠠᠬᠤᠢ ᠢ ᠪᠤᠢ ᠪᠣᠯᠭᠠᠪᠠ᠃      ᠬᠦᠢᠲᠡᠨ ᠭᠤᠣᠯ ᠤᠨ ᠰᠦᠢᠳᠬᠡᠯ ᠬᠤᠷᠢᠶᠠᠬᠤ ᠭᠠᠵᠠᠷ ᠨᠢ ᠲᠤᠰᠬᠠᠶᠢᠯᠠᠨ ᠵᠠᠯᠠᠵᠦ ᠵᠢᠯᠣᠭᠤᠳᠬᠤ ᠦᠢᠯᠡᠴᠢᠯᠡᠭᠡᠨ ᠤ ᠠᠵᠢᠯᠲᠠᠨ ᠲᠤᠬᠢᠷᠠᠭᠤᠯᠵᠦ᠂ ᠲᠡᠷᠭᠡ ᠬᠥᠰᠬᠡ ᠶᠢ ᠵᠢᠯᠣᠭᠤᠳᠤᠨ ᠡᠮᠬᠢ ᠵᠢᠷᠤᠮ ᠲᠠᠢ ᠮᠥᠷᠯᠡᠵᠦ᠂ ETC ᠲᠡᠷᠭᠡ ᠬᠥᠰᠬᠡ ᠶᠢ ᠲᠠᠷᠬᠠᠭᠠᠨ ᠶᠠᠪᠤᠭᠤᠯᠵᠤ᠂ ᠲᠦᠷᠭᠡᠨ ᠨᠡᠪᠲᠡᠷᠡᠬᠦ ᠶᠢ ᠪᠠᠲᠤᠯᠠᠬᠤ ᠶᠢᠨ ᠬᠠᠮᠲᠤ᠂ ᠲᠡᠷᠭᠡᠨ ᠤ ᠡᠵᠡᠨ ᠳᠤ ᠵᠠᠮ ᠱᠤᠭᠤᠮ᠂ ᠲᠣᠰᠣ ᠨᠡᠮᠡᠬᠦ᠂ ᠢᠳᠡᠵᠦ ᠤᠤᠭᠤᠬᠤ ᠬᠤᠨᠣᠵᠤ ᠬᠡᠪᠲᠡᠬᠦ ᠵᠡᠷᠭᠡ ᠠᠰᠠᠭᠤᠳᠠᠯ ᠢ ᠬᠠᠷᠢᠭᠤᠯᠵᠦ ᠦᠭᠪᠡ᠃ ᠡᠭᠦᠨ ᠢᠶᠠᠷ ᠪᠠᠷᠠᠬᠤ ᠦᠭᠡᠢ᠂ ᠬᠦᠢᠲᠡᠨ ᠭᠤᠣᠯ ᠤᠨ ᠰᠦᠢᠳᠬᠡᠯ ᠬᠤᠷᠢᠶᠠᠬᠤ ᠭᠠᠵᠠᠷ ᠨᠢ ᠪᠠᠰᠠ ᠠᠷᠠᠳ ᠲᠤ ᠳᠥᠭᠦᠮ ᠦᠵᠡᠭᠦᠯᠬᠦ ᠦᠢᠯᠡᠴᠢᠯᠡᠭᠡᠨ ᠤ ᠬᠢᠨᠠᠯᠲᠠ ᠲᠠᠯᠪᠢᠬᠤ ᠲᠠᠪᠴᠠᠩ ᠲᠤᠬᠢᠷᠠᠭᠤᠯᠵᠦ᠂ ᠨᠠᠭᠠᠰᠢ ᠴᠠᠭᠠᠰᠢ ᠥᠩᠭᠡᠷᠡᠬᠦ ᠲᠡᠷᠭᠡᠨ ᠤ ᠡᠵᠡᠨ ᠳᠤ ᠬᠠᠯᠠᠭᠤᠨ ᠤᠰᠤ᠂ ᠠᠮᠠᠪᠴᠢ  ᠵᠡᠷᠬᠡ ᠶᠢ ᠬᠠᠩᠭᠠᠵᠤ᠂ ᠲᠡᠷᠭᠡᠨ ᠤ ᠡᠵᠡᠨ ᠤ ᠬᠢᠨᠠᠯᠲᠠ ᠶᠢ ᠬᠦᠯᠢᠶᠡᠵᠦ᠂ ᠲᠡᠷᠭᠡᠨ ᠤ ᠡᠵᠡᠨ ᠤ ᠰᠡᠵᠢᠭ ᠲᠠᠢ ᠠᠰᠠᠭᠤᠯᠲᠠ ᠶᠢ ᠬᠠᠷᠢᠭᠤᠯᠵᠤ᠂ ᠲᠤᠰᠠᠯᠠᠮᠵᠢ ᠶᠢᠨ ᠦᠢᠯᠡᠴᠢᠯᠡᠭᠡ ᠵᠡᠷᠭᠡ ᠶᠢ ᠬᠠᠩᠭᠠᠪᠠ᠃ ᠲᠡᠷᠡ ᠮᠥᠷᠲᠡᠭᠡᠨ᠂ ᠲᠣᠰ ᠰᠦᠢᠳᠬᠡᠯ ᠬᠤᠷᠢᠶᠠᠬᠤ ᠭᠠᠵᠠᠷ ᠨᠢ ᠪᠠᠰᠠ ︽ᠵᠠᠰᠠᠮᠠᠯ ᠵᠠᠮ ᠤᠨ ᠵᠠᠮ ᠬᠠᠷᠢᠯᠴᠠᠭᠠᠨ ᠤ ᠪᠡᠯᠡ ᠣᠷᠣᠭᠤᠯᠤᠯᠲᠠ ᠬᠦᠭᠵᠢᠭᠦᠯᠦᠯᠲᠡ ᠶᠢᠨ ᠬᠢᠵᠠᠭᠠᠷᠲᠤ ᠺᠣᠮᠫᠠᠨᠢ ᠶᠢᠨ ᠬᠠᠷᠢᠶ᠎ᠠ ᠤᠷᠤᠨ ᠳᠤ ᠰᠠᠭᠠᠳ ᠥᠬᠡᠶ ᠶᠠᠪᠦᠬᠤ︾ ᠣᠯᠠᠨ ᠨᠡᠶᠢᠲᠡ ᠶᠢᠨ ᠦᠢᠯᠡᠴᠢᠯᠡᠭᠡᠨ ᠤ ᠬᠤᠶᠠᠷ ᠬᠡᠮᠵᠢᠯᠳᠦ ᠺᠣᠳ᠋ ᠭᠠᠷᠭᠠᠵᠤ᠂ ᠸᠢᠴᠠᠲ ᠤᠨ ᠵᠢᠵᠢᠭ ᠫᠷᠤᠭ᠍ᠷᠠᠮ ᠢᠶᠠᠷ ᠳᠠᠮᠵᠢᠭᠤᠯᠤᠨ ᠭᠠᠵᠠᠷ ᠤᠨ ᠵᠢᠷᠤᠭ᠂ ᠵᠠᠮ ᠤᠨ ᠪᠠᠶᠢᠳᠠᠯ᠂ ᠲᠣᠰᠣ ᠨᠡᠮᠡᠬᠦ ᠥᠷᠲᠡᠭᠡ᠂ ᠦᠵᠡᠮᠵᠢ ᠶᠢᠨ ᠭᠠᠵᠠᠷ ᠢ ᠪᠠᠶᠢᠴᠠᠭᠠᠨ ᠯᠠᠪᠯᠠᠬᠤ ᠵᠢᠴᠢ ᠪᠠᠴᠢᠮ ᠪᠠᠶᠢᠳᠠᠯ ᠢ ᠠᠷᠭᠠᠴᠠᠭᠠᠬᠤ ᠬᠡᠷᠡᠭ ᠶᠠᠪᠦᠳᠠᠯ ᠤᠨ ᠲᠤᠰᠠᠯᠠᠮᠵᠢ ᠵᠡᠷᠭᠡ ᠦᠢᠯᠡᠴᠢᠯᠡᠭᠡ ᠬᠠᠩᠭᠠᠵᠤ᠂ ᠥᠷᠭᠡᠨ ᠣᠯᠠᠨ ᠲᠡᠷᠭᠡᠨ ᠤ ᠡᠵᠡᠨ ᠤ ᠭᠠᠳᠠᠭᠰᠢ ᠭᠠᠷᠬᠤ ᠳᠤ ᠨᠠᠩ ᠲᠥᠬᠦᠮ ᠰᠠᠨᠠᠭ᠎ᠠ ᠠᠮᠤᠷ ᠪᠣᠯᠭᠠᠭᠰᠠᠨ ᠪᠠᠶᠢᠨ᠎ᠠ᠃  ︵ᠱᠢ ᡁᠢ ᠶᠦᠩ︶
 
ᠢᠷᠡᠯᠲᠡ᠄ ᠦᠪᠦᠷ ᠮᠣᠩᠭᠤᠯ ᠤᠨ ᠵᠠᠮ ᠬᠠᠷᠢᠯᠴᠠᠭ᠎ᠠ ᠲᠡᠭᠡᠭᠡᠪᠦᠷᠢ ᠶᠢᠨ ᠲᠢᠩᠭᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号