2021-09-26 17:32:00
ᠨᠡᠶᠢᠲᠡᠯᠡᠭᠰᠡᠨ ᠴᠠᠭ᠄
2021/9/27
     G110 ᠤᠯᠤᠰ ᠤᠨ ᠵᠠᠮ ᠤᠨ ᠪᠠᠶᠠᠨᠨᠠᠭᠤᠷ ᠲᠠᠬᠢ K763+650-K763+850/K773+940-K774+150/K778+300-K778+805 ᠬᠡᠰᠡᠭ ᠤᠨ ᠤᠰᠤ ᠥᠩᠭᠡᠷᠡᠭᠦᠯᠬᠦ ᠵᠠᠮ ᠤᠨ ᠭᠠᠳᠠᠷᠭᠤ ᠵᠢᠴᠢ ᠵᠠᠮ ᠤᠨ ᠭᠠᠳᠠᠷᠭᠤ ᠶᠢᠨ ᠡᠪᠳᠡᠷᠡᠯ ᠨᠢ ᠨᠣᠴᠢᠲᠠᠢ ᠪᠠᠶᠢᠨ᠎ᠠ᠂ ᠳᠡᠭᠡᠷᠡᠬᠢ ᠵᠠᠮ ᠤᠨ ᠬᠡᠰᠡᠭ ᠤᠨ ᠡᠪᠡᠳᠴᠢᠨ ᠤ ᠬᠥᠨᠦᠭᠡᠯ ᠢ ᠬᠤᠷᠳᠤᠬᠠᠨ ᠰᠡᠯᠪᠢᠨ ᠵᠠᠰᠠᠵᠤ᠂ ᠠᠮᠤᠷ ᠲᠥᠪᠰᠢᠨ ᠤ ᠳᠠᠯᠳᠠ ᠭᠡᠮ ᠢ ᠠᠷᠢᠯᠭᠠᠨ᠂ ᠵᠠᠮ ᠢᠶᠠᠷ ᠠᠮᠤᠷ ᠲᠥᠪᠰᠢᠨ ᠨᠡᠪᠲᠡᠷᠡᠬᠦ ᠶᠢ ᠪᠠᠲᠤᠯᠠᠬᠤ ᠶᠢᠨ ᠲᠤᠰᠠᠳᠠ᠂ ᠲᠥᠯᠥᠪᠯᠡᠭᠡ ᠪᠠᠷ 2021 ᠣᠨ ᠤ 9 ᠳ᠋ᠦ᠋ᠭᠡᠷ ᠰᠠᠷ᠎ᠠ ᠶᠢᠨ 26 ᠤ ᠡᠳᠦᠷ ᠠᠴᠠ 2021 ᠣᠨ ᠤ 11 ᠳ᠋ᠦ᠋ᠭᠡᠷ ᠰᠠᠷ᠎ᠠ ᠶᠢᠨ 7 ᠤ ᠡᠳᠦᠷ ᠤᠨ ᠬᠤᠭᠤᠴᠠᠭᠠᠨ ᠳᠤ᠂ ᠳᠡᠭᠡᠷᠡᠬᠢ ᠵᠠᠮ ᠤᠨ ᠬᠡᠰᠡᠭ ᠢ ᠪᠢᠲᠡᠭᠦᠮᠵᠢᠯᠡᠨ ᠪᠠᠷᠢᠯᠭ᠎ᠠ ᠪᠠᠷᠢᠵᠤ ᠰᠡᠯᠪᠢᠨ ᠵᠠᠰᠠᠵᠤ᠂ ᠲᠡᠷᠭᠡ ᠬᠦᠰᠬᠡ ᠪᠦᠬᠦᠨ ᠢ ᠪᠠᠷᠢᠯᠭ᠎ᠠ ᠪᠠᠷᠢᠵᠤ ᠪᠢᠲᠡᠭᠦᠮᠵᠢᠯᠡᠭᠰᠡᠨ ᠵᠠᠮ ᠤᠨ ᠬᠡᠰᠡᠭ ᠢᠶᠠᠷ ᠨᠡᠪᠲᠡᠷᠡᠬᠦ ᠶᠢ ᠬᠤᠷᠢᠭᠯᠠᠨ᠎ᠠ᠃ ᠲᠡᠷᠭᠡ ᠬᠦᠰᠬᠡ ᠨᠢ G6 ᠳᠡᠭᠡᠳᠦ ᠬᠤᠷᠳᠤ ᠶᠢᠨ ᠵᠠᠰᠠᠮᠠᠯ ᠵᠠᠮ᠂ S24 ᠣᠷᠳᠤᠰ ᠤᠨ ᠬᠠᠲᠤᠨ ᠭᠤᠣᠯ ᠳᠠᠭᠠᠤ ᠨᠢᠭᠡᠳᠦᠭᠡᠷ ᠳᠡᠰ ᠤᠨ ᠵᠠᠰᠠᠮᠠᠯ ᠵᠠᠮ ᠪᠣᠶᠤ ᠪᠣᠰᠤᠳ ᠨᠡᠪᠲᠡᠷᠡᠬᠦ ᠨᠥᠬᠦᠴᠡᠯ ᠢ ᠪᠦᠷᠢᠯᠳᠦᠭᠦᠯᠦᠭᠰᠡᠨ ᠵᠠᠰᠠᠮᠠᠯ ᠵᠠᠮ ᠢ ᠰᠣᠩᠭᠤᠵᠤ ᠲᠣᠭᠤᠷᠢᠵᠤ ᠶᠠᠪᠤᠵᠤ ᠪᠣᠯᠤᠨ᠎ᠠ᠃ ᠲᠤᠬᠠᠢ ᠶᠢᠨ ᠲᠠᠯᠠᠪᠣᠷ ᠲᠤ ᠰᠡᠷᠡᠮᠵᠢ ᠶᠢᠨ ᠲᠡᠮᠳᠡᠭ᠂ ᠰᠡᠷᠡᠮᠵᠢᠯᠡᠭᠦᠯᠬᠦ᠂ ᠵᠢᠠᠭᠠᠬᠤ ᠫᠠᠶᠢᠰᠠ ᠵᠡᠷᠭᠡ ᠵᠠᠮ ᠪᠢᠲᠡᠭᠦᠮᠵᠢᠯᠡᠵᠦ ᠲᠣᠭᠤᠷᠢᠵᠤ ᠶᠠᠪᠤᠬᠤ ᠲᠡᠮᠳᠡᠭ ᠲᠣᠬᠢᠷᠠᠭᠤᠯᠪᠠ᠃      ᠰᠠᠭᠠᠳ ᠲᠠᠢ ᠵᠠᠮ ᠤᠨ ᠬᠡᠰᠡᠭ᠄ K763+650-K763+850  K773+940-K774+150      ᠲᠠᠰᠤᠯᠤᠭᠰᠠᠨ ᠲᠦᠷᠦᠯ ᠵᠦᠢᠯ᠄ ᠡᠩ ᠤᠨ ᠵᠠᠮ ᠤᠨ ᠪᠠᠶᠢᠳᠠᠯ      ᠲᠠᠰᠤᠯᠤᠭᠰᠠᠨ ᠴᠢᠭᠯᠡᠯ᠄ ᠬᠤᠣᠰ ᠴᠢᠭᠯᠡᠯ      ᠵᠠᠮ ᠲᠠᠰᠤᠯᠤᠭᠰᠠᠨ ᠡᠰᠡᠬᠦ᠄ ᠪᠦᠷᠢᠮᠦᠰᠦᠨ ᠲᠠᠰᠤᠯᠤᠭᠳᠠᠭᠰᠠᠨ      ᠲᠠᠰᠤᠯᠤᠭᠰᠠᠨ ᠰᠢᠯᠲᠠᠭᠠᠨ᠄ ᠵᠠᠰᠠᠮᠠᠯ ᠵᠠᠮ ᠤᠨ ᠪᠠᠷᠢᠯᠭ᠎ᠠ ᠪᠠᠷᠢᠵᠤ ᠠᠷᠠᠴᠢᠯᠠᠨ ᠬᠠᠮᠠᠭᠠᠯᠠᠬᠤ      ᠪᠠᠷᠤᠭ ᠰᠡᠷᠭᠦᠭᠡᠬᠦ ᠴᠠᠭ᠄ 2021-11-07 10᠄ 00᠄ 00      ᠰᠢᠢᠳᠪᠦᠷᠢᠯᠡᠬᠦ ᠠᠷᠭ᠎ᠠ ᠬᠡᠮᠵᠢᠶ᠎ᠡ᠄ ᠬᠤᠣᠰ ᠴᠢᠭᠯᠡᠯ ᠢᠶᠠᠷ ᠪᠢᠲᠡᠭᠦᠮᠵᠢᠯᠡᠬᠦ      ᠡᠬᠢᠯᠡᠯᠲᠡ ᠶᠢᠨ ᠴᠡᠭ ᠤᠨ ᠪᠠᠭᠠᠨ᠎ᠠ ᠶᠢᠨ ᠳ᠋ᠤᠭᠠᠷ᠄ 763᠂ 000      ᠵᠣᠭᠰᠤᠯᠲᠠ ᠶᠢᠨ ᠴᠡᠭ ᠤᠨ ᠪᠠᠭᠠᠨ᠎ᠠ ᠶᠢᠨ ᠳ᠋ᠤᠭᠠᠷ᠄ 778᠂ 850      ᠳᠡᠭᠡᠭᠰᠢ ᠮᠡᠳᠡᠭᠦᠯᠬᠦ ᠨᠢᠭᠡᠴᠢ᠄ ᠪᠠᠶᠠᠨᠨᠠᠭᠤᠷ ᠬᠤᠲᠠ ᠶᠢᠨ ᠵᠠᠰᠠᠮᠠᠯ ᠵᠠᠮ ᠤᠨ ᠬᠠᠮᠢᠶᠠᠷᠤᠯᠲᠠ ᠶᠢᠨ ᠲᠣᠪᠴᠢᠶ᠎ᠠ
 
ᠢᠷᠡᠯᠲᠡ᠄ ᠵᠠᠮ ᠬᠠᠷᠢᠯᠴᠠᠭ᠎ᠠ ᠲᠡᠭᠡᠭᠡᠪᠦᠷᠢ ᠶᠢᠨ ᠲᠢᠩᠭᠢᠮ ᠤᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号