2021-09-29 08:30:00
ᠨᠡᠶᠢᠲᠡᠯᠡᠭᠰᠡᠨ ᠴᠠᠭ᠄
2021/9/29
     2021 ᠣᠨ ᠤ 9 ᠳ᠋ᠦ᠋ᠭᠡᠷ ᠰᠠᠶ᠎ᠠ ᠶᠢᠨ 29 ᠤ ᠡᠳᠦᠷ ᠤᠨ 5 ᠴᠠᠭ 40 ᠮᠢᠨᠦ᠋ᠲ ᠲᠤ᠂ ᠠᠯᠠᠱᠠ ᠳᠠᠬᠢ ᠬᠤᠪᠢᠶᠠᠷᠢ ᠺᠤᠮᠫᠠᠨᠢ ᠶᠢᠨ S315 ᠬᠠᠷᠢᠶ᠎ᠠ ᠵᠠᠮ ᠤᠨ ᠬᠡᠰᠡᠭ ᠲᠠᠬᠢ K710+120 ᠳᠣᠷᠤᠭᠰᠢ ᠶᠠᠪᠤᠬᠤ ᠴᠢᠭᠯᠡᠯ ᠳᠤ᠂ ᠨᠢᠭᠡᠨ ᠲᠡᠷᠭᠡᠨ ᠫᠠᠶᠢᠰᠠ ᠶᠢᠨ ᠨᠣᠮᠧᠷ ᠨᠢ ᠯᠢᠶᠣᠤ HH7237 ᠪᠣᠯᠬᠤ ᠲᠣᠰᠤ ᠠᠭᠤᠯᠬᠤ ᠸᠠᠭᠤᠨ ᠲᠡᠷᠭᠡ ᠶᠢᠨ ᠲᠡᠷᠭᠡᠨ ᠬᠤᠷᠳᠤ ᠨᠢ ᠬᠡᠳᠦ ᠬᠤᠷᠳᠤᠨ ᠠᠴᠠ ᠪᠣᠯᠵᠤ᠂ ᠲᠡᠷᠭᠡ ᠬᠦᠰᠬᠡ ᠨᠢ ᠬᠠᠵᠠᠭᠤᠰᠢ ᠪᠠᠨ ᠤᠷᠪᠠᠵᠤ ᠳᠡᠭᠡᠭᠰᠢ ᠶᠠᠪᠤᠬᠤ ᠴᠢᠭᠯᠡᠯ ᠤᠨ ᠵᠠᠮ ᠤᠨ ᠰᠠᠭᠤᠷᠢ ᠶᠢᠨ ᠳᠣᠣᠷ᠎ᠠ ᠣᠷᠤᠪᠠ᠃ ᠲᠡᠷᠭᠡᠨ ᠳᠣᠲᠤᠷ᠎ᠠ ᠨᠡᠶᠢᠲᠡ 2 ᠬᠦᠮᠦᠨ ᠲᠠᠢ᠂ 2 ᠬᠦᠮᠦᠨ ᠨᠢ ᠪᠦᠭᠦᠳᠡ ᠦᠬᠦᠵᠦ᠂ ᠵᠠᠮ ᠤᠨ ᠶᠠᠪᠤᠳᠠᠯ᠂ ᠵᠠᠮ ᠬᠠᠷᠢᠯᠴᠠᠭᠠᠨ ᠤ ᠴᠠᠭᠳᠠᠭ᠎ᠠ ᠶᠢᠨ ᠰᠠᠯᠠᠭ᠎ᠠ ᠮᠦᠴᠢᠷ ᠠᠴᠠ ᠨᠢᠭᠡᠨᠲᠡ ᠲᠤᠬᠠᠢ ᠶᠢᠨ ᠲᠠᠯᠠᠪᠤᠷ ᠲᠤ ᠬᠦᠷᠪᠡ᠂ ᠠᠳᠡᠭᠳᠡᠯ ᠠᠴᠠ ᠪᠣᠯᠵᠤ 11 ᠬᠡᠰᠡᠭ ᠬᠠᠯᠬᠠᠪᠴᠢ ᠬᠡᠷᠡᠰᠬᠡ ᠶᠢᠨ ᠬᠠᠪᠲᠠᠰᠤ᠂ 12 ᠢᠵᠢ ᠳᠡᠭᠦᠵᠢᠩ ᠮᠥᠷᠦ ᠶᠢᠨ ᠬᠠᠪᠲᠠᠰᠤ᠂ 10 ᠢᠵᠢ ᠱᠣᠷᠠᠭ᠂ 10 ᠲᠤᠯᠭᠠᠭᠤᠷ᠂ 5 ᠭᠡᠷᠡᠯ ᠣᠶᠢᠯᠠᠭᠠᠭᠴᠢ ᠲᠡᠮᠳᠡᠭᠲᠦ ᠫᠠᠶᠢᠰᠠ᠂ 16 ᠲᠡᠭᠰᠢ ᠳᠦᠷᠪᠡᠯᠵᠢᠨ ᠮᠧᠲᠷ ᠲᠣᠰᠤᠨ ᠤ ᠳᠠᠭ᠂ 16 ᠮᠧᠲᠷ ᠱᠦᠢᠨᠢ ᠪᠧᠲ᠋ᠣᠨ ᠤ ᠮᠦᠷᠦᠪᠴᠢ ᠪᠦᠰᠡᠯᠡᠭᠦᠷ ᠡᠪᠳᠡᠭᠳᠡᠵᠦ᠂ ᠳᠡᠭᠡᠭᠰᠢ ᠶᠠᠪᠤᠬᠤ ᠴᠢᠭᠯᠡᠯ ᠢ 8 ᠴᠠᠭ ᠬᠠᠭᠠᠰ ᠲᠤ ᠵᠠᠮ ᠬᠠᠷᠢᠯᠴᠠᠭᠠᠨ ᠤ ᠴᠠᠭᠳᠠᠭ᠎ᠠ ᠠᠴᠠ ᠵᠠᠮ ᠪᠢᠲᠡᠭᠦᠮᠵᠢᠯᠡᠪᠡ᠃      ᠰᠠᠭᠠᠳ ᠲᠠᠢ ᠵᠠᠮ ᠤᠨ ᠬᠡᠰᠡᠭ᠄ ᠳᠡᠭᠡᠭᠰᠢ ᠶᠠᠪᠤᠬᠤ K710+120      ᠲᠠᠰᠤᠯᠤᠭᠰᠠᠨ ᠲᠦᠷᠦᠯ ᠵᠦᠢᠯ᠄ ᠡᠩ ᠤᠨ ᠵᠠᠮ ᠤᠨ ᠪᠠᠶᠢᠳᠠᠯ      ᠲᠠᠰᠤᠯᠤᠭᠰᠠᠨ ᠴᠢᠭᠯᠡᠯ᠄ ᠳᠠᠩ ᠴᠢᠭᠯᠡᠯ      ᠵᠠᠮ ᠲᠠᠰᠤᠯᠤᠭᠰᠠᠨ ᠡᠰᠡᠬᠦ᠄ ᠪᠦᠷᠢᠮᠦᠰᠦᠨ ᠲᠠᠰᠤᠯᠤᠭᠳᠠᠭᠰᠠᠨ      ᠲᠠᠰᠤᠯᠤᠭᠰᠠᠨ ᠰᠢᠯᠲᠠᠭᠠᠨ᠄ ᠲᠡᠷᠭᠡ ᠬᠦᠰᠬᠡ ᠶᠢᠨ ᠵᠠᠮ ᠬᠠᠷᠢᠯᠴᠠᠭᠠᠨ ᠤ ᠠᠳᠡᠭᠳᠡᠯ      ᠪᠠᠷᠤᠭ ᠰᠡᠷᠭᠦᠭᠡᠬᠦ ᠴᠠᠭ᠄ 2021-09-29 10᠄ 52᠄ 00      ᠪᠣᠳᠠᠲᠠᠢ ᠰᠡᠷᠭᠦᠭᠡᠭᠰᠡᠨ ᠴᠠᠭ᠄ 2021-09-29 09᠄ 45᠄ 00      ᠰᠢᠢᠳᠪᠦᠷᠢᠯᠡᠬᠦ ᠠᠷᠭ᠎ᠠ ᠬᠡᠮᠵᠢᠶ᠎ᠡ᠄ ᠳᠠᠩ ᠴᠢᠭᠯᠡᠯ ᠢᠶᠠᠷ ᠪᠢᠲᠡᠭᠦᠮᠵᠢᠯᠡᠬᠦ      ᠡᠬᠢᠯᠡᠯᠲᠡ ᠶᠢᠨ ᠴᠡᠭ ᠤᠨ ᠪᠠᠭᠠᠨ᠎ᠠ ᠶᠢᠨ ᠳ᠋ᠤᠭᠠᠷ᠄ 710᠂ 000      ᠵᠣᠭᠰᠤᠯᠲᠠ ᠶᠢᠨ ᠴᠡᠭ ᠤᠨ ᠪᠠᠭᠠᠨ᠎ᠠ ᠶᠢᠨ ᠳ᠋ᠤᠭᠠᠷ᠄ 710᠂ 120      ᠳᠡᠭᠡᠭᠰᠢ ᠮᠡᠳᠡᠭᠦᠯᠬᠦ ᠨᠢᠭᠡᠴᠢ᠄ ᠦᠪᠦᠷ ᠮᠣᠩᠭᠤᠯ ᠤᠨ ᠵᠠᠰᠠᠮᠠᠯ ᠵᠠᠮ ᠤᠨ ᠵᠠᠮ ᠬᠠᠷᠢᠯᠴᠠᠭᠠᠨ ᠤ ᠪᠡᠯᠡ ᠣᠷᠤᠭᠤᠯᠤᠯᠲᠠ ᠬᠥᠭᠵᠢᠭᠦᠯᠦᠯᠲᠡ ᠶᠢᠨ ᠬᠢᠵᠠᠭᠠᠷᠲᠤ ᠺᠤᠮᠫᠠᠨᠢ ᠶᠢᠨ ᠠᠯᠠᠱᠠ ᠳᠠᠬᠢ ᠬᠤᠪᠢᠶᠠᠷᠢ ᠺᠤᠮᠫᠠᠨᠢ
 
ᠢᠷᠡᠯᠲᠡ᠄ ᠵᠠᠮ ᠬᠠᠷᠢᠯᠴᠠᠭ᠎ᠠ ᠲᠡᠭᠡᠭᠡᠪᠦᠷᠢ ᠶᠢᠨ ᠲᠢᠩᠬᠢᠮ ᠤᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号