ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠲᠡᠷᠢᠭᠦᠨ ᠬᠠᠭᠤᠳᠠᠰᠤ   -   ᠰᠣᠷᠪᠣᠯᠵᠢᠯᠠᠭ᠎ᠠ
ᠯᠢᠦ ᠹᠧᠩ ᠫᠧᠩ᠄ 《ᠤᠷᠠᠯᠢᠭ》 ᠵᠶ᠋ᠠᠷ 《ᠵᠢᠭᠦᠷ》 ᠪᠣᠯᠭ᠋ᠠᠨ ᠰᠤᠷᠭ᠋ᠠᠨ ᠬᠥᠮᠦᠵᠢᠯ᠎ᠤᠨ ᠵᠠᠮ᠎ᠢ ᠭᠡᠷᠡᠯᠲᠦᠭᠦᠯᠦᠨᠡᠮ
ᠨᠡᠶ᠋ᠢᠲᠡᠯᠡᠭᠰᠡᠨ ᠴᠠᠭ᠄ 2024-10-25

      《ᠤᠷᠠᠯᠢᠭ》 ᠵᠶ᠋ᠠᠷ 《ᠵᠢᠭᠦᠷ》 ᠪᠣᠯᠭ᠋ᠠᠨ ᠰᠤᠷᠭ᠋ᠠᠨ ᠬᠥᠮᠦᠵᠢᠯ᠎ᠤᠨ ᠵᠠᠮ᠎ᠢ ᠭᠡᠷᠡᠯᠲᠦᠭᠦᠯᠦᠨᠡᠮ


      ᠯᠢᠦ ᠹᠧᠩ ᠫᠧᠩ᠂ ᠣᠷᠴᠣᠨ᠎ᠤ ᠥᠪᠡᠷᠲᠡᠭᠡᠨ ᠵᠠᠰᠠᠬᠤ ᠬᠣᠰᠢᠭᠤᠨ᠎ᠤ ᠳ᠋ᠠ ᠶᠠᠩ ᠱᠦ᠍ ᠭᠤᠷᠪᠠᠳᠤᠭ᠋ᠠᠷ ᠳᠤᠮᠳᠠᠳᠤ ᠰᠤᠷᠭ᠋ᠠᠭᠤᠯᠢ ᠵᠢᠨ ᠤᠷᠠᠨ ᠵᠢᠷᠤᠭ᠎ᠤᠨ ᠪᠠᠭᠰᠢ᠂ 2024 ᠣᠨ᠎ᠳᠤ 《ᠪᠦᠬᠦ ᠤᠯᠤᠰ᠎ᠤᠨ ᠵᠢᠱ᠌ᠢᠶᠡᠴᠢ ᠪᠠᠭᠰᠢ》 ᠵᠢᠨ ᠢᠷᠠᠭᠤ ᠠᠯᠳᠠᠷ᠎ᠢ ᠬᠦᠷᠲᠡᠪᠡ᠃ ᠶᠡᠬᠡ ᠰᠤᠷᠭ᠋ᠠᠭᠤᠯᠢ ᠲᠡᠭᠦᠰᠦᠭᠰᠡᠨ᠎ᠤ ᠳᠠᠷᠠᠭ᠎ᠠ ᠶᠡᠬᠡ ᠬᠢᠩᠭ᠋ᠠᠨ ᠳᠠᠪᠠᠭ᠋ᠠᠨ᠎ᠤ ᠬᠥᠳᠡᠭᠡ ᠲᠣᠰᠬᠣᠨ᠎ᠤ ᠰᠤᠷᠭ᠋ᠠᠭᠤᠯᠢ ᠎ᠳᠤ ᠦᠨᠳᠦᠰᠦᠯᠡᠵᠦ᠂ ᠣᠳᠣ ᠪᠣᠯᠲᠠᠯ᠎ᠠ 23 ᠵᠢᠯ           ᠠᠵᠢᠯᠯᠠᠪᠠ᠃ ᠠᠵᠢᠯ᠎ᠳᠤ ᠭᠠᠷᠤᠭᠰᠠᠨ᠎ᠠᠴᠠ ᠠᠪᠤᠭ᠋ᠠᠳ᠂ ᠲᠡᠷᠡ ᠠᠵᠢᠯ ᠵᠶ᠋ᠠᠨ ᠳᠡᠭᠡᠳᠦᠯᠡᠵᠦ᠂ ᠭᠣᠶᠠᠴᠢ ᠦᠭᠡᠢ ᠵᠢᠳᠭᠦᠨ᠂ ᠣᠷᠭᠢᠯᠤᠮ᠎ᠠ ᠬᠠᠯᠠᠭᠤᠨ ᠰᠡᠳᠬᠢᠯᠭᠡ᠎ᠪᠠᠷ ᠠᠵᠢᠯ᠎ᠳᠤ᠎ᠪᠠᠨ ᠬᠠᠨᠳᠤᠵᠤ᠂ ᠬᠥᠳᠡᠭᠡ ᠲᠣᠰᠬᠣᠨ᠎ᠤ ᠰᠤᠷᠭ᠋ᠠᠨ ᠬᠥᠮᠦᠵᠢᠯ᠎ᠤᠨ ᠦᠢ᠍ᠯᠡᠰ᠎ᠤᠨ ᠬᠥᠭᠵᠢᠯᠲᠡ᠎ᠳᠤ ᠬᠤᠪᠢ ᠨᠡᠮᠡᠷᠢ ᠦᠵᠡᠭᠦᠯᠪᠡ᠃

   

1.webp.png


      ᠰᠤᠷᠭ᠋ᠠᠨ ᠬᠥᠮᠦᠵᠢᠯ ᠵᠢᠭ᠋ᠠᠨ ᠰᠤᠷᠭ᠋ᠠᠯᠲᠠ ᠵᠢᠨ ᠲᠠᠯ᠎ᠠ᠎ᠪᠠᠷ᠂ ᠲᠡᠷᠡ ᠭᠤᠸ᠎ᠠ ᠰᠠᠶ᠋ᠢᠬᠠᠨ᠎ᠤ ᠬᠥᠮᠦᠵᠢᠯ ᠪᠣᠯᠤᠨ ᠶᠣᠰᠣ ᠰᠤᠷᠲᠠᠬᠤᠨ᠂ ᠣᠶᠤᠨ ᠤᠬᠠᠭ᠋ᠠᠨ᠂ ᠪᠡᠶ᠎ᠡ ᠮᠠᠬᠠᠪᠣᠳ᠂ ᠬᠥᠳᠡᠯᠮᠦᠷᠢ ᠵᠡᠷᠭᠡ ᠵᠢ ᠤᠶᠠᠯᠳᠤᠭᠤᠯᠬᠤ ᠵᠢ ᠴᠢᠬᠤᠯᠠᠴᠢᠯᠠᠳᠠᠭ᠃ ᠬᠡᠦᠬᠡᠳ᠎ᠢ ᠡᠬᠡ ᠪᠠᠶ᠋ᠢᠭ᠋ᠠᠯᠢ᠎ᠲᠠᠢ ᠣᠢ᠌ᠷᠠᠲᠤᠭᠤᠯᠤᠨ᠂ ᠳᠡᠷᠭᠡᠳᠡᠬᠢ ᠭᠣᠶᠤ ᠰᠠᠢ᠌ᠬᠠᠨ᠎ᠢ ᠭᠦᠨᠵᠡᠭᠡᠢ ᠣᠢ᠌ᠯᠠᠭ᠋ᠠᠭᠤᠯᠬᠤ᠎ᠪᠠᠷ ᠵᠣᠷᠢᠭᠵᠢᠭᠤᠯᠵᠤ᠂ ᠬᠡᠦᠬᠡᠳ᠎ᠤᠨ ᠨᠠᠮ ᠵᠶ᠋ᠠᠨ ᠬᠠᠶ᠋ᠢᠷᠠᠯᠠᠵᠤ ᠤᠯᠤᠰ ᠵᠶ᠋ᠠᠨ ᠬᠠᠢ᠌ᠷᠠᠯᠠᠬᠤ᠂ ᠡᠬᠡ ᠤᠯᠤᠰ᠎ᠤᠨ ᠵᠶ᠋ᠠᠨ ᠲᠠᠷᠬᠠᠨ ᠠᠭᠤᠯᠠ ᠤᠰᠤ ᠵᠢ ᠬᠠᠶ᠋ᠢᠷᠠᠯᠠᠬᠤ ᠦᠨᠳᠦᠰᠦᠲᠡᠨ᠎ᠤ ᠣᠮᠣᠭ ᠪᠠᠬᠠᠳᠤᠯᠲᠤ ᠰᠡᠳᠬᠢᠯᠭᠡ ᠪᠣᠯᠤᠨ ᠬᠥᠮᠦᠨ ᠨᠡᠢ᠌ᠭᠡᠮ ᠰᠣᠶᠣᠯ᠎ᠤᠨ ᠬᠠᠶ᠋ᠢᠷ᠎ᠠ ᠰᠡᠳᠬᠢᠯᠭᠡ ᠵᠢ ᠬᠥᠮᠦᠵᠢᠭᠦᠯᠵᠦ᠂ ᠬᠡᠦᠬᠡᠳ ᠎ᠲᠤ ᠬᠠᠷᠠᠬᠠᠨ ᠪᠠᠭ᠎ᠠ᠎ᠠᠴᠠ᠎ᠨᠢ ᠳᠤᠮᠳᠠᠳᠤ ᠵᠢᠨ ᠤᠯᠠᠮᠵᠢᠯᠠᠯᠲᠤ ᠰᠣᠶᠣᠯ᠎ᠢ ᠣᠢ᠌ᠯᠠᠭ᠋ᠠᠭᠤᠯᠵᠤ᠂ ᠤᠯᠠᠮᠵᠢᠯᠠᠯᠲᠤ ᠰᠣᠶᠣᠯ᠎ᠤᠨ ᠥᠪᠡᠷᠮᠢᠴᠡ ᠷᠢᠳᠢ ᠰᠢᠳᠢ ᠵᠢ  ᠮᠡᠳᠡᠷᠡᠭᠦᠯᠦᠨ᠂ ᠰᠣᠶᠣᠯ᠎ᠤᠨ ᠢᠲᠡᠭᠡᠯ᠎ᠢ᠎ᠨᠢ ᠨᠡᠮᠡᠭᠳᠡᠭᠦᠯᠪᠡ᠃
      ᠯᠢᠦ ᠹᠧᠩ ᠫᠧᠩ ᠪᠠᠭᠰᠢ ᠵᠢᠨ ᠤᠷᠠᠨ ᠵᠢᠷᠤᠭ᠎ᠤᠨ ᠬᠢᠴᠢᠶᠡᠯ ᠤᠷᠠᠯᠢᠭ᠎ᠢ ᠰᠣᠨᠢᠷᠬᠠᠬᠤ᠂ ᠵᠢᠷᠤᠭ ᠵᠢᠷᠤᠬᠤ᠂ ᠱᠤᠭᠤᠮᠠᠯ ᠱᠤᠭᠤᠬᠤ᠂ ᠭᠠᠷ ᠦᠢ᠍ᠯᠡᠳᠭᠡᠯ᠂  ᠵᠢᠷᠤᠭᠯᠠᠬᠤ ᠵᠡᠷᠭᠡ ᠣᠯᠠᠨ ᠲᠠᠯ᠎ᠠ ᠵᠢ ᠬᠠᠮᠤᠷᠴᠤ᠂ ᠤᠷᠠᠯᠢᠭ᠎ᠤᠨ ᠤᠷ᠎ᠠ ᠮᠡᠷᠭᠡᠵᠢᠯ᠎ᠤᠨ ᠰᠤᠷᠤᠯᠴᠠᠯᠭ᠎ᠠ ᠵᠢ ᠪᠠᠭᠲᠠᠭ᠋ᠠᠬᠤ᠎ᠪᠠᠷ ᠪᠠᠷᠠᠬᠤ ᠦᠭᠡᠢ ᠪᠠᠰᠠ ᠤᠷᠠᠯᠢᠭ᠎ᠤᠨ ᠲᠡᠦᠬᠡ᠂ ᠤᠷᠠᠯᠢᠭ᠎ᠤᠨ ᠰᠢᠭᠦᠮᠵᠢ ᠵᠡᠷᠭᠡ ᠠᠭᠤᠯᠭ᠎ᠠ ᠵᠢᠨ ᠰᠤᠳᠤᠯᠤᠨ ᠶᠠᠷᠢᠯᠴᠠᠬᠤ᠎ᠲᠠᠢ ᠬᠣᠯᠪᠤᠭᠳᠠᠭᠤᠯᠪᠠ᠃ ᠠᠳᠠᠯᠢ ᠪᠤᠰᠤ ᠤᠷᠠᠯᠢᠭ᠎ᠤᠨ ᠤᠷᠤᠰᠬᠠᠯ ᠪᠦᠯᠦᠭ ᠵᠢᠴᠢ ᠤᠷᠠᠯᠢᠭ᠎ᠤᠨ ᠬᠡᠪ ᠨᠠᠮᠪᠠ ᠵᠢ ᠰᠣᠳᠤᠯᠤᠨ ᠰᠦᠪᠡᠭᠴᠢᠯᠡᠬᠦ᠎ᠪᠠᠷ ᠳᠠᠮᠵᠢᠭᠤᠯᠤᠨ᠂ ᠰᠤᠷᠤᠭᠴᠢᠳ᠎ᠤᠨ ᠤᠷᠠᠯᠢᠭ᠎ᠤᠨ ᠪᠦᠲᠦᠭᠡᠯ᠎ᠢ ᠤᠬᠠᠪᠤᠷᠢᠯᠠᠵᠤ ᠣᠢ᠌ᠯᠠᠭ᠋ᠠᠬᠤ ᠪᠠ ᠦᠨᠡᠯᠡᠬᠦ ᠴᠢᠳᠠᠪᠤᠷᠢ ᠵᠢ ᠬᠥᠮᠥᠵᠢᠭᠦᠯᠪᠡ᠃
      ᠣᠷᠴᠣᠨ᠎ᠤ ᠥᠪᠡᠷᠲᠡᠭᠡᠨ ᠵᠠᠰᠠᠬᠤ ᠬᠣᠰᠢᠭᠤ ᠪᠣᠯ ᠪᠤᠶ᠋ᠢᠳᠠ ᠪᠥᠭᠯᠡᠭᠦᠦ᠂ ᠰᠤᠷᠤᠭᠴᠢᠳ᠎ᠤᠨ ᠤᠷᠠᠨ ᠵᠢᠷᠤᠭ᠎ᠤᠨ ᠰᠠᠭᠤᠷᠢ ᠨᠢᠮᠭᠡᠨ ᠶᠤᠮ᠂ ᠯᠢᠦ ᠹᠧᠩ ᠫᠧᠩ ᠪᠠᠭᠰᠢ ᠲᠤᠰ ᠭᠠᠵᠠᠷ ᠎ᠤᠨ ᠣᠨᠴᠠᠭ᠋ᠠᠢ ᠬᠥᠮᠦᠨ ᠨᠡᠶ᠋ᠢᠭᠡᠮ ᠰᠣᠶᠤᠯ᠎ᠤᠨ ᠣᠷᠴᠢᠨ᠎ᠲᠠᠢ ᠤᠶᠠᠯᠳᠤᠭᠤᠯᠵᠤ᠂ ᠭᠠᠵᠠᠷ ᠣᠷᠣᠨ᠎ᠤ ᠪᠠᠶ᠋ᠢᠳᠠᠯ᠎ᠳᠤ᠎ᠪᠠᠨ ᠲᠣᠬᠢᠷᠠᠭᠤᠯᠤᠨ᠂ ᠰᠤᠷᠭ᠋ᠠᠭᠤᠯᠢ᠂ ᠭᠡᠷ ᠪᠦᠯᠢ᠂ ᠪᠠᠶ᠋ᠢᠭ᠋ᠠᠯᠢ᠂ ᠠᠷᠠᠳ ᠎ᠤᠨ ᠵᠠᠩ ᠦᠢ᠍ᠯᠡ ᠵᠡᠷᠭᠡ ᠠᠮᠢᠳᠤᠷᠠᠯ᠎ᠤᠨ ᠠᠳᠠᠯᠢ ᠪᠤᠰᠤ ᠭᠣᠶᠤ ᠰᠠᠶ᠋ᠢᠬᠠᠨ᠎ᠢ ᠭᠦᠢ᠍ᠴᠡᠳ ᠠᠰᠢᠭᠯᠠᠨ᠂ ᠰᠤᠷᠤᠭᠴᠢᠳ᠎ᠤᠨ ᠰᠤᠷᠤᠯᠴᠠᠬᠤ ᠤᠷᠮ᠎ᠠ ᠪᠠᠬ᠎ᠠ ᠵᠢ ᠢᠳᠡᠪᠬᠢᠲᠡᠢ ᠳᠠᠢ᠌ᠴᠢᠯᠠᠵᠤ᠂ ᠠᠮᠢᠳᠤᠷᠠᠯ᠎ᠳᠠᠬᠢ ᠤᠷᠠᠯᠢᠭ᠎ᠢ ᠤᠷᠠᠨ ᠵᠢᠷᠤᠭ᠎ᠤᠨ ᠬᠢᠴᠢᠶᠡᠯ᠎ᠤᠨ ᠲᠠᠩᠬᠢᠮ᠎ᠳᠤ ᠣᠷᠣᠭᠤᠯᠵᠤ᠂ ᠥᠪᠡᠷᠮᠢᠴᠡ ᠭᠣᠶᠣ ᠰᠠᠶ᠋ᠢᠬᠠᠨ᠎ᠢ ᠡᠭᠦᠳᠦᠭᠰᠡᠨ᠎ᠠᠴᠠ ᠰᠤᠷᠤᠭᠴᠢᠳ ᠪᠠᠶᠠᠷ ᠬᠦᠷ᠎ᠲᠠᠢ ᠤᠷᠠᠨ ᠵᠢᠷᠤᠭ᠎ᠢ ᠰᠤᠷᠬᠤ ᠪᠣᠯᠪᠠ᠃ 《ᠬᠠᠨ᠎ᠠ ᠵᠢᠨ ᠴᠢᠮᠡᠭᠯᠡᠯ》 ᠭᠡᠬᠦ ᠬᠢᠴᠢᠶᠡᠯ ᠳᠡᠭᠡᠷ᠎ᠡ᠂ ᠡᠯᠳᠡᠪ ᠬᠠᠴᠢᠨ ᠪᠣᠭᠣᠳᠠᠯ ᠪᠠᠭᠯᠠᠭ᠎ᠠ ᠵᠢᠨ ᠴᠠᠭ᠋ᠠᠰᠤ᠂ ᠨᠣᠣᠰᠣᠨ ᠤᠲᠠᠰᠤ᠂ ᠬᠠᠭᠤᠴᠢᠨ ᠪᠦᠰ᠂ ᠬᠠᠭᠤᠴᠢᠨ ᠲᠣᠭᠯᠠᠭ᠋ᠠᠮ ᠵᠡᠷᠭᠡ ᠬᠠᠶᠠᠭᠳᠠᠮᠠᠯ ᠬᠠᠭᠤᠴᠢᠨ ᠪᠣᠳᠠᠰ ᠵᠶ᠋ᠠᠷ ᠲᠦᠭᠦᠬᠡᠢ ᠮᠠᠲ᠋ᠧᠷᠢᠶᠠᠯ ᠪᠣᠯᠭ᠋ᠠᠨ ᠬᠣᠶᠠᠳᠠᠬᠢ ᠤᠳᠠᠭ᠎ᠠ ᠠᠰᠢᠭᠯᠠᠬᠤ ᠵᠢᠨ ᠬᠠᠮᠲᠤ ᠬᠡᠷᠴᠢᠵᠦ ᠵᠣᠷᠭᠣᠬᠤ᠂ ᠨᠡᠬᠡᠵᠦ ᠰᠦᠯᠵᠢᠬᠦ᠂  ᠲᠠᠭ᠋ᠠᠷᠠᠭᠤᠯᠵᠤ ᠵᠦᠢ᠍ᠬᠦ᠂ ᠬᠠᠢ᠌ᠴᠢᠯᠠᠵᠤ ᠬᠡᠷᠴᠢᠬᠦ᠂ ᠪᠣᠳᠤᠭ ᠣᠷᠣᠭᠤᠯᠬᠤ ᠵᠡᠷᠭᠡ ᠠᠷᠪᠠᠭ᠋ᠠᠳ ᠮᠡᠷᠭᠡᠵᠢᠯ᠎ᠤᠨ ᠠᠵᠢᠯ᠎ᠤᠨ ᠳᠡᠰ ᠳᠠᠷᠠᠭ᠋ᠠᠯᠠᠯ᠎ᠤᠨ ᠵᠢᠱ᠌ᠢᠶ᠎ᠡ ᠦᠵᠡᠭᠦᠯᠬᠦ᠎ᠪᠠᠷ ᠳᠠᠮᠵᠢᠭᠤᠯᠤᠨ᠂ ᠰᠤᠷᠤᠭᠴᠢᠳ᠎ᠢ ᠬᠠᠪᠰᠤᠷᠤᠨ ᠬᠠᠨ᠎ᠠ ᠵᠢᠨ ᠵᠢᠵᠢᠭ ᠵᠠᠰᠠᠯ ᠴᠢᠮᠡᠭᠯᠡᠯ᠎ᠤᠨ ᠡᠳ᠋ ᠬᠢᠪᠡ᠃ ᠡᠨᠡ ᠬᠦ᠌ ᠠᠷᠭ᠎ᠠ ᠮᠠᠶᠢᠭ᠎ᠨᠢ ᠡᠳ᠋ ᠪᠣᠳᠠᠰ᠎ᠤᠨ ᠥᠷᠲᠡᠭ᠎ᠢ ᠭᠦᠢ᠍ᠴᠡᠳ ᠪᠠᠳᠠᠷᠠᠭᠤᠯᠤᠭᠰᠠᠨ ᠵᠶ᠋ᠠᠷ ᠪᠠᠷᠠᠬᠤ ᠦᠭᠡᠢ᠂ ᠪᠠᠰᠠ ᠰᠤᠷᠤᠭᠴᠢᠳ᠎ᠤᠨ ᠭᠠᠷ ᠬᠥᠳᠡᠯᠬᠦ ᠴᠢᠳᠠᠪᠤᠷᠢ ᠪᠠ ᠰᠢᠨ᠎ᠡ ᠵᠢ ᠡᠭᠦᠳᠬᠦ ᠤᠬᠠᠮᠰᠠᠷ᠎ᠢ ᠬᠥᠮᠦᠵᠢᠭᠦᠯᠵᠦ᠂ ᠰᠤᠷᠤᠭᠴᠢᠳ᠎ᠤᠨ ᠠᠮᠢ ᠠᠬᠤᠢ ᠵᠢᠨ ᠦᠵᠡᠯ ᠤᠬᠠᠮᠰᠠᠷ ᠪᠠ ᠣᠷᠴᠢᠨ ᠲᠣᠭᠣᠷᠢᠨ᠎ᠢ ᠬᠠᠮᠠᠭ᠋ᠠᠯᠠᠬᠤ ᠣᠶ᠋ᠢᠯᠠᠭ᠋ᠠᠭᠳᠠᠬᠤᠨ ᠪᠦᠷᠢᠯᠳᠦᠬᠦ ᠵᠢ ᠬᠥᠲᠥᠯᠥᠨ ᠵᠢᠯᠣᠭᠣᠳᠴᠤ᠂ ᠭᠤᠸ᠎ᠠ ᠰᠠᠶ᠋ᠢᠬᠠᠨ᠎ᠤ ᠬᠥᠮᠦᠵᠢᠯ ᠪᠠ ᠬᠡᠪ ᠴᠢᠨᠠᠷ᠎ᠤᠨ ᠰᠤᠷᠭ᠋ᠠᠨ ᠬᠥᠮᠦᠵᠢᠯ᠎ᠤᠨ ᠣᠶ᠋ᠢᠯᠠᠭ᠋ᠠᠭᠳᠠᠬᠤᠨ᠎ᠲᠠᠢ ᠤᠶᠠᠯᠳᠤᠭᠤᠯᠬᠤ ᠵᠢ           ᠠᠬᠢᠭᠤᠯᠵᠠᠶ᠃ ᠡᠨᠡ ᠬᠦ᠌ ᠬᠢᠴᠢᠶᠡᠯ᠎ᠨᠢ  ᠠᠭᠤᠯᠭ᠎ᠠ ᠡᠯᠪᠡᠭ ᠪᠠᠶᠠᠯᠢᠭ ᠪᠣᠯᠤᠭᠰᠠᠨ ᠵᠶ᠋ᠠᠷ ᠪᠠᠷᠠᠬᠤ ᠦᠭᠡᠢ᠂ ᠰᠤᠷᠤᠭᠴᠢᠳ ᠡᠳᠦᠷ ᠲᠤᠲᠤᠮ᠎ᠤᠨ ᠠᠮᠢᠳᠤᠷᠠᠯ᠎ᠳᠤ᠎ᠪᠠᠨ ᠣᠷᠴᠢᠨ ᠲᠣᠭᠣᠷᠢᠨ᠎ᠢ ᠬᠠᠮᠠᠭ᠋ᠠᠯᠠᠬᠤ ᠵᠢ ᠴᠢᠬᠤᠯᠠᠴᠢᠯᠠᠵᠤ᠂ ᠦᠴᠦᠭᠡᠨ ᠴᠤ᠌ ᠪᠦᠷᠢᠯᠭᠡᠬᠦ ᠦᠭᠡᠢ ᠪᠣᠯᠪᠠ᠃

           

2.webp.png


      ᠯᠢᠦ ᠹᠧᠩ ᠫᠧᠩ ᠪᠠᠭᠰᠢ ᠵᠢᠨ ᠵᠢᠭ᠋ᠠᠨ ᠰᠤᠷᠭ᠋ᠠᠯᠲᠠ᠎ᠳᠤ ᠬᠠᠨᠳᠤᠬᠤ ᠣᠪᠣᠷ ᠴᠢᠩᠭ᠎ᠠ ᠨᠢᠮᠪᠠᠢ᠂ ᠤᠷᠠᠨ ᠵᠢᠷᠤᠭ᠎ᠤᠨ ᠵᠢᠭ᠋ᠠᠨ ᠰᠤᠷᠭ᠋ᠠᠯᠲᠠ ᠵᠢᠨ ᠠᠵᠢᠯ᠎ᠳᠤ᠎ᠪᠠᠨ 《ᠳᠤᠷ᠎ᠠ ᠰᠣᠨᠢᠷᠬᠠᠯ᠎ᠲᠠᠢ ᠰᠤᠷᠤᠯᠴᠠᠬᠤ》᠎ᠪᠠᠷ ᠤᠳᠤᠷᠢᠳᠤᠮᠵᠢ ᠪᠣᠯᠭ᠋ᠠᠬᠤ ᠵᠢ ᠪᠠᠷᠢᠮᠲᠠᠯᠠᠵᠤ᠂ 《ᠪᠠᠭ᠎ᠠ ᠳᠤᠭᠤᠶ᠋ᠢᠯᠠᠩ ᠬᠠᠮᠲᠤᠷᠠᠯᠴᠠᠬᠤ - ᠰᠢ ᠵᠦᠴᠦᠭᠡ᠎ᠤᠨ ᠢᠯᠡᠷᠡᠭᠦᠯᠬᠦ ᠠᠷᠭ᠎ᠠ》 ᠭᠡᠬᠦ ᠤᠷᠠᠨ ᠵᠢᠷᠤᠭ᠎ᠤᠨ ᠬᠢᠴᠢᠶᠡᠯ᠎ᠤᠨ ᠲᠠᠩᠬᠢᠮ᠎ᠤᠨ ᠵᠢᠭ᠋ᠠᠨ ᠰᠤᠷᠭ᠋ᠠᠯᠲᠠ ᠵᠢᠨ ᠵᠠᠭᠪᠤᠷ᠎ᠢ ᠡᠭᠦᠳᠴᠦ᠂ ᠰᠤᠷᠤᠭᠴᠢᠳ ᠥᠪᠡᠷᠮᠢᠴᠡ ᠤᠷᠠᠯᠢᠭ ᠪᠠ ᠣᠶᠤᠨ ᠤᠬᠠᠭ᠋ᠠᠨ ᠵᠶ᠋ᠠᠷ ᠥᠪᠡᠷ᠎ᠢ᠎ᠪᠠᠨ ᠢᠯᠡᠷᠡᠭᠦᠯᠬᠦ ᠵᠢ ᠰᠠᠨᠠᠭ᠋ᠠᠴᠢᠯᠠᠨ᠂ ᠭᠤᠸ᠎ᠠ ᠰᠠᠶ᠋ᠢᠬᠠᠨ᠎ᠤ ᠦᠷ᠎ᠡ ᠵᠢ ᠰᠤᠷᠤᠭᠴᠢᠳ᠎ᠤᠨ ᠰᠡᠳᠬᠢᠯ᠎ᠳᠤ ᠰᠠᠴᠤᠵᠤ᠂ ᠤᠷᠠᠯᠢᠭ᠎ᠤᠨ ᠬᠦᠴᠦᠨ ᠵᠶ᠋ᠠᠷ ᠬᠡᠦᠬᠡᠳ᠎ᠢ ᠬᠠᠪᠰᠤᠷᠤᠨ ᠢᠲᠡᠭᠡᠯ ᠵᠣᠷᠢᠭ᠎ᠢ᠎ᠨᠢ ᠨᠡᠮᠡᠭᠳᠡᠭᠦᠯᠵᠦ᠂ ᠰᠤᠷᠤᠭᠴᠢᠳ᠎ᠤᠨ ᠭᠤᠸ᠎ᠠ ᠰᠠᠶ᠋ᠢᠬᠠᠨ᠎ᠤ ᠴᠢᠳᠠᠪᠤᠷᠢ ᠪᠣᠯᠤᠨ ᠬᠥᠮᠦᠨ ᠨᠡᠢ᠌ᠭᠡᠮ ᠰᠣᠶᠣᠯ᠎ᠤᠨ ᠬᠡᠪ ᠪᠣᠯᠪᠠᠰᠤᠷᠠᠯ᠎ᠢ ᠬᠥᠮᠦᠵᠢᠭᠦᠯᠪᠡ᠃ ᠬᠡᠳᠦᠨ ᠵᠢᠯ᠎ᠤᠨ ᠲᠤᠷᠰᠢ᠂ ᠲᠡᠭᠦᠨ᠎ᠤ ᠳᠠᠭ᠋ᠠᠭᠤᠯᠭ᠎ᠠ᠎ᠪᠠᠷ ᠰᠤᠷᠤᠭᠴᠢᠳ ᠶᠡᠬᠡ ᠬᠡᠮᠵᠢᠶᠡᠨ᠎ᠤ ᠤᠷᠠᠯᠢᠭ᠎ᠤᠨ ᠪᠦᠲᠦᠭᠡᠯ᠎ᠢ ᠵᠣᠬᠢᠶᠠᠨ ᠪᠦᠲᠦᠭᠡᠪᠡ᠃ 2024 ᠣᠨ᠎ᠤ 6 ᠰᠠᠷ᠎ᠠ᠎ᠳᠤ ᠡᠷᠬᠢᠯᠡᠭᠰᠡᠨ ᠰᠤᠷᠭ᠋ᠠᠭᠤᠯᠢ ᠵᠢᠨ ᠬᠦᠷᠢᠶᠡᠨ᠎ᠤ ᠰᠣᠶᠣᠯ ᠤᠷᠠᠯᠢᠭ᠎ᠤᠨ ᠨᠠᠶ᠋ᠢᠷ᠎ᠲᠤ ᠯᠢᠦ ᠹᠧᠩ ᠫᠧᠩ ᠪᠠᠭᠰᠢ 《ᠤᠷᠠᠨ ᠪᠢᠴᠢᠯᠭᠡ · ᠣᠷᠭᠢᠯᠤᠮ᠎ᠠ ᠰᠡᠳᠬᠢᠯᠭᠡ》 ᠭᠡᠬᠦ ᠬᠤᠪᠴᠠᠰᠤᠨ᠎ᠤ ᠦᠵᠡᠭᠦᠯᠭᠡ ᠬᠢᠬᠦ ᠵᠢ ᠵᠢᠯᠣᠭᠣᠳᠤᠨ᠂ ᠤᠷᠠᠨ ᠪᠢᠴᠢᠯᠭᠡ᠎ᠪᠠᠷ ᠭᠣᠣᠯ ᠰᠡᠳᠦᠪ ᠪᠣᠯᠭ᠋ᠠᠨ᠂ ᠰᠢ ᠵᠦᠴᠦᠭᠡ ᠵᠢᠨ ᠲᠣᠭᠯᠠᠯᠲᠠ᠂ ᠺᠢᠨᠣ᠋ ᠲᠧᠯᠸᠢᠰ ᠵᠣᠬᠢᠶᠠᠬᠤ᠂ ᠵᠦᠴᠦᠭᠡ ᠵᠢᠨ ᠵᠣᠬᠢᠶᠠᠯ ᠪᠢᠴᠢᠬᠦ᠂ ᠬᠤᠪᠴᠠᠰᠤ ᠵᠠᠰᠠᠯ ᠵᠢᠷᠤᠵᠤ ᠲᠥᠯᠥᠪᠯᠡᠬᠦ᠂ ᠬᠤᠪᠴᠠᠰᠤᠨ᠎ᠤ ᠦᠵᠡᠭᠦᠯᠭᠡ ᠬᠢᠬᠦ ᠵᠡᠷᠭᠡ ᠠᠭᠤᠯᠭ᠎ᠠ᠎ᠳᠤ ᠠᠭᠤᠰᠬᠠᠨ᠂ ᠰᠤᠷᠤᠭᠴᠢᠳ᠎ᠲᠤ ᠬᠤᠪᠴᠠᠰᠤ ᠵᠠᠰᠠᠯ ᠵᠢᠷᠤᠵᠤ ᠲᠥᠯᠦᠪᠯᠡᠵᠦ ᠬᠢᠬᠦ ᠶᠠᠪᠤᠴᠠ ᠵᠢ ᠭᠦᠢ᠍ᠴᠡᠳ ᠣᠶ᠋ᠢᠯᠠᠭ᠋ᠠᠭᠤᠯᠬᠤ ᠵᠢᠨ ᠬᠠᠮᠲᠤ ᠰᠤᠷᠤᠭᠴᠢᠳ ᠲᠣᠭᠯᠠᠬᠤ ᠤᠷ᠎ᠠ ᠴᠢᠳᠠᠪᠤᠷᠢ᠂ ᠬᠤᠪᠴᠠᠰᠤᠨ᠎ᠤ ᠦᠵᠡᠭᠦᠯᠭᠡ ᠬᠢᠬᠦ ᠠᠷᠭ᠎ᠠ ᠳᠡᠮ᠂ ᠲᠠᠢ᠌ᠰᠠᠨ          ᠎ᠳᠤ ᠲᠣᠭᠯᠠᠬᠤ ᠢᠯᠡᠷᠡᠯ᠎ᠢ ᠡᠵᠡᠮᠰᠢᠵᠦ᠂ ᠰᠤᠷᠤᠭᠴᠢᠳ᠎ᠤᠨ ᠭᠤᠸ᠎ᠠ ᠰᠠᠶ᠋ᠢᠬᠠᠨ᠎ᠢ ᠮᠡᠳᠡᠷᠡᠬᠦ ᠴᠢᠳᠠᠪᠤᠷᠢ ᠵᠢ ᠬᠥᠮᠦᠵᠢᠭᠦᠯᠪᠡ᠃ ᠲᠤᠰ ᠫᠷᠣᠭ᠌ᠷᠠᠮ᠎ᠨᠢ ᠪᠠᠭᠰᠢ ᠰᠤᠷᠤᠭᠴᠢᠳ᠎ᠤᠨ ᠬᠠᠮᠲᠤ ᠵᠢᠨ ᠴᠢᠷᠮᠠᠶ᠋ᠢᠯᠭ᠎ᠠ᠎ᠪᠠᠷ ᠮᠠᠰᠢ ᠰᠠᠶ᠋ᠢᠨ ᠦᠷ᠎ᠡ ᠪᠦᠲᠦᠮᠵᠢ ᠣᠯᠵᠠᠢ᠃
      ᠯᠢᠦ ᠹᠧᠩ ᠫᠧᠩ ᠪᠠᠭᠰᠢ ᠰᠤᠷᠤᠭᠴᠢ ᠨᠢᠭᠡ ᠪᠦᠷᠢ ᠵᠢᠨ ᠥᠪᠡᠷᠮᠢᠴᠡ ᠣᠨᠴᠠᠯᠢᠭ᠎ᠢ ᠠᠩᠬᠠᠷᠴᠤ᠂ ᠠᠳᠠᠯᠢ ᠪᠤᠰᠤ ᠱᠠᠲᠤᠨ᠎ᠤ ᠰᠤᠷᠤᠭᠴᠢᠳ᠎ᠲᠤ ᠴᠢᠭᠯᠡᠭᠦᠯᠦᠨ᠂ ᠠᠳᠠᠯᠢ ᠪᠤᠰᠤ ᠰᠤᠷᠤᠯᠴᠠᠬᠤ ᠡᠭᠦᠷᠭᠡ ᠪᠣᠯᠤᠨ ᠬᠠᠷᠠᠯᠲᠠ ᠵᠢ ᠲᠣᠭᠲᠠᠭ᠋ᠠᠵᠤ᠂ ᠬᠡᠦᠬᠡᠳ᠎ᠤᠳ᠎ᠢ ᠬᠠᠪᠰᠤᠷᠤᠨ ᠢᠲᠡᠭᠡᠯ ᠵᠣᠷᠢᠭ᠎ᠢ᠎ᠨᠢ ᠬᠥᠪᠴᠢᠯᠡᠪᠡ᠃
     ᠨᠢᠭᠡᠨ ᠬᠠᠬᠢᠷ ᠬᠦᠢ᠍ᠲᠡᠨ ᠡᠪᠦᠯ᠂ ᠯᠢᠦ ᠹᠧᠩ ᠫᠧᠩ ᠪᠠᠭᠰᠢ ᠵᠠᠩ ᠺᠠᠩ (ᠪᠤᠷᠤᠭᠤᠯᠠᠭᠰᠠᠨ ᠨᠡᠷ᠎ᠡ) ᠭᠡᠳᠡᠭ ᠰᠤᠷᠤᠭᠴᠢ ᠨᠢᠭᠡᠨᠲᠡ ᠨᠢᠭᠡ ᠭᠠᠷᠠᠭ ᠰᠤᠷᠭ᠋ᠠᠭᠤᠯᠢ᠎ᠳᠤ᠎ᠪᠠᠨ ᠢᠷᠡᠭᠰᠡᠨ ᠦᠭᠡᠢ ᠵᠢ ᠣᠯᠵᠤ ᠮᠡᠳᠡᠭᠡᠳ᠂ ᠳᠠᠷᠤᠢ᠎ᠳᠤ᠎ᠨᠢ ᠵᠠᠩ ᠺᠠᠩ᠎ᠤᠨ ᠠᠪᠤ ᠡᠵᠢ᠎ᠲᠠᠢ ᠬᠠᠷᠢᠯᠴᠠᠵᠤ᠂ ᠬᠡᠦᠬᠡᠳ ᠪᠢᠴᠢᠭ ᠰᠤᠷᠬᠤ ᠰᠣᠨᠢᠷᠬᠠᠯ ᠦᠭᠡᠢ ᠰᠤᠷᠭ᠋ᠠᠭᠤᠯᠢ᠎ᠳᠤ ᠰᠠᠭᠤᠬᠤ ᠳᠤᠷ᠎ᠠ ᠦᠭᠡᠢ ᠪᠣᠯᠤᠭᠰᠠᠨ᠎ᠢ ᠮᠡᠳᠡᠭᠡᠳ᠂ ᠲᠡᠭᠦᠨ᠎ᠢ ᠳᠠᠭᠤᠳᠠᠨ ᠰᠤᠷᠭ᠋ᠠᠭᠤᠯᠢ᠎ᠳᠤ ᠢᠷᠡᠭᠦᠯᠵᠦ ᠲᠡᠭᠦᠨ᠎ᠲᠠᠢ ᠰᠠᠢ᠌ᠬᠠᠨ ᠶᠠᠷᠢᠯᠴᠠᠪᠠ᠃ ᠵᠠᠩ ᠺᠠᠩ ᠰᠤᠷᠭ᠋ᠠᠭᠤᠯᠢ᠎ᠳᠤ ᠢᠷᠡᠭᠰᠡᠨ᠎ᠤ ᠳᠠᠷᠠᠭ᠎ᠠ᠂ ᠯᠢᠦ ᠪᠠᠭᠰᠢ ᠤᠷᠠᠨ ᠵᠢᠷᠤᠭ᠎ᠤᠨ ᠬᠢᠴᠢᠶᠡᠯ᠎ᠤᠨ ᠭᠡᠷ᠎ᠲᠤ ᠲᠡᠭᠦᠨ᠎ᠲᠠᠢ ᠰᠡᠳᠬᠢᠯ᠎ᠤᠨ ᠦᠭᠡ᠎ᠪᠠᠨ ᠠᠭᠤᠵᠢᠷᠠᠲᠠᠯ᠎ᠠ ᠶᠠᠷᠢᠯᠴᠠᠵᠤ᠂ ᠲᠡᠭᠦᠨ᠎ᠢ᠎ᠲᠠᠭᠠᠨ ᠬᠢᠴᠢᠶᠡᠯ ᠣᠷᠣᠵᠤ᠂  ᠳᠥᠬᠦᠮ ᠵᠢᠷᠤᠭ ᠵᠢᠷᠤᠬᠤ ᠡᠭᠦᠷᠭᠡ ᠵᠢ ᠪᠡᠶᠡᠯᠡᠭᠦᠯᠵᠦ᠂ ᠠᠭ᠋ᠠᠵᠢᠮ ᠵᠶ᠋ᠠᠷ ᠲᠡᠳᠡ ᠬᠣᠶᠠᠷ ᠰᠠᠶ᠋ᠢᠨ ᠨᠠᠶ᠋ᠢᠵᠠ ᠪᠣᠯᠤᠯᠴᠠᠭᠰᠠᠨ ᠪᠠᠶ᠋ᠢᠨ᠎ᠠ᠃ ᠴᠠᠭ ᠮᠥᠴᠡ ᠥᠩᠭᠡᠷᠡᠬᠦ ᠵᠢ ᠳᠠᠭ᠋ᠠᠯᠳᠤᠨ᠂ ᠵᠠᠩ ᠺᠠᠩ᠎ᠤᠨ ᠤᠷᠠᠨ ᠵᠢᠷᠤᠭ᠎ᠤᠨ ᠪᠦᠲᠦᠭᠡᠯ ᠤᠯᠠᠮ᠎ᠠᠴᠠ ᠤᠯᠠᠮ ᠣᠯᠠᠨ ᠪᠣᠯᠤᠭᠰᠠᠨ ᠪᠥᠭᠡᠳ ᠮᠠᠰᠢ ᠣᠯᠠᠨ ᠱᠠᠩᠨᠠᠯ ᠬᠦᠷᠲᠡᠵᠦ᠂ ᠠᠭ᠋ᠠᠵᠢᠮ ᠵᠶ᠋ᠠᠷ ᠪᠡᠶ᠎ᠡ᠎ᠳᠤ᠎ᠪᠠᠨ ᠢᠲᠡᠭᠡᠯ᠎ᠲᠠᠢ ᠪᠣᠯᠵᠤ᠂ ᠬᠠᠮᠤᠭ᠎ᠤᠨ ᠡᠴᠦᠰ᠎ᠲᠤ ᠤᠷᠠᠨ ᠵᠢᠷᠤᠭ᠎ᠤᠨ ᠲᠤᠰᠬᠠᠢ ᠮᠡᠷᠭᠡᠵᠢᠯ ᠵᠶ᠋ᠠᠷ ᠥᠪᠥᠷ ᠮᠣᠩᠭᠣᠯ᠎ᠤᠨ ᠪᠠᠭᠰᠢ ᠵᠢᠨ ᠶᠡᠬᠡ ᠰᠤᠷᠭ᠋ᠠᠭᠤᠯᠢ ᠵᠢᠨ ᠤᠷᠠᠯᠢᠭ᠎ᠤᠨ ᠵᠢᠷᠤᠭ ᠲᠥᠯᠥᠪᠯᠡᠭᠡ ᠵᠢᠨ ᠲᠤᠰᠬᠠᠢ ᠮᠡᠷᠭᠡᠵᠢᠯ᠎ᠳᠤ ᠰᠢᠯᠭ᠋ᠠᠭᠳᠠᠨ ᠣᠷᠣᠵᠤ᠂ ᠡᠯᠰᠡᠬᠦ ᠮᠡᠳᠡᠭᠳᠡᠯ᠎ᠤᠨ ᠪᠢᠴᠢᠭ ᠵᠶ᠋ᠠᠨ ᠭᠠᠷᠳᠠᠮᠠᠭᠴᠠ ᠰᠤᠷᠤᠭᠴᠢ ᠵᠠᠩ ᠺᠠᠩ ᠳᠠᠷᠤᠢ᠎ᠳᠤ᠎ᠨᠢ ᠯᠢᠦ ᠹᠧᠩ ᠫᠧᠩ ᠪᠠᠭᠰᠢ᠎ᠲᠠᠢ ᠪᠠᠶᠠᠷ ᠪᠠᠬᠠᠳᠤᠯ ᠵᠶ᠋ᠠᠨ ᠬᠤᠪᠢᠶᠠᠯᠴᠠᠭᠰᠠᠨ ᠪᠥᠭᠡᠳ ᠯᠢᠦ ᠹᠧᠩ ᠫᠧᠩ ᠪᠠᠭᠰᠢ ᠵᠢ ᠴᠢᠩᠭ᠎ᠠ ᠳᠡᠪᠡᠷᠢᠵᠦ᠂ ᠲᠠᠯᠠᠷᠬᠠᠭᠰᠠᠨ ᠰᠡᠳᠬᠢᠯ ᠵᠶ᠋ᠡᠨ ᠡᠨᠡ ᠬᠦ᠌ ᠲᠡᠪᠡᠷᠢᠯᠲᠡ᠎ᠪᠠᠷ ᠢᠯᠡᠳᠭᠡᠵᠦ᠂ ᠵᠢᠳᠬᠦᠯ ᠴᠢᠷᠮᠠᠢ᠌ᠯᠭ᠎ᠠ ᠡᠨᠡ ᠬᠦ᠌ ᠲᠡᠪᠡᠷᠢᠯᠲᠡ᠎ᠳᠤ ᠠᠭᠤᠰᠬᠠᠭᠰᠠᠨ ᠪᠠᠢ᠌ᠨ᠎ᠠ᠃

           

3.webp.png


      ᠯᠢᠦ ᠹᠧᠩ ᠫᠧᠩ ᠪᠠᠭᠰᠢ ᠪᠠᠰᠠ ᠪᠣᠳᠠᠰ᠎ᠤᠨ ᠪᠤᠰᠤ ᠰᠣᠶᠣᠯ᠎ᠤᠨ ᠥᠪ᠎ᠢ ᠰᠤᠷᠭ᠋ᠠᠭᠤᠯᠢ  ᠵᠢᠨ ᠬᠦᠷᠢᠶᠡᠨ᠎ᠳᠤ ᠣᠷᠣᠭᠤᠯᠬᠤ ᠵᠢ ᠢᠳᠡᠪᠬᠢᠲᠡᠢ ᠠᠬᠢᠭᠤᠯᠵᠤ᠂ 《〈ᠬᠤᠰᠤ ᠮᠣᠳᠣᠨ᠎ᠤ ᠬᠠᠯᠢᠰᠤ〉 ᠵᠢ ᠵᠡᠷᠭᠡᠯᠡᠵᠦ ᠨᠠᠭ᠋ᠠᠵᠤ           ᠵᠢᠷᠤᠬᠤ》 ᠰᠤᠷᠭ᠋ᠠᠭᠤᠯᠢ ᠵᠢᠨ ᠬᠢᠴᠢᠶᠡᠯ᠎ᠢ ᠰᠤᠳᠤᠯᠤᠨ ᠨᠡᠭᠡᠭᠡᠵᠦ᠂ ᠨᠤᠲᠤᠭ᠎ᠤᠨ ᠭᠤᠸ᠎ᠠ ᠰᠠᠶ᠋ᠢᠬᠠᠨ᠎ᠤ ᠬᠥᠮᠦᠵᠢᠯ᠎ᠤᠨ ᠡᠬᠢ ᠪᠠᠶᠠᠯᠢᠭ᠎ᠢ ᠡᠮᠬᠢᠯᠡᠨ ᠨᠡᠶ᠋ᠢᠯᠡᠭᠦᠯᠵᠦ᠂ ᠰᠢᠨᠵᠢᠯᠡᠭᠡᠨ᠎ᠤ ᠰᠠᠯᠠᠭ᠋ᠠᠨ᠎ᠤ ᠠᠭᠤᠰᠤᠯᠴᠠᠭ᠎ᠠ ᠵᠢ ᠠᠬᠢᠭᠤᠯᠬᠤ ᠵᠢᠨ ᠬᠠᠮᠲᠤ ᠬᠢᠴᠢᠶᠡᠯ᠎ᠤᠨ ᠲᠠᠩᠬᠢᠮ᠎ᠤᠨ ᠵᠢᠭ᠋ᠠᠨ ᠰᠤᠷᠭ᠋ᠠᠯᠲᠠ᠂ ᠨᠡᠶ᠋ᠢᠭᠡᠮ᠎ᠤᠨ ᠪᠦᠯᠬᠦᠮ᠎ᠤᠨ ᠠᠵᠢᠯᠯᠠᠭ᠎ᠠ᠂ ᠤᠷᠠᠯᠢᠭ᠎ᠤᠨ ᠠᠵᠢᠯᠯᠠᠭ᠎ᠠ᠂ ᠨᠡᠶ᠋ᠢᠭᠡᠮ᠎ᠤᠨ ᠦᠢ᠍ᠯᠡᠳᠦᠯᠭᠡ᠂ ᠰᠤᠷᠭ᠋ᠠᠭᠤᠯᠢ ᠵᠢᠨ ᠬᠦᠷᠢᠶᠡᠨ᠎ᠤ ᠰᠣᠶᠣᠯ᠎ᠤᠨ ᠪᠠᠶ᠋ᠢᠭᠤᠯᠤᠯᠲᠠ ᠵᠡᠷᠭᠡ᠎ᠲᠠᠢ ᠭᠦᠢ᠍ᠴᠡᠳ ᠤᠶᠠᠯᠳᠤᠭᠤᠯᠪᠠ᠃ ᠲᠡᠷᠡ ᠰᠤᠷᠤᠭᠴᠢᠳ᠎ᠢ ᠳᠠᠭ᠋ᠠᠭᠤᠯᠤᠨ ᠬᠤᠰᠤ ᠮᠣᠳᠣᠨ᠎ᠤ ᠬᠠᠯᠢᠰᠤᠨ᠎ᠤ ᠣᠨᠴᠠᠭ᠋ᠠᠢ ᠴᠢᠨᠠᠷ᠂ ᠥᠩᠭᠡ ᠪᠤᠳᠤᠭ᠂ ᠬᠡ ᠤᠭ᠋ᠠᠯᠵᠠ ᠵᠡᠷᠭᠡ ᠣᠨᠴᠠᠯᠢᠭ᠎ᠢ ᠠᠰᠢᠭᠯᠠᠨ᠂ ᠳᠡᠪᠲᠦᠭᠡᠬᠦ᠂ ᠬᠠᠶ᠋ᠢᠴᠢᠯᠠᠬᠤ᠂ ᠬᠡᠷᠴᠢᠬᠦ᠂ ᠴᠣᠭᠣᠯᠪᠤᠷᠢᠯᠠᠬᠤ᠂ ᠳᠠᠷᠤᠰᠢᠭᠤᠯᠬᠤ᠂ ᠬᠡᠪᠯᠡᠬᠦ᠂ ᠨᠠᠭ᠋ᠠᠬᠤ᠂ ᠤᠭᠰᠠᠷᠠᠬᠤ᠂ ᠬᠠᠭ᠋ᠠᠷᠢᠬᠤ ᠵᠡᠷᠭᠡ ᠠᠷᠭ᠎ᠠ᠎ᠪᠠᠷ ᠳᠠᠮᠵᠢᠭᠤᠯᠤᠨ᠂ ᠬᠠᠶ᠋ᠢᠷ᠎ᠠ ᠬᠠᠯᠠᠮᠵᠢ ᠪᠠ ᠤᠷᠠᠨ ᠲᠠᠷᠬᠠᠨ᠎ᠤ ᠰᠡᠳᠬᠢᠯ ᠵᠶ᠋ᠠᠷ ᠴᠠᠭ ᠦᠶ᠎ᠡ ᠵᠢᠨ ᠬᠤᠪᠢᠷᠠᠯᠲᠠ ᠵᠢ ᠲᠡᠮᠳᠡᠭᠯᠡᠨ᠂ ᠨᠤᠲᠤᠭ᠎ᠤᠨ ᠣᠨᠴᠠᠯᠢᠭ ᠪᠠ ᠪᠠᠢ᠌ᠭ᠋ᠠᠯᠢᠯᠢᠭ ᠬᠡᠪ ᠨᠠᠮᠪᠠ᠎ᠲᠠᠢ ᠪᠦᠲᠦᠭᠡᠯ᠎ᠢ ᠵᠣᠬᠢᠶᠠᠨ ᠪᠦᠲᠦᠭᠡᠵᠦ᠂ ᠰᠤᠷᠤᠭᠴᠢᠳ᠎ᠲᠤ ᠳᠡᠷᠭᠡᠳᠡᠬᠢ ᠭᠣᠶᠣ ᠰᠠᠶ᠋ᠢᠬᠠᠨ᠂ ᠨᠤᠲᠤᠭ ᠤᠰᠤᠨ ᠎ᠤ ᠭᠣᠶᠤ ᠰᠠᠶ᠋ᠢᠬᠠᠨ᠎ᠢ ᠮᠡᠳᠡᠷᠡᠭᠦᠯᠪᠡ᠃
      ᠬᠣᠶ᠋ᠢᠰᠢᠳᠠ᠂ ᠯᠢᠦ ᠹᠧᠩ ᠫᠧᠩ ᠪᠠᠭᠰᠢ ᠦᠷᠭᠦᠯᠵᠢᠯᠡᠨ ᠬᠥᠳᠡᠭᠡ ᠲᠣᠰᠬᠣᠨ᠎ᠤ ᠰᠤᠷᠭ᠋ᠠᠨ ᠬᠥᠮᠦᠵᠢᠯ ᠵᠢᠭ᠋ᠠᠨ ᠰᠤᠷᠭ᠋ᠠᠯᠲᠠ ᠵᠢᠨ ᠡᠮᠦᠨ᠎ᠡ ᠹᠷᠣᠨᠲ᠎ᠲᠤ ᠦᠨᠳᠦᠰᠦᠯᠡᠵᠦ᠂ ᠬᠥᠳᠡᠭᠡ ᠲᠣᠰᠬᠣᠨ᠎ᠤ ᠪᠠᠭᠰᠢ ᠭᠡᠬᠦ ᠡᠨᠡ ᠬᠦ᠌ ᠠᠵᠢᠯ᠎ᠤᠨ ᠡᠭᠦᠷᠭᠡ ᠬᠠᠷᠢᠭᠤᠴᠠᠯᠭ᠎ᠠ ᠵᠢ ᠪᠠᠲᠤ ᠰᠠᠬᠢᠵᠤ᠂ ᠤᠭ ᠰᠠᠨᠠᠭ᠎ᠠ᠎ᠪᠠᠨ ᠦᠯᠦ ᠮᠠᠷᠲᠠᠨ᠂  ᠡᠷᠡᠮᠡᠬᠡᠢ᠌ᠯᠡᠨ ᠤᠷᠤᠭᠰᠢᠯᠠᠬᠤ᠎ᠨᠢ ᠳᠠᠮᠵᠢᠭ ᠦᠭᠡᠢ ᠶᠤᠮ᠃


 

ᠢᠷᠡᠯᠲᠡ᠄ ᠥᠪᠥᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠰᠣᠷᠭ᠋ᠠᠨ ᠬᠦᠮᠦᠵᠢᠯ᠎ᠤᠨ ᠲᠢᠩᠬᠡᠮ
          
ᠬᠠᠮᠢᠶ᠎ᠡ ᠪᠦᠬᠦᠢ ᠰᠣᠨᠢᠨ
 
             蒙ICP备05000248号