ᠡᠯ᠎ᠡ ᠠᠢᠮᠠᠭ ᠬᠣᠲᠠ ᠵᠢᠴᠢ ᠮᠠᠨᠵᠤᠤᠷ ᠬᠣᠲᠠ᠂ ᠡᠷᠢᠶᠡᠨ ᠬᠣᠲᠠ᠎ᠶᠢᠨ ᠵᠠᠬ᠎ᠠ ᠳᠡᠯᠭᠡᠭᠦᠷ᠎ᠦᠨ ᠬᠢᠨᠠᠯᠲᠠ ᠬᠠᠮᠢᠶᠠᠷᠤᠯᠲᠠ᠎ᠶᠢᠨ ᠲᠣᠪᠴᠢᠶ᠎ᠠ᠂ ᠰᠤᠷᠭᠠᠨ ᠬᠥᠮᠦᠵᠢᠯ (ᠪᠡᠶ᠎ᠡ᠎ᠶᠢᠨ ᠲᠠᠮᠢᠷ)᠎ᠤᠨ ᠲᠣᠪᠴᠢᠶ᠎ᠠ᠎ᠳᠤ:
ᠶᠡᠷᠦᠩᠬᠡᠢ ᠱᠦᠵᠢ ᠱ᠋ᠢᠶᠢᠨ ᠫᠢᠩ᠎ᠦᠨ ᠳᠤᠷᠠᠳᠤᠭᠰᠠᠨ《ᠳᠥᠷᠪᠡᠨ ᠬᠠᠮᠤᠭ᠎ᠤᠨ ᠴᠢᠩᠭ᠎ᠠ》 ᠱᠠᠭᠠᠷᠳᠠᠯᠭ᠎ᠠ᠎ᠶᠢ ᠪᠦᠬᠦ ᠲᠠᠯ᠎ᠠ᠎ᠪᠠᠷ ᠨᠠᠢᠳᠠᠪᠤᠷᠢᠵᠢᠭᠤᠯᠵᠤ᠂ ᠳᠤᠮᠳᠠᠳᠤ᠎ᠶᠢᠨ ᠦᠨᠳᠦᠰᠦᠲᠡᠨ᠎ᠦ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤᠳᠭᠠᠬᠤ᠎ᠶᠢ ᠢᠳᠡᠭᠡᠨ᠎ᠦ ᠵᠦᠢᠯ᠎ᠦᠨ ᠠᠮᠤᠷ ᠲᠦᠪᠱᠢᠨ᠎ᠦ ᠬᠢᠨᠠᠯᠲᠠ ᠬᠠᠮᠢᠶᠠᠷᠤᠯᠲᠠ᠎ᠶᠢᠨ ᠬᠦᠷᠢᠶ᠎ᠡ ᠴᠠᠷᠠᠭᠠᠨ᠎ᠳᠤ ᠠᠭᠤᠰᠭᠠᠨ ᠣᠷᠣᠭᠤᠯᠵᠤ᠂ ᠪᠦᠬᠦ ᠣᠷᠣᠨ᠎ᠤ ᠰᠤᠷᠭᠠᠭᠤᠯᠢ᠎ᠶᠢᠨ ᠭᠠᠳᠠᠨ᠎ᠠ᠎ᠠᠴᠠ ᠬᠣᠭᠣᠯᠠ ᠬᠠᠩᠭᠠᠬᠤ ᠡᠵᠡᠩᠨᠡᠯᠲᠡ᠎ᠶᠢᠨ ᠠᠵᠢᠯᠯᠠᠭ᠎ᠠ᠎ᠶᠢ ᠤᠯᠠᠮ ᠨᠢᠭᠡ ᠠᠯᠬᠤᠮ ᠵᠢᠷᠤᠮᠵᠢᠭᠤᠯᠤᠨ᠂ ᠬᠣᠭᠣᠯᠠ ᠵᠠᠬᠢᠶᠠᠯᠠᠬᠤ ᠰᠤᠷᠭᠠᠭᠤᠯᠢ ᠪᠠ ᠰᠤᠷᠭᠠᠭᠤᠯᠢ᠎ᠶᠢᠨ ᠭᠠᠳᠠᠨ᠎ᠠ᠎ᠠᠴᠠ ᠬᠣᠭᠣᠯᠠ ᠬᠠᠩᠭᠠᠬᠤ ᠨᠢᠭᠡᠴᠢ᠎ᠶᠢᠨ ᠢᠳᠡᠭᠡᠨ᠎ᠦ ᠵᠦᠢᠯ᠎ᠦᠨ ᠠᠮᠤᠷ ᠲᠦᠪᠱᠢᠨ᠎ᠦ ᠭᠣᠣᠯ ᠴᠣᠭᠴᠠ᠎ᠶᠢᠨ ᠬᠠᠷᠢᠭᠤᠴᠠᠯᠭ᠎ᠠ᠎ᠶᠢ ᠨᠠᠢᠳᠠᠪᠤᠷᠢᠵᠢᠭᠤᠯᠵᠤ᠂ ᠬᠠᠷᠢᠶᠠᠲᠤ ᠭᠠᠵᠠᠷ ᠪᠠ ᠰᠠᠯᠠᠭ᠎ᠠ ᠮᠥᠴᠢᠷ᠎ᠦᠨ ᠬᠢᠨᠠᠯᠲᠠ ᠬᠠᠮᠢᠶᠠᠷᠤᠯᠲᠠ᠎ᠶᠢᠨ ᠬᠠᠷᠢᠭᠤᠴᠠᠯᠭ᠎ᠠ᠎ᠶᠢ ᠴᠢᠩᠭᠠᠷᠠᠭᠤᠯᠤᠨ᠂ ᠢᠳᠡᠭᠡᠨ᠎ᠦ ᠵᠦᠢᠯ᠎ᠦᠨ ᠠᠮᠤᠷ ᠲᠦᠪᠱᠢᠨ᠎ᠦ ᠲᠦᠭᠱᠢᠭᠦᠷᠢ᠎ᠶᠢ ᠪᠦᠲᠦᠮᠵᠢᠲᠡᠢ ᠰᠡᠷᠭᠡᠢᠯᠡᠵᠦ᠂ ᠥᠷᠭᠡᠨ ᠣᠯᠠᠨ ᠪᠠᠭᠱᠢ ᠰᠤᠷᠤᠭᠴᠢᠳ᠎ᠤᠨ ᠬᠣᠭᠣᠯᠠᠨ᠎ᠤ ᠴᠢᠨᠠᠷ᠎ᠢ ᠪᠠᠲᠤᠯᠠᠬᠤ᠎ᠶᠢᠨ ᠲᠤᠰᠠᠳᠠ᠂《ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠢᠳᠡᠭᠡᠨ᠎ᠦ ᠵᠦᠢᠯ᠎ᠦᠨ ᠠᠮᠤᠷ ᠲᠦᠪᠱᠢᠨ᠎ᠦ ᠬᠠᠤᠯᠢ》᠂ 《ᠪᠦᠭᠦᠳᠡ ᠨᠠᠢᠷᠠᠮᠳᠠᠬᠤ ᠳᠤᠮᠳᠠᠳᠤ ᠠᠷᠠᠳ ᠤᠯᠤᠰ᠎ᠤᠨ ᠢᠳᠡᠭᠡᠨ᠎ᠦ ᠵᠦᠢᠯ᠎ᠦᠨ ᠠᠮᠤᠷ ᠲᠦᠪᠱᠢᠨ᠎ᠦ ᠬᠠᠤᠯᠢ᠎ᠶᠢᠨ ᠬᠡᠷᠡᠭᠵᠢᠭᠦᠯᠬᠦ ᠳᠦᠷᠢᠮ》᠂ 《ᠰᠤᠷᠭᠠᠭᠤᠯᠢ᠎ᠶᠢᠨ ᠢᠳᠡᠭᠡᠨ᠎ᠦ ᠵᠦᠢᠯ᠎ᠦᠨ ᠠᠮᠤᠷ ᠲᠦᠪᠱᠢᠨ ᠬᠢᠭᠡᠳ ᠱᠢᠮ᠎ᠡ ᠲᠡᠵᠢᠭᠡᠯ ᠡᠷᠡᠭᠦᠯ ᠮᠡᠨᠳᠦ᠎ᠶᠢᠨ ᠬᠠᠮᠢᠶᠠᠷᠤᠯᠲᠠ᠎ᠶᠢᠨ ᠲᠣᠭᠲᠠᠭᠠᠯ》᠂ 《ᠠᠵᠤ ᠠᠬᠤᠢᠯᠠᠯ᠎ᠤᠨ ᠢᠳᠡᠭᠡᠨ᠎ᠦ ᠵᠦᠢᠯ᠎ᠦᠨ ᠠᠮᠤᠷ ᠲᠦᠪᠱᠢᠨ᠎ᠦ ᠭᠣᠣᠯ ᠴᠣᠭᠴᠠ᠎ᠶᠢᠨ ᠬᠠᠷᠢᠭᠤᠴᠠᠯᠭ᠎ᠠ᠎ᠶᠢ ᠨᠠᠢᠳᠠᠪᠤᠷᠢᠵᠢᠭᠤᠯᠬᠤ᠎ᠳᠤ ᠬᠢᠨᠠᠯᠲᠠ ᠬᠠᠮᠢᠶᠠᠷᠤᠯᠲᠠ ᠬᠢᠬᠦ ᠲᠣᠭᠲᠠᠭᠠᠯ》 ᠵᠡᠷᠭᠡ ᠬᠠᠤᠯᠢ ᠴᠠᠭᠠᠵᠠ ᠬᠠᠤᠯᠢ ᠲᠣᠭᠲᠠᠭᠠᠯ᠎ᠢ ᠦᠨᠳᠦᠰᠦᠯᠡᠨ᠂ ᠡᠳᠦᠭᠡ ᠰᠤᠷᠭᠠᠭᠤᠯᠢ᠎ᠶᠢᠨ ᠭᠠᠳᠠᠨ᠎ᠠ᠎ᠠᠴᠠ ᠬᠠᠩᠭᠠᠬᠤ ᠬᠣᠭᠣᠯᠠ ᠢᠳᠡᠭᠡᠨ᠎ᠦ ᠵᠦᠢᠯ᠎ᠦᠨ ᠠᠮᠤᠷ ᠲᠦᠪᠱᠢᠨ᠎ᠦ ᠬᠢᠨᠠᠯᠲᠠ ᠬᠠᠮᠢᠶᠠᠷᠤᠯᠲᠠ᠎ᠶᠢᠨ ᠠᠵᠢᠯ᠎ᠢ ᠴᠢᠩᠭᠠᠳᠭᠠᠬᠤ ᠬᠣᠯᠪᠣᠭᠳᠠᠯ ᠪᠦᠬᠦᠢ ᠤᠴᠢᠷ᠎ᠢ ᠳᠣᠣᠷᠠᠬᠢ ᠮᠡᠲᠦ ᠮᠡᠳᠡᠭᠳᠡᠶ᠎ᠡ:
ᠨᠢᠭᠡ᠂ ᠬᠣᠭᠣᠯᠠ ᠵᠠᠬᠢᠶᠠᠯᠠᠬᠤ ᠰᠤᠷᠭᠠᠭᠤᠯᠢ᠎ᠶᠢᠨ ᠢᠳᠡᠭᠡᠨ᠎ᠦ ᠵᠦᠢᠯ᠎ᠦᠨ ᠠᠮᠤᠷ ᠲᠦᠪᠱᠢᠨ᠎ᠦ ᠬᠠᠮᠢᠶᠠᠷᠤᠯᠲᠠ᠎ᠶᠢᠨ ᠭᠣᠣᠯ ᠴᠣᠭᠴᠠ᠎ᠶᠢᠨ ᠬᠠᠷᠢᠭᠤᠴᠠᠯᠭ᠎ᠠ᠎ᠶᠢ ᠴᠢᠩᠭ᠎ᠠ ᠨᠠᠢᠳᠠᠪᠤᠷᠢᠵᠢᠭᠤᠯᠬᠤ ᠬᠡᠷᠡᠭᠲᠡᠢ
ᠬᠣᠭᠣᠯᠠ ᠵᠠᠬᠢᠶᠠᠯᠠᠬᠤ ᠰᠤᠷᠭᠠᠭᠤᠯᠢ᠎ᠨᠢ ᠢᠳᠡᠭᠡᠨ᠎ᠦ ᠵᠦᠢᠯ᠎ᠦᠨ ᠠᠮᠤᠷ ᠲᠦᠪᠱᠢᠨ᠎ᠦ ᠬᠠᠮᠢᠶᠠᠷᠤᠯᠲᠠ᠎ᠶᠢᠨ ᠭᠣᠣᠯ ᠴᠣᠭᠴᠠ᠎ᠶᠢᠨ ᠬᠠᠷᠢᠭᠤᠴᠠᠯᠭ᠎ᠠ᠎ᠶᠢ ᠳᠠᠭᠠᠭᠠᠨ ᠡᠭᠦᠷᠭᠡᠯᠡᠵᠦ᠂ ᠰᠤᠷᠭᠠᠭᠤᠯᠢ᠎ᠶᠢᠨ ᠵᠠᠬᠢᠷᠤᠯ ᠪᠣᠯ ᠢᠳᠡᠭᠡᠨ᠎ᠦ ᠵᠦᠢᠯ᠎ᠦᠨ ᠠᠮᠤᠷ ᠲᠦᠪᠱᠢᠨ᠎ᠦ ᠨᠢᠭᠡᠳᠦᠭᠡᠷ ᠬᠠᠷᠢᠭᠤᠴᠠᠯᠭᠠᠲᠠᠨ ᠪᠣᠯᠤᠨ᠎ᠠ; ᠰᠤᠷᠭᠠᠭᠤᠯᠢ᠎ᠨᠢ ᠬᠠᠤᠯᠢ ᠲᠣᠭᠲᠠᠭᠠᠯ ᠶᠣᠰᠣᠭᠠᠷ ᠢᠳᠡᠭᠡᠨ᠎ᠦ ᠵᠦᠢᠯ᠎ᠦᠨ ᠠᠮᠤᠷ ᠲᠦᠪᠱᠢᠨ᠎ᠦ ᠬᠠᠮᠢᠶᠠᠷᠤᠯᠲᠠ᠎ᠶᠢᠨ ᠳᠦᠷᠢᠮ᠎ᠢ ᠪᠠᠢᠭᠤᠯᠤᠨ ᠪᠦᠷᠢᠨᠱᠢᠭᠦᠯᠵᠦ᠂ ᠢᠳᠡᠭᠡᠨ᠎ᠦ ᠵᠦᠢᠯ᠎ᠦᠨ ᠠᠮᠤᠷ ᠲᠦᠪᠱᠢᠨ᠎ᠦ ᠬᠠᠮᠢᠶᠠᠷᠤᠯᠲᠠ᠎ᠶᠢᠨ ᠵᠣᠬᠢᠶᠠᠨ ᠪᠠᠢᠭᠤᠯᠬᠤ ᠪᠠᠢᠭᠤᠯᠤᠮᠵᠢ᠎ᠶᠢ ᠪᠠᠢᠭᠤᠯᠤᠨ ᠲᠣᠬᠢᠷᠠᠭᠤᠯᠵᠤ᠂ ᠢᠳᠡᠭᠡᠨ᠎ᠦ ᠵᠦᠢᠯ᠎ᠦᠨ ᠠᠮᠤᠷ ᠲᠦᠪᠱᠢᠨ᠎ᠦ ᠬᠠᠮᠢᠶᠠᠷᠤᠯᠲᠠ᠎ᠶᠢᠨ ᠠᠵᠢᠯᠲᠠᠨ᠎ᠢ ᠲᠣᠭᠲᠠᠭᠠᠯ ᠶᠣᠰᠣᠭᠠᠷ ᠲᠣᠬᠢᠷᠠᠭᠤᠯᠵᠤ᠂ ᠲᠥᠪᠯᠡᠷᠡᠭᠦᠯᠦᠨ ᠬᠣᠭᠣᠯᠠᠯᠠᠬᠤ ᠪᠠ ᠲᠥᠪᠯᠡᠷᠡᠭᠦᠯᠦᠨ ᠢᠳᠡᠭᠡᠨ ᠲᠣᠬᠢᠷᠠᠭᠤᠯᠤᠨ ᠲᠠᠭᠠᠷᠠᠭᠤᠯᠬᠤ᠂ ᠢᠳᠡᠭᠡᠨ᠎ᠦ ᠵᠦᠢᠯ᠎ᠦᠨ ᠠᠮᠤᠷ ᠲᠦᠪᠱᠢᠨ᠎ᠦ ᠪᠠᠴᠢᠮ ᠪᠠᠢᠳᠠᠯ᠎ᠢ ᠠᠷᠭᠠᠴᠠᠭᠠᠬᠤ ᠬᠠᠮᠢᠶᠠᠷᠤᠯᠲᠠ ᠪᠠ ᠭᠡᠨᠡᠳᠲᠡ᠎ᠶᠢᠨ ᠠᠳᠠᠯᠢ ᠮᠡᠳᠡᠭᠦᠯᠬᠦ ᠵᠡᠷᠭᠡ ᠳᠦᠷᠢᠮ ᠵᠢᠴᠢ ᠢᠳᠡᠭᠡᠨ᠎ᠦ ᠵᠦᠢᠯ᠎ᠦᠨ ᠠᠮᠤᠷ ᠲᠦᠪᠱᠢᠨ᠎ᠦ ᠬᠠᠤᠯᠢ ᠴᠠᠭᠠᠵᠠ ᠬᠠᠤᠯᠢ ᠲᠣᠭᠲᠠᠭᠠᠯ ᠵᠡᠷᠭᠡ ᠬᠣᠯᠪᠣᠭᠳᠠᠯ ᠪᠦᠬᠦᠢ ᠱᠠᠭᠠᠷᠳᠠᠯᠭ᠎ᠠ᠎ᠶᠢ ᠴᠢᠩᠭ᠎ᠠ ᠨᠠᠢᠳᠠᠪᠤᠷᠢᠵᠢᠭᠤᠯᠬᠤ ᠬᠡᠷᠡᠭᠲᠡᠢ᠃
ᠬᠣᠱᠢᠭᠤ ᠱᠢᠶᠠᠨ᠎ᠤ ᠱᠠᠲᠤᠨ᠎ᠤ ᠰᠤᠷᠭᠠᠨ ᠬᠥᠮᠦᠵᠢᠯ᠎ᠦᠨ ᠰᠠᠯᠠᠭ᠎ᠠ ᠮᠥᠴᠢᠷ᠎ᠡᠴᠡ ᠳᠠᠭᠠᠭᠠᠴᠢᠯᠠᠯᠲᠠ ᠵᠠᠷᠯᠠᠬᠤ᠎ᠶᠢ ᠨᠢᠭᠡᠳᠦᠯᠲᠡᠢ ᠵᠣᠬᠢᠶᠠᠨ ᠪᠠᠢᠭᠤᠯᠵᠤ᠂ ᠬᠣᠭᠣᠯᠠ ᠵᠠᠬᠢᠶᠠᠯᠠᠬᠤ ᠰᠤᠷᠭᠠᠭᠤᠯᠢ᠎ᠨᠢ ᠳᠠᠭᠠᠭᠠᠴᠢᠯᠠᠯᠲᠠ ᠵᠠᠷᠯᠠᠬᠤ᠎ᠪᠠᠷ ᠰᠣᠩᠭᠣᠨ ᠲᠣᠭᠲᠠᠭᠰᠠᠨ ᠨᠢᠭᠡᠴᠢ᠎ᠶᠢᠨ ᠳᠣᠲᠣᠷ᠎ᠠ᠎ᠠᠴᠠ ᠲᠥᠪᠯᠡᠷᠡᠭᠦᠯᠦᠨ ᠬᠤᠭᠤᠯᠠᠯᠬᠤ ᠨᠢᠭᠡᠴᠢ᠎ᠶᠢᠨ ᠬᠢᠷᠢ ᠬᠡᠮ ᠪᠠ ᠵᠣᠬᠢᠬᠤ ᠬᠣᠭᠣᠯᠠ ᠬᠠᠩᠭᠠᠬᠤ ᠴᠢᠳᠠᠪᠤᠷᠢ᠎ᠲᠠᠢ᠂ ᠢᠳᠡᠭᠡᠨ᠎ᠦ ᠵᠦᠢᠯ᠎ᠦᠨ ᠠᠮᠤᠷ ᠲᠦᠪᠱᠢᠨ᠎ᠦ ᠬᠠᠷᠢᠭᠤᠴᠠᠯᠭ᠎ᠠ᠎ᠶᠢ ᠳᠠᠭᠠᠭᠠᠨ ᠡᠭᠦᠷᠭᠡᠯᠡᠵᠦ ᠳᠡᠢᠯᠬᠦ᠂ ᠨᠡᠢᠭᠡᠮ᠎ᠦᠨ ᠢᠲᠡᠭᠡᠮᠵᠢ᠎ᠪᠡᠷ ᠰᠠᠢᠨ ᠪᠣᠯᠬᠤᠢᠴᠠ ᠰᠤᠷᠭᠠᠭᠤᠯᠢ᠎ᠶᠢᠨ ᠭᠠᠳᠠᠨ᠎ᠠ᠎ᠠᠴᠠ ᠬᠣᠭᠣᠯᠠ ᠬᠠᠩᠭᠠᠬᠤ ᠨᠢᠭᠡᠴᠢ᠎ᠶᠢ ᠰᠣᠩᠭᠣᠨ ᠳᠠᠭᠠᠭᠠᠴᠢᠯᠠᠯᠲᠠᠶᠢᠨᠢ ᠬᠦᠯᠢᠶᠡᠵᠦ᠂ ᠲᠡᠭᠦᠨ᠎ᠯᠦᠭᠡ ᠬᠣᠭᠣᠯᠠ ᠬᠠᠩᠭᠠᠬᠤ ᠭᠡᠷ᠎ᠡ (ᠪᠤᠶᠤ ᠵᠥᠪᠯᠡᠯᠴᠡᠬᠡᠷ)ᠲᠣᠭᠲᠠᠵᠤ᠂ ᠬᠣᠶᠠᠷ ᠲᠠᠯᠠᠶᠢᠨᠬᠢᠨᠦ ᠢᠳᠡᠭᠡᠨ᠎ᠦ ᠵᠦᠢᠯ᠎ᠦᠨ ᠠᠮᠤᠷ ᠲᠦᠪᠱᠢᠨ ᠬᠢᠭᠡᠳ ᠱᠢᠮ᠎ᠡ ᠲᠡᠵᠢᠭᠡᠯ ᠡᠷᠡᠭᠦᠯ ᠮᠡᠨᠳᠦ᠎ᠶᠢᠨ ᠲᠠᠯ᠎ᠠ᠎ᠪᠠᠷ᠎ᠬᠢ ᠡᠷᠬᠡ ᠠᠱᠢᠭ ᠪᠠ ᠡᠭᠦᠷᠭᠡ ᠬᠠᠷᠢᠭᠤᠴᠠᠯᠭ᠎ᠠ᠎ᠪᠠᠨ ᠲᠣᠳᠣᠷᠬᠠᠢᠯᠠᠬᠤ ᠬᠡᠷᠡᠭᠲᠡᠢ; ᠰᠤᠷᠭᠠᠭᠤᠯᠢ᠎ᠶᠢᠨ ᠭᠠᠳᠠᠨ᠎ᠠ᠎ᠠᠴᠠ ᠬᠣᠭᠣᠯᠠ ᠬᠠᠩᠭᠠᠬᠤ ᠨᠢᠭᠡᠴᠢ᠎ᠶᠢ ᠵᠥᠪᠱᠢᠶᠡᠷᠡᠨ ᠣᠷᠣᠭᠤᠯᠬᠤ᠂ ᠱᠢᠯᠭᠠᠨ ᠬᠢᠨᠠᠵᠤ ᠦᠨᠡᠯᠡᠬᠦ ᠪᠠ ᠪᠤᠴᠠᠭᠠᠵᠤ ᠭᠠᠷᠭᠠᠬᠤ ᠲᠣᠭᠲᠠᠴᠠ᠎ᠶᠢ ᠪᠠᠢᠭᠤᠯᠤᠨ ᠪᠦᠷᠢᠨᠱᠢᠭᠦᠯᠬᠦ ᠬᠡᠷᠡᠭᠲᠡᠢ᠃
ᠬᠣᠶᠠᠷ᠂ ᠰᠤᠷᠭᠠᠭᠤᠯᠢ᠎ᠶᠢᠨ ᠭᠠᠳᠠᠨ᠎ᠠ᠎ᠠᠴᠠ ᠬᠣᠭᠣᠯᠠ ᠬᠠᠩᠭᠠᠬᠤ ᠨᠢᠭᠡᠴᠢ᠎ᠶᠢᠨ ᠢᠳᠡᠭᠡᠨ᠎ᠦ ᠵᠦᠢᠯ᠎ᠦᠨ ᠠᠮᠤᠷ ᠲᠦᠪᠱᠢᠨ᠎ᠦ ᠡᠵᠡᠩᠨᠡᠯᠲᠡ᠎ᠶᠢᠨ ᠭᠣᠣᠯ ᠴᠣᠭᠴᠠ᠎ᠶᠢᠨ ᠬᠠᠷᠢᠭᠤᠴᠠᠯᠭ᠎ᠠ᠎ᠶᠢ ᠴᠢᠩᠭ᠎ᠠ ᠨᠠᠢᠳᠠᠪᠤᠷᠢᠵᠢᠭᠤᠯᠬᠤ ᠬᠡᠷᠡᠭᠲᠡᠢ
ᠰᠤᠷᠭᠠᠭᠤᠯᠢ᠎ᠶᠢᠨ ᠭᠠᠳᠠᠨ᠎ᠠ᠎ᠠᠴᠠ ᠬᠣᠭᠣᠯᠠ ᠬᠠᠩᠭᠠᠬᠤ ᠨᠢᠭᠡᠴᠢ᠎ᠨᠢ ᠢᠳᠡᠭᠡᠨ᠎ᠦ ᠵᠦᠢᠯ᠎ᠦᠨ ᠠᠮᠤᠷ ᠲᠦᠪᠱᠢᠨ ᠡᠵᠡᠩᠨᠡᠯᠲᠡ᠎ᠶᠢᠨ ᠭᠣᠣᠯ ᠴᠣᠭᠴᠠ᠎ᠶᠢᠨ ᠬᠠᠷᠢᠭᠤᠴᠠᠯᠭ᠎ᠠ᠎ᠶᠢ ᠳᠠᠭᠠᠭᠠᠨ ᠡᠭᠦᠷᠭᠡᠯᠡᠵᠦ᠂ ᠡᠵᠡᠩᠨᠡᠵᠦ ᠪᠠᠢᠭ᠎ᠠ ᠢᠳᠡᠭᠡᠨ᠎ᠦ ᠵᠦᠢᠯ᠎ᠦᠨ ᠠᠮᠤᠷ ᠲᠦᠪᠱᠢᠨ᠎ᠳᠦ᠎ᠪᠡᠨ ᠬᠠᠷᠢᠭᠤᠴᠠᠬᠤ᠎ᠶᠢᠨ ᠬᠠᠮᠲᠤ ᠬᠣᠭᠣᠯᠠ ᠵᠠᠬᠢᠶᠠᠯᠠᠭᠰᠠᠨ ᠰᠤᠷᠭᠠᠭᠤᠯᠢ᠎ᠶᠢᠨ ᠬᠢᠨᠠᠯᠲᠠ ᠲᠠᠯᠪᠢᠯᠲᠠ᠎ᠶᠢ ᠬᠦᠯᠢᠶᠡᠵᠦ᠂ ᠰᠤᠷᠭᠠᠭᠤᠯᠢ᠎ᠯᠤᠭ᠎ᠠ ᠲᠣᠭᠲᠠᠭᠰᠠᠨ ᠬᠣᠭᠣᠯᠠ ᠬᠠᠩᠭᠠᠬᠤ ᠭᠡᠷ᠎ᠡ (ᠪᠤᠶᠤ ᠵᠥᠪᠯᠡᠯᠴᠡᠬᠡᠷ)᠎ᠪᠠᠨ ᠬᠠᠤᠯᠢ ᠶᠣᠰᠣᠭᠠᠷ ᠭᠦᠢᠴᠡᠳᠬᠡᠬᠦ ᠬᠡᠷᠡᠭᠲᠡᠢ᠃
ᠰᠤᠷᠭᠠᠭᠤᠯᠢ᠎ᠶᠢᠨ ᠭᠠᠳᠠᠨ᠎ᠠ᠎ᠠᠴᠠ ᠬᠣᠭᠣᠯᠠ ᠬᠠᠩᠭᠠᠬᠤ ᠨᠢᠭᠡᠴᠢ᠎ᠨᠢ ᠢᠳᠡᠭᠡᠨ᠎ᠦ ᠵᠦᠢᠯ᠎ᠦᠨ ᠠᠮᠤᠷ ᠲᠦᠪᠱᠢᠨ᠎ᠦ ᠬᠠᠮᠢᠶᠠᠷᠤᠯᠲᠠ᠎ᠶᠢᠨ ᠳᠦᠷᠢᠮ᠎ᠢ ᠪᠠᠢᠭᠤᠯᠤᠨ ᠪᠦᠷᠢᠨᠱᠢᠭᠦᠯᠵᠦ᠂ ᠢᠳᠡᠭᠡᠨ᠎ᠦ ᠵᠦᠢᠯ᠎ᠦᠨ ᠠᠮᠤᠷ ᠲᠦᠪᠱᠢᠨ᠎ᠦ ᠬᠠᠮᠢᠶᠠᠷᠤᠯᠲᠠ᠎ᠶᠢᠨ ᠵᠣᠬᠢᠶᠠᠨ ᠪᠠᠢᠭᠤᠯᠬᠤ ᠪᠠᠢᠭᠤᠯᠤᠮᠵᠢ᠎ᠶᠢ ᠪᠠᠢᠭᠤᠯᠤᠨ ᠲᠣᠬᠢᠷᠠᠭᠤᠯᠵᠤ᠂ ᠢᠳᠡᠭᠡᠨ᠎ᠦ ᠵᠦᠢᠯ᠎ᠦᠨ ᠠᠮᠤᠷ ᠲᠦᠪᠱᠢᠨ᠎ᠦ ᠬᠠᠮᠢᠶᠠᠷᠤᠯᠲᠠ᠎ᠶᠢᠨ ᠠᠵᠢᠯᠲᠠᠨ᠎ᠢ ᠲᠣᠭᠲᠠᠭᠠᠯ ᠶᠣᠰᠣᠭᠠᠷ ᠲᠣᠬᠢᠷᠠᠭᠤᠯᠤᠨ᠂ ᠢᠳᠡᠭᠡᠨ᠎ᠦ ᠵᠦᠢᠯ᠎ᠦᠨ ᠠᠮᠤᠷ ᠲᠦᠪᠱᠢᠨ᠎ᠦ ᠬᠠᠤᠯᠢ ᠴᠠᠭᠠᠵᠠ ᠬᠠᠤᠯᠢ ᠲᠣᠭᠲᠠᠭᠠᠯ ᠵᠢᠴᠢ 《ᠢᠳᠡᠭᠡᠨ᠎ᠦ ᠵᠦᠢᠯ᠎ᠦᠨ ᠠᠮᠤᠷ ᠲᠦᠪᠱᠢᠨ᠎ᠦ ᠤᠯᠤᠰ᠎ᠤᠨ ᠪᠠᠷᠢᠮᠵᠢᠶ᠎ᠠ ᠢᠳᠡᠭᠡᠨ ᠤᠮᠳᠠᠭᠠᠨ᠎ᠤ ᠦᠢᠯᠡᠴᠢᠯᠡᠭᠡᠨ᠎ᠦ ᠨᠡᠢᠳᠡᠮ ᠬᠡᠷᠡᠭᠯᠡᠬᠦ ᠡᠷᠡᠭᠦᠯ ᠬᠠᠮᠠᠭᠠᠯᠠᠯ᠎ᠤᠨ ᠵᠢᠷᠤᠮᠵᠢᠯ》 (GB31654 - 2021)᠂ 《ᠢᠳᠡᠭᠡᠨ ᠤᠮᠳᠠᠭᠠᠨ᠎ᠤ ᠦᠢᠯᠡᠴᠢᠯᠡᠭᠡᠨ᠎ᠦ ᠢᠳᠡᠭᠡᠨ᠎ᠦ ᠵᠦᠢᠯ᠎ᠦᠨ ᠠᠮᠤᠷ ᠲᠦᠪᠱᠢᠨ᠎ᠦ ᠠᠵᠢᠯᠯᠠᠭᠠᠨ᠎ᠤ ᠵᠢᠷᠤᠮᠵᠢᠯ》 ᠵᠡᠷᠭᠡ ᠬᠣᠯᠪᠣᠭᠳᠠᠯ ᠪᠦᠬᠦᠢ ᠱᠠᠭᠠᠷᠳᠠᠯᠭ᠎ᠠ᠎ᠶᠢ ᠴᠢᠩᠭ᠎ᠠ ᠨᠠᠢᠳᠠᠪᠤᠷᠢᠵᠢᠭᠤᠯᠬᠤ ᠬᠡᠷᠡᠭᠲᠡᠢ᠃
ᠰᠤᠷᠭᠠᠭᠤᠯᠢ᠎ᠶᠢᠨ ᠭᠠᠳᠠᠨ᠎ᠠ᠎ᠠᠴᠠ ᠬᠣᠭᠣᠯᠠ ᠬᠠᠩᠭᠠᠬᠤ ᠨᠢᠭᠡᠴᠢ᠎ᠨᠢ ᠡᠵᠡᠩᠨᠡᠵᠦ ᠪᠦᠬᠦᠢ ᠢᠳᠡᠭᠡᠨ᠎ᠦ ᠵᠦᠢᠯ᠎ᠦᠨ ᠲᠥᠷᠥᠯ ᠵᠦᠢᠯ᠂ ᠲᠣᠭ᠎ᠠ ᠬᠡᠮᠵᠢᠶ᠎ᠡ᠎ᠯᠦᠭᠡ ᠬᠠᠷᠢᠯᠴᠠᠨ ᠲᠣᠬᠢᠷᠠᠯᠴᠠᠬᠤ ᠦᠢᠯᠡᠳᠪᠦᠷᠢᠯᠡᠯ ᠡᠵᠡᠩᠨᠡᠯᠲᠡ᠎ᠶᠢᠨ ᠨᠥᠬᠥᠴᠡᠯ᠎ᠢᠶᠡᠨ ᠦᠷᠭᠦᠯᠵᠢᠯᠡᠨ ᠪᠠᠲᠤᠯᠠᠵᠤ᠂ ᠪᠣᠯᠪᠠᠰᠤᠷᠠᠭᠤᠯᠤᠨ ᠦᠢᠯᠡᠳᠬᠦ ᠶᠠᠪᠤᠴᠠ᠎ᠶᠢ ᠴᠢᠩᠭ᠎ᠠ ᠡᠵᠡᠮᠳᠡᠨ᠂ ᠵᠥᠭᠡᠭᠡᠪᠦᠷᠢᠯᠡᠵᠦ ᠲᠣᠬᠢᠷᠠᠭᠤᠯᠤᠨ ᠬᠦᠷᠭᠡᠬᠦ ᠶᠠᠪᠤᠴᠠ᠎ᠳᠠᠬᠢ ᠢᠳᠡᠭᠡᠨ᠎ᠦ ᠵᠦᠢᠯ᠎ᠦᠨ ᠠᠮᠤᠷ ᠲᠦᠪᠱᠢᠨ᠎ᠦ ᠬᠠᠮᠢᠶᠠᠷᠤᠯᠲᠠ᠎ᠪᠠᠨ ᠴᠢᠩᠭᠠᠳᠭᠠᠵᠤ᠂ ᠡᠵᠡᠩᠨᠡᠵᠦ ᠪᠦᠬᠦᠢ ᠢᠳᠡᠭᠡᠨ᠎ᠦ ᠵᠦᠢᠯ᠎ᠦᠨ ᠶᠠᠰᠤ ᠴᠢᠨᠠᠷ ᠪᠠ ᠠᠮᠤᠷ ᠲᠦᠪᠱᠢᠨ᠎ᠢᠶᠡᠨ ᠦᠨᠡᠨᠬᠦ ᠪᠠᠲᠤᠯᠠᠬᠤ ᠬᠡᠷᠡᠭᠲᠡᠢ᠃
ᠭᠤᠷᠪᠠ᠂ ᠬᠠᠷᠢᠶᠠᠲᠤ ᠭᠠᠵᠠᠷ ᠵᠢᠴᠢ ᠰᠠᠯᠠᠭ᠎ᠠ ᠮᠥᠴᠢᠷ᠎ᠦᠨ ᠢᠳᠡᠭᠡᠨ᠎ᠦ ᠵᠦᠢᠯ᠎ᠦᠨ ᠠᠮᠤᠷ ᠲᠦᠪᠱᠢᠨ᠎ᠦ ᠬᠢᠨᠠᠯᠲᠠ ᠬᠠᠮᠢᠶᠠᠷᠤᠯᠲᠠ᠎ᠶᠢᠨ ᠬᠠᠷᠢᠭᠤᠴᠠᠯᠭ᠎ᠠ᠎ᠶᠢ ᠴᠢᠩᠭ᠎ᠠ ᠨᠠᠢᠳᠠᠪᠤᠷᠢᠵᠢᠭᠤᠯᠬᠤ ᠬᠡᠷᠡᠭᠲᠡᠢ
ᠰᠤᠷᠭᠠᠨ ᠬᠥᠮᠦᠵᠢᠯ᠎ᠦᠨ ᠰᠠᠯᠠᠭ᠎ᠠ ᠮᠥᠴᠢᠷ᠎ᠨᠢ ᠬᠣᠭᠣᠯᠠ ᠵᠠᠬᠢᠶᠠᠯᠠᠬᠤ ᠰᠤᠷᠭᠠᠭᠤᠯᠢ᠎ᠶᠢ ᠱᠢᠮᠳᠠᠭᠤᠯᠤᠨ ᠵᠢᠯᠣᠭᠣᠳᠴᠤ ᠪᠠᠢᠭᠠᠳ ᠢᠳᠡᠭᠡᠨ᠎ᠦ ᠵᠦᠢᠯ᠎ᠦᠨ ᠠᠮᠤᠷ ᠲᠦᠪᠱᠢᠨ᠎ᠦ ᠬᠠᠮᠢᠶᠠᠷᠤᠯᠲᠠ᠎ᠶᠢᠨ ᠳᠦᠷᠢᠮ᠎ᠢ ᠪᠠᠢᠭᠤᠯᠤᠨ ᠪᠦᠷᠢᠨᠱᠢᠭᠦᠯᠵᠦ᠂ ᠰᠤᠷᠭᠠᠭᠤᠯᠢᠶᠢᠨᠬᠢᠨᠳᠦ ᠭᠠᠳᠠᠨ᠎ᠠ᠎ᠠᠴᠠ ᠬᠣᠭᠣᠯᠠ ᠬᠠᠩᠭᠠᠬᠤ ᠬᠠᠮᠢᠶᠠᠷᠤᠯᠲᠠ᠎ᠶᠢᠨ ᠲᠠᠯ᠎ᠠ᠎ᠪᠠᠷ᠎ᠬᠢ ᠪᠠᠢᠴᠠᠭᠠᠯᠲᠠ᠂ ᠱᠢᠯᠭᠠᠨ ᠬᠢᠨᠠᠵᠤ ᠦᠨᠡᠯᠡᠯᠲᠡ ᠬᠢᠬᠦ᠎ᠪᠡᠨ ᠴᠢᠩᠭᠠᠳᠭᠠᠨ᠂ ᠵᠠᠬ᠎ᠠ ᠳᠡᠯᠭᠡᠭᠦᠷ᠎ᠦᠨ ᠬᠢᠨᠠᠯᠲᠠ ᠬᠠᠮᠢᠶᠠᠷᠤᠯᠲᠠ᠂ ᠡᠷᠡᠭᠦᠯ ᠬᠠᠮᠠᠭᠠᠯᠠᠯ ᠡᠷᠡᠭᠦᠯ ᠮᠡᠨᠳᠦ᠂ ᠳᠣᠲᠣᠭᠠᠳᠤ᠎ᠶᠢ ᠬᠠᠮᠠᠭᠠᠯᠠᠬᠤ ᠵᠡᠷᠭᠡ ᠬᠠᠮᠢᠶ᠎ᠠ ᠪᠦᠬᠦᠢ ᠰᠠᠯᠠᠭ᠎ᠠ ᠮᠥᠴᠢᠷ᠎ᠦᠳ᠎ᠦᠨ ᠰᠤᠷᠭᠠᠭᠤᠯᠢ ᠪᠠ ᠰᠤᠷᠭᠠᠭᠤᠯᠢ᠎ᠶᠢᠨ ᠭᠠᠳᠠᠨ᠎ᠠ᠎ᠠᠴᠠ ᠬᠣᠭᠣᠯᠠ ᠬᠠᠩᠭᠠᠬᠤ ᠨᠢᠭᠡᠴᠢ᠎ᠳᠦ ᠬᠢᠨᠠᠯᠲᠠ ᠲᠠᠯᠪᠢᠵᠤ ᠪᠠᠢᠴᠠᠭᠠᠬᠤ ᠪᠠ ᠢᠳᠡᠭᠡᠨ᠎ᠦ ᠵᠦᠢᠯ᠎ᠦᠨ ᠠᠮᠤᠷ ᠲᠦᠪᠱᠢᠨ᠎ᠦ ᠠᠳᠠᠯᠢ ᠠᠷᠭᠠᠴᠠᠭᠠᠬᠤ ᠠᠵᠢᠯ ᠥᠷᠨᠢᠭᠦᠯᠬᠦ᠎ᠳᠦ᠎ᠨᠢ ᠬᠠᠮᠵᠢᠯᠴᠠᠬᠤ ᠬᠡᠷᠡᠭᠲᠡᠢ᠃
ᠵᠠᠬ᠎ᠠ ᠳᠡᠯᠭᠡᠭᠦᠷ᠎ᠦᠨ ᠬᠢᠨᠠᠯᠲᠠ ᠬᠠᠮᠢᠶᠠᠷᠤᠯᠲᠠ᠎ᠶᠢᠨ ᠰᠠᠯᠠᠭ᠎ᠠ ᠮᠥᠴᠢᠷ᠎ᠨᠢ ᠬᠣᠭᠣᠯᠠ ᠵᠠᠬᠢᠶᠠᠯᠠᠬᠤ ᠰᠤᠷᠭᠠᠭᠤᠯᠢ ᠪᠠ ᠰᠤᠷᠭᠠᠭᠤᠯᠢ᠎ᠶᠢᠨ ᠭᠠᠳᠠᠨ᠎ᠠ᠎ᠠᠴᠠ ᠬᠣᠭᠣᠯᠠ ᠬᠠᠩᠭᠠᠬᠤ ᠨᠢᠭᠡᠴᠢ᠎ᠳᠦ ᠢᠳᠡᠭᠡᠨ᠎ᠦ ᠵᠦᠢᠯ᠎ᠦᠨ ᠠᠮᠤᠷ ᠲᠦᠪᠱᠢᠨ᠎ᠦ ᠬᠢᠨᠠᠯᠲᠠ ᠬᠠᠮᠢᠶᠠᠷᠤᠯᠲᠠ᠎ᠪᠠᠨ ᠴᠢᠩᠭᠠᠳᠭᠠᠵᠤ᠂ ᠡᠳᠦᠷ ᠲᠤᠲᠤᠮ᠎ᠤᠨ ᠬᠢᠨᠠᠯᠲᠠ ᠪᠠᠢᠴᠠᠭᠠᠯᠲᠠ᠎ᠨᠢ ᠵᠢᠯ᠎ᠳᠦ 4 ᠤᠳᠠᠭ᠎ᠠ᠎ᠠᠴᠠ ᠳᠤᠲᠠᠭᠤ ᠦᠭᠡᠢ (ᠵᠠᠷᠴᠢᠮ ᠳᠡᠭᠡᠷ᠎ᠡ᠎ᠪᠡᠨ ᠰᠤᠷᠤᠯᠭ᠎ᠠ᠎ᠶᠢᠨ ᠬᠤᠭᠤᠴᠠᠭ᠎ᠠ ᠪᠦᠷᠢ 2 ᠤᠳᠠᠭ᠎ᠠ᠎ᠠᠴᠠ ᠳᠤᠲᠠᠭᠤ ᠦᠭᠡᠢ ᠪᠠᠢᠯᠭᠠᠬᠤ ᠬᠡᠷᠡᠭᠲᠡᠢ) ᠪᠠᠢᠯᠭᠠᠨ᠎ᠠ; ᠢᠳᠡᠭᠡᠨ᠎ᠦ ᠵᠦᠢᠯ᠎ᠦᠨ ᠠᠮᠤᠷ ᠲᠦᠪᠱᠢᠨ᠎ᠦ ᠠᠵᠢᠯ᠎ᠤᠨ ᠬᠡᠷᠡᠭᠴᠡᠭᠡ᠎ᠪᠡᠨ ᠦᠨᠳᠦᠰᠦᠯᠡᠨ᠂ ᠰᠤᠷᠭᠠᠨ ᠬᠥᠮᠦᠵᠢᠯ ᠵᠡᠷᠭᠡ ᠰᠠᠯᠠᠭ᠎ᠠ ᠮᠥᠴᠢᠷ᠎ᠲᠡᠢ ᠬᠠᠮᠲᠤᠷᠠᠯᠴᠠᠨ ᠬᠣᠭᠣᠯᠠ ᠵᠠᠬᠢᠶᠠᠯᠠᠬᠤ ᠰᠤᠷᠭᠠᠭᠤᠯᠢ ᠪᠤᠶᠤ ᠰᠤᠷᠭᠠᠭᠤᠯᠢ᠎ᠶᠢᠨ ᠭᠠᠳᠠᠨ᠎ᠠ᠎ᠠᠴᠠ ᠬᠣᠭᠣᠯᠠ ᠬᠠᠩᠭᠠᠬᠤ ᠨᠢᠭᠡᠴᠢ᠎ᠳᠦ ᠲᠠᠱᠢᠷᠠᠮ᠎ᠢᠶᠠᠷ ᠬᠢᠨᠠᠯᠲᠠ ᠲᠠᠯᠪᠢᠵᠤ ᠪᠠᠢᠴᠠᠭᠠᠬᠤ ᠠᠵᠢᠯ᠎ᠢ ᠥᠷᠨᠢᠭᠦᠯᠬᠦ ᠬᠡᠷᠡᠭᠲᠡᠢ᠃
ᠵᠠᠬ᠎ᠠ ᠳᠡᠯᠭᠡᠭᠦᠷ᠎ᠦᠨ ᠬᠢᠨᠠᠯᠲᠠ ᠬᠠᠮᠢᠶᠠᠷᠤᠯᠲᠠ᠂ ᠰᠤᠷᠭᠠᠨ ᠬᠥᠮᠦᠵᠢᠯ ᠵᠡᠷᠭᠡ ᠰᠠᠯᠠᠭ᠎ᠠ ᠮᠥᠴᠢᠷ᠎ᠨᠢ ᠪᠠᠢᠩᠭᠤ᠎ᠶᠢᠨ ᠬᠠᠷᠢᠯᠴᠠᠬᠤ ᠲᠣᠭᠲᠠᠴᠠ ᠪᠠᠢᠭᠤᠯᠵᠤ᠂ ᠮᠡᠳᠡᠭᠡ ᠵᠠᠩᠭᠢ ᠪᠠ ᠳ᠋ᠠᠢᠲ᠋ᠠ᠎ᠶᠢ ᠬᠠᠮᠲᠤ᠎ᠳᠤ᠎ᠪᠠᠨ ᠭᠥᠷᠳᠡᠬᠦ᠎ᠶᠢ ᠴᠢᠩᠭᠠᠳᠭᠠᠨ᠂ ᠬᠠᠮᠵᠢᠯᠴᠠᠵᠤ ᠬᠠᠮᠲᠤᠷᠠᠯᠴᠠᠬᠤ᠎ᠪᠠᠨ ᠴᠢᠩᠭᠠᠷᠠᠭᠤᠯᠵᠤ᠂ ᠬᠢᠨᠠᠯᠲᠠ ᠬᠠᠮᠢᠶᠠᠷᠤᠯᠲᠠ᠎ᠶᠢᠨ ᠨᠡᠢᠯᠡᠮᠡᠯ ᠬᠦᠴᠦᠨ᠎ᠢ ᠪᠣᠢ ᠪᠣᠯᠭᠠᠨ᠂ ᠰᠤᠷᠭᠠᠭᠤᠯᠢ᠎ᠶᠢᠨ ᠭᠠᠳᠠᠨ᠎ᠠ᠎ᠠᠴᠠ ᠬᠣᠭᠣᠯᠠ ᠬᠠᠩᠭᠠᠬᠤ ᠢᠳᠡᠭᠡᠨ᠎ᠦ ᠵᠦᠢᠯ᠎ᠦᠨ ᠠᠮᠤᠷ ᠲᠦᠪᠱᠢᠨ᠎ᠢ ᠪᠦᠬᠦ ᠬᠦᠴᠦᠨ᠎ᠢᠶᠡᠷ᠎ᠢᠶᠡᠨ ᠪᠠᠲᠤᠯᠠᠬᠤ ᠬᠡᠷᠡᠭᠲᠡᠢ᠃
ᠳᠥᠷᠪᠡ᠂ ᠬᠠᠷᠢᠭᠤᠴᠠᠯᠭ᠎ᠠ ᠨᠡᠬᠡᠮᠵᠢᠯᠡᠬᠦ᠎ᠶᠢ ᠴᠢᠩᠭ᠎ᠠ ᠨᠠᠢᠳᠠᠪᠤᠷᠢᠵᠢᠭᠤᠯᠬᠤ ᠬᠡᠷᠡᠭᠲᠡᠢ
ᠬᠣᠭᠣᠯᠠ ᠵᠠᠬᠢᠶᠠᠯᠠᠬᠤ ᠰᠤᠷᠭᠠᠭᠤᠯᠢ᠎ᠶᠢᠨ ᠵᠠᠬᠢᠷᠤᠯ ᠪᠤᠶᠤ ᠢᠳᠡᠭᠡᠨ᠎ᠦ ᠵᠦᠢᠯ᠎ᠦᠨ ᠠᠮᠤᠷ ᠲᠦᠪᠱᠢᠨ᠎ᠦ ᠬᠠᠮᠢᠶᠠᠷᠤᠯᠲᠠ᠎ᠶᠢᠨ ᠠᠵᠢᠯᠲᠠᠨ᠎ᠳᠤ ᠬᠠᠷᠢᠭᠤᠴᠠᠯᠭ᠎ᠠ᠎ᠪᠠᠨ ᠠᠯᠳᠠᠭᠰᠠᠨ ᠦᠢᠯᠡ ᠠᠵᠢᠯᠯᠠᠭ᠎ᠠ᠎ᠲᠠᠢ ᠪᠠᠢᠬᠤ᠎ᠶᠢ ᠪᠠᠢᠴᠠᠭᠠᠨ ᠢᠯᠡᠷᠡᠭᠦᠯᠪᠡᠯ᠂ ᠬᠣᠯᠪᠣᠭᠳᠠᠯ ᠪᠦᠬᠦᠢ ᠰᠤᠷᠭᠠᠨ ᠬᠥᠮᠦᠵᠢᠯ᠎ᠦᠨ ᠰᠠᠯᠠᠭ᠎ᠠ ᠮᠥᠴᠢᠷ᠎ᠡᠴᠡ ᠬᠠᠮᠢᠶᠠᠷᠤᠯᠲᠠ᠎ᠶᠢᠨ ᠡᠷᠬᠡ᠎ᠶᠢᠨ ᠬᠢᠵᠠᠭᠠᠷ᠂ ᠪᠣᠳᠠᠲᠠᠢ ᠦᠢᠯᠡ ᠪᠠᠢᠳᠠᠯ᠎ᠢᠶᠠᠷ᠎ᠨᠢ ᠳᠣᠩᠭᠣᠳᠬᠤ᠂ ᠣᠰᠣᠯ ᠲᠡᠮᠳᠡᠭᠯᠡᠬᠦ᠂ ᠠᠵᠢᠯ᠎ᠤᠨ ᠪᠠᠢᠷᠢ᠎ᠶᠢᠨ ᠵᠡᠷᠭᠡ ᠳᠡᠰ᠎ᠢ᠎ᠨᠢ ᠪᠠᠭᠤᠷᠠᠭᠤᠯᠬᠤ᠂ ᠲᠤᠱᠢᠶᠠᠯ᠎ᠠᠴᠠ᠎ᠨᠢ ᠣᠭᠴᠣᠷᠠᠭᠤᠯᠬᠤ ᠪᠤᠶᠤ ᠠᠵᠢᠯ᠎ᠠᠴᠠ᠎ᠨᠢ ᠬᠥᠭᠡᠭᠡᠬᠦ ᠵᠡᠷᠭᠡ ᠱᠢᠢᠳᠬᠡᠯ ᠥᠭᠭᠦᠨ᠎ᠡ; ᠶᠠᠯᠠᠳᠤ ᠬᠦᠷᠦᠭᠰᠡᠨ ᠪᠠᠢᠪᠠᠯ ᠬᠠᠤᠯᠢ ᠶᠣᠰᠣᠭᠠᠷ ᠬᠠᠤᠯᠢ ᠴᠠᠭᠠᠵᠠ᠎ᠶᠢᠨ ᠪᠠᠢᠭᠤᠯᠭ᠎ᠠ᠎ᠳᠤ ᠱᠢᠯᠵᠢᠭᠦᠯᠦᠨ ᠬᠦᠷᠭᠡᠨ᠎ᠡ᠃
ᠰᠤᠷᠭᠠᠭᠤᠯᠢ᠎ᠶᠢᠨ ᠭᠠᠳᠠᠨ᠎ᠠ᠎ᠠᠴᠠ ᠬᠣᠭᠣᠯᠠ ᠬᠠᠩᠭᠠᠬᠤ ᠨᠢᠭᠡᠴᠢ᠎ᠶᠢᠨ ᠢᠳᠡᠭᠡᠨ᠎ᠦ ᠵᠦᠢᠯ᠎ᠦᠨ ᠠᠮᠤᠷ ᠲᠦᠪᠱᠢᠨ᠎ᠦ ᠬᠠᠮᠢᠶᠠᠷᠤᠯᠲᠠ᠎ᠶᠢᠨ ᠠᠵᠢᠯ᠎ᠳᠤ ᠠᠰᠠᠭᠤᠳᠠᠯ ᠣᠷᠣᠱᠢᠵᠤ ᠪᠠᠢᠬᠤ᠎ᠶᠢ ᠢᠯᠡᠷᠡᠭᠦᠯᠪᠡᠯ᠂ ᠬᠠᠤᠯᠢ ᠶᠣᠰᠣᠭᠠᠷ ᠵᠠᠷᠯᠢᠭᠳᠠᠵᠤ ᠪᠠᠢᠭᠠᠳ ᠴᠡᠭᠴᠡᠯᠡᠨ ᠰᠠᠢᠵᠢᠷᠠᠭᠤᠯᠬᠤ᠂ ᠠᠵᠢᠯ᠎ᠢ᠎ᠨᠢ ᠵᠣᠭᠰᠣᠭᠠᠨ ᠴᠡᠭᠴᠡᠯᠡᠬᠦ ᠪᠤᠶᠤ ᠵᠥᠪᠱᠢᠶᠡᠷᠡᠯ᠎ᠦᠨ ᠦᠨᠡᠮᠯᠡᠯ᠎ᠢ᠎ᠨᠢ ᠬᠤᠷᠢᠶᠠᠨ ᠠᠪᠴᠤ ᠬᠦᠴᠦᠨ ᠦᠭᠡᠢ ᠪᠣᠯᠭᠠᠬᠤ ᠵᠡᠷᠭᠡ᠎ᠪᠡᠷ ᠵᠠᠷᠯᠢᠭᠳᠠᠬᠤ ᠪᠤᠶᠤ ᠱᠢᠢᠳᠬᠡᠯ ᠥᠭᠴᠦ᠂ ᠬᠠᠮᠢᠶ᠎ᠠ ᠪᠦᠬᠦᠢ ᠬᠠᠷᠢᠭᠤᠴᠠᠯᠭᠠᠲᠠᠨ᠎ᠳᠤ ᠬᠠᠤᠯᠢ ᠶᠣᠰᠣᠭᠠᠷ ᠢᠳᠡᠭᠡᠨ᠎ᠦ ᠵᠦᠢᠯ᠎ᠦᠨ ᠦᠢᠯᠡᠳᠪᠦᠷᠢᠯᠡᠯ ᠡᠵᠡᠩᠨᠡᠯᠲᠡ᠎ᠶᠢᠨ ᠠᠵᠢᠯ ᠡᠷᠬᠢᠯᠡᠬᠦ᠎ᠶᠢ᠎ᠨᠢ ᠬᠢᠵᠠᠭᠠᠷᠯᠠᠬᠤ ᠪᠤᠶᠤ ᠴᠠᠭᠠᠵᠠᠯᠠᠬᠤ ᠱᠢᠢᠳᠬᠡᠯ ᠥᠭᠭᠦᠨ᠎ᠡ᠂ ᠶᠠᠯᠠᠳᠤ ᠬᠦᠷᠦᠭᠰᠡᠨ ᠪᠠᠢᠪᠠᠯ ᠬᠠᠤᠯᠢ ᠶᠣᠰᠣᠭᠠᠷ ᠬᠠᠤᠯᠢ ᠴᠠᠭᠠᠵᠠ᠎ᠶᠢᠨ ᠪᠠᠢᠭᠤᠯᠭ᠎ᠠ᠎ᠳᠤ ᠱᠢᠯᠵᠢᠭᠦᠯᠦᠨ ᠬᠦᠷᠭᠡᠨ᠎ᠡ᠃
ᠪᠠᠢᠴᠠᠭᠠᠬᠤ᠎ᠪᠠᠷ ᠳᠠᠮᠵᠢᠭᠠᠳ ᠭᠣᠣᠯᠴᠢᠯᠠᠨ ᠬᠠᠮᠢᠶᠠᠷᠬᠤ᠂ ᠬᠢᠨᠠᠨ ᠬᠠᠮᠢᠶᠠᠷᠬᠤ ᠰᠠᠯᠠᠭ᠎ᠠ ᠮᠥᠴᠢᠷ᠎ᠲᠦ ᠲᠤᠱᠢᠶᠠᠯ᠎ᠳᠤ᠎ᠪᠠᠨ ᠣᠰᠣᠯᠳᠠᠵᠤ᠂ ᠬᠠᠷᠢᠭᠤᠴᠠᠯᠭ᠎ᠠ ᠠᠯᠳᠠᠭᠰᠠᠨ ᠪᠠᠢᠬᠤ᠎ᠶᠢ ᠢᠯᠡᠷᠡᠭᠦᠯᠪᠡᠯ᠂ ᠬᠣᠯᠪᠣᠭᠳᠠᠯ ᠪᠦᠬᠦᠢ ᠬᠥᠮᠦᠰ᠎ᠦᠨ ᠬᠠᠷᠢᠭᠤᠴᠠᠯᠭ᠎ᠠ᠎ᠶᠢ ᠴᠢᠩᠭ᠎ᠠ ᠨᠡᠬᠡᠮᠵᠢᠯᠡᠵᠦ᠂ ᠲᠣᠭᠲᠠᠭᠠᠯ ᠶᠣᠰᠣᠭᠠᠷ ᠳᠣᠩᠭᠣᠳᠬᠤ᠂ ᠣᠰᠣᠯ ᠲᠡᠮᠳᠡᠭᠯᠡᠬᠦ᠂ ᠶᠡᠬᠡ ᠣᠰᠣᠯ ᠲᠡᠮᠳᠡᠭᠯᠡᠬᠦ᠂ ᠵᠡᠷᠭᠡ ᠳᠡᠰ᠎ᠢ᠎ᠨᠢ ᠪᠠᠭᠤᠷᠠᠭᠤᠯᠬᠤ᠂ ᠲᠤᠱᠢᠶᠠᠯ᠎ᠠᠴᠠ᠎ᠨᠢ ᠣᠭᠴᠣᠷᠠᠭᠤᠯᠬᠤ ᠪᠤᠶᠤ ᠠᠯᠪᠠᠨ ᠲᠤᠱᠢᠶᠠᠯ᠎ᠠᠴᠠ᠎ᠨᠢ ᠬᠥᠭᠡᠭᠡᠬᠦ ᠵᠡᠷᠭᠡ ᠱᠢᠢᠳᠬᠡᠯ ᠥᠭᠭᠦᠨ᠎ᠡ; ᠶᠠᠯᠠᠳᠤ ᠬᠦᠷᠦᠭᠰᠡᠨ ᠪᠠᠢᠪᠠᠯ ᠬᠠᠤᠯᠢ ᠶᠣᠰᠣᠭᠠᠷ ᠬᠠᠤᠯᠢ ᠴᠠᠭᠠᠵᠠ᠎ᠶᠢᠨ ᠪᠠᠢᠭᠤᠯᠭ᠎ᠠ᠎ᠳᠤ ᠱᠢᠯᠵᠢᠭᠦᠯᠦᠨ ᠬᠦᠷᠭᠡᠨ᠎ᠡ᠃