ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ
ᠰᠢᠨᠵᠢᠯᠡᠭᠡ ᠮᠡᠷᠭᠡᠵᠢᠯ
ᠦᠢᠯᠡᠴᠢᠯᠡᠭᠡ   -   ᠣᠶᠣᠨ᠎ᠤ ᠥᠮᠴᠢ
ᠳᠤᠰᠬᠠᠢ ᠠᠰᠢᠭ᠎ᠤᠨ ᠡᠷᠬᠡ
ᠨᠡᠶ᠋ᠢᠲᠡᠯᠡᠭᠰᠡᠨ ᠴᠠᠭ᠄ 2019-10-23

    1. ᠳᠤᠰᠬᠠᠢ ᠠᠰᠢᠭ᠎ᠤᠨ ᠡᠷᠬᠡ ᠭᠡᠭᠴᠢ ᠶᠠᠭᠤ ᠪᠤᠢ?
    ᠲᠤᠰᠬᠠᠶ ᠠᠰᠢᠭ᠎ᠤᠨ ᠡᠷᠬᠡ ᠭᠡᠳᠡᠭ ᠪᠣᠯ ᠲᠥᠷᠥ ᠵᠢᠨ ᠶᠠᠪᠤᠳᠠᠯ᠎ᠤᠨ ᠬᠣᠷᠢᠶ᠎ᠠ ᠵᠢᠨ ᠲᠤᠰᠬᠠᠶ ᠠᠰᠢᠭ᠎ᠤᠨ ᠵᠠᠰᠠᠭ ᠵᠠᠬᠢᠷᠭ᠋ᠠᠨ᠎ᠤ ᠰᠠᠯᠠᠭ᠎ᠠ ᠮᠥᠴᠢᠷ (ᠤᠯᠤᠰ᠎ᠤᠨ ᠮᠡᠳᠡᠯᠭᠡ ᠵᠢᠨ ᠥᠮᠴᠢᠯᠡᠯ᠎ᠤᠨ ᠡᠷᠬᠡ ᠵᠢᠨ ᠲᠣᠪᠴᠢᠶ᠎ᠠ)᠎ᠠᠴᠠ ᠭᠤᠶᠤᠴᠢᠯᠠᠭᠴᠢ᠎ᠳᠤ ᠣᠯᠭᠤᠭᠰᠠᠨ ᠵᠣᠬᠢᠬᠤ ᠬᠤᠭᠤᠴᠠᠭ᠋ᠠᠨ ᠳᠣᠲᠣᠷ᠎ᠠ ᠲᠡᠭᠦᠨ᠎ᠤ ᠡᠭᠦᠳᠦᠨ ᠪᠦᠲᠦᠭᠡᠯᠲᠡ᠎ᠳᠤ ᠭᠠᠭᠴᠠᠭ᠋ᠠᠷ ᠡᠵᠡᠮᠰᠢᠬᠦ ᠵᠢ ᠬᠡᠷᠡᠭᠵᠢᠭᠦᠯᠬᠦ ᠳᠤᠰᠬᠠᠢ ᠡᠷᠬᠡ ᠵᠢ ᠵᠢᠭ᠋ᠠᠳᠠᠭ᠃ ᠲᠤᠰᠬᠠᠶ ᠠᠰᠢᠭ᠎ᠤᠨ ᠡᠷᠬᠡ᠎ᠳᠤ ᠡᠭᠦᠳᠦᠯᠲᠡ ᠪᠦᠳᠦᠭᠡᠯᠲᠡ ᠵᠢᠨ ᠲᠤᠰᠬᠠᠢ ᠠᠰᠢᠭ᠂ ᠬᠡᠷᠡᠭᠯᠡᠭᠡᠨ᠎ᠤ ᠰᠢᠨ᠎ᠡ ᠬᠡᠯᠪᠡᠷᠢ ᠵᠢᠨ ᠲᠤᠰᠬᠠᠢ ᠠᠰᠢᠭ ᠪᠠ ᠭᠠᠳᠠᠷ ᠳᠦᠷᠰᠦ ᠵᠢᠨ ᠵᠢᠷᠤᠭ ᠲᠦᠯᠦᠪᠯᠡᠭᠡ ᠵᠢᠨ ᠲᠤᠰᠬᠠᠢ ᠠᠰᠢᠭ ᠬᠡᠵᠦ ᠭᠤᠷᠪᠠᠨ ᠵᠦᠢ᠍ᠯ ᠪᠠᠢ᠍ᠳᠠᠭ᠃ ᠡᠭᠦᠳᠦᠯᠲᠡ ᠪᠦᠳᠦᠭᠡᠯᠲᠡ ᠵᠢᠨ ᠲᠤᠰᠬᠠᠢ ᠠᠰᠢᠭ ᠬᠡᠳᠡᠭ᠎ᠨᠢ ᠶᠠᠮᠠᠷ ᠨᠢᠭᠡᠨ ᠪᠦᠳᠦᠬᠡᠭᠳᠡᠭᠦᠨ᠎ᠢ ᠦᠢ᠍ᠯᠡᠳᠬᠦ ᠠᠷᠭ᠎ᠠ ᠡᠰᠡᠭᠦᠯ᠎ᠡ ᠲᠡᠭᠦᠨ᠎ᠢ ᠰᠠᠢ᠍ᠵᠢᠷᠠᠭᠤᠯᠬᠤ ᠲᠠᠯ᠎ᠠ᠎ᠪᠠᠷ ᠳᠤᠷᠠᠳᠤᠭᠰᠠᠨ ᠰᠢᠨ᠎ᠡ ᠮᠡᠷᠭᠡᠵᠢᠯ᠎ᠤᠨ ᠲᠥᠰᠦᠯ᠎ᠢ ᠵᠢᠭ᠋ᠠᠳᠠᠭ᠃ ᠬᠡᠷᠡᠭᠯᠡᠭᠡᠨ᠎ᠤ ᠰᠢᠨ᠎ᠡ ᠬᠡᠯᠪᠡᠷᠢ ᠵᠢᠨ ᠲᠤᠰᠬᠠᠢ ᠠᠰᠢᠭ ᠬᠡᠳᠡᠭ᠎ᠨᠢ ᠶᠠᠮᠠᠷ ᠨᠢᠭᠡᠨ ᠪᠦᠳᠦᠭᠡᠭᠳᠡᠭᠦᠨ᠎ᠤ ᠬᠡᠯᠪᠡᠷᠢ ᠳᠦᠷᠰᠦ᠂ ᠪᠦᠲᠦᠴᠡ ᠡᠰᠡᠭᠦᠯ᠎ᠡ ᠬᠡᠷᠡᠭᠯᠡᠭᠡᠨ᠎ᠳᠤ ᠳᠣᠭᠢᠷᠠᠭᠰᠠᠨ ᠮᠡᠷᠭᠡᠵᠢᠯ᠎ᠤᠨ ᠰᠢᠨ᠎ᠡ ᠲᠥᠰᠦᠯ᠎ᠢ ᠵᠢᠭ᠋ᠠᠳᠠᠭ᠃ ᠭᠠᠳᠠᠷ ᠳᠦᠷᠰᠦ ᠵᠢᠨ ᠵᠢᠷᠤᠭ ᠲᠦᠯᠦᠪᠯᠡᠭᠡ ᠵᠢᠨ ᠲᠤᠰᠬᠠᠢ ᠠᠰᠢᠭ ᠬᠡᠳᠡᠭ᠎ᠨᠢ ᠶᠠᠮᠠᠷ ᠨᠢᠭᠡᠨ ᠪᠦᠳᠦᠭᠡᠭᠳᠡᠭᠦᠨ᠎ᠤ ᠬᠡᠯᠪᠡᠷᠢ ᠪᠠᠢ᠌ᠳᠠᠯ᠂ ᠵᠢᠷᠤᠭ ᠳᠦᠷᠰᠦ ᠪᠣᠶᠤ ᠡᠳᠡᠭᠡᠷ᠎ᠢ ᠪᠦᠳᠦᠭᠡᠭᠰᠡᠨ ᠵᠢᠴᠢ ᠦᠨᠭᠭᠡ ᠪᠤᠳᠤᠭ ᠪᠣᠯᠤᠨ ᠬᠡᠯᠪᠡᠷᠢ ᠪᠠᠢ᠌ᠳᠠᠯ᠂ ᠵᠢᠷᠤᠭ ᠳᠦᠷᠰᠦ᠎ᠲᠠᠢ ᠤᠶᠠᠯᠳᠤᠭᠤᠯᠵᠤ ᠪᠦᠳᠦᠭᠡᠭᠰᠡᠨ ᠭᠤᠸ᠎ᠠ ᠰᠠᠢ᠌ᠬᠠᠨ᠎ᠤ ᠰᠡᠷᠡᠭᠳᠡᠯ᠎ᠲᠠᠢ ᠪᠥᠭᠡᠳ ᠠᠵᠤ ᠦᠢ᠍ᠯᠡᠳᠪᠦᠷᠢ ᠵᠢᠨ ᠭᠡᠷᠡᠭᠯᠡᠭᠡᠨ᠎ᠳᠤ ᠳᠣᠬᠢᠷᠠᠭᠰᠠᠨ ᠰᠢᠨ᠎ᠡ ᠵᠢᠷᠤᠭ ᠳᠦᠯᠦᠪᠯᠡᠭᠡ ᠵᠢ ᠵᠢᠭ᠋ᠠᠳᠠᠭ᠃ ᠤᠯᠤᠰ᠎ᠤᠨ ᠪᠠᠲᠤᠯᠠᠨ ᠬᠠᠮᠠᠭ᠋ᠠᠯᠠᠯᠲᠠ ᠵᠢᠨ ᠲᠤᠰᠬᠠᠶ ᠠᠰᠢᠭ ᠭᠡᠳᠡᠭ᠎ᠨᠢ ᠤᠯᠤᠰ᠎ᠤᠨ ᠪᠠᠲᠤᠯᠠᠨ ᠬᠠᠮᠠᠭ᠋ᠠᠯᠠᠯᠲᠠ ᠵᠢᠨ ᠠᠰᠢᠭ ᠲᠤᠰᠠ᠎ᠳᠤ ᠬᠣᠯᠪᠤᠭᠳᠠᠬᠤ ᠪᠠ ᠤᠯᠤᠰ᠎ᠤᠨ ᠪᠠᠲᠤᠯᠠᠨ ᠬᠠᠮᠠᠭ᠋ᠠᠯᠠᠯᠲᠠ ᠵᠢᠨ ᠪᠠᠢ᠍ᠭᠤᠯᠤᠯᠲᠠ᠎ᠳᠤ ᠨᠢᠭᠤᠭᠳᠠᠮᠠᠯ ᠦᠢ᠍ᠯᠡᠳᠦᠯ ᠪᠦᠬᠦᠢ ᠨᠢᠭᠤᠴᠠ ᠵᠢ ᠬᠠᠮᠠᠭ᠋ᠠᠯᠠᠬᠤ ᠴᠢᠬᠤᠯᠠ᠎ᠲᠠᠢ ᠡᠭᠦᠳᠦᠡ ᠪᠦᠳᠦᠭᠡᠯᠳᠡ ᠵᠢᠨ ᠲᠤᠰᠬᠠᠶ ᠠᠰᠢᠭ᠎ᠢ ᠵᠢᠭ᠋ᠠᠳᠠᠭ᠃
   2. ᠲᠤᠰᠬᠠᠶ ᠠᠰᠢᠭ᠎ᠤᠨ ᠡᠷᠬᠡ ᠵᠢᠨ ᠠᠵᠢᠯ᠎ᠢ ᠡᠷᠬᠢᠯᠡᠨ ᠬᠠᠮᠢᠶᠠᠷᠬᠤ ᠰᠠᠯᠠᠭ᠎ᠠ ᠮᠥᠴᠢᠷ ᠠᠯᠢ ᠬᠡᠳᠦ ᠪᠠᠢ᠍ᠬᠤ ᠪᠤᠢ?
   (ᠨᠢᠭᠡ) ᠲᠦᠷᠦ ᠵᠢᠨ ᠶᠠᠪᠤᠳᠠᠯ᠎ᠤᠨ ᠬᠣᠷᠢᠶᠠᠨ᠎ᠤ ᠲᠤᠰᠬᠠᠶ ᠠᠰᠢᠭ᠎ᠤᠨ ᠵᠠᠰᠠᠭ ᠵᠠᠬᠢᠷᠭ᠋ᠠᠨ᠎ᠤ ᠰᠠᠯᠠᠭ᠎ᠠ ᠮᠥᠴᠢᠷ (ᠤᠯᠤᠰ᠎ᠤᠨ ᠮᠡᠳᠡᠯᠭᠡ ᠵᠢᠨ ᠥᠮᠴᠢᠯᠡᠯ᠎ᠤᠨ ᠡᠷᠬᠡ ᠵᠢᠨ ᠲᠣᠪᠴᠢᠶ᠎ᠠ)᠃ ᠪᠦᠬᠦ ᠤᠯᠤᠰ᠎ᠤᠨ ᠲᠤᠰᠬᠠᠶ ᠠᠰᠢᠭ᠎ᠤᠨ ᠠᠵᠢᠯ᠎ᠢ ᠬᠠᠷᠢᠭᠤᠴᠠᠨ ᠬᠠᠮᠢᠶᠠᠷᠴᠤ᠂ ᠲᠤᠰᠬᠠᠶ ᠠᠰᠢᠭ᠎ᠤᠨ ᠭᠤᠶᠤᠴᠢᠯᠠᠯ᠎ᠢ ᠨᠢᠭᠡᠳᠦᠯᠲᠡᠶ ᠬᠦᠯᠢᠶᠡᠠ ᠠᠪᠴᠤ ᠰᠢᠢ᠍ᠳᠪᠦᠷᠢᠯᠡᠬᠦ ᠪᠠ ᠬᠢᠨᠠᠨ ᠪᠠᠢ᠍ᠴᠠᠭ᠋ᠠᠵᠤ᠂ ᠲᠤᠰᠬᠠᠶ ᠠᠰᠢᠭ᠎ᠤᠨ ᠡᠷᠬᠡ ᠵᠢ ᠬᠠᠤᠯᠢ ᠶᠣᠰᠣᠭ᠋ᠠᠷ ᠣᠯᠭᠣᠨ᠎ᠠ᠃ ᠭᠣᠣᠯ ᠡᠭᠦᠷᠭᠡ ᠬᠠᠷᠢᠭᠤᠴᠠᠯᠭ᠎ᠠ ᠭᠡᠪᠡᠯ᠄ 《ᠲᠤᠰᠬᠠᠶ ᠠᠰᠢᠭ᠎ᠤᠨ ᠬᠠᠤᠯᠢ》 ᠬᠢᠭᠡᠳ ᠲᠡᠭᠦᠨ᠎ᠤ ᠬᠡᠷᠡᠭᠵᠢᠭᠦᠯᠬᠦ ᠨᠠᠷᠢᠨ ᠳᠦᠷᠢᠮ᠎ᠢ ᠬᠡᠷᠡᠭᠵᠢᠭᠦᠯᠵᠦ᠂ ᠬᠣᠯᠪᠣᠭᠳᠠᠯ ᠪᠦᠬᠦᠢ ᠲᠤᠰᠬᠠᠶ ᠠᠰᠢᠭ᠎ᠢ ᠬᠠᠮᠢᠶᠠᠷᠬᠤ ᠪᠠᠢ᠍ᠭᠤᠯᠭ᠎ᠠ ᠵᠢᠨ ᠬᠠᠤᠯᠢ ᠬᠡᠷᠡᠭᠵᠢᠭᠦᠯᠬᠦ ᠡᠭᠦᠷᠭᠡ ᠲᠤᠰᠢᠶᠠᠯ᠎ᠢ ᠰᠤᠳᠤᠯᠵᠤ᠂ ᠡᠯ᠎ᠡ ᠵᠦᠢ᠍ᠯ᠎ᠤᠨ ᠲᠤᠰᠬᠠᠶ ᠠᠰᠢᠭ᠎ᠤᠨ ᠬᠠᠤᠯᠢ ᠴᠠᠭ᠋ᠠᠵᠠ᠂ ᠬᠠᠤᠯᠢ ᠳᠦᠷᠢᠮ᠎ᠢ ᠬᠡᠷᠡᠭᠵᠢᠭᠦᠯᠬᠦ᠎ᠳᠤ ᠭᠢᠨᠠᠯᠳᠠ ᠳᠠᠯᠪᠢᠵᠣ᠂ ᠬᠠᠤᠯᠢ ᠵᠢ ᠵᠥᠷᠢᠴᠡᠵᠦ ᠡᠷᠬᠡ᠎ᠳᠤ ᠬᠠᠯᠳᠠᠭᠰᠠᠨ ᠦᠢ᠍ᠯᠡ ᠠᠵᠢᠯᠯᠠᠭ᠎ᠠ᠎ᠳᠤ ᠰᠢᠢ᠍ᠳᠬᠡᠯ ᠥᠭᠬᠦ ᠵᠡᠷᠭᠡ ᠪᠣᠯᠤᠨ᠎ᠠ᠃
   (ᠬᠣᠶᠠᠷ) ᠤᠯᠤᠰ᠎ᠤᠨ ᠮᠡᠳᠡᠯᠭᠡ ᠵᠢᠨ ᠥᠮᠴᠢᠯᠡᠯ᠎ᠤᠨ ᠡᠷᠬᠡ ᠵᠢᠨ ᠲᠣᠪᠴᠢᠶᠠᠨ᠎ᠤ ᠲᠤᠰᠬᠠᠶ ᠠᠰᠢᠭ᠎ᠢ ᠲᠡᠬᠢᠠ ᠬᠢᠨᠠᠬᠤ ᠺᠣᠮᠢᠰ᠃ ᠲᠦᠷᠦ ᠵᠢᠨ ᠶᠠᠪᠤᠳᠠᠯ᠎ᠤᠨ ᠬᠣᠷᠢᠶᠠᠨ᠎ᠤ ᠲᠤᠰᠬᠠᠶ ᠠᠰᠢᠭ᠎ᠤᠨ ᠵᠠᠰᠠᠭ ᠵᠠᠬᠢᠷᠭ᠋ᠠᠨ᠎ᠤ ᠰᠠᠯᠠᠭ᠎ᠠ ᠮᠥᠴᠢᠷ᠎ᠠᠴᠠ (ᠤᠯᠤᠰ᠎ᠤᠨ ᠮᠡᠳᠡᠯᠭᠡ ᠵᠢᠨ ᠥᠮᠴᠢᠯᠡᠯ᠎ᠤᠨ ᠡᠷᠬᠡ ᠵᠢᠨ ᠲᠣᠪᠴᠢᠶ᠎ᠠ) ᠵᠢᠭ᠋ᠠᠨ ᠲᠣᠭᠲᠠᠭ᠋ᠠᠭᠰᠠᠨ ᠮᠡᠷᠭᠡᠵᠢᠯ᠎ᠤᠨ ᠲᠤᠰᠬᠠᠶ ᠮᠡᠷᠭᠡᠵᠢᠯᠲᠡᠨ ᠪᠣᠯᠤᠨ ᠬᠠᠤᠯᠢ ᠴᠠᠭ᠋ᠠᠵᠠ ᠵᠢᠨ ᠲᠤᠰᠬᠠᠶ ᠮᠡᠷᠭᠡᠵᠢᠯᠲᠡᠳ ᠵᠶ᠋ᠠᠷ ᠪᠦᠷᠢᠯᠳᠦᠵᠦ᠂ ᠬᠦᠯᠢᠶᠡᠨ ᠠᠪᠴᠤ ᠰᠢᠢ᠍ᠳᠪᠦᠷᠢᠯᠡᠬᠦ ᠲᠤᠰᠬᠠᠶ ᠠᠰᠢᠭ᠎ᠤᠨ ᠭᠤᠶᠤᠴᠢᠯᠠᠯ᠎ᠢ ᠳᠠᠬᠢᠨ ᠬᠢᠨᠠᠬᠤ ᠪᠣᠶᠤ ᠲᠤᠰᠬᠠᠶ ᠠᠰᠢᠭ᠎ᠤᠨ ᠡᠷᠬᠡ ᠵᠢ ᠬᠦᠴᠦᠨ ᠦᠭᠡᠢ ᠪᠣᠯᠭ᠋ᠠᠬᠤ ᠨᠡᠢ᠌ᠲᠡᠯᠡᠯ᠎ᠢ ᠭᠠᠷᠭ᠋ᠠᠵᠤ ᠪᠤᠯᠤᠨ᠎ᠠ᠃ ᠡᠭᠦᠨ᠎ᠳᠤ ᠳᠣᠣᠷᠠᠬᠢ ᠬᠡᠳᠦᠨ ᠵᠦᠢ᠍ᠯ ᠪᠠᠭᠲᠠᠨ᠎ᠠ᠄
   (1) ᠲᠤᠰᠬᠠᠶ ᠠᠰᠢᠭ᠎ᠤᠨ ᠲᠣᠪᠴᠢᠶᠠᠨ᠎ᠤ ᠨᠢᠴᠤᠭ᠋ᠠᠵᠤ ᠪᠤᠴᠠᠭ᠋ᠠᠭᠰᠠᠨ᠂ ᠬᠦᠴᠦᠨ ᠦᠭᠡᠢ ᠪᠣᠯᠭ᠋ᠠᠬᠤ ᠪᠤᠶᠤ ᠬᠡᠪ ᠵᠶ᠋ᠠᠷ ᠪᠠᠢ᠍ᠯᠭ᠋ᠠᠬᠤ ᠲᠤᠰᠬᠠᠢ ᠠᠰᠢᠭ᠎ᠤᠨ ᠡᠷᠬᠡ ᠵᠢᠨ ᠰᠢᠢ᠍ᠳᠪᠦᠷᠢ᠎ᠳᠤ ᠳᠤᠷᠠᠳᠤᠭᠰᠠᠨ ᠲᠡᠬᠢᠠ ᠬᠢᠨᠠᠯᠲᠠ ᠲᠠᠯᠪᠢᠬᠤ ᠭᠤᠶᠤᠴᠢᠯᠠᠯ᠎ᠳᠤ ᠳᠠᠬᠢᠨ ᠬᠢᠨᠠᠯᠲᠠ ᠲᠠᠯᠪᠢᠬᠤ᠃
   (2) ᠬᠦᠴᠦᠨ ᠦᠭᠡᠢ᠎ᠪᠠᠷ ᠵᠠᠷᠯᠠᠭᠤᠯᠬᠤ ᠭᠤᠶᠤᠴᠢᠯᠠᠯ᠎ᠢ ᠰᠢᠭᠦᠨ ᠰᠢᠢ᠍ᠳᠪᠦᠷᠢᠯᠡᠬᠦ ᠵᠡᠷᠭᠡ ᠪᠣᠯᠤᠨ᠎ᠠ᠃
   (ᠭᠤᠷᠪᠠ) ᠣᠷᠣᠨ ᠨᠤᠲᠤᠭ᠎ᠤᠨ ᠲᠤᠰᠬᠠᠶ ᠠᠰᠢᠭ᠎ᠤᠨ ᠠᠵᠢᠯ᠎ᠢ ᠬᠠᠮᠢᠶᠠᠷᠬᠤ ᠰᠠᠯᠠᠭ᠎ᠠ ᠮᠥᠴᠢᠷ᠃ ᠡᠨᠡ᠎ᠨᠢ ᠳᠠᠷᠤᠢ ᠮᠤᠵᠢ᠂ ᠥᠪᠡᠷᠲᠡᠭᠡᠨ ᠵᠠᠰᠠᠬᠤ ᠣᠷᠣᠨ᠂ ᠰᠢᠭᠤᠳ ᠬᠠᠷᠢᠶ᠎ᠠ ᠬᠣᠲᠠ ᠵᠢᠨ ᠠᠷᠠᠳ᠎ᠤᠨ ᠵᠠᠰᠠᠭ᠎ᠤᠨ ᠣᠷᠳᠣᠨ ᠵᠢᠴᠢ ᠲᠤᠰᠬᠠᠶ ᠠᠰᠢᠭ᠎ᠢ ᠬᠠᠮᠢᠶᠠᠷᠬᠤ ᠠᠵᠢᠯ᠎ᠤᠨ ᠬᠡᠮᠵᠢᠶ᠎ᠡ᠎ᠪᠠᠷ ᠶᠡᠬᠡ ᠮᠥᠷᠲᠡᠭᠡᠨ ᠪᠠᠰᠠ ᠪᠣᠳᠠᠲᠠᠶ ᠰᠢᠢ᠍ᠳᠪᠦᠷᠢᠯᠡᠬᠦ ᠴᠢᠳᠠᠪᠤᠷᠢ᠎ᠲᠠᠢ ᠬᠤᠳᠠ ᠲᠣᠭᠣᠷᠢᠭ᠎ᠤᠨ ᠠᠷᠠᠳ᠎ᠤᠨ ᠵᠠᠰᠠᠭ᠎ᠤᠨ ᠣᠷᠳᠣᠨ᠎ᠤ ᠪᠠᠢ᠍ᠭᠤᠯᠤᠭᠰᠠᠨ ᠲᠤᠰᠬᠠᠶ ᠠᠰᠢᠭ᠎ᠤᠨ ᠠᠵᠢᠯ᠎ᠢ ᠬᠠᠮᠢᠶᠠᠷᠬᠤ ᠰᠠᠯᠠᠭ᠎ᠠ ᠮᠥᠴᠢᠷ᠎ᠠᠴᠠ ᠳᠤᠰᠬᠠᠢ ᠵᠢᠨ ᠵᠠᠰᠠᠭ ᠵᠠᠬᠢᠷᠭ᠋ᠠᠨ᠎ᠤ ᠣᠷᠣᠨ᠎ᠤ ᠳᠣᠲᠣᠷᠠᠬᠢ ᠲᠤᠰᠬᠠᠶ ᠠᠰᠢᠭ᠎ᠤᠨ ᠬᠠᠮᠢᠶᠠᠷᠤᠯᠲᠠ ᠵᠢᠨ ᠠᠵᠢᠯ᠎ᠢ ᠬᠠᠷᠢᠭᠤᠴᠠᠨ᠎ᠠ᠃ ᠡᠭᠦᠨ᠎ᠳᠤ᠄ ᠲᠤᠰᠬᠠᠶ ᠠᠰᠢᠭ᠎ᠤᠨ ᠡᠷᠬᠡ᠎ᠳᠤ ᠬᠠᠯᠳᠠᠭᠰᠠᠨ ᠵᠢᠭᠤᠷᠠᠯᠳᠤᠭ᠋ᠠᠨ᠎ᠤ ᠬᠡᠷᠡᠭ᠎ᠢ ᠰᠢᠶᠳᠪᠦᠷᠢᠯᠡᠬᠦ᠂ ᠪᠤᠰᠤᠳ᠎ᠤᠨ ᠲᠤᠰᠬᠠᠶ ᠠᠰᠢᠭ᠎ᠢ ᠬᠠᠭᠤᠷᠮᠠᠭᠯᠠᠨ ᠬᠡᠷᠡᠭᠯᠡᠭᠰᠡᠨ ᠪᠠ ᠬᠠᠭᠤᠷᠮᠠᠭᠯᠠᠨ ᠣᠷᠣᠯᠠᠭᠤᠯᠤᠭᠰᠠᠨ ᠥᠢ᠍ᠯᠡ ᠠᠵᠢᠯᠯᠠᠭ᠎ᠠ ᠵᠢ ᠪᠠᠢ᠍ᠴᠠᠭ᠋ᠠᠨ ᠰᠢᠢ᠍ᠳᠪᠦᠷᠢᠯᠡᠬᠦ᠂ ᠲᠤᠰᠬᠠᠶ ᠠᠰᠢᠭ᠎ᠤᠨ ᠵᠢᠭᠤᠷᠠᠯᠳᠤᠭ᠋ᠠᠨ᠎ᠢ ᠡᠶᠡᠳᠡᠭᠦᠯᠬᠦ ᠵᠡᠷᠭᠡ ᠠᠵᠢᠯ ᠪᠠᠭᠲᠠᠨ᠎ᠠ᠃
   (ᠲᠦᠷᠪᠡ) ᠤᠯᠤᠰ ᠪᠠ ᠣᠷᠣᠨ ᠨᠤᠲᠤᠭ᠎ᠤᠨ ᠤᠯᠤᠰ᠎ᠤᠨ ᠪᠠᠲᠤᠯᠠᠨ ᠬᠠᠮᠠᠭ᠋ᠠᠯᠠᠯᠲᠠ ᠵᠢᠨ ᠲᠤᠰᠬᠠᠶ ᠠᠰᠢᠭ᠎ᠤᠨ ᠪᠠᠶ᠋ᠢᠭᠤᠯᠤᠮᠵᠢ᠃ ᠤᠯᠤᠰ᠎ᠤᠨ ᠪᠠᠲᠤᠯᠠᠨ ᠬᠠᠮᠠᠭ᠋ᠠᠯᠠᠯᠲᠠ ᠵᠢᠨ ᠲᠤᠰᠬᠠᠶ ᠠᠰᠢᠭ᠎ᠤᠨ ᠪᠠᠶ᠋ᠢᠭᠤᠯᠤᠮᠵᠢ᠎ᠠᠴᠠ ᠤᠯᠤᠰ᠎ᠤᠨ ᠪᠠᠲᠤᠯᠠᠨ ᠬᠠᠮᠠᠭ᠋ᠠᠯᠠᠯᠲᠠ ᠵᠢᠨ ᠲᠤᠰᠬᠠᠶ ᠠᠰᠢᠭ᠎ᠤᠨ ᠭᠤᠶᠤᠴᠢᠯᠠᠯ᠎ᠢ ᠬᠠᠷᠢᠭᠤᠴᠠᠨ ᠬᠦᠯᠢᠶᠡᠨ ᠠᠪᠴᠤ ᠰᠢᠶᠳᠪᠦᠷᠢᠯᠡᠬᠦ ᠪᠠ ᠬᠢᠨᠠᠨ ᠪᠠᠢ᠍ᠴᠠᠭ᠋ᠠᠨ᠎ᠠ᠃ ᠲᠥᠷᠥ ᠵᠢᠨ ᠶᠠᠪᠤᠳᠠᠯ᠎ᠤᠨ ᠬᠣᠷᠢᠶᠠᠨ᠎ᠤ ᠤᠯᠤᠰ᠎ᠤᠨ ᠪᠠᠲᠤᠯᠠᠨ ᠬᠠᠮᠠᠭ᠋ᠠᠯᠠᠯᠲᠠ ᠵᠢᠨ ᠰᠢᠨᠵᠢᠯᠡᠬᠦ ᠤᠬᠠᠭ᠋ᠠᠨ ᠮᠡᠷᠭᠡᠵᠢᠯ᠎ᠤᠨ ᠠᠵᠤ ᠦᠢ᠍ᠯᠡᠳᠪᠦᠷᠢ ᠵᠢᠨ ᠡᠷᠬᠢᠯᠡᠨ ᠬᠠᠮᠢᠶᠠᠷᠬᠤ ᠰᠠᠯᠠᠭ᠎ᠠ ᠮᠥᠴᠢᠷ ᠪᠠ ᠳᠤᠮᠳᠠᠳᠤ ᠤᠯᠤᠰ᠎ᠤᠨ ᠠᠷᠠᠳ᠎ᠤᠨ ᠴᠢᠯᠥᠭᠡᠯᠡᠬᠦ ᠴᠡᠷᠢᠭ᠎ᠤᠨ ᠶᠡᠷᠦᠩᠬᠡᠶ ᠲᠣᠨᠣᠭᠯᠠᠯ᠎ᠤᠨ ᠬᠡᠯᠲᠡᠰ ᠲᠤᠰ ᠲᠤᠰ ᠣᠷᠣᠨ ᠨᠤᠲᠤᠭ᠎ᠤᠨ ᠰᠢᠰᠲ᠋ᠧᠮ ᠪᠠ ᠴᠡᠷᠢᠭ ᠠᠩᠭᠢ ᠵᠢᠨ ᠰᠢᠰᠲ᠋ᠧᠮ᠎ᠤᠨ ᠤᠯᠤᠰ᠎ᠤᠨ ᠪᠠᠲᠤᠯᠠᠨ ᠬᠠᠮᠠᠭ᠋ᠠᠯᠠᠯᠲᠠ ᠵᠢᠨ ᠲᠤᠰᠬᠠᠶ ᠠᠰᠢᠭ᠎ᠤᠨ ᠬᠠᠮᠢᠶᠠᠷᠤᠯᠲᠠ ᠵᠢᠨ ᠠᠵᠢᠯ᠎ᠢ ᠬᠠᠷᠢᠭᠤᠴᠠᠨ᠎ᠠ᠃
   3. ᠮᠠᠨ᠎ᠤ ᠤᠯᠤᠰ᠎ᠤᠨ ᠲᠤᠰᠬᠠᠶ ᠠᠰᠢᠭ᠎ᠤᠨ ᠡᠷᠬᠡ ᠵᠢ ᠬᠠᠮᠠᠭ᠋ᠠᠯᠠᠬᠤ ᠶᠠᠮᠠᠷ ᠶᠠᠮᠠᠷ ᠬᠠᠤᠯᠢ ᠴᠠᠭ᠋ᠠᠵᠠ ᠳᠦᠷᠢᠮ ᠲᠣᠭᠲᠠᠭ᠋ᠠᠯ ᠪᠠᠢ᠍ᠳᠠᠭ ᠪᠤᠢ?
   (ᠨᠢᠭᠡ) 《ᠲᠤᠰᠬᠠᠶ ᠠᠰᠢᠭ᠎ᠤᠨ ᠬᠠᠤᠯᠢ》 ᠬᠢᠭᠡᠳ ᠲᠡᠭᠦᠨ᠎ᠢ ᠬᠡᠷᠡᠭᠵᠢᠭᠦᠯᠬᠦ ᠨᠠᠷᠢᠨ ᠳᠦᠷᠢᠮ;
   (ᠬᠣᠶᠠᠷ) ᠲᠤᠰᠬᠠᠶ ᠠᠰᠢᠭ᠎ᠤᠨ ᠵᠢᠭᠤᠷᠠᠯᠳᠤᠭ᠋ᠠᠨ᠎ᠤ ᠬᠡᠷᠡᠭ᠎ᠢ ᠰᠢᠭᠦᠬᠦ᠎ᠳᠤ ᠬᠡᠷᠡᠭᠯᠡᠬᠦ ᠬᠠᠤᠯᠢ ᠴᠠᠭ᠋ᠠᠵᠠ ᠵᠢᠨ ᠠᠰᠠᠭᠤᠳᠠᠯ᠎ᠤᠨ ᠲᠤᠬᠠᠶ ᠠᠷᠠᠳ᠎ᠤᠨ ᠳᠡᠭᠡᠳᠦ ᠵᠡᠷᠭᠡ ᠵᠢᠨ ᠰᠢᠭᠦᠬᠦ ᠬᠣᠷᠢᠶᠠᠨ᠎ᠤ ᠳᠣᠭᠲᠠᠭ᠋ᠠᠯ᠎ᠤᠳ᠂ ᠲᠤᠰᠬᠠᠶ ᠠᠰᠢᠭ᠎ᠤᠨ ᠡᠷᠬᠡ᠎ᠳᠤ ᠬᠠᠯᠳᠠᠭᠰᠠᠨ ᠦᠢ᠍ᠯᠡ ᠠᠵᠢᠯᠯᠠᠭ᠎ᠠ ᠵᠢ ᠵᠠᠷᠭᠤᠯᠳᠤᠬᠤ᠎ᠠᠴᠠ ᠡᠮᠦᠨ᠎ᠡ ᠵᠣᠭᠰᠣᠭ᠋ᠠᠬᠤ᠎ᠳᠤ ᠬᠡᠷᠡᠭᠯᠡᠬᠦ ᠬᠠᠤᠯᠢ ᠴᠠᠭ᠋ᠠᠵᠠ ᠵᠢᠨ ᠠᠰᠠᠭᠤᠳᠠᠯ᠎ᠤᠨ ᠲᠤᠬᠠᠶ ᠠᠷᠠᠳ᠎ᠤᠨ ᠳᠡᠭᠡᠳᠦ ᠵᠡᠷᠭᠡ ᠵᠢᠨ ᠰᠢᠭᠦᠬᠦ ᠬᠣᠷᠢᠶᠠᠨ᠎ᠤ ᠳᠣᠭᠲᠠᠭ᠋ᠠᠯ᠎ᠤᠳ᠃
   (ᠭᠤᠷᠪᠠ) 《ᠤᠯᠤᠰ᠎ᠤᠨ ᠪᠠᠲᠤᠯᠠᠨ ᠬᠠᠮᠠᠭ᠋ᠠᠯᠠᠯᠲᠠ ᠵᠢᠨ ᠲᠤᠰᠬᠠᠶ ᠠᠰᠢᠭ᠎ᠤᠨ ᠳᠦᠷᠢᠮ ᠳᠣᠭᠲᠠᠭ᠋ᠠᠯ》᠃
   4. ᠶᠠᠮᠠᠷ ᠬᠥᠮᠦᠨ ᠲᠤᠰᠬᠠᠶ ᠠᠰᠢᠭ᠎ᠤᠨ ᠡᠷᠬᠡ ᠭᠤᠶᠤᠴᠢᠯᠠᠵᠤ ᠪᠣᠯᠬᠤ ᠪᠤᠢ?
   (ᠨᠢᠭᠡ) ᠡᠭᠦᠳᠦᠭᠴᠢ ᠪᠤᠶᠤ ᠵᠢᠷᠤᠵᠤ ᠳᠦᠯᠦᠪᠯᠡᠭᠴᠢ;
   (ᠬᠣᠶᠠᠷ) ᠠᠵᠢᠯ᠎ᠤᠨ ᠪᠠᠢ᠌ᠷᠢ ᠳᠡᠭᠡᠷ᠎ᠡ᠎ᠪᠠᠨ ᠡᠭᠦᠳᠦᠨ ᠪᠦᠲᠦᠭᠡᠯᠲᠡ ᠬᠢᠭᠰᠡᠨ ᠡᠭᠦᠳᠦᠭᠴᠢ ᠵᠢᠨ ᠨᠢᠭᠡᠴᠢ᠃ ᠬᠡᠷᠪᠡ ᠪᠠᠢ᠌ᠭᠤᠯᠭ᠎ᠠ ᠨᠢᠭᠡᠴᠢ᠎ᠨᠢ ᠡᠭᠦᠳᠦᠭᠴᠢ ᠪᠤᠶᠤ ᠵᠢᠷᠤᠵᠤ ᠲᠥᠯᠥᠪᠯᠡᠭᠴᠢ᠎ᠲᠠᠢ ᠭᠡᠷ᠎ᠡ ᠲᠣᠭᠲᠠᠵᠤ᠂ ᠲᠤᠰᠬᠠᠶ ᠠᠰᠢᠭ ᠭᠤᠶᠤᠴᠢᠯᠠᠬᠤ ᠡᠷᠬᠡ ᠵᠢᠨ ᠲᠤᠬᠠᠶ ᠭᠡᠷ᠎ᠡ ᠲᠣᠭᠲᠠᠭᠰᠠᠨ ᠪᠠᠢ᠍ᠪᠠᠯ᠂ ᠲᠤᠰ ᠭᠡᠷ᠎ᠡ᠎ᠪᠠᠨ ᠵᠢᠷᠤᠮᠯᠠᠨ᠎ᠠ᠃
   (ᠭᠤᠷᠪᠠ) ᠬᠠᠮᠲᠤᠷᠠᠨ ᠠᠵᠢᠯᠯᠠᠬᠤ ᠪᠤᠶᠤ ᠨᠠᠢ᠍ᠳᠠᠯᠭ᠎ᠠ ᠵᠢ ᠬᠦᠯᠢᠶᠡᠵᠦ ᠪᠡᠶᠡᠯᠡᠭᠦᠯᠦᠭᠰᠡᠨ ᠡᠭᠦᠳᠦᠡ ᠪᠦᠲᠦᠭᠡᠯᠲᠡ ᠵᠢᠨ ᠲᠤᠬᠠᠶ ᠠᠰᠲᠠᠭ᠋ᠠᠨ ᠬᠡᠯᠡᠯᠴᠡᠭᠡᠷ᠎ᠲᠠᠢ ᠪᠠᠢ᠍ᠬᠤ ᠪᠠᠢ᠌ᠬᠤ᠎ᠠᠴᠠ ᠭᠠᠳᠠᠨ᠎ᠠ᠂ ᠲᠤᠰᠬᠠᠶ ᠠᠰᠢᠭ ᠭᠤᠶᠤᠴᠢᠯᠠᠬᠤ ᠡᠷᠬᠡ᠎ᠨᠢ ᠲᠡᠭᠦᠨ᠎ᠢ ᠪᠡᠶᠡᠯᠡᠭᠦᠯᠦᠭᠰᠡᠨ ᠪᠤᠶᠤ ᠬᠠᠮᠲᠤᠷᠠᠨ ᠪᠡᠶᠡᠯᠡᠭᠦᠯᠦᠭᠰᠡᠨ ᠪᠠᠢ᠌ᠭᠤᠯᠭ᠎ᠠ ᠨᠢᠭᠡᠴᠢ ᠪᠤᠶᠤ ᠬᠤᠪᠢ ᠬᠥᠮᠦᠨ᠎ᠳᠤ ᠬᠠᠷᠢᠶᠠᠯᠠᠭᠳᠠᠨ᠎ᠠ᠃
   (ᠳᠥᠷᠪᠡ) ᠲᠤᠰᠬᠠᠶ ᠠᠰᠢᠭ ᠭᠤᠶᠤᠴᠢᠯᠠᠬᠤ ᠡᠷᠬᠡ ᠵᠢ ᠬᠠᠤᠯᠢ ᠶᠣᠰᠤᠭ᠋ᠠᠷ ᠰᠢᠯᠵᠢᠭᠦᠯᠦᠨ ᠠᠪᠤᠭᠴᠢ᠃ ᠡᠭᠦᠨ᠎ᠳᠤ ᠭᠡᠷ᠎ᠡ ᠶᠣᠰᠣᠭ᠋ᠠᠷ ᠰᠢᠯᠵᠢᠭᠦᠯᠦᠨ ᠥᠭᠬᠦ ᠠᠷᠭ᠎ᠠ ᠮᠠᠶᠢᠭ ᠵᠶ᠋ᠠᠷ ᠲᠤᠰᠬᠠᠶ ᠠᠰᠢᠭ ᠭᠤᠶᠤᠴᠢᠯᠠᠬᠤ ᠡᠷᠬᠡ ᠵᠢ ᠣᠯᠤᠭᠰᠠᠨ ᠬᠥᠮᠦᠨ ᠵᠢᠴᠢ ᠥᠪ ᠵᠠᠯᠭ᠋ᠠᠮᠵᠢᠯᠠᠬᠤ ᠠᠷᠭ᠎ᠠ ᠮᠠᠶᠢᠭ ᠵᠶ᠋ᠠᠷ ᠳᠠᠮᠵᠢᠭᠤᠯᠤᠨ ᠲᠤᠰᠬᠠᠶ ᠠᠰᠢᠭ ᠭᠤᠶᠤᠴᠢᠯᠠᠬᠤ ᠡᠷᠬᠡ ᠣᠯᠤᠭᠰᠠᠨ ᠬᠥᠮᠦᠨ᠎ᠢ ᠪᠠᠭᠳᠠᠨ᠎ᠠ᠃
   (ᠲᠠᠪᠤ) ᠭᠠᠳᠠᠭ᠋ᠠᠳᠤ ᠵᠢᠨ ᠬᠥᠮᠦᠨ᠃ ᠳᠤᠮᠳᠠᠳᠤ ᠤᠯᠤᠰ᠎ᠲᠤ ᠪᠠᠢ᠍ᠩᠭᠤ ᠣᠷᠣᠨ ᠰᠠᠭᠤᠴᠠ ᠪᠤᠶᠤ ᠡᠵᠡᠩᠨᠡᠯᠲᠡ ᠵᠢᠨ ᠭᠠᠵᠠᠷ ᠪᠠᠢ᠌ᠬᠤ ᠦᠭᠡᠢ ᠭᠠᠳᠠᠭ᠋ᠠᠳᠤ ᠤᠯᠤᠰ᠎ᠤᠨ ᠬᠥᠮᠦᠨ᠂ ᠭᠠᠳᠠᠭ᠋ᠠᠳᠤ ᠤᠯᠤᠰ᠎ᠤᠨ ᠠᠵᠤ ᠠᠬᠤᠢ᠍ᠯᠠᠯ ᠪᠤᠶᠤ ᠭᠠᠳᠠᠭ᠋ᠠᠳᠤ ᠤᠯᠤᠰ᠎ᠤᠨ ᠪᠤᠰᠤᠳ ᠵᠣᠬᠢᠶᠠᠨ ᠪᠠᠢ᠍ᠭᠤᠯᠤᠯᠳᠠ᠎ᠨᠢ ᠳᠤᠮᠳᠠᠳᠤ ᠤᠯᠤᠰ᠎ᠲᠤ ᠲᠤᠰᠬᠠᠶ ᠠᠰᠢᠭ ᠭᠤᠶᠤᠴᠢᠯᠠᠪᠠᠯ ᠥᠪᠡᠷ᠎ᠤᠨ ᠬᠠᠷᠢᠶᠠᠯᠠᠭᠳᠠᠬᠤ ᠤᠯᠤᠰ᠎ᠤᠨ ᠵᠶ᠋ᠠᠨ ᠲᠤᠮᠳᠠᠳᠤ ᠤᠯᠤᠰ᠎ᠯᠤᠭ᠎ᠠ ᠲᠣᠭᠲᠠᠭ᠋ᠠᠭᠰᠠᠨ ᠬᠡᠯᠡᠯᠴᠡᠭᠡᠷ ᠪᠤᠶᠤ ᠬᠠᠮᠲᠤ᠎ᠪᠠᠷ ᠣᠷᠣᠯᠴᠠᠭᠰᠠᠨ ᠤᠯᠡᠠ ᠤᠯᠤᠰ᠎ᠤᠨ ᠭᠡᠷ᠎ᠡ ᠶᠣᠰᠣᠭ᠋ᠠᠷ᠂ ᠡᠰᠡᠬᠦᠯ᠎ᠡ ᠬᠠᠷᠢᠯᠴᠠᠨ ᠬᠠᠷᠠᠭ᠋ᠠᠯᠵᠠᠯ ᠦᠵᠡᠭᠦᠯᠬᠦ ᠵᠠᠷᠴᠢᠮ ᠵᠶ᠋ᠠᠷ 《ᠲᠤᠰᠬᠠᠶ ᠠᠰᠢᠭ᠎ᠤᠨ ᠬᠠᠤᠯᠢ》 ᠵᠢ ᠦᠨᠳᠦᠰᠦᠯᠡᠨ ᠰᠢᠢ᠍ᠳᠪᠦᠷᠢᠯᠡᠨ᠎ᠡ᠃
   5. ᠬᠡᠷᠬᠢᠨ ᠲᠤᠰᠬᠠᠶ ᠠᠰᠢᠭ ᠭᠤᠶᠤᠴᠢᠯᠠᠬᠤ ᠪᠤᠢ? ᠶᠠᠮᠠᠷ ᠶᠠᠮᠠᠷ ᠪᠢᠴᠢᠭ ᠮᠠᠲ᠋ᠧᠷᠢᠶᠠᠯ᠎ᠢ ᠲᠤᠰᠢᠶᠠᠬᠤ ᠬᠡᠷᠡᠭᠲᠡᠶ ᠪᠤᠢ?
    ᠭᠤᠶᠤᠴᠢᠯᠠᠭᠴᠢ ᠥᠪᠡᠷ᠎ᠤᠨ ᠡᠭᠦᠳᠦᠡ ᠪᠦᠲᠦᠭᠡᠯᠲᠡ᠎ᠳᠤ᠎ᠪᠠᠨ ᠲᠤᠰᠬᠠᠶ ᠠᠰᠢᠭ ᠭᠤᠶᠤᠴᠢᠯᠠᠬᠤ᠎ᠪᠠᠷ ᠲᠤᠭᠳᠠᠭᠰᠠᠨ᠎ᠤ ᠲᠠᠷᠠᠭ᠎ᠠ᠂ ᠡᠷᠬᠡᠪᠰᠢ ᠴᠠᠭ᠋ᠠᠰᠤᠨ᠎ᠪᠠᠷ ᠬᠡᠪᠯᠡᠯ ᠪᠤᠶᠤ ᠡᠯᠧᠺᠲᠷᠣᠨ ᠬᠡᠪᠯᠡᠯ᠎ᠤᠨ ᠬᠡᠯᠪᠡᠷᠢ᠎ᠪᠠᠷ ᠤᠯᠤᠰ᠎ᠤᠨ ᠮᠡᠳᠡᠯᠭᠡ ᠵᠢᠨ ᠥᠮᠴᠢᠯᠡᠯ᠎ᠤᠨ ᠡᠷᠬᠡ ᠵᠢᠨ ᠲᠣᠪᠴᠢᠶᠠᠨ᠎ᠳᠤ ᠭᠤᠶᠤᠴᠢᠯᠠᠯ ᠲᠤᠰᠢᠶᠠᠬᠤ ᠬᠡᠷᠡᠭᠲᠡᠶ᠃ ᠰᠢᠭᠤᠳ ᠤᠯᠤᠰ᠎ᠤᠨ ᠮᠡᠳᠡᠯᠭᠡ ᠵᠢᠨ ᠥᠮᠴᠢᠯᠡᠯ᠎ᠤᠨ ᠡᠷᠬᠡ ᠵᠢᠨ ᠲᠣᠪᠴᠢᠶ᠎ᠠ ᠪᠤᠶᠤ ᠤᠯᠤᠰ᠎ᠤᠨ ᠮᠡᠳᠡᠯᠭᠡ ᠵᠢᠨ ᠥᠮᠴᠢᠯᠡᠯ᠎ᠤᠨ ᠡᠷᠬᠡ ᠵᠢᠨ ᠲᠣᠪᠴᠢᠶᠠᠨ᠎ᠤ ᠡᠯ᠎ᠡ ᠭᠠᠵᠠᠷ᠎ᠲᠤ ᠪᠠᠢ᠍ᠭᠤᠯᠤᠭᠰᠡᠨ ᠲᠤᠰᠬᠠᠶ ᠠᠰᠢᠭ᠎ᠤᠨ ᠠᠵᠢᠯ᠎ᠢ ᠣᠷᠣᠯᠠᠨ ᠭᠦᠢ᠍ᠴᠡᠳᠬᠡᠬᠦ ᠭᠠᠵᠠᠷ᠎ᠲᠤ ᠣᠴᠢᠵᠤ ᠲᠤᠰᠬᠠᠶ ᠠᠰᠢᠭ ᠭᠤᠶᠤᠴᠢᠯᠠᠵᠤ ᠪᠣᠯᠤᠨ᠎ᠠ᠂ ᠪᠠᠰᠠ ᠲᠤᠰᠬᠠᠶ ᠠᠰᠢᠭ᠎ᠤᠨ ᠠᠵᠢᠯ᠎ᠢ ᠣᠷᠣᠯᠠᠨ ᠭᠦᠢ᠍ᠴᠡᠳᠬᠡᠬᠦ ᠪᠠᠢ᠍ᠭᠤᠯᠤᠮᠵᠢ᠎ᠳᠤ ᠨᠠᠢ᠌ᠳᠠᠵᠤ ᠲᠤᠰᠬᠠᠶ ᠠᠰᠢᠭ᠎ᠤᠨ ᠭᠤᠶᠤᠴᠢᠯᠠᠯ ᠲᠤᠰᠢᠶᠠᠵᠤ ᠪᠣᠯᠤᠨ᠎ᠠ᠂ ᠡᠭᠦᠳᠦᠯᠲᠡ ᠪᠦᠳᠦᠭᠡᠯᠲᠡ ᠪᠤᠶᠤ ᠬᠡᠷᠡᠭᠯᠡᠭᠡᠨ᠎ᠤ ᠰᠢᠨ᠎ᠡ ᠬᠡᠯᠪᠡᠷᠢ ᠵᠢᠨ ᠲᠤᠰᠬᠠᠶ ᠠᠰᠢᠭ ᠭᠤᠶᠤᠴᠢᠯᠠᠬᠤ᠎ᠳᠤ ᠭᠤᠶᠤᠴᠢᠯᠠᠯ᠎ᠤᠨ ᠪᠢᠴᠢᠭ᠂ ᠲᠣᠳᠤᠷᠬᠠᠢ᠍ᠯᠠᠯᠲᠠ ᠵᠢᠨ ᠪᠢᠴᠢᠭ ᠵᠢᠴᠢ ᠲᠡᠭᠦᠨ᠎ᠤ ᠲᠣᠪᠴᠢᠯᠠᠯ ᠪᠠ ᠡᠷᠬᠡ ᠵᠢᠨ ᠲᠤᠬᠠᠶ ᠱᠠᠭ᠋ᠠᠷᠳᠠᠯᠭ᠎ᠠ ᠵᠢᠨ ᠪᠢᠴᠢᠭ ᠵᠡᠷᠭᠡ ᠪᠢᠴᠢᠭ ᠮᠠᠲ᠋ᠧᠷᠢᠶᠠᠯ᠎ᠢ ᠲᠤᠰᠢᠶᠠᠬᠤ ᠴᠢᠬᠤᠯᠠ᠎ᠲᠠᠢ᠃ ᠭᠠᠳᠠᠷ ᠳᠦᠷᠰᠦ ᠵᠢᠨ ᠵᠢᠷᠤᠭ ᠲᠥᠯᠥᠪᠯᠡᠭᠡᠨ᠎ᠤ ᠲᠤᠰᠬᠠᠶ ᠠᠰᠢᠭ᠎ᠢ ᠭᠤᠶᠤᠴᠢᠯᠠᠬᠤ᠎ᠳᠤ ᠭᠤᠶᠤᠴᠢᠯᠠᠯ᠎ᠤᠨ ᠪᠢᠴᠢᠭ᠂ ᠭᠠᠳᠠᠷ ᠳᠦᠷᠰᠦ ᠵᠢᠨ ᠵᠢᠷᠤᠭ ᠲᠥᠯᠥᠪᠯᠡᠭᠡᠨ᠎ᠤ ᠵᠢᠷᠤᠭ ᠪᠤᠶᠤ ᠭᠡᠷᠡᠯ ᠵᠢᠷᠤᠭ ᠵᠡᠷᠭᠡ ᠪᠢᠴᠢᠭ ᠮᠠᠲ᠋ᠧᠷᠢᠶᠠᠯ ᠪᠠ ᠲᠤᠰ ᠭᠠᠳᠠᠷ ᠳᠦᠷᠰᠦ ᠵᠢᠨ ᠵᠢᠷᠤᠭ ᠲᠥᠯᠥᠪᠯᠡᠭᠡ ᠵᠢ ᠬᠡᠷᠡᠭᠯᠡᠬᠦ ᠦᠢ᠍ᠯᠡᠳᠬᠦᠨ ᠪᠠ ᠲᠡᠭᠦᠨ᠎ᠤ ᠬᠠᠷᠢᠶᠠᠯᠠᠭᠳᠠᠬᠤ ᠲᠥᠷᠥᠯ ᠵᠦᠢ᠍ᠯ᠎ᠢ ᠲᠣᠳᠤᠷᠬᠠᠢ ᠪᠢᠴᠢᠵᠦ ᠳᠤᠰᠢᠶᠠᠨ᠎ᠠ᠃ ᠤᠯᠤᠰ᠎ᠤᠨ ᠪᠠᠲᠤᠯᠠᠨ ᠬᠠᠮᠠᠭ᠋ᠠᠯᠠᠯᠲᠠ ᠵᠢᠨ ᠲᠤᠰᠬᠠᠶ ᠠᠰᠢᠭ ᠭᠤᠶᠤᠴᠢᠯᠠᠬᠤ᠎ᠳᠤ ᠤᠯᠤᠰ᠎ᠤᠨ ᠪᠠᠲᠤᠯᠠᠨ ᠬᠠᠮᠠᠭ᠋ᠠᠯᠠᠯᠲᠠ ᠵᠢᠨ ᠲᠤᠰᠬᠠᠶ ᠠᠰᠢᠭ᠎ᠤᠨ ᠪᠠᠢ᠍ᠭᠤᠯᠤᠮᠵᠢ᠎ᠳᠤ ᠭᠤᠶᠤᠴᠢᠯᠠᠯ᠎ᠤᠨ ᠪᠢᠴᠢᠭ᠂ ᠲᠣᠳᠣᠷᠬᠠᠶ᠋ᠢᠯᠠᠯᠲᠠ ᠵᠢᠨ ᠪᠢᠴᠢᠭ ᠵᠢᠴᠢ ᠲᠡᠭᠦᠨ᠎ᠤ ᠲᠣᠪᠴᠢᠯᠠᠯ ᠪᠠ ᠡᠷᠬᠡ ᠵᠢᠨ ᠲᠤᠬᠠᠶ ᠱᠠᠭ᠋ᠠᠷᠳᠠᠯᠭ᠎ᠠ ᠵᠢᠨ ᠪᠢᠴᠢᠭ ᠵᠡᠷᠭᠡ ᠪᠢᠴᠢᠭ ᠮᠠᠲ᠋ᠧᠷᠢᠶᠠᠯ᠎ᠢ ᠲᠣᠰᠢᠶᠠᠨ᠎ᠠ᠃
   6 . ᠲᠤᠰᠬᠠᠶ ᠠᠰᠢᠭ᠎ᠤᠨ ᠭᠤᠶᠤᠴᠢᠯᠠᠯ᠎ᠢ ᠬᠢᠨᠠᠨ ᠪᠠᠢ᠍ᠴᠠᠭ᠋ᠠᠬᠤ ᠳᠡᠰ ᠳᠠᠷᠠᠭ᠋ᠠᠯᠠᠯ᠎ᠳᠤ ᠭᠣᠣᠯᠳᠠᠭᠤ ᠶᠠᠭᠤ ᠶᠠᠭᠤ ᠪᠠᠢ᠍ᠳᠠᠭ ᠪᠤᠢ?
   (ᠨᠢᠭᠡ) ᠭᠤᠶᠤᠴᠢᠯᠠᠯ ᠳᠡᠪᠰᠢᠭᠦᠯᠬᠦ᠃ ᠭᠤᠶᠤᠴᠢᠯᠠᠭᠴᠢ᠎ᠨᠢ ᠤᠯᠤᠰ᠎ᠤᠨ ᠮᠡᠳᠡᠯᠭᠡ ᠵᠢᠨ ᠥᠮᠴᠢᠯᠡᠯ᠎ᠤᠨ ᠡᠷᠬᠡ ᠵᠢᠨ ᠲᠣᠪᠴᠢᠶ᠎ᠠ᠎ᠳᠤ ᠭᠤᠶᠤᠴᠢᠯᠠᠯ᠎ᠤᠨ ᠪᠢᠴᠢᠭ ᠵᠢᠴᠢ ᠬᠣᠯᠪᠣᠭᠳᠠᠯ ᠪᠦᠬᠦᠢ ᠪᠢᠴᠢᠭ ᠮᠠᠲ᠋ᠧᠷᠢᠶᠠᠯ ᠵᠶ᠋ᠠᠨ ᠲᠤᠰᠢᠶᠠᠬᠤ ᠬᠡᠷᠡᠭᠲᠡᠢ᠃ ᠲᠤᠰᠬᠠᠶ ᠠᠰᠢᠭ᠎ᠤᠨ ᠠᠵᠢᠯ᠎ᠢ ᠣᠷᠣᠯᠠᠨ ᠭᠦᠢ᠍ᠴᠡᠳᠬᠡᠬᠦ ᠪᠠᠢ᠍ᠭᠤᠯᠤᠮᠵᠢ᠎ᠳᠤ ᠨᠠᠢ᠍ᠳᠠᠵᠤ ᠭᠤᠶᠤᠴᠢᠯᠠᠯ ᠳᠡᠪᠰᠢᠭᠦᠯᠦᠭᠰᠡᠨ ᠴᠦ᠍ ᠪᠣᠯᠤᠨ᠎ᠠ᠃
   (ᠬᠣᠶᠠᠷ) ᠭᠤᠶᠤᠴᠢᠯᠠᠯ ᠬᠦᠯᠢᠶᠡᠨ ᠠᠪᠬᠤ᠃ ᠤᠯᠤᠰ᠎ᠤᠨ ᠮᠡᠳᠡᠯᠭᠡ ᠵᠢᠨ ᠥᠮᠴᠢᠯᠡᠯ᠎ᠤᠨ ᠡᠷᠬᠡ ᠵᠢᠨ ᠲᠣᠪᠴᠢᠶ᠎ᠠ ᠭᠤᠶᠤᠴᠢᠯᠠᠯ᠎ᠤᠨ ᠪᠢᠴᠢᠭ ᠵᠢᠴᠢ ᠪᠤᠰᠤᠳ ᠬᠣᠯᠪᠣᠭᠳᠠᠯ ᠪᠦᠬᠦᠢ ᠪᠢᠴᠢᠭ ᠮᠠᠲ᠋ᠧᠷᠢᠶᠠᠯ᠎ᠢ ᠣᠯᠤᠭᠰᠠᠨ᠎ᠤ ᠳᠠᠷᠠᠭ᠎ᠠ᠂ ᠬᠦᠯᠢᠶᠡᠨ ᠠᠪᠴᠤ ᠰᠢᠢ᠍ᠳᠪᠦᠷᠢᠯᠡᠬᠦ ᠮᠡᠳᠡᠭᠳᠡᠯ᠎ᠤᠨ ᠪᠢᠴᠢᠭ ᠭᠠᠷᠭ᠋ᠠᠵᠤ᠂ ᠲᠤᠰᠬᠠᠶ ᠠᠰᠢᠭ᠎ᠤᠨ ᠡᠷᠬᠡ ᠭᠤᠶᠤᠴᠢᠯᠠᠭᠰᠠᠨ ᠡᠳᠦᠷ᠎ᠢ ᠳᠣᠭᠲᠠᠭ᠋ᠠᠵᠤ᠂ ᠲᠤᠰᠬᠠᠶ ᠠᠰᠢᠭ ᠭᠤᠶᠤᠴᠢᠯᠠᠭᠰᠠᠨ ᠨᠣᠮᠧᠷ ᠥᠭᠬᠦ ᠪᠥᠭᠡᠳ ᠭᠤᠶᠤᠴᠢᠯᠠᠭᠴᠢ᠎ᠳᠤ ᠮᠡᠳᠡᠭᠳᠡᠨ᠎ᠡ᠃
   (ᠭᠤᠷᠪᠠ) ᠠᠩᠬ᠎ᠠ ᠠᠯᠬᠤᠮ ᠬᠢᠨᠠᠨ ᠪᠠᠢ᠍ᠴᠠᠭ᠋ᠠᠬᠤ᠃ ᠤᠯᠤᠰ᠎ᠤᠨ ᠮᠡᠳᠡᠯᠭᠡ ᠵᠢᠨ ᠥᠮᠴᠢᠯᠡᠯ᠎ᠤᠨ ᠡᠷᠬᠡ ᠵᠢᠨ ᠲᠣᠪᠴᠢᠶᠠᠨ᠎ᠠᠴᠠ ᠭᠤᠶᠤᠴᠢᠯᠠᠯ᠎ᠤᠨ ᠪᠢᠴᠢᠭ ᠮᠠᠲ᠋ᠧᠷᠢᠶᠠᠯ᠎ᠤᠨ ᠬᠡᠯᠪᠡᠷᠢ ᠶᠠᠩᠵᠤ᠂ ᠬᠠᠤᠯᠢ ᠴᠠᠭ᠋ᠠᠵᠠ ᠵᠢᠨ ᠱᠠᠭ᠋ᠠᠷᠳᠠᠯᠭ᠎ᠠ᠂ ᠵᠠᠷᠤᠳᠠᠯ ᠲᠤᠰᠢᠶᠠᠭᠰᠠᠨ ᠵᠡᠷᠭᠡ ᠪᠠᠢ᠍ᠳᠠᠯ᠎ᠢ ᠬᠢᠨᠠᠨ ᠪᠠᠢ᠌ᠴᠠᠭ᠋ᠠᠨ᠎ᠠ᠃ ᠠᠩᠬ᠎ᠠ ᠠᠯᠬᠤᠮ ᠬᠢᠨᠠᠨ ᠪᠠᠢ᠍ᠴᠠᠭ᠋ᠠᠬᠤ᠎ᠳᠤ ᠬᠢᠷᠢ ᠲᠡᠩᠴᠡᠭᠰᠡᠨ ᠦᠭᠡᠢ ᠪᠠᠢ᠍ᠪᠠᠯ᠂ ᠭᠤᠶᠤᠴᠢᠯᠠᠭᠴᠢ᠎ᠳᠤ ᠮᠡᠳᠡᠭᠳᠡᠵᠦ ᠨᠥᠬᠥᠪᠥᠷᠢᠯᠡᠨ ᠵᠠᠯᠠᠷᠠᠭᠤᠯᠬᠤ ᠪᠤᠶᠤ ᠰᠠᠨᠠᠯ ᠵᠶ᠋ᠠᠨ ᠳᠤᠭ᠋ᠠᠴᠢᠵᠤ ᠪᠣᠯᠤᠨ᠎ᠠ᠂ ᠨᠥᠬᠦᠪᠦᠷᠢᠯᠡᠨ ᠵᠠᠯᠠᠷᠠᠭᠤᠯᠤᠭᠰᠡᠨ᠎ᠤ ᠳᠠᠷᠠᠭ᠎ᠠ ᠮᠥᠨ ᠲᠤᠰᠬᠠᠶ ᠠᠰᠢᠭ᠎ᠤᠨ ᠬᠠᠤᠯᠢ ᠵᠢᠨ ᠱᠠᠭ᠋ᠠᠷᠳᠠᠯᠭ᠎ᠠ᠎ᠳᠤ ᠨᠡᠶ᠋ᠢᠴᠡᠬᠦ ᠦᠭᠡᠢ ᠪᠠᠢ᠍ᠪᠠᠯ ᠨᠢᠴᠤᠭ᠋ᠠᠵᠤ ᠪᠣᠯᠤᠨ᠎ᠠ᠃
   (ᠲᠦᠷᠪᠡ) ᠭᠤᠶᠤᠴᠢᠯᠠᠯ᠎ᠢ ᠨᠡᠢ᠍ᠳᠡᠯᠡᠭᠦ᠃ ᠠᠩᠬ᠎ᠠ ᠭᠢᠨᠠᠯᠳᠠ᠎ᠳᠤ ᠬᠢᠷᠢ ᠲᠡᠩᠴᠡᠭᠰᠡᠨ ᠡᠭᠦᠳᠦᠯᠲᠡ ᠵᠢᠨ ᠲᠤᠰᠬᠠᠶ ᠠᠰᠢᠭ᠎ᠤᠨ ᠭᠤᠶᠤᠴᠢᠯᠠᠯ᠎ᠢ ᠭᠤᠶᠤᠴᠢᠯᠠᠭᠰᠠᠨ ᠡᠳᠦᠷ᠎ᠠᠴᠠ᠎ᠨᠢ ᠡᠬᠢᠯᠡᠭᠡᠳ ᠪᠦᠬᠦᠯᠢ ᠠᠷᠪᠠᠨ ᠨᠠᠢ᠍ᠮᠠᠨ ᠰᠠᠷ᠎ᠠ᠂ 《ᠡᠭᠦᠳᠦᠯᠲᠡ ᠪᠦᠳᠦᠭᠡᠯᠲᠡ ᠵᠢᠨ ᠲᠤᠰᠬᠠᠶ ᠠᠰᠢᠭ᠎ᠤᠨ ᠠᠯᠪᠠᠨ ᠮᠡᠳᠡᠭᠡ》᠎ᠳᠤ ᠨᠡᠢ᠍ᠳᠡᠯᠡᠨ᠎ᠡ᠃ ᠭᠤᠶᠤᠴᠢᠯᠠᠭᠴᠢ ᠤᠷᠢᠳᠴᠢᠯᠠᠨ ᠨᠡᠢ᠍ᠳᠡᠯᠡᠭᠦ ᠭᠤᠶᠤᠴᠢᠯᠠᠯ ᠭᠠᠷᠭ᠋ᠠᠭᠰᠠᠨ ᠴᠤ᠌ ᠪᠣᠯᠤᠨ᠎ᠠ᠂ ᠤᠯᠤᠰ᠎ᠤᠨ ᠮᠡᠳᠡᠯᠭᠡ ᠵᠢᠨ ᠥᠮᠴᠢᠯᠡᠯ᠎ᠤᠨ ᠡᠷᠬᠡ ᠵᠢᠨ ᠲᠣᠪᠴᠢᠶ᠎ᠠ ᠵᠢᠨ᠎ᠬᠢᠨ ᠠᠩᠬ᠎ᠠ ᠭᠢᠨᠠᠯᠳᠠ᠎ᠳᠤ ᠬᠢᠷᠢ ᠲᠡᠩᠴᠡᠭᠰᠡᠨ᠎ᠤ ᠳᠠᠷᠠᠭ᠎ᠠ ᠳᠠᠷᠤᠢ᠌ᠬᠠᠨ ᠨᠡᠢ᠍ᠳᠡᠯᠡᠭᠦ ᠬᠡᠷᠡᠭᠲᠡᠶ᠃
   (ᠲᠠᠪᠤ) ᠮᠥᠨ ᠴᠢᠨᠠᠷ᠎ᠤᠨ ᠬᠢᠨᠠᠨ ᠪᠠᠢ᠍ᠴᠠᠭ᠋ᠠᠯᠳᠠ ᠬᠢᠬᠦ᠃ ᠡᠭᠦᠳᠦᠯᠲᠡ ᠪᠦᠳᠦᠭᠡᠯᠲᠡ ᠵᠢᠨ ᠲᠤᠰᠬᠠᠶ ᠠᠰᠢᠭ᠎ᠤᠨ ᠭᠤᠶᠤᠴᠢᠯᠠᠯ᠎ᠢ ᠭᠤᠶᠤᠴᠢᠯᠠᠭᠰᠠᠨ ᠡᠳᠦᠷ᠎ᠠᠴᠠ ᠡᠬᠢᠯᠡᠨ ᠭᠤᠷᠪᠠᠨ ᠵᠢᠯ᠎ᠤᠨ ᠳᠣᠲᠣᠷ᠎ᠠ᠂ ᠤᠯᠤᠰ᠎ᠤᠨ ᠮᠡᠳᠡᠯᠭᠡ ᠵᠢᠨ ᠥᠮᠴᠢᠯᠡᠯ᠎ᠤᠨ ᠡᠷᠬᠡ ᠵᠢᠨ ᠳᠤᠪᠴᠢᠶ᠎ᠠ ᠭᠤᠶᠤᠴᠢᠯᠠᠭᠴᠢ ᠵᠢᠨ ᠭᠤᠶᠤᠴᠢᠯᠠᠯ᠎ᠢ ᠦᠨᠳᠦᠰᠦᠯᠡᠨ ᠭᠤᠶᠤᠴᠢᠯᠠᠯ᠎ᠳᠤᠨᠢ ᠮᠥᠨ ᠴᠢᠨᠠᠷ᠎ᠤᠨ ᠬᠢᠨᠠᠨ ᠪᠠᠢ᠍ᠴᠠᠭ᠋ᠠᠯᠳᠠ ᠬᠢᠵᠦ ᠪᠣᠯᠤᠨ᠎ᠠ᠃ ᠪᠠᠰᠠ ᠥᠪᠡᠷ᠎ᠤᠨ ᠡᠭᠦᠳᠦᠯᠲᠡ ᠵᠢᠨ ᠲᠤᠰᠬᠠᠶ ᠠᠰᠢᠭ᠎ᠤᠨ ᠭᠤᠶᠤᠴᠢᠯᠠᠯ᠎ᠳᠤ᠎ᠪᠠᠨ ᠮᠥᠨ ᠴᠢᠨᠠᠷ᠎ᠤᠨ ᠬᠢᠨᠠᠨ ᠪᠠᠢ᠍ᠴᠠᠭ᠋ᠠᠯᠳᠠ ᠬᠢᠵᠦ ᠪᠣᠯᠤᠨ᠎ᠠ᠃
   (ᠵᠢᠷᠭᠤᠭ᠎ᠠ) ᠡᠷᠬᠡ ᠣᠯᠭᠣᠭᠰᠠᠨ ᠠᠯᠪᠠᠨ ᠵᠠᠷ ᠨᠡᠢ᠍ᠳᠡᠯᠡᠭᠦ᠃ ᠡᠭᠦᠳᠦᠯᠲᠡ ᠵᠢᠨ ᠲᠤᠰᠬᠠᠶ ᠠᠰᠢᠭ᠎ᠤᠨ ᠭᠤᠶᠤᠴᠢᠯᠠᠯ᠎ᠳᠤ ᠮᠥᠨ ᠴᠢᠨᠠᠷ᠎ᠤᠨ ᠬᠢᠨᠠᠨ ᠪᠠᠢ᠍ᠴᠠᠭ᠋ᠠᠯᠳᠠ ᠬᠢᠭᠡᠳ ᠨᠢᠴᠤᠭ᠋ᠠᠨ ᠪᠤᠴᠠᠭ᠋ᠠᠬᠤ ᠰᠢᠯᠲᠠᠭ᠋ᠠᠨ ᠦᠭᠡᠢ ᠪᠣᠯ ᠤᠯᠤᠰ᠎ᠤᠨ ᠮᠡᠳᠡᠯᠭᠡ ᠵᠢᠨ ᠥᠮᠴᠢᠯᠡᠯ᠎ᠤᠨ ᠡᠷᠬᠡ ᠵᠢᠨ ᠬᠠᠮᠢᠶᠠᠷᠤᠯᠲᠠ ᠵᠢᠨ ᠲᠣᠪᠴᠢᠶ᠎ᠠ᠎ᠠᠴᠠ ᠡᠭᠦᠳᠦᠯᠲᠡ ᠪᠦᠳᠦᠭᠡᠯᠲᠡ ᠵᠢᠨ ᠲᠤᠰᠬᠠᠶ ᠠᠰᠢᠭ᠎ᠤᠨ ᠡᠷᠬᠡ ᠣᠯᠭᠤᠨ᠎ᠠ᠂ ᠡᠭᠦᠳᠦᠯᠲᠡ ᠪᠦᠳᠦᠭᠡᠯᠲᠡ ᠵᠢᠨ ᠲᠤᠰᠬᠠᠶ ᠠᠰᠢᠭ᠎ᠤᠨ ᠦᠨᠡᠮᠯᠡᠯ ᠦᠭᠴᠦ᠂ 《ᠡᠭᠦᠳᠦᠯᠲᠡ ᠪᠦᠳᠦᠭᠡᠯᠲᠡ ᠵᠢᠨ ᠲᠤᠰᠬᠠᠶ ᠠᠰᠢᠭ᠎ᠤᠨ ᠠᠯᠪᠠᠨ ᠮᠡᠳᠡᠭᠡ》 ᠳᠡᠭᠡᠷ᠎ᠡ ᠲᠡᠡᠭᠰᠡᠯᠡᠠ ᠠᠪᠴᠤ ᠵᠠᠷᠯᠠᠨ ᠨᠡᠢ᠍ᠳᠡᠯᠡᠨ᠎ᠡ᠃ ᠪᠣᠳᠠᠲᠤ ᠬᠡᠷᠭᠡᠯᠭᠡᠨ᠎ᠤ ᠰᠢᠨ᠎ᠡ ᠬᠡᠯᠪᠡᠷᠢ ᠵᠢᠨ ᠲᠤᠰᠬᠠᠢ ᠠᠰᠢᠭ ᠪᠠ ᠭᠠᠳᠠᠷ ᠳᠦᠷᠰᠦ ᠵᠢᠨ ᠵᠢᠷᠤᠭ ᠲᠥᠯᠥᠪᠯᠡᠭᠡᠨ᠎ᠤ ᠲᠤᠰᠬᠠᠶ ᠠᠰᠢᠭ᠎ᠤᠨ ᠭᠣᠶᠤᠴᠢᠯᠠᠯ᠎ᠢ ᠠᠩᠬ᠎ᠠ ᠠᠯᠬᠤᠮ ᠬᠢᠨᠠᠨ ᠪᠠᠢ᠍ᠴᠠᠭ᠋ᠠᠯᠳᠠ᠎ᠪᠠᠷ ᠳᠠᠮᠵᠢᠨ ᠤᠯᠤᠰ᠎ᠤᠨ ᠮᠡᠳᠡᠯᠭᠡ ᠵᠢᠨ ᠥᠮᠴᠢᠯᠡᠯ᠎ᠤᠨ ᠡᠷᠬᠡ ᠵᠢᠨ ᠲᠣᠪᠴᠢᠶᠠᠨ᠎ᠠᠴᠠ ᠬᠡᠷᠭᠡᠯᠭᠡᠨ᠎ᠤ ᠰᠢᠨ᠎ᠡ ᠬᠡᠯᠪᠡᠷᠢ ᠵᠢᠨ ᠲᠤᠰᠬᠠᠶ ᠠᠰᠢᠭ᠎ᠤᠨ ᠡᠷᠬᠡ ᠪᠤᠶᠤ ᠭᠠᠳᠠᠷ ᠳᠦᠷᠰᠦ ᠵᠢᠨ ᠵᠢᠷᠤᠭ ᠲᠥᠯᠥᠪᠯᠡᠭᠡᠨ᠎ᠤ ᠲᠤᠰᠬᠠᠶ ᠠᠰᠢᠭ᠎ᠤᠨ ᠡᠷᠬᠡ᠂ ᠵᠣᠬᠢᠴᠠᠩᠭᠤᠶ ᠲᠤᠰᠬᠠᠶ ᠠᠰᠢᠭ᠎ᠤᠨ ᠦᠨᠡᠮᠯᠡᠯ ᠣᠯᠭᠣᠬᠤ ᠪᠥᠭᠡᠳ ᠲᠠᠨᠭ᠌ᠰᠠᠯᠠᠨ ᠠᠪᠴᠤ ᠵᠠᠷᠯᠠᠨ ᠨᠡᠢ᠍ᠳᠡᠯᠡᠨ᠎ᠡ᠃
   7 . ᠡᠭᠦᠳᠦᠡ ᠪᠦᠲᠦᠭᠡᠯᠲᠡ ᠵᠢᠨ ᠲᠤᠰᠬᠠᠶ ᠠᠰᠢᠭ᠎ᠤᠨ ᠡᠷᠬᠡ ᠣᠯᠭᠣᠬᠤ᠎ᠳᠤ ᠶᠠᠮᠠᠷ ᠶᠠᠮᠠᠷ ᠨᠥᠬᠥᠴᠡᠯ᠎ᠢ ᠪᠦᠷᠢᠯᠳᠦᠭᠦᠯᠬᠦ ᠴᠢᠬᠤᠯᠠ᠎ᠲᠠᠢ ᠪᠤᠢ?
    ᠡᠭᠦᠳᠦᠡ ᠪᠦᠲᠦᠭᠡᠯᠲᠡ ᠵᠢᠨ ᠲᠤᠰᠬᠠᠶ ᠠᠰᠢᠭ᠎ᠤᠨ ᠡᠷᠬᠡ ᠪᠠ ᠬᠡᠷᠡᠭᠯᠡᠭᠡᠨ᠎ᠤ ᠰᠢᠨ᠎ᠡ ᠬᠡᠯᠪᠡᠷᠢ ᠵᠢᠨ ᠲᠤᠰᠬᠠᠢ ᠠᠰᠢᠭ᠎ᠤᠨ ᠡᠷᠬᠡ ᠵᠢ ᠤᠯᠬᠤ᠎ᠳᠤ ᠰᠢᠨ᠎ᠡ ᠰᠡᠪᠡᠭᠦᠨ ᠴᠢᠨᠠᠷ᠂ ᠪᠦᠲᠦᠭᠡᠯᠴᠢ ᠴᠢᠨᠠᠷ᠎ᠲᠠᠢ ᠪᠥᠭᠡᠳ ᠬᠡᠷᠡᠭᠯᠡᠭᠡᠨ᠎ᠤ ᠴᠢᠨᠠᠷ᠎ᠲᠠᠢ ᠪᠠᠢ᠍ᠬᠤ ᠬᠡᠷᠡᠭᠲᠡᠶ᠃ ᠭᠠᠳᠠᠷ ᠳᠦᠷᠰᠦ ᠵᠢᠨ ᠵᠢᠷᠤᠭ ᠲᠥᠯᠥᠪᠯᠡᠭᠡ ᠵᠢᠨ ᠲᠤᠰᠬᠠᠶ ᠠᠰᠢᠭ᠎ᠤᠨ ᠡᠷᠬᠡ ᠣᠯᠭᠣᠬᠤ᠎ᠨᠢ ᠭᠤᠶᠤᠴᠢᠯᠠᠭᠰᠠᠨ ᠡᠳᠦᠷ᠎ᠠᠴᠠ ᠡᠮᠦᠨ᠎ᠡ ᠤᠯᠤᠰ᠎ᠤᠨ ᠳᠣᠲᠣᠭ᠋ᠠᠳᠤ ᠭᠠᠳᠠᠭ᠋ᠠᠳᠤ ᠵᠢᠨ ᠬᠡᠪᠯᠡᠭᠳᠡᠬᠦᠨ ᠳᠡᠭᠡᠷ᠎ᠡ ᠢᠯᠠ᠎ᠪᠠᠷ ᠨᠡᠢ᠍ᠳᠡᠯᠡᠭᠳᠡᠭᠰᠡᠨ ᠪᠤᠶᠤ ᠤᠯᠤᠰ᠎ᠤᠨ ᠳᠣᠲᠣᠭ᠋ᠠᠳᠤ᠎ᠳᠤ ᠢᠯᠠ᠎ᠪᠠᠷ ᠬᠡᠷᠡᠭᠯᠡᠵᠦ ᠥᠩᠭᠡᠷᠡᠭᠰᠡᠨ ᠭᠠᠳᠠᠷ ᠳᠦᠷᠰᠦ ᠵᠢᠨ ᠵᠢᠷᠤᠭ ᠲᠥᠯᠥᠪᠯᠡᠭᠡ᠎ᠲᠠᠢ ᠠᠳᠠᠯᠢ ᠪᠣᠶᠣ ᠠᠳᠠᠯᠢᠪᠲᠤᠷ ᠪᠠᠢ᠌ᠵᠤ ᠪᠣᠯᠬᠤ ᠦᠭᠡᠢ ᠪᠥᠭᠡᠳ ᠪᠤᠰᠤᠳ᠎ᠤᠨ ᠤᠷᠢᠳᠠᠪᠠᠷ ᠣᠯᠤᠭᠰᠠᠨ ᠬᠠᠤᠯᠢ ᠶᠣᠰᠣᠨ᠎ᠤ ᠡᠷᠬᠡ ᠠᠰᠢᠭ᠎ᠲᠠᠢ ᠳᠠᠪᠬᠤᠴᠠᠵᠤ ᠪᠣᠯᠬᠤ ᠦᠭᠡᠢ᠃ ᠤᠯᠤᠰ᠎ᠤᠨ ᠪᠠᠲᠤᠯᠠᠨ ᠬᠠᠮᠠᠭ᠋ᠠᠯᠠᠯᠲᠠ ᠵᠢᠨ ᠲᠤᠰᠬᠠᠶ ᠠᠰᠢᠭ᠎ᠤᠨ ᠡᠷᠬᠡ ᠣᠯᠭᠣᠬᠤ ᠡᠭᠦᠳᠦᠡ ᠪᠦᠳᠦᠭᠡᠯᠲᠡ᠎ᠨᠢ ᠰᠢᠨ᠎ᠡ ᠰᠡᠪᠡᠭᠦᠨ ᠴᠢᠨᠠᠷᠲᠠᠶ᠂ ᠪᠦᠲᠦᠭᠡᠯᠴᠢ ᠴᠢᠨᠠᠷ ᠪᠠ ᠬᠡᠷᠡᠭᠯᠡᠭᠡᠨ᠎ᠤ ᠴᠢᠨᠠᠷ᠎ᠲᠠᠢ ᠪᠠᠢ᠍ᠬᠤ ᠬᠡᠷᠡᠭᠲᠡᠶ᠃
   8 . ᠲᠤᠰᠬᠠᠶ ᠠᠰᠢᠭ ᠭᠤᠶᠤᠴᠢᠯᠠᠭᠰᠠᠨ ᠡᠭᠦᠳᠦᠡ ᠪᠦᠲᠦᠭᠡᠯᠲᠡ᠎ᠨᠢ ᠵᠠᠪᠠᠯ ᠦᠯᠢᠭᠡᠷ ᠬᠡᠪ ᠵᠣᠬᠢᠶᠠᠬᠤ ᠬᠡᠷᠡᠭᠲᠡᠶ ᠦᠦ?
    ᠰᠢᠨ᠎ᠡ ᠰᠡᠪᠡᠭᠦᠨ ᠴᠢᠨᠠᠷ᠂ ᠪᠦᠲᠦᠭᠡᠯᠴᠢ ᠴᠢᠨᠠᠷ᠎ᠲᠠᠢ ᠪᠥᠭᠡᠳ ᠬᠡᠷᠡᠭᠯᠡᠭᠡᠨ᠎ᠤ ᠴᠢᠨᠠᠷ᠎ᠲᠠᠢ ᠡᠭᠦᠳᠦᠨ ᠪᠦᠲᠦᠭᠡᠯᠲᠡ ᠵᠢᠨ ᠤᠷᠠᠨ ᠰᠡᠳᠬᠢᠮᠵᠢ ᠪᠣᠯᠣᠨ ᠮᠡᠷᠭᠡᠵᠢᠯ᠎ᠤᠨ ᠲᠥᠰᠦᠯ᠎ᠨᠢ ᠪᠦᠷᠢᠨ ᠪᠦᠲᠦᠨ᠂ ᠲᠣᠪ ᠲᠤᠳᠤᠷᠬᠠᠢ ᠲᠤᠰᠬᠠᠶ ᠠᠰᠢᠭ᠎ᠤᠨ ᠭᠤᠶᠤᠴᠢᠯᠠᠯ ᠪᠠᠢ᠌ᠪᠠᠯ ᠪᠤᠯᠤᠨ᠎ᠠ᠂ ᠦᠯᠢᠭᠡᠷ ᠬᠡᠪ ᠵᠣᠬᠢᠶᠠᠵᠤ ᠭᠠᠷᠭ᠋ᠠᠭᠰᠠᠨ᠎ᠤ ᠴᠢᠬᠤᠯᠠ ᠦᠭᠡᠢ᠃
   9 . ᠬᠣᠶᠠᠷ ᠬᠥᠮᠦᠨ ᠠᠳᠠᠯᠢᠬᠠᠨ ᠡᠭᠦᠳᠦᠡ ᠪᠦᠲᠦᠭᠡᠯᠲᠡ ᠵᠢ ᠵᠡᠷᠭᠡ᠎ᠪᠠᠷ ᠭᠤᠶᠤᠴᠢᠯᠠᠪᠠᠯ᠂ ᠲᠤᠰᠬᠠᠶ ᠠᠰᠢᠭ᠎ᠤᠨ ᠡᠷᠬᠡ ᠵᠢ ᠬᠡᠨ᠎ᠳᠤ᠎ᠨᠢ ᠣᠯᠭᠣᠪᠠᠯ ᠵᠣᠬᠢᠬᠤ ᠪᠤᠢ?
    ᠮᠠᠨ᠎ᠤ ᠤᠯᠤᠰ᠎ᠲᠤ ᠲᠤᠰᠬᠠᠶ ᠠᠰᠢᠭ᠎ᠤᠨ ᠡᠷᠬᠡ ᠵᠥᠪᠰᠢᠶᠡᠷᠡᠭᠦᠯᠬᠦ᠎ᠳᠤ ᠤᠷᠢᠳ ᠵᠶ᠋ᠠᠷ ᠭᠤᠶᠤᠴᠢᠯᠠᠬᠤ ᠵᠠᠷᠴᠢᠮ᠎ᠢ ᠵᠢᠷᠦᠮᠯᠡᠨ᠎ᠡ᠃ ᠠᠳᠠᠯᠢᠬᠠᠨ ᠡᠭᠦᠳᠦᠡ ᠪᠦᠲᠦᠭᠡᠯᠲᠡ ᠵᠢᠨ ᠲᠤᠬᠠᠶ ᠬᠡᠨ᠎ᠨᠢ ᠤᠷᠢᠳ ᠵᠶ᠋ᠠᠷ ᠲᠤᠰᠬᠠᠶ ᠠᠰᠢᠭ᠎ᠤᠨ ᠭᠤᠶᠤᠴᠢᠯᠠᠯ ᠭᠠᠷᠭ᠋ᠠᠪᠠᠯ ᠬᠡᠨ᠎ᠳᠤ ᠣᠯᠭᠣᠨ᠎ᠠ᠃ ᠬᠣᠶᠠᠷ ᠬᠥᠮᠦᠨ ᠠᠳᠠᠯᠢ ᠨᠢᠭᠡ ᠡᠳᠦᠷ ᠠᠳᠠᠯᠢᠬᠠᠨ ᠡᠭᠦᠳᠦᠡ ᠪᠦᠲᠦᠭᠡᠯᠲᠡ ᠵᠢᠨ ᠲᠤᠰᠬᠠᠶ ᠠᠰᠢᠭ᠎ᠢ ᠭᠤᠶᠤᠴᠢᠯᠠᠭᠰᠡᠨ ᠪᠠᠢ᠍ᠪᠠᠯ ᠲᠦᠷᠦ ᠵᠢᠨ ᠶᠠᠪᠤᠳᠠᠯ᠎ᠤᠨ ᠬᠣᠷᠢᠶᠠᠨ᠎ᠤ ᠲᠤᠰᠬᠠᠶ ᠠᠰᠢᠭ᠎ᠤᠨ ᠵᠠᠰᠠᠭ ᠵᠠᠬᠢᠷᠭ᠋ᠠᠨ᠎ᠤ ᠰᠠᠯᠠᠭ᠎ᠠ ᠮᠥᠴᠢᠷ᠎ᠤᠨ ᠮᠡᠳᠡᠭᠳᠡᠯ᠎ᠢ ᠣᠯᠤᠭᠰᠠᠨ᠎ᠤ ᠳᠠᠷᠠᠭ᠎ᠠ᠂ ᠭᠤᠶᠤᠴᠢᠯᠠᠭᠴᠢ ᠥᠪᠡᠰᠦᠪᠡᠨ ᠵᠥᠪᠳᠡᠯᠴᠡᠨ ᠳᠣᠭᠲᠠᠭ᠋ᠠᠪᠠᠯ ᠵᠣᠬᠢᠨ᠎ᠠ᠃
   10 . ᠲᠤᠰᠬᠠᠶ ᠠᠰᠢᠭ᠎ᠤᠨ ᠡᠷᠬᠡ ᠣᠯᠭᠣᠬᠤ ᠦᠭᠡᠢ ᠪᠠᠢ᠍ᠳᠠᠯ᠎ᠳᠤ ᠶᠠᠭᠤ ᠶᠠᠭᠤ ᠪᠠᠭᠲᠠᠭᠲᠠᠳᠠᠭ ᠪᠤᠢ?
   (ᠨᠢᠭᠡ) ᠰᠢᠨᠵᠢᠯᠡᠬᠦ ᠤᠬᠠᠭ᠋ᠠᠨ᠎ᠤ ᠢᠯᠡᠷᠡᠭᠦᠯᠦᠯᠲᠡ;
   (ᠬᠣᠶᠠᠷ) ᠤᠶᠦᠠ᠎ᠤ ᠠᠵᠢᠯᠯᠠᠭ᠎ᠠ ᠵᠢᠨ ᠳᠦᠷᠢᠮ ᠪᠠ ᠠᠷᠭ᠎ᠠ;
   (ᠭᠤᠷᠪᠠ) ᠡᠪᠡᠳᠴᠢᠨ᠎ᠢ ᠣᠨᠣᠰᠢᠯᠠᠨ ᠲᠤᠳᠦᠯᠡᠬᠤ ᠪᠠ ᠡᠮᠨᠡᠨ ᠵᠠᠰᠠᠬᠤ ᠠᠷᠭ᠎ᠠ;
   (ᠳᠥᠷᠪᠡ) ᠠᠮᠢᠳᠡᠠ ᠪᠠ ᠤᠷᠭᠤᠮᠠᠯ᠎ᠤᠨ ᠲᠥᠷᠥ ᠯ᠊ ᠵᠦᠢ᠍ᠯ᠂ ᠭᠡᠪᠡᠴᠦ ᠠᠮᠢᠲᠠᠨ ᠪᠠ ᠤᠷᠭᠤᠮᠠᠯ᠎ᠤᠨ ᠲᠦᠷᠦᠯ ᠵᠦᠢ᠍ᠯ᠎ᠤᠨ ᠠᠮᠢᠳᠤ ᠪᠣᠳᠠᠰ᠎ᠤᠨ ᠪᠣᠰᠤ ᠤᠬᠠᠭ᠋ᠠᠨ᠎ᠤ ᠦᠢ᠍ᠯᠡᠳᠪᠦᠷᠢᠯᠡᠬᠦ ᠠᠷᠭ᠎ᠠ᠎ᠳᠤ ᠲᠤᠰᠬᠠᠶ ᠠᠰᠢᠭ᠎ᠤᠨ ᠡᠷᠬᠡ ᠣᠯᠭᠣᠵᠤ ᠪᠣᠯᠤᠨ᠎ᠠ;
   (ᠲᠠᠪᠤ) ᠠᠲ᠋ᠣᠮ᠎ᠤᠨ ᠴᠥᠮ᠎ᠡ ᠵᠢ ᠬᠤᠪᠢᠰᠬᠠᠬᠤ ᠠᠷᠭ᠎ᠠ᠎ᠪᠠᠷ ᠣᠯᠤᠭᠰᠠᠨ ᠪᠣᠳᠠᠰ;
   (ᠵᠢᠷᠭᠤᠭ᠎ᠠ) ᠤᠯᠤᠰ᠎ᠤᠨ ᠬᠠᠤᠯᠢ ᠴᠠᠭ᠋ᠠᠵᠠ ᠵᠢ ᠵᠦᠷᠢᠴᠡᠭᠰᠡᠨ᠂ ᠨᠡᠢ᠍ᠭᠡᠮ ᠨᠡᠢ᠍ᠲᠡ ᠵᠢᠨ ᠶᠣᠰᠣ ᠮᠣᠷᠠᠯ ᠪᠤᠶᠤ ᠤᠯᠠᠨ ᠨᠡᠢ᠍ᠲᠡ ᠵᠢᠨ ᠠᠰᠢᠭ ᠲᠤᠰᠠ ᠵᠢ ᠬᠣᠬᠢᠷᠠᠭᠤᠯᠤᠭᠰᠠᠨ ᠡᠭᠦᠳᠦᠡ ᠪᠦᠲᠦᠭᠡᠯᠲᠡ᠃
   11 . ᠲᠤᠰᠬᠠᠶ ᠠᠰᠢᠭ᠎ᠤᠨ ᠭᠤᠶᠤᠴᠢᠯᠠᠯ᠎ᠨᠢ ᠤᠯᠤᠰ᠎ᠤᠨ ᠮᠡᠳᠡᠯᠭᠡ ᠵᠢᠨ ᠥᠮᠴᠢᠯᠡᠯ᠎ᠤᠨ ᠡᠷᠬᠡ ᠵᠢᠨ ᠲᠣᠪᠴᠢᠶᠠᠨ᠎ᠳᠤ ᠨᠢᠴᠤᠭ᠋ᠠᠭᠳᠠᠪᠠᠯ ᠪᠣᠯ ᠶᠠᠭ᠋ᠠᠬᠢᠪᠠᠯ ᠵᠣᠬᠢᠬᠤ ᠪᠤᠢ?
   《ᠲᠤᠰᠬᠠᠶ ᠠᠰᠢᠭ᠎ᠤᠨ ᠬᠠᠤᠯᠢ》 ᠵᠢᠨ ᠳᠥᠴᠢᠨ ᠨᠢᠭᠡᠳᠦᠭᠡᠷ ᠵᠦᠢ᠍ᠯ᠎ᠤᠨ ᠲᠣᠭᠲᠠᠭ᠋ᠠᠯ᠎ᠢ ᠦᠨᠳᠦᠰᠦᠯᠡᠨ ᠲᠤᠰᠬᠠᠶ ᠠᠰᠢᠭ ᠭᠤᠶᠤᠴᠢᠯᠠᠭᠴᠢ᠎ᠨᠢ ᠲᠥᠷᠥ ᠵᠢᠨ ᠶᠠᠪᠤᠳᠠᠯ᠎ᠤᠨ ᠬᠣᠷᠢᠶᠠᠨ᠎ᠤ ᠲᠤᠰᠬᠠᠶ ᠠᠰᠢᠭ᠎ᠤᠨ ᠵᠠᠰᠠᠭ ᠵᠠᠬᠢᠷᠭ᠋ᠠᠨ᠎ᠤ ᠰᠠᠯᠠᠭ᠎ᠠ ᠮᠥᠴᠢᠷ᠎ᠠᠴᠠ ᠭᠤᠶᠤᠴᠢᠯᠠᠯ᠎ᠢ ᠨᠢᠴᠤᠭ᠋ᠠᠨ ᠪᠤᠴᠠᠭ᠋ᠠᠭᠰᠠᠨ ᠲᠣᠭᠲᠠᠭ᠋ᠠᠯ᠎ᠢ ᠵᠥᠪᠰᠢᠶᠡᠷᠡᠬᠦ ᠦᠭᠡᠢ ᠪᠣᠯ ᠮᠡᠳᠡᠭᠳᠡᠯ᠎ᠢ ᠣᠯᠤᠭᠰᠠᠨ ᠡᠳᠦᠷ᠎ᠠᠴᠠ ᠡᠬᠢᠯᠡᠨ ᠭᠤᠷᠪᠠᠨ ᠰᠠᠷ᠎ᠠ ᠵᠢᠨ ᠳᠣᠲᠣᠷ᠎ᠠ ᠲᠤᠰᠬᠠᠶ ᠠᠰᠢᠭ᠎ᠢ ᠲᠡᠬᠢᠠ ᠬᠢᠨᠠᠬᠤ ᠺᠣᠮᠢᠰ᠎ᠲᠤ ᠲᠡᠬᠢᠵᠦ ᠬᠢᠨᠠᠭᠤᠯᠬᠤ᠎ᠪᠠᠷ ᠭᠤᠶᠤᠴᠢᠯᠠᠵᠤ ᠪᠣᠯᠤᠨ᠎ᠠ᠃ ᠲᠤᠰᠬᠠᠶ ᠠᠰᠢᠭ ᠭᠤᠶᠤᠴᠢᠯᠠᠭᠴᠢ᠎ᠨᠢ ᠲᠤᠰᠬᠠᠶ ᠠᠰᠢᠭ᠎ᠢ ᠲᠡᠬᠢᠠ ᠬᠢᠨᠠᠬᠤ ᠺᠣᠮᠢᠰ᠎ᠤᠨ ᠲᠡᠬᠢᠠ ᠬᠢᠨᠠᠭᠰᠠᠨ ᠲᠣᠭᠲᠠᠭ᠋ᠠᠯ᠎ᠢ ᠵᠥᠪᠰᠢᠶᠡᠷᠡᠬᠦ ᠦᠭᠡᠢ ᠪᠣᠯ ᠲᠠᠬᠢᠨ ᠬᠢᠨᠠᠨ ᠲᠣᠭᠲᠠᠭ᠋ᠠᠭᠰᠠᠨ ᠮᠡᠳᠡᠭᠳᠡᠯ᠎ᠢ ᠣᠯᠤᠭᠰᠠᠨ ᠡᠳᠦᠷ᠎ᠠᠴᠠ ᠡᠬᠢᠯᠡᠨ ᠭᠤᠷᠪᠠᠨ ᠰᠠᠷ᠎ᠠ ᠵᠢᠨ ᠳᠣᠲᠣᠷ᠎ᠠ ᠠᠷᠠᠳ᠎ᠤᠨ ᠳᠡᠭᠡᠳᠦ ᠵᠡᠷᠭᠡ ᠵᠢᠨ ᠰᠢᠭᠦᠬᠦ ᠬᠣᠷᠢᠶᠠᠨ᠎ᠳᠤ ᠵᠡᠭ᠋ᠠᠯᠳᠦᠵᠦ ᠪᠣᠯᠤᠨ᠎ᠠ᠃
   12 . ᠲᠤᠰᠬᠠᠶ ᠠᠰᠢᠭ᠎ᠤᠨ ᠡᠷᠬᠡ ᠭᠤᠶᠤᠴᠢᠯᠠᠬᠤ ᠪᠠ ᠲᠤᠰᠬᠠᠶ ᠠᠰᠢᠭ᠎ᠤᠨ ᠡᠷᠬᠡ ᠣᠯᠤᠭᠰᠠᠨ᠎ᠤ ᠬᠣᠢ᠍ᠨ᠎ᠠ ᠶᠡᠷᠦ᠎ᠳᠡᠭᠡᠨ ᠶᠠᠮᠠᠷ ᠶᠠᠮᠠᠷ ᠵᠠᠷᠤᠳᠠᠯ᠎ᠢ ᠲᠤᠰᠢᠶᠠᠬᠤ ᠴᠢᠬᠤᠯᠠ᠎ᠲᠠᠢ ᠪᠤᠢ?
   (ᠨᠢᠭᠡ) ᠭᠤᠶᠤᠴᠢᠯᠠᠬᠤ ᠵᠠᠷᠤᠳᠠᠯ᠂ ᠭᠤᠶᠤᠴᠢᠯᠠᠯ᠎ᠤᠨ ᠨᠡᠮᠡᠯᠲᠡ ᠵᠠᠷᠤᠳᠠᠯ᠂ ᠨᠡᠢ᠍ᠳᠡᠯᠡᠬᠦ ᠬᠡᠪᠯᠡᠯ᠎ᠤᠨ ᠵᠠᠷᠤᠳᠠᠯ;
   (ᠬᠣᠶᠠᠷ) ᠡᠭᠦᠳᠦᠯᠲᠡ ᠵᠢᠨ ᠲᠤᠰᠬᠠᠶ ᠠᠰᠢᠭ᠎ᠤᠨ ᠭᠤᠶᠤᠴᠢᠯᠠᠯ᠎ᠳᠤ ᠮᠥᠨ ᠴᠢᠨᠠᠷ᠎ᠤᠨ ᠬᠢᠨᠠᠨ ᠪᠠᠢ᠍ᠴᠠᠭ᠋ᠠᠯᠳᠠ ᠬᠢᠬᠦ ᠵᠠᠷᠤᠳᠠᠯ᠂ ᠭᠤᠶᠤᠴᠢᠯᠠᠯ ᠵᠶ᠋ᠠᠨ ᠬᠡᠪ ᠵᠶ᠋ᠠᠷ ᠪᠠᠢ᠍ᠯᠭ᠋ᠠᠬᠤ ᠵᠠᠷᠤᠳᠠᠯ;
   (ᠭᠤᠷᠪᠠ) ᠲᠤᠰᠬᠠᠶ ᠠᠰᠢᠭ᠎ᠢ ᠳᠠᠩᠰᠠᠯᠠᠬᠤ ᠵᠠᠷᠤᠳᠠᠯ᠂ ᠠᠯᠪᠠᠨ ᠵᠠᠷ ᠳᠠᠷᠤᠮᠠᠯᠯᠠᠬᠤ ᠵᠠᠷᠤᠳᠠᠯ᠂ ᠲᠡᠮᠳᠡᠭᠲᠦ ᠵᠢᠨ ᠭᠠᠢ᠍ᠯᠢ;
   (ᠲᠦᠷᠪᠡ) ᠣᠨ᠎ᠤ ᠰᠦᠢ᠍ᠳᠬᠡᠯ᠃
   13 . ᠺᠣᠮᠫᠢᠦ᠋ᠲ᠋ᠧᠷ᠎ᠤᠨ ᠵᠥᠭᠡᠯᠡᠨ ᠲᠤᠨᠤᠭ᠎ᠤᠨ ᠲᠤᠰᠬᠠᠶ ᠠᠰᠢᠭ ᠭᠤᠶᠤᠴᠢᠯᠠᠵᠤ ᠪᠣᠯᠤᠨ᠎ᠠ ᠤᠤ? ᠵᠥᠭᠡᠯᠡᠨ ᠲᠤᠨᠤᠭ᠎ᠤᠨ ᠵᠣᠬᠢᠶᠠᠯ ᠪᠦᠲᠦᠭᠡᠯ᠎ᠤᠨ ᠡᠷᠬᠡ ᠵᠢᠨ ᠲᠠᠨᠭ᠌ᠰᠠᠯᠠᠯᠳᠠ᠎ᠯᠤᠭ᠎ᠠ ᠶᠠᠮᠠᠷ ᠢᠯᠭ᠋ᠠᠭ᠎ᠠ᠎ᠲᠠᠢ ᠪᠤᠢ?
    ᠵᠥᠪᠬᠡᠨ ᠺᠣᠮᠫᠢᠦ᠋ᠲ᠋ᠧᠷ᠎ᠤᠨ ᠵᠥᠭᠡᠯᠡᠨ ᠲᠤᠨᠦᠬ ᠯᠡ ᠪᠣᠯ ᠬᠥᠮᠦᠨ ᠲᠥᠷᠥᠯᠬᠢᠲᠡᠨ᠎ᠤ ᠤᠶᠦᠠ᠎ᠤ ᠠᠵᠢᠯᠯᠠᠭ᠎ᠠ ᠵᠢᠨ ᠳᠦᠷᠢᠮ ᠪᠠ ᠠᠷᠭ᠎ᠠ᠎ᠳᠤ ᠬᠠᠷᠢᠶᠠᠯᠠᠭᠳᠠᠨ᠎ᠠ᠂ 《ᠲᠤᠰᠬᠠᠶ ᠠᠰᠢᠭ᠎ᠤᠨ ᠬᠠᠤᠯᠢ》 ᠵᠢᠨ ᠬᠣᠷᠢᠨ ᠲᠠᠪᠤᠳᠤᠭ᠋ᠠᠷ ᠵᠦᠢ᠍ᠯ᠎ᠤᠨ ᠨᠢᠭᠡᠳᠦᠭᠡᠷ ᠪᠠᠳᠠᠭ᠎ᠤᠨ ᠬᠣᠶᠠᠳᠤᠭ᠋ᠠᠷ ᠵᠤᠷᠪᠤᠰ᠎ᠤᠨ ᠲᠣᠭᠲᠠᠭ᠋ᠠᠯ ᠶᠣᠰᠣᠭ᠋ᠠᠷ ᠲᠤᠰᠬᠠᠶ ᠠᠰᠢᠭ᠎ᠤᠨ ᠡᠷᠬᠡ ᠣᠯᠭᠣᠵᠤ ᠪᠣᠯᠬᠤ ᠦᠭᠡᠢ᠃ ᠭᠡᠪᠡᠴᠦ ᠬᠡᠷᠪᠡ ᠺᠣᠮᠫᠢᠦ᠋ᠲ᠋ᠧᠷ᠎ᠤᠨ ᠵᠥᠭᠡᠯᠡᠨ ᠲᠤᠨᠦᠬ᠎ᠲᠤ ᠬᠣᠯᠪᠣᠭᠳᠠᠭᠰᠠᠨ ᠡᠭᠦᠳᠦᠨ ᠪᠦᠳᠦᠭᠡᠯᠲᠡ᠎ᠨᠢ ᠡᠭᠦᠳᠦᠨ ᠪᠦᠳᠦᠭᠡᠯᠲᠡ᠎ᠳᠤ ᠳᠤᠷᠠᠳᠤᠭᠰᠠᠨ ᠠᠰᠠᠭᠤᠳᠠᠯ᠎ᠢ ᠰᠢᠶᠳᠪᠦᠷᠢᠯᠡᠬᠦ ᠵᠢᠨ ᠲᠥᠯᠥᠭᠡ᠂ ᠪᠦᠬᠦᠠ᠎ᠢ ᠪᠤᠶᠤ ᠬᠡᠰᠡᠭ᠎ᠢ᠎ᠨᠢ ᠺᠣᠮᠫᠢᠦ᠋ᠲ᠋ᠧᠷ᠎ᠤᠨ ᠳᠡᠰ ᠳᠠᠷᠠᠭ᠎ᠠ ᠵᠢ ᠰᠢᠶᠳᠪᠦᠷᠢᠯᠡᠬᠦ ᠶᠠᠪᠤᠴᠠ᠎ᠳᠤ ᠰᠠᠭᠤᠷᠢ ᠪᠣᠯᠭ᠋ᠠᠭᠰᠠᠨ ᠰᠢᠶᠳᠪᠦᠷᠢᠯᠡᠬᠦ ᠲᠥᠰᠦᠯ ᠪᠣᠯ ᠡᠭᠦᠳᠦᠯᠲᠡ ᠪᠦᠳᠦᠭᠡᠯᠲᠡ ᠵᠢᠨ ᠲᠤᠰᠬᠠᠶ ᠠᠰᠢᠭ᠎ᠢ ᠭᠤᠶᠤᠴᠢᠯᠠᠵᠤ ᠪᠣᠯᠤᠨ᠎ᠠ᠃ 《ᠲᠤᠰᠬᠠᠶ ᠠᠰᠢᠭ᠎ᠤᠨ ᠬᠠᠤᠯᠢ》᠎ᠳᠤ ᠺᠣᠮᠫᠢᠦ᠋ᠲ᠋ᠧᠷ᠎ᠤᠨ ᠵᠥᠭᠡᠯᠡᠨ ᠲᠤᠨᠤᠭ᠎ᠢ ᠬᠠᠮᠠᠭ᠋ᠠᠯᠠᠬᠤ ᠭᠤᠷᠪᠠᠨ ᠳᠠᠪᠠᠭᠤᠯᠢᠭ ᠲᠠᠯ᠎ᠠ᠎ᠲᠠᠢ᠄ ᠨᠢᠭᠡᠳᠦᠭᠡᠷ᠎ᠲᠤ᠂ 《ᠲᠤᠰᠬᠠᠶ ᠠᠰᠢᠭ᠎ᠤᠨ ᠬᠠᠤᠯᠢ》᠎ᠳᠤ ᠺᠣᠮᠫᠢᠦ᠋ᠲ᠋ᠧᠷ᠎ᠤᠨ ᠵᠥᠭᠡᠯᠡᠨ ᠲᠣᠨᠣᠭ᠎ᠢ ᠬᠠᠮᠠᠭ᠋ᠠᠯᠠᠬᠤ ᠪᠦᠲᠦᠭᠡᠯᠴᠢ ᠠᠷᠭ᠎ᠠ ᠵᠢᠴᠢ ᠺᠣᠮᠫᠢᠦ᠋ᠲ᠋ᠧᠷ᠎ᠤᠨ ᠵᠥᠭᠡᠯᠡᠨ ᠲᠤᠨᠤᠭ᠎ᠲᠤ ᠣᠨᠴᠠ ᠪᠠᠢ᠍ᠳᠠᠭ ᠡᠬᠢ ᠺᠣᠳ᠋᠃ ᠬᠣᠶᠠᠳᠤᠭ᠋ᠠᠷ᠎ᠲᠤ᠂ ᠬᠠᠮᠠᠭ᠋ᠠᠯᠠᠬᠤ ᠬᠢᠷᠢ ᠬᠡᠮᠵᠢᠶ᠎ᠡ᠎ᠨᠢ ᠥᠨᠳᠥᠷ᠂ ᠺᠣᠮᠫᠢᠦ᠋ᠲ᠋ᠧᠷ᠎ᠤᠨ ᠵᠥᠭᠡᠯᠡᠨ ᠲᠤᠨᠤᠭ᠎ᠤᠨ ᠲᠤᠰᠬᠠᠶ ᠠᠰᠢᠭ᠎ᠤᠨ ᠡᠷᠬᠡ ᠵᠢ ᠣᠯᠭᠣᠭᠰᠠᠨ᠎ᠤ ᠬᠣᠢ᠍ᠨ᠎ᠠ ᠪᠤᠰᠤᠳ ᠺᠣᠮᠫᠢᠦ᠋ᠲ᠋ᠧᠷ᠎ᠤᠨ ᠵᠥᠭᠡᠯᠡᠨ ᠲᠤᠨᠤᠭ᠎ᠢ ᠨᠡᠭᠡᠭᠡᠨ ᠠᠰᠢᠭᠯᠠᠭᠴᠢᠳ᠎ᠤᠨ ᠳᠠᠬᠢᠨ ᠨᠡᠭᠡᠭᠡᠯᠳᠡ ᠬᠢᠭᠡᠳ ᠨᠢᠭᠡᠨᠲᠡ ᠲᠤᠰᠬᠠᠶ ᠠᠰᠢᠭ᠎ᠤᠨ ᠡᠷᠬᠡ ᠣᠯᠤᠭᠰᠠᠨ ᠵᠥᠭᠡᠯᠡᠨ ᠲᠤᠨᠤᠭ᠎ᠤᠨ ᠢᠯᠡᠷᠡᠬᠦ ᠠᠷᠭ᠎ᠠ ᠪᠤᠶᠤ ᠦᠵᠡᠯ ᠰᠡᠳᠬᠢᠬᠦᠢ᠎ᠨᠢ ᠠᠳᠠᠯᠢ ᠪᠤᠶᠤ ᠠᠳᠠᠯᠢᠪᠲᠤᠷ ᠪᠠᠢ᠌ᠪᠠᠯ ᠺᠣᠮᠫᠢᠦ᠋ᠲ᠋ᠧᠷ᠎ᠤᠨ ᠵᠥᠭᠡᠯᠡᠨ ᠲᠤᠨᠤᠭ᠎ᠤᠨ ᠡᠷᠬᠡ᠎ᠳᠤ ᠬᠠᠯᠳᠠᠭᠰᠠᠨ ᠵᠶ᠋ᠠᠷ ᠮᠠᠭ᠋ᠠᠳᠯᠠᠨ ᠳᠣᠭᠲᠠᠭ᠋ᠠᠵᠤ ᠪᠣᠯᠤᠨ᠎ᠠ᠃ ᠭᠤᠷᠪᠠᠳᠤᠭ᠋ᠠᠷ᠎ᠲᠤ᠂ ᠲᠤᠰᠬᠠᠶ ᠠᠰᠢᠭ᠎ᠤᠨ ᠡᠷᠬᠡ ᠵᠢᠨ ᠺᠣᠮᠫᠢᠦ᠋ᠲ᠋ᠧᠷ᠎ᠤᠨ ᠵᠥᠭᠡᠯᠡᠨ ᠲᠤᠨᠤᠭ᠎ᠢ ᠬᠠᠮᠠᠭ᠋ᠠᠯᠠᠬᠤ ᠬᠤᠭᠤᠴᠠᠭ᠎ᠠ᠎ᠨᠢ ᠨᠡᠯᠢᠶᠡᠳ ᠵᠦᠢ ᠵᠣᠬᠢᠰᠲᠠᠶ᠃ 《ᠲᠤᠰᠬᠠᠶ ᠠᠰᠢᠭ᠎ᠤᠨ ᠬᠠᠤᠯᠢ》᠎ᠳᠤ ᠡᠭᠦᠳᠦᠡ ᠪᠦᠳᠦᠭᠡᠯᠲᠡ ᠵᠢ ᠬᠠᠮᠠᠭ᠋ᠠᠯᠠᠬᠤ ᠬᠤᠭᠤᠴᠠᠭ᠎ᠠ᠎ᠨᠢ 20 ᠵᠢᠯ᠂ ᠡᠨᠡ᠎ᠨᠢ ᠬᠡᠪᠯᠡᠯ᠎ᠤᠨ ᠡᠷᠬᠡ ᠵᠢᠨ ᠬᠠᠤᠯᠢ ᠵᠢ ᠤᠯᠠᠨ ᠤᠯᠤᠰ᠎ᠤᠨ ᠵᠤᠷᠰᠢᠯ — ᠵᠣᠬᠢᠶᠠᠭᠴᠢ ᠵᠢᠨ ᠠᠮᠢᠳᠤ ᠪᠠᠢ᠌ᠭᠰᠠᠨ ᠣᠨ ᠵᠢᠯ ᠳᠡᠭᠡᠷ᠎ᠡ ᠨᠠᠰᠤ ᠪᠠᠷᠠᠭᠰᠠᠨ᠎ᠤ ᠳᠠᠷᠠᠭ᠋ᠠᠬᠢ 50 ᠵᠢᠯ (《ᠪᠤᠷᠨᠤ ᠵᠢᠨ ᠨᠡᠶ᠋ᠢᠲᠡ ᠵᠢᠨ ᠭᠡᠷ᠎ᠡ》) ᠪᠤᠶᠤ 25 ᠵᠢᠯ (《ᠳᠡᠯᠡᠬᠡᠶ ᠵᠢᠨ ᠬᠡᠪᠯᠡᠯ᠎ᠤᠨ ᠡᠷᠬᠡ ᠵᠢᠨ ᠨᠡᠶ᠋ᠢᠲᠡ ᠵᠢᠨ ᠭᠡᠷ᠎ᠡ》)᠎ᠠᠴᠠ ᠢᠯᠡᠷᠬᠡᠶ ᠳᠣᠣᠷ᠎ᠠ ᠪᠠᠢ᠌ᠵᠤ᠂ ᠺᠣᠮᠫᠢᠦ᠋ᠲ᠋ᠧᠷ᠎ᠤᠨ ᠵᠥᠭᠡᠯᠡᠨ ᠲᠤᠨᠤᠭ᠎ᠤᠨ ᠪᠣᠳᠠᠲᠤ ᠠᠵᠤ ᠠᠬᠤᠶ ᠵᠢᠨ ᠬᠡᠷᠡᠭᠯᠡᠯᠲᠡ ᠵᠢᠨ ᠬᠡᠷᠡᠭᠯᠡᠬᠡ᠎ᠲᠠᠢ ᠣᠢ᠍ᠷᠠᠯᠴᠠᠭ᠎ᠠ ᠪᠠᠢ᠌ᠳᠠᠭ ᠲᠤᠯᠠ ᠰᠢᠨᠵᠢᠯᠡᠬᠦ ᠤᠬᠠᠭ᠋ᠠᠨ᠎ᠤ ᠳᠠᠪᠰᠢᠯᠲᠠ ᠵᠢ ᠠᠬᠢᠭᠤᠯᠬᠤ᠎ᠳᠤ ᠠᠰᠢᠭᠲᠠᠶ ᠶᠤᠮ᠃
   14 . ᠡᠮ᠎ᠤᠨ ᠵᠦᠢ᠍ᠯ᠎ᠳᠤ ᠲᠤᠰᠬᠠᠶ ᠠᠰᠢᠭ ᠭᠤᠶᠤᠴᠢᠯᠠᠵᠤ ᠪᠣᠯᠤᠨ᠎ᠠ ᠤᠤ? ᠲᠤᠰᠬᠠᠶ ᠠᠰᠢᠭ᠎ᠤᠨ ᠡᠷᠬᠡ ᠣᠯᠤᠭᠰᠠᠨ᠎ᠤ ᠬᠣᠢ᠍ᠨ᠎ᠠ ᠪᠠᠰᠠ ᠡᠮ᠎ᠤᠨ ᠵᠦᠢ᠍ᠯ᠎ᠢ ᠬᠢᠨᠠᠨ ᠵᠥᠪᠰᠢᠶᠡᠷᠡᠬᠦ ᠭᠠᠷ ᠭᠦᠢ᠍ᠴᠡᠳᠬᠡᠯ ᠬᠢᠬᠦ ᠬᠡᠷᠡᠭᠲᠡᠶ ᠤᠤ?
    ᠡᠮ᠎ᠤᠨ ᠵᠦᠢ᠍ᠯ᠎ᠳᠤ ᠲᠤᠰᠬᠠᠶ ᠠᠰᠢᠭ᠎ᠤᠨ ᠭᠤᠶᠤᠴᠢᠯᠠᠯ ᠭᠠᠷᠭ᠋ᠠᠵᠤ ᠪᠣᠯᠤᠨ᠎ᠠ᠃ ᠲᠤᠰᠬᠠᠶ ᠠᠰᠢᠭ᠎ᠤᠨ ᠡᠷᠬᠡ ᠣᠯᠭᠣᠭᠰᠠᠨ᠎ᠨᠢ ᠵᠥᠪᠬᠡᠨ 《ᠲᠤᠰᠬᠠᠶ ᠠᠰᠢᠭ᠎ᠤᠨ ᠬᠠᠤᠯᠢ》 ᠵᠢᠨ ᠬᠣᠯᠪᠣᠭᠳᠠᠯ ᠪᠦᠬᠦᠢ ᠲᠣᠭᠲᠠᠭ᠋ᠠᠯ᠎ᠢ ᠦᠨᠳᠦᠰᠦᠯᠡᠵᠦ ᠣᠯᠭᠤᠭᠰᠠᠨ ᠶᠤᠮ᠂ ᠲᠡᠷᠡ᠎ᠨᠢ ᠡᠮ᠎ᠢ ᠵᠠᠬ᠎ᠠ ᠳᠡᠯᠭᠡᠭᠦᠷ᠎ᠲᠤ ᠣᠷᠣᠬᠤ ᠵᠥᠪᠰᠢᠶᠡᠷᠡᠬᠦ ᠨᠥᠬᠥᠴᠡᠯ᠎ᠢ ᠪᠦᠷᠢᠯᠳᠦᠭᠦᠯᠦᠭᠰᠡᠨ ᠭᠡᠰᠡᠨ ᠶᠠᠪᠤᠳᠠᠯ ᠪᠢᠰᠢ᠂ ᠲᠤᠰᠬᠠᠶ ᠠᠰᠢᠭ᠎ᠤᠨ ᠡᠷᠬᠡᠲᠦ ᠬᠥᠮᠦᠨ᠎ᠨᠢ ᠲᠤᠰ ᠲᠤᠰᠬᠠᠶ ᠠᠰᠢᠭ᠎ᠢ ᠬᠡᠷᠡᠭᠵᠢᠭᠦᠯᠬᠦ᠎ᠠᠴᠠ ᠡᠮᠦᠨ᠎ᠡ ᠪᠠᠰᠠ ᠬᠣᠯᠪᠣᠭᠳᠠᠯ ᠪᠦᠬᠦᠢ ᠬᠠᠤᠯᠢ ᠲᠣᠭᠲᠠᠭ᠋ᠠᠯ᠎ᠢ ᠦᠨᠳᠦᠰᠦᠯᠡᠨ ᠬᠠᠮᠢᠶ᠎ᠠ ᠪᠦᠬᠦᠢ ᠡᠷᠬᠡ ᠲᠤᠰᠢᠶᠠᠯᠲᠤ ᠰᠠᠯᠠᠭ᠎ᠠ ᠮᠥᠴᠢᠷ᠎ᠠᠴᠠ ᠬᠢᠨᠠᠨ ᠵᠥᠪᠰᠢᠶᠡᠷᠡᠭᠦᠯᠬᠦ ᠭᠠᠷ ᠭᠦᠢ᠍ᠴᠡᠳᠬᠡᠯ ᠬᠢᠬᠦ ᠬᠡᠷᠡᠭᠲᠡᠶ᠃
   15 . ᠤᠯᠠᠨ ᠤᠯᠤᠰ᠎ᠤᠨ ᠲᠤᠰᠬᠠᠶ ᠠᠰᠢᠭ᠎ᠢ ᠬᠡᠷᠬᠢᠨ ᠭᠤᠶᠤᠴᠢᠯᠠᠬᠤ ᠪᠤᠢ?
   (ᠨᠢᠭᠡ) ᠳᠤᠮᠳᠠᠳᠤ ᠤᠯᠤᠰ᠎ᠤᠨ ᠲᠤᠰᠬᠠᠶ ᠠᠰᠢᠭ᠎ᠤᠨ ᠭᠤᠶᠤᠴᠢᠯᠠᠯ ᠭᠠᠷᠭ᠋ᠠᠬᠤ ᠬᠡᠷᠡᠭᠲᠡᠶ᠃ ᠨᠢᠭᠡᠴᠢ ᠪᠤᠶᠤ ᠬᠤᠪᠢ ᠬᠥᠮᠦᠨ᠎ᠨᠢ ᠡᠭᠦᠳᠦᠨ ᠪᠦᠲᠦᠭᠡᠯᠲᠡ ᠭᠠᠷᠭ᠋ᠠᠭᠰᠠᠨ᠎ᠤ ᠳᠠᠷᠠᠭ᠎ᠠ ᠤᠷᠢᠳᠠᠪᠠᠷ ᠤᠯᠤᠰ᠎ᠤᠨ ᠮᠡᠳᠡᠯᠭᠡ ᠵᠢᠨ ᠥᠮᠴᠢᠯᠡᠬᠦ ᠡᠷᠬᠡ ᠵᠢᠨ ᠲᠣᠪᠴᠢᠶᠠᠨ᠎ᠳᠤ ᠤᠯᠠᠨ ᠤᠯᠤᠰ᠎ᠤᠨ ᠭᠤᠶᠤᠴᠢᠯᠠᠯ ᠳᠤᠷᠠᠳᠴᠤ ᠪᠣᠯᠤᠨ᠎ᠠ᠃ ᠲᠡᠭᠡᠭᠡᠦᠠ ᠠᠷᠪᠠᠨ ᠬᠣᠶᠠᠷ ᠰᠠᠷ᠎ᠠ ᠲᠡᠷᠢᠭᠦᠯᠡᠬᠦ ᠡᠷᠬᠡ ᠵᠢᠨ ᠬᠤᠭᠤᠴᠠᠭ᠋ᠠᠨ ᠳᠣᠲᠣᠷ᠎ᠠ ᠤᠯᠠᠨ ᠤᠯᠤᠰ᠎ᠤᠨ ᠭᠤᠶᠤᠴᠢᠯᠠᠯ ᠳᠤᠷᠠᠳᠬᠤ ᠬᠡᠷᠡᠭᠲᠡᠶ ᠪᠥᠭᠡᠳ ᠲᠡᠷᠢᠭᠦᠯᠡᠬᠦ ᠡᠷᠬᠡ ᠤᠯᠬᠤ᠎ᠪᠠᠷ ᠱᠠᠭ᠋ᠠᠷᠳᠠᠭᠰᠠᠨ ᠪᠠᠢ᠌ᠬᠤ ᠬᠡᠷᠡᠭᠳᠠᠢ᠃ ᠪᠠᠰᠠ ᠰᠢᠭᠤᠳ ᠣᠯᠠᠨ ᠤᠯᠤᠰ᠎ᠤᠨ ᠭᠤᠶᠤᠴᠢᠯᠠᠯ ᠳᠤᠷᠠᠳᠴᠤ ᠪᠣᠯᠤᠨ᠎ᠠ᠂ ᠭᠡᠪᠡᠴᠦ ᠡᠷᠬᠡᠪᠰᠢ ᠲᠤᠰ ᠭᠤᠶᠤᠴᠢᠯᠠᠯ᠎ᠨᠢ ᠭᠠᠳᠠᠭ᠋ᠠᠳᠤ ᠵᠢ ᠵᠢᠭ᠋ᠠᠨ ᠳᠣᠭᠲᠠᠭ᠋ᠠᠭᠰᠠᠨ ᠮᠦᠷᠳᠡᠭᠡᠨ ᠳᠤᠮᠳᠠᠳᠤ ᠤᠯᠤᠰ᠎ᠢ ᠴᠦ᠍ ᠵᠢᠭ᠋ᠠᠨ ᠲᠣᠭᠲᠠᠭ᠋ᠠᠭᠰᠠᠨ ᠪᠠᠢ᠍ᠬᠤ ᠬᠡᠷᠡᠭᠲᠠᠢ᠃
   (ᠬᠣᠶᠠᠷ) ᠭᠤᠶᠤᠴᠢᠯᠠᠬᠤ ᠵᠠᠷᠤᠳᠠᠯ᠎ᠤᠨ ᠪᠡᠯᠡᠳᠭᠡᠯ᠃ ᠣᠯᠠᠨ ᠤᠯᠤᠰ᠎ᠤᠨ ᠭᠤᠶᠤᠴᠢᠯᠠᠯ ᠭᠠᠷᠭ᠋ᠠᠬᠤ᠎ᠳᠤ ᠴᠦ᠍ ᠭᠠᠳᠠᠭ᠋ᠠᠳᠤ ᠤᠯᠤᠰ᠎ᠤᠨ ᠲᠤᠰᠬᠠᠶ ᠠᠰᠢᠭ᠎ᠤᠨ ᠲᠣᠪᠴᠢᠶ᠎ᠠ ᠪᠣᠯᠤᠨ ᠣᠷᠣᠯᠠᠭᠴᠢ᠎ᠳᠤ ᠵᠠᠷᠤᠳᠠᠯ ᠲᠤᠰᠢᠶᠠᠬᠤ ᠬᠡᠷᠡᠭᠲᠡᠶ᠃ ᠪᠠᠰᠠ PCT ᠣᠯᠠᠨ ᠤᠯᠤᠰ᠎ᠤᠨ ᠱᠠᠲᠤ ᠦᠶ᠎ᠡ᠎ᠳᠤ ᠰᠦᠢ᠍ᠳᠬᠡᠯ ᠲᠤᠰᠢᠶᠠᠬᠤ ᠬᠡᠷᠡᠭᠲᠡᠶ᠃
   (ᠭᠤᠷᠪᠠ) ᠲᠤᠰᠬᠠᠶ ᠠᠰᠢᠭ᠎ᠤᠨ ᠠᠵᠢᠯ᠎ᠢ ᠣᠷᠣᠯᠠᠨ ᠭᠦᠢ᠍ᠴᠡᠳᠬᠡᠬᠦ ᠪᠠᠢ᠍ᠭᠤᠯᠤᠮᠵᠢ᠎ᠳᠤ ᠨᠠᠢ᠍ᠳᠠᠵᠤ ᠪᠣᠯᠤᠨ᠎ᠠ᠃ ᠭᠤᠶᠤᠴᠢᠯᠠᠭᠴᠢ ᠣᠯᠠᠨ ᠤᠯᠤᠰ᠎ᠤᠨ ᠭᠤᠶᠤᠴᠢᠯᠠᠯ᠎ᠢ ᠡᠷᠬᠡᠪᠰᠢ ᠭᠠᠳᠠᠭ᠋ᠠᠳᠤ᠎ᠳᠤ ᠬᠣᠯᠪᠣᠭᠳᠠᠬᠤ ᠲᠤᠰᠬᠠᠶ ᠠᠰᠢᠭ᠎ᠤᠨ ᠠᠵᠢᠯ᠎ᠤᠨ ᠣᠷᠣᠯᠠᠨ ᠭᠦᠢ᠍ᠴᠡᠳᠬᠡᠬᠦ ᠪᠠᠶ᠋ᠢᠭᠤᠯᠤᠮᠵᠢ᠎ᠳᠤ ᠨᠠᠢ᠍ᠳᠠᠨ᠎ᠠ᠃ ᠲᠤᠰ ᠲᠤᠰᠬᠠᠶ ᠠᠰᠢᠭ᠎ᠤᠨ ᠠᠵᠢᠯ᠎ᠢ ᠣᠷᠣᠯᠠᠨ ᠭᠦᠢ᠍ᠴᠡᠳᠬᠡᠬᠦ ᠪᠠᠶ᠋ᠢᠭᠤᠯᠤᠮᠵᠢ᠎ᠨᠢ ᠭᠤᠶᠤᠴᠢᠯᠠᠭᠴᠢ ᠵᠢ ᠬᠠᠪᠰᠤᠷᠤᠨ ᠡᠯ᠎ᠡ ᠵᠦᠢ᠍ᠯ᠎ᠤᠨ ᠬᠦᠰᠦᠨᠦᠭ ᠲᠠᠭᠯᠠᠨ᠂ ᠭᠤᠶᠤᠴᠢᠯᠠᠯ᠎ᠤᠨ ᠪᠢᠴᠢᠭ ᠮᠠᠲ᠋ᠧᠷᠢᠶᠠᠯ᠎ᠳᠤ ᠵᠠᠰᠠᠪᠤᠷᠢ ᠣᠷᠤᠭᠤᠯᠬᠣ ᠪᠥᠭᠡᠳ ᠲᠤᠰ ᠪᠠᠢ᠍ᠭᠤᠯᠤᠮᠵᠢ᠎ᠨᠢ ᠳᠤᠮᠳᠠᠳᠤ ᠤᠯᠤᠰ᠎ᠤᠨ ᠲᠤᠰᠬᠠᠶ ᠠᠰᠢᠭ᠎ᠤᠨ ᠲᠣᠪᠴᠢᠶ᠎ᠠ᠎ᠳᠤ ᠭᠤᠶᠤᠴᠢᠯᠠᠯ᠎ᠤᠨ ᠪᠢᠴᠢᠭ ᠮᠠᠲ᠋ᠧᠷᠢᠶᠠᠯ᠂ ᠰᠦᠢ᠍ᠳᠬᠡᠯ ᠲᠤᠰᠢᠶᠠᠬᠤ ᠵᠡᠷᠭᠡ ᠵᠢ ᠭᠠᠷᠳᠠᠨ ᠭᠦᠢ᠍ᠴᠡᠳᠬᠡᠬᠦ ᠬᠡᠷᠡᠭᠲᠡᠶ᠃
   (ᠳᠥᠷᠪᠡ) ᠣᠯᠠᠨ ᠤᠯᠤᠰ᠎ᠤᠨ ᠭᠤᠶᠤᠴᠢᠯᠠᠯ᠎ᠢ ᠬᠢᠨᠠᠨ ᠵᠥᠪᠰᠢᠶᠡᠷᠡᠬᠦ ᠳᠡᠰ ᠳᠠᠷᠠᠭ᠎ᠠ᠃ ᠣᠯᠠᠨ ᠤᠯᠤᠰ᠎ᠤᠨ ᠱᠠᠲᠤ ᠦᠶ᠎ᠡ ᠪᠠ ᠤᠯᠤᠰ᠎ᠤᠨ ᠱᠠᠲᠤ ᠦᠶ᠎ᠡ ᠭᠡᠵᠦ ᠬᠣᠶᠠᠷ ᠱᠠᠳᠤ ᠦᠶ᠎ᠡ ᠬᠤᠪᠢᠶᠠᠨ᠎ᠠ᠃ ᠣᠯᠠᠨ ᠤᠯᠤᠰ᠎ᠤᠨ ᠱᠠᠲᠤ ᠦᠶ᠎ᠡ ᠪᠣᠯ ᠣᠯᠠᠨ ᠤᠯᠤᠰ᠎ᠤᠨ ᠭᠤᠶᠤᠴᠢᠯᠠᠯ᠎ᠢ ᠬᠢᠨᠠᠨ ᠵᠥᠪᠰᠢᠶᠡᠷᠡᠭᠦᠯᠬᠦ ᠳᠡᠰ ᠳᠠᠷᠠᠭ᠎ᠠ ᠵᠢᠨ ᠠᠩᠬᠠᠨ᠎ᠤ ᠱᠠᠲᠤ ᠦᠶ᠎ᠡ ᠪᠣᠯᠤᠨ᠎ᠠ᠂ ᠡᠭᠦᠨ᠎ᠳᠤ ᠣᠯᠠᠨ ᠤᠯᠤᠰ᠎ᠤᠨ ᠭᠤᠶᠤᠴᠢᠯᠠᠯ᠎ᠢ ᠬᠦᠯᠢᠶᠡᠨ ᠠᠪᠴᠤ ᠰᠢᠢ᠍ᠳᠪᠦᠷᠢᠯᠡᠬᠦ᠂ ᠬᠡᠯᠪᠡᠷᠢ ᠵᠢ ᠬᠢᠨᠠᠨ ᠪᠠᠢ᠍ᠴᠠᠭ᠋ᠠᠬᠤ᠂ ᠤᠯᠠᠨ ᠤᠯᠤᠰ᠎ᠤᠨ ᠪᠠᠢ᠌ᠴᠠᠭ᠋ᠠᠨ ᠡᠷᠢᠬᠦ ᠪᠠ ᠤᠯᠠᠨ ᠤᠯᠤᠰ᠎ᠤᠨ ᠨᠡᠶ᠋ᠢᠲᠡᠯᠡᠭᠰᠡᠨ ᠵᠡᠷᠭᠡ ᠵᠠᠪᠠᠯ ᠥᠩᠭᠡᠷᠡᠭᠡᠬᠦ ᠳᠡᠰ ᠳᠠᠷᠠᠭ᠎ᠠ ᠵᠢᠴᠢ ᠰᠣᠩᠭᠣᠵᠤ ᠪᠣᠯᠬᠤ ᠤᠯᠠᠨ ᠤᠯᠤᠰ᠎ᠤᠨ ᠠᠩᠬ᠎ᠠ ᠠᠯᠬᠤᠮ᠎ᠤᠨ ᠬᠢᠨᠠᠨ ᠪᠠᠢ᠍ᠴᠠᠭ᠋ᠠᠬᠤ ᠳᠡᠰ ᠳᠠᠷᠠᠭ᠎ᠠ᠃ ᠤᠯᠤᠰ᠎ᠤᠨ ᠱᠠᠳᠤ ᠦᠶ᠎ᠡ ᠪᠣᠯ ᠣᠯᠠᠨ ᠤᠯᠤᠰ᠎ᠤᠨ ᠭᠤᠶᠤᠴᠢᠯᠠᠯ᠎ᠢ ᠬᠢᠨᠠᠨ ᠵᠥᠪᠰᠢᠶᠡᠷᠡᠬᠦ ᠲᠡᠰ ᠳᠠᠷᠠᠭ᠋ᠠᠯᠠᠯ᠎ᠤᠨ ᠬᠣᠶᠠᠳᠤᠭ᠋ᠠᠷ ᠱᠠᠲᠤ ᠦᠶ᠎ᠡ ᠮᠥᠨ᠂ ᠭᠣᠣᠯᠳᠠᠭᠤ ᠡᠯ᠎ᠡ ᠤᠯᠤᠰ᠎ᠤᠨ ᠲᠣᠭᠲᠠᠭ᠋ᠠᠯ ᠶᠣᠰᠣᠭ᠋ᠠᠷ ᠭᠤᠶᠤᠴᠢᠯᠠᠭᠴᠢ ᠵᠢᠨ ᠵᠢᠭ᠋ᠠᠨ ᠲᠣᠭᠲᠠᠭ᠋ᠠᠭᠰᠠᠨ ᠤᠯᠤᠰ᠎ᠲᠤ ᠣᠯᠠᠨ ᠤᠯᠤᠰ᠎ᠤᠨ ᠭᠤᠶᠤᠴᠢᠯᠠᠯ᠎ᠤᠨ ᠪᠢᠴᠢᠭ ᠮᠠᠲ᠋ᠧᠷᠢᠶᠠᠯ᠎ᠤᠨ ᠣᠷᠴᠢᠭᠤᠯᠭ᠎ᠠ ᠵᠢ ᠳᠡᠪᠰᠢᠭᠦᠯᠬᠦ ᠪᠠ ᠲᠣᠭᠲᠠᠭ᠋ᠠᠭᠰᠠᠨ ᠤᠯᠤᠰ᠎ᠤᠨ ᠵᠠᠷᠤᠳᠠᠯ᠎ᠢ ᠲᠤᠰᠢᠶᠠᠬᠤ ᠬᠡᠷᠡᠭᠲᠡᠶ᠃ ᠣᠯᠠᠨ ᠤᠯᠤᠰ᠎ᠤᠨ ᠭᠤᠶᠤᠴᠢᠯᠠᠯ᠎ᠨᠢ ᠤᠯᠤᠰ᠎ᠤᠨ ᠱᠠᠲᠤ ᠦᠶ᠎ᠡ᠎ᠳᠤ ᠤᠷᠤᠭᠰᠡᠨ᠎ᠤ ᠲᠠᠷᠠᠭ᠎ᠠ᠂ ᠡᠯ᠎ᠡ ᠤᠯᠤᠰ᠎ᠨᠢ 《ᠲᠤᠰᠬᠠᠶ ᠠᠰᠢᠭ᠎ᠤᠨ ᠬᠠᠤᠯᠢ》 ᠵᠶ᠋ᠠᠷ ᠭᠤᠶᠤᠴᠢᠯᠠᠯ᠎ᠢ ᠬᠢᠨᠠᠨ ᠪᠠᠢ᠍ᠴᠠᠭ᠋ᠠᠵᠤ᠂ ᠲᠤᠰᠬᠠᠶ ᠠᠰᠢᠭ᠎ᠤᠨ ᠡᠷᠬᠡ ᠣᠯᠭᠣᠬᠤ ᠡᠰᠡᠬᠦ ᠵᠢᠨ ᠲᠤᠬᠠᠶ ᠲᠣᠭᠲᠠᠭ᠋ᠠᠯ ᠭᠠᠷᠭ᠋ᠠᠨ᠎ᠠ᠃
   16. ᠲᠤᠰᠬᠠᠶ ᠠᠰᠢᠭ᠎ᠤᠨ ᠡᠷᠬᠡ ᠵᠢ ᠬᠠᠮᠠᠭ᠋ᠠᠯᠠᠬᠤ ᠬᠤᠭᠤᠴᠠᠭ᠎ᠠ᠎ᠨᠢ ᠬᠡᠳᠦᠶ ᠤᠷᠳᠤ ᠪᠠᠶ᠋ᠢᠳᠠᠭ ᠪᠤᠢ?
    ᠡᠭᠦᠳᠦᠨ ᠪᠦᠲᠦᠭᠡᠯᠲᠡ ᠵᠢᠨ ᠲᠤᠰᠬᠠᠶ ᠠᠰᠢᠭ᠎ᠤᠨ ᠬᠠᠮᠠᠭ᠋ᠠᠯᠠᠯᠲᠠ ᠵᠢᠨ ᠬᠤᠭᠤᠴᠠᠭ᠎ᠠ᠎ᠨᠢ 20 ᠵᠢᠯ᠂ ᠬᠡᠷᠡᠭᠯᠡᠭᠡᠨ᠎ᠤ ᠰᠢᠨ᠎ᠡ ᠬᠡᠯᠪᠡᠷᠢ ᠵᠢᠨ ᠲᠤᠰᠬᠠᠶ ᠠᠰᠢᠭ᠎ᠤᠨ ᠬᠠᠮᠠᠭ᠋ᠠᠯᠠᠯᠲᠠ ᠵᠢᠨ ᠬᠤᠭᠤᠴᠠᠭ᠎ᠠ᠎ᠨᠢ 10 ᠵᠢᠯ ᠪᠣᠯᠤᠨ᠎ᠠ᠂ ᠭᠠᠳᠠᠷ ᠳᠦᠷᠰᠦ ᠵᠢᠨ ᠵᠢᠷᠤᠭ ᠲᠥᠯᠥᠪᠯᠡᠭᠡᠨ᠎ᠤ ᠲᠤᠰᠬᠠᠶ ᠠᠰᠢᠭ᠎ᠤᠨ ᠬᠠᠮᠠᠭ᠋ᠠᠯᠠᠯᠲᠠ ᠵᠢᠨ ᠬᠤᠭᠤᠴᠠᠭ᠎ᠠ᠎ᠨᠢ 10 ᠵᠢᠯ ᠪᠣᠯᠤᠨ᠎ᠠ᠂ ᠤᠯᠤᠰ᠎ᠤᠨ ᠪᠠᠲᠤᠯᠠᠨ ᠬᠠᠮᠠᠭ᠋ᠠᠯᠠᠯᠲᠠ ᠵᠢᠨ ᠲᠤᠰᠬᠠᠶ ᠠᠰᠢᠭ᠎ᠤᠨ ᠡᠷᠬᠡ ᠵᠢ ᠬᠠᠮᠠᠭ᠋ᠠᠯᠠᠬᠤ ᠬᠤᠭᠤᠴᠠᠭ᠎ᠠ᠎ᠨᠢ 20 ᠵᠢᠯ᠂ ᠭᠤᠶᠤᠴᠢᠯᠠᠭᠰᠠᠨ ᠡᠳᠦᠷ᠎ᠠᠴᠠ᠎ᠨᠢ ᠡᠬᠢᠯᠡᠵᠦ ᠪᠤᠳᠦᠨ᠎ᠡ᠃
   17 . ᠲᠤᠰᠬᠠᠶ ᠠᠰᠢᠭ᠎ᠤᠨ ᠡᠷᠬᠡ᠎ᠨᠢ ᠬᠡᠵᠢᠶ᠎ᠡ ᠲᠡᠭᠦᠰᠬᠦ ᠪᠤᠢ?
    ᠲᠤᠰᠬᠠᠶ ᠠᠰᠢᠭ᠎ᠤᠨ ᠡᠷᠬᠡ ᠵᠢ ᠬᠠᠮᠠᠭ᠋ᠠᠯᠠᠬᠤ ᠬᠤᠭᠤᠴᠠᠭ᠎ᠠ ᠲᠡᠭᠦᠰᠬᠦ ᠵᠢᠨ ᠬᠠᠮᠳᠣ ᠠᠶᠠᠨᠳᠠᠭ᠋ᠠᠨ ᠲᠡᠭᠦᠰᠦᠨ᠎ᠡ᠃ ᠲᠤᠰᠬᠠᠶ ᠠᠰᠢᠭ᠎ᠤᠨ ᠡᠷᠬᠡ ᠵᠢ ᠬᠠᠮᠠᠭ᠋ᠠᠯᠠᠬᠤ ᠬᠤᠭᠤᠴᠠᠭ᠎ᠠ ᠲᠡᠭᠦᠰᠬᠦ᠎ᠠᠴᠠ ᠡᠮᠦᠨ᠎ᠡ ᠲᠡᠭᠦᠰᠬᠦ ᠪᠠᠢ᠍ᠳᠠᠯ᠄ (1) ᠲᠤᠰᠬᠠᠶ ᠠᠰᠢᠭ᠎ᠤᠨ ᠡᠷᠬᠡᠲᠦ ᠬᠥᠮᠦᠨ ᠲᠣᠭᠲᠠᠭ᠋ᠠᠯ ᠶᠣᠰᠣᠭ᠋ᠠᠷ ᠣᠨ᠎ᠤ ᠰᠦᠢ᠍ᠳᠬᠡᠯ ᠵᠶ᠋ᠠᠨ ᠲᠣᠰᠢᠶᠠᠭᠰᠠᠨ ᠦᠭᠡᠢ; (2) ᠲᠤᠰᠬᠠᠶ ᠠᠰᠢᠭ᠎ᠤᠨ ᠡᠷᠬᠡᠲᠦ ᠬᠥᠮᠦᠨ ᠲᠤᠰᠬᠠᠶ ᠠᠰᠢᠭ᠎ᠤᠨ ᠡᠷᠬᠡ᠎ᠪᠠᠨ ᠣᠷᠬᠢᠭᠰᠠᠨ ᠵᠶ᠋ᠠᠨ ᠪᠢᠴᠢᠭ ᠵᠶ᠋ᠠᠷ ᠢᠯᠡᠷᠬᠡᠢ᠌ᠯᠡᠭᠰᠡᠨ᠃
   18 . ᠶᠠᠮᠠᠷ ᠪᠠᠢ᠍ᠳᠠᠯ᠎ᠤᠨ ᠳᠣᠣᠷ᠎ᠠ ᠲᠤᠰᠬᠠᠶ ᠠᠰᠢᠭ᠎ᠤᠨ ᠡᠷᠬᠡ ᠵᠢ ᠬᠦᠴᠦᠨ ᠦᠭᠡᠢ ᠪᠣᠯᠭ᠋ᠠᠬᠤ ᠵᠢ ᠭᠤᠶᠤᠴᠢᠯᠠᠵᠤ ᠪᠣᠯᠬᠤ ᠪᠤᠢ?
   《ᠲᠤᠰᠬᠠᠶ ᠠᠰᠢᠭ᠎ᠤᠨ ᠬᠠᠤᠯᠢ》 ᠵᠢᠨ ᠲᠣᠭᠲᠠᠭ᠋ᠠᠯ᠎ᠢ ᠦᠨᠳᠦᠰᠦᠯᠡᠨ ᠲᠦᠷᠦ ᠵᠢᠨ ᠶᠠᠪᠤᠳᠠᠯ᠎ᠤᠨ ᠬᠣᠷᠢᠶᠠᠨ᠎ᠤ ᠲᠤᠰᠬᠠᠶ ᠠᠰᠢᠭ᠎ᠤᠨ ᠵᠠᠰᠠᠭ ᠵᠠᠬᠢᠷᠭ᠋ᠠᠨ᠎ᠤ ᠰᠠᠯᠠᠭ᠎ᠠ ᠮᠥᠴᠢᠷ᠎ᠠᠴᠠ (ᠤᠯᠤᠰ᠎ᠤᠨ ᠮᠡᠳᠡᠯᠭᠡ ᠵᠢᠨ ᠥᠮᠴᠢᠯᠡᠯ᠎ᠤᠨ ᠡᠷᠬᠡ ᠵᠢᠨ ᠲᠣᠪᠴᠢᠶ᠎ᠠ) ᠲᠤᠰᠬᠠᠶ ᠠᠰᠢᠭ᠎ᠤᠨ ᠡᠷᠬᠡ ᠣᠯᠭᠣᠭᠰᠠᠨ᠎ᠢ ᠵᠠᠷᠯᠠᠨ ᠨᠡᠢ᠍ᠳᠡᠯᠡᠭᠰᠡᠨ ᠡᠳᠦᠷ᠎ᠠᠴᠠ ᠡᠬᠢᠯᠡᠨ ᠶᠠᠮᠠᠷᠪᠠ ᠨᠢᠭᠡᠴᠢ ᠪᠤᠶᠤ ᠬᠤᠪᠢ ᠬᠥᠮᠦᠨ ᠡᠨᠡᠬᠦ ᠲᠤᠰᠬᠠᠶ ᠠᠰᠢᠭ᠎ᠤᠨ ᠡᠷᠬᠡ ᠣᠯᠭᠣᠭᠰᠠᠨ᠎ᠨᠢ 《ᠲᠤᠰᠬᠠᠶ ᠠᠰᠢᠭ᠎ᠤᠨ ᠬᠠᠤᠯᠢ》 ᠵᠢᠨ ᠬᠣᠯᠪᠣᠭᠳᠠᠯ ᠪᠦᠬᠦᠢ ᠲᠣᠭᠲᠠᠭ᠋ᠠᠯ᠎ᠳᠤ ᠦᠯᠦ ᠨᠡᠢ᠍ᠴᠡᠬᠦ ᠲᠤᠰᠬᠠᠶ ᠠᠰᠢᠭ᠎ᠢ ᠲᠡᠬᠢᠠ ᠬᠢᠨᠠᠬᠤ ᠺᠣᠮᠢᠰ᠎ᠲᠤ ᠭᠤᠶᠤᠴᠢᠯᠠᠵᠤ ᠪᠣᠯᠤᠨ᠎ᠠ᠂ ᠲᠤᠰ ᠲᠤᠰᠬᠠᠶ ᠠᠰᠢᠭ᠎ᠤᠨ ᠡᠷᠬᠡ ᠵᠢ ᠬᠦᠴᠦᠨ ᠦᠭᠡᠢ ᠪᠣᠯᠭ᠋ᠠᠬᠤ᠎ᠪᠠᠷ ᠵᠠᠷᠯᠠᠭᠤᠯᠬᠤ ᠭᠤᠶᠤᠴᠢᠯᠠᠯ᠎ᠤᠨ ᠪᠢᠴᠢᠭ ᠪᠠ ᠴᠢᠬᠤᠯᠠ ᠪᠦᠬᠦᠢ ᠭᠡᠷᠡᠴᠢ ᠪᠠᠷᠢᠮᠲᠠ ᠵᠢ ᠲᠤᠰᠢᠶᠠᠬᠤ ᠬᠡᠷᠡᠭᠲᠡᠶ᠃ ᠲᠤᠰᠬᠠᠶ ᠠᠰᠢᠭ᠎ᠤᠨ ᠡᠷᠬᠡ ᠵᠢ ᠬᠦᠴᠦᠨ ᠦᠭᠡᠢ ᠪᠣᠯᠭ᠋ᠠᠨ᠎ᠠ ᠭᠡᠵᠦ ᠨᠡᠢ᠍ᠳᠡᠯᠡᠭᠰᠡᠨ᠎ᠠᠴᠠ ᠡᠬᠢᠯᠡᠨ ᠬᠦᠴᠦᠨ ᠦᠭᠡᠢ ᠪᠣᠯᠣᠨ᠎ᠠ᠃ 《ᠲᠤᠰᠬᠠᠶ ᠠᠰᠢᠭ᠎ᠤᠨ ᠡᠷᠬᠡ ᠵᠢ ᠬᠦᠴᠦᠨ ᠦᠭᠡᠢ ᠪᠣᠯᠭ᠋ᠠᠨ᠎ᠠ ᠭᠡᠵᠦ ᠨᠡᠢ᠍ᠳᠡᠯᠡᠬᠦ ᠪᠤᠶᠤ ᠲᠤᠰᠬᠠᠶ ᠠᠰᠢᠭ᠎ᠤᠨ ᠡᠷᠬᠡ ᠵᠢ ᠬᠡᠪ ᠵᠶ᠋ᠠᠷ᠎ᠨᠢ ᠪᠠᠢ᠍ᠯᠭ᠋ᠠᠬᠤ ᠲᠤᠬᠠᠶ ᠲᠤᠰᠬᠠᠶ ᠠᠰᠢᠭ᠎ᠢ ᠲᠡᠬᠢᠠ ᠬᠢᠨᠠᠬᠤ ᠺᠣᠮᠢᠰ᠎ᠠᠴᠠ ᠵᠥᠪᠰᠢᠶᠡᠷᠡᠬᠦ ᠦᠭᠡᠢ ᠪᠣᠯ ᠮᠡᠳᠡᠭᠳᠡᠯ᠎ᠢ ᠣᠯᠤᠭᠰᠠᠨ ᠡᠳᠦᠷ᠎ᠠᠴᠠ ᠡᠬᠢᠯᠡᠨ ᠭᠤᠷᠪᠠᠨ ᠰᠠᠷ᠎ᠠ ᠵᠢᠨ ᠳᠣᠲᠣᠷ᠎ᠠ ᠠᠷᠠᠳ᠎ᠤᠨ ᠰᠢᠭᠦᠬᠦ ᠬᠣᠷᠢᠶᠠᠨ᠎ᠳᠤ ᠵᠡᠭ᠋ᠠᠯᠳᠦᠵᠦ ᠪᠣᠯᠤᠨ᠎ᠠ᠃
   19. ᠶᠠᠭᠤ ᠵᠢ ᠲᠤᠰᠬᠠᠶ ᠠᠰᠢᠭ᠎ᠤᠨ ᠲᠡᠷᠢᠭᠦᠯᠡᠬᠦ ᠡᠷᠬᠡ ᠭᠡᠳᠡᠭ ᠪᠤᠢ?
    ᠲᠡᠷᠢᠭᠦᠯᠡᠬᠦ ᠡᠷᠬᠡ ᠵᠢ ᠭᠠᠳᠠᠭ᠋ᠠᠳᠤ ᠤᠯᠤᠰ᠎ᠤᠨ ᠲᠡᠷᠢᠭᠦᠯᠡᠬᠦ ᠡᠷᠬᠡ ᠪᠠ ᠲᠤᠰ ᠤᠯᠤᠰ᠎ᠤᠨ ᠲᠡᠷᠢᠭᠦᠯᠡᠬᠦ ᠡᠷᠬᠡ ᠭᠡᠵᠦ ᠬᠤᠪᠢᠶᠠᠨ᠎ᠠ᠃ ᠭᠠᠳᠠᠭ᠋ᠠᠳᠤ ᠤᠯᠤᠰ᠎ᠤᠨ ᠲᠡᠷᠢᠭᠦᠯᠡᠬᠦ ᠡᠷᠬᠡ ᠭᠡᠳᠡᠭ ᠪᠣᠯ ᠭᠤᠶᠤᠴᠢᠯᠠᠭᠴᠢ᠎ᠨᠢ ᠡᠭᠦᠳᠦᠯᠲᠡ ᠪᠤᠶᠤ ᠪᠣᠳᠠᠲᠤ ᠬᠡᠷᠡᠭᠯᠡᠬᠡᠨ᠎ᠤ ᠰᠢᠨ᠎ᠡ ᠬᠡᠯᠪᠡᠷᠢ ᠵᠢᠨ ᠵᠶ᠋ᠠᠨ ᠲᠤᠬᠠᠶ ᠭᠠᠳᠠᠭ᠋ᠠᠳᠤ ᠤᠯᠤᠰ᠎ᠲᠤ ᠠᠩᠬ᠎ᠠ ᠤᠳᠠᠭ᠎ᠠ ᠲᠤᠰᠬᠠᠶ ᠠᠰᠢᠭ᠎ᠤᠨ ᠭᠤᠶᠤᠴᠢᠯᠠᠯ ᠭᠠᠷᠭ᠋ᠠᠭᠰᠠᠨ ᠡᠳᠦᠷ᠎ᠠᠴᠠ ᠡᠬᠢᠯᠡᠨ 12 ᠰᠠᠷ᠎ᠠ ᠵᠢᠨ ᠳᠣᠲᠣᠷ᠎ᠠ᠂ ᠡᠰᠡᠭᠦᠯ᠎ᠡ ᠭᠠᠳᠠᠷ ᠳᠦᠷᠰᠦ ᠵᠢᠨ ᠵᠢᠷᠤᠭ ᠲᠥᠯᠥᠪᠯᠡᠭᠡᠨ᠎ᠤ᠎ᠪᠠᠨ ᠲᠤᠬᠠᠶ ᠭᠠᠳᠠᠭ᠋ᠠᠳᠤ ᠤᠯᠤᠰ᠎ᠲᠤ ᠠᠩᠬ᠎ᠠ ᠤᠳᠠᠭ᠎ᠠ ᠲᠤᠰᠬᠠᠶ ᠠᠰᠢᠭ᠎ᠤᠨ ᠭᠤᠶᠤᠴᠢᠯᠠᠯ ᠭᠠᠷᠭ᠋ᠠᠭᠰᠠᠨ ᠡᠳᠦᠷ᠎ᠠᠴᠠ ᠡᠬᠢᠯᠡᠨ 6 ᠰᠠᠷ᠎ᠠ ᠵᠢᠨ ᠳᠣᠲᠣᠷ᠎ᠠ᠂ ᠳᠤᠮᠳᠠᠳᠤ ᠤᠯᠤᠰ᠎ᠲᠤ ᠪᠠᠰᠠ ᠠᠳᠠᠯᠢᠬᠠᠨ ᠰᠡᠳᠦᠪ ᠵᠶ᠋ᠠᠷ ᠲᠤᠰᠬᠠᠶ ᠠᠰᠢᠭ᠎ᠤᠨ ᠭᠤᠶᠤᠴᠢᠯᠠᠯ ᠭᠠᠷᠭ᠋ᠠᠭᠰᠠᠨ ᠪᠠᠶ᠋ᠢᠪᠠᠯ᠂ ᠲᠤᠰ ᠭᠠᠳᠠᠭ᠋ᠠᠳᠤ ᠤᠯᠤᠰ᠎ᠤᠨ ᠳᠤᠮᠳᠠᠳᠤ ᠤᠯᠤᠰ᠎ᠯᠤᠭ᠎ᠠ ᠲᠣᠭᠲᠠᠭᠰᠠᠨ ᠬᠡᠯᠡᠯᠴᠡᠭᠡᠷ ᠪᠤᠶᠤ ᠬᠠᠮᠲᠤᠪᠠᠷ ᠣᠷᠣᠯᠴᠠᠭᠰᠠᠨ ᠤᠯᠠᠨ ᠤᠯᠤᠰ᠎ᠤᠨ ᠭᠡᠷ᠎ᠡ ᠵᠢᠨ ᠶᠣᠰᠣᠭ᠋ᠠᠷ᠂ ᠡᠰᠡᠬᠦᠯ᠎ᠡ ᠲᠡᠷᠢᠭᠦᠯᠡᠬᠦ ᠡᠷᠬᠡ ᠵᠢ ᠬᠠᠷᠢᠯᠴᠠᠨ ᠮᠡᠳᠡᠷᠡᠬᠦ ᠵᠠᠷᠴᠢᠮ᠎ᠤᠨ ᠶᠣᠰᠣᠭ᠋ᠠᠷ ᠲᠡᠷᠢᠭᠦᠯᠡᠬᠦ ᠡᠷᠬᠡ ᠵᠢ ᠡᠳ᠋ᠯᠡᠵᠦ ᠪᠣᠯᠤᠨ᠎ᠠ᠂ ᠲᠤᠬᠠᠶ᠋ᠢᠯᠠᠪᠠᠯ ᠭᠠᠳᠠᠭ᠋ᠠᠳᠤ ᠤᠯᠤᠰ᠎ᠲᠤ ᠠᠩᠬ᠎ᠠ ᠤᠳᠠᠭ᠎ᠠ ᠭᠤᠶᠤᠳᠠᠯ ᠭᠠᠷᠭ᠋ᠠᠭᠰᠠᠨ ᠡᠳᠦᠷ᠎ᠢ ᠭᠤᠶᠤᠴᠢᠯᠠᠭᠰᠠᠨ ᠡᠳᠦᠷ ᠵᠶ᠋ᠠᠷ ᠪᠤᠳᠦᠨ᠎ᠡ᠃ ᠲᠡᠭᠦᠨ᠎ᠤ ᠵᠠᠷᠴᠢᠮ ᠵᠶ᠋ᠠᠷ ᠮᠠᠨ᠎ᠤ ᠤᠯᠤᠰ᠎ᠤᠨ ᠭᠤᠶᠤᠴᠢᠯᠠᠭᠴᠢ ᠠᠳᠠᠯᠢᠬᠠᠨ ᠲᠤᠬᠢᠷᠠᠬᠤ ᠭᠠᠳᠠᠭ᠋ᠠᠳᠤ ᠤᠯᠤᠰ᠎ᠲᠤ ᠲᠤᠰᠬᠠᠶ ᠠᠰᠢᠭ ᠭᠤᠶᠤᠴᠢᠯᠠᠵᠤ ᠪᠣᠯᠤᠨ᠎ᠠ᠃ ᠲᠤᠰ ᠤᠯᠤᠰ᠎ᠤᠨ ᠲᠡᠷᠢᠭᠦᠯᠡᠬᠦ ᠡᠷᠬᠡ ᠭᠡᠳᠡᠭ ᠪᠣᠯ ᠭᠤᠶᠤᠴᠢᠯᠠᠭᠴᠢ᠎ᠨᠢ ᠡᠭᠦᠳᠦᠯᠲᠡ ᠪᠤᠶᠤ ᠪᠣᠳᠠᠲᠤ ᠬᠡᠷᠡᠭᠯᠡᠬᠡᠨ᠎ᠤ ᠰᠢᠨ᠎ᠡ ᠬᠡᠯᠪᠡᠷᠢ ᠵᠢᠨ ᠵᠶ᠋ᠠᠨ ᠲᠤᠬᠠᠶ ᠳᠤᠮᠳᠠᠳᠤ ᠤᠯᠤᠰ᠎ᠲᠤ ᠠᠩᠬ᠎ᠠ ᠤᠳᠠᠭ᠎ᠠ ᠲᠤᠰᠬᠠᠶ ᠠᠰᠢᠭ᠎ᠤᠨ ᠭᠤᠶᠤᠴᠢᠯᠠᠯ ᠭᠠᠷᠭ᠋ᠠᠭᠰᠠᠨ ᠡᠳᠦᠷ᠎ᠠᠴᠠ ᠡᠬᠢᠯᠡᠨ 12 ᠰᠠᠷ᠎ᠠ ᠵᠢᠨ ᠳᠣᠲᠣᠷ᠎ᠠ᠂ ᠪᠠᠰᠠ ᠤᠯᠤᠰ᠎ᠤᠨ ᠮᠡᠳᠡᠯᠭᠡ ᠵᠢᠨ ᠥᠮᠴᠢᠯᠡᠬᠦ ᠡᠷᠬᠡ ᠵᠢᠨ ᠲᠣᠪᠴᠢᠶᠠᠨ᠎ᠳᠤ ᠮᠥᠨ ᠠᠳᠠᠯᠢ ᠰᠡᠳᠦᠪ ᠵᠶ᠋ᠠᠷ ᠲᠤᠰᠬᠠᠶ ᠠᠰᠢᠭ᠎ᠤᠨ ᠭᠤᠶᠤᠴᠢᠯᠠᠯ ᠭᠠᠷᠭ᠋ᠠᠭᠰᠠᠨ ᠪᠠᠶ᠋ᠢᠪᠠᠯ ᠲᠡᠷᠢᠭᠦᠯᠡᠬᠦ ᠡᠷᠬᠡ ᠵᠢ ᠡᠳ᠋ᠯᠡᠵᠦ ᠪᠣᠯᠤᠨ᠎ᠠ᠃ ᠭᠠᠳᠠᠷ ᠳᠦᠷᠰᠦ ᠵᠢᠨ ᠵᠢᠷᠤᠭ ᠲᠥᠯᠥᠪᠯᠡᠭᠡ᠎ᠨᠢ ᠲᠤᠰ ᠤᠯᠤᠰ᠎ᠤᠨ ᠲᠡᠷᠢᠭᠦᠯᠡᠬᠦ ᠡᠷᠬᠡ ᠵᠢ ᠡᠳ᠋ᠯᠡᠬᠦ ᠦᠭᠡᠢ᠃
   20. ᠶᠠᠭᠤ ᠵᠢ ᠡᠭᠦᠷᠭᠡ ᠲᠤᠰᠢᠶᠠᠯ᠎ᠤᠨ ᠡᠭᠦᠳᠦᠡ ᠪᠦᠲᠦᠭᠡᠯᠲᠡ ᠭᠡᠳᠡᠭ ᠪᠤᠶ? ᠡᠭᠦᠷᠭᠡ ᠲᠤᠰᠢᠶᠠᠯ᠎ᠤᠨ ᠡᠭᠦᠳᠦᠡ ᠪᠦᠲᠦᠭᠡᠯᠲᠡ ᠵᠢᠨ ᠲᠤᠰᠬᠠᠶ ᠠᠰᠢᠭ ᠭᠤᠶᠤᠴᠢᠯᠠᠬᠤ ᠡᠷᠬᠡ᠎ᠨᠢ ᠬᠡᠨ᠎ᠤ᠎ᠬᠢ ᠪᠤᠢ?
    ᠡᠭᠦᠷᠭᠡ ᠲᠤᠰᠢᠶᠠᠯ᠎ᠤᠨ ᠡᠭᠦᠳᠦᠡ ᠪᠦᠲᠦᠭᠡᠯᠲᠡ ᠭᠡᠳᠡᠭ᠎ᠨᠢ ᠲᠤᠰ ᠨᠢᠭᠡᠴᠢ ᠵᠢᠨ (ᠲᠦᠷ ᠠᠵᠢᠯᠯᠠᠵᠤ ᠪᠠᠶ᠋ᠢᠭ᠎ᠠ ᠨᠢᠭᠡᠴᠢ) ᠵᠢᠨ ᠡᠭᠦᠷᠭᠡ ᠵᠢ ᠭᠦᠢ᠍ᠴᠡᠳᠭᠡᠬᠦ ᠪᠤᠶᠤ ᠭᠣᠣᠯᠳᠠᠭᠤ ᠲᠤᠰ ᠨᠢᠭᠡᠴᠢ ᠵᠢᠨ ᠵᠶ᠋ᠠᠨ ᠡᠳ᠋ ᠪᠣᠳᠠᠰ ᠮᠡᠷᠭᠡᠵᠢᠯ᠎ᠤᠨ ᠨᠥᠬᠥᠴᠡᠯ᠎ᠢ ᠠᠰᠢᠭᠯᠠᠵᠤ ᠪᠠᠶ᠋ᠢᠭ᠋ᠠᠳ ᠪᠡᠶᠡᠯᠡᠭᠦᠯᠦᠭᠰᠡᠨ ᠡᠭᠦᠳᠦᠡ ᠪᠦᠲᠦᠭᠡᠯᠲᠡ ᠪᠣᠯᠣᠨ᠎ᠠ᠂ ᠡᠭᠦᠷᠭᠡ ᠲᠤᠰᠢᠶᠠᠯ᠎ᠤᠨ ᠡᠭᠦᠳᠦᠡ ᠪᠦᠲᠦᠭᠡᠯᠲᠡ ᠵᠢᠨ ᠲᠤᠰᠬᠠᠶ ᠠᠰᠢᠭ ᠭᠤᠶᠤᠴᠢᠯᠠᠬᠤ ᠡᠷᠬᠡ᠎ᠨᠢ ᠲᠤᠰ ᠨᠢᠭᠡᠴᠢ᠎ᠳᠤ ᠬᠠᠷᠢᠶᠠᠯᠠᠭᠳᠠᠨ᠎ᠠ᠃ ᠭᠤᠶᠤᠴᠢᠯᠠᠯ᠎ᠨᠢ ᠵᠥᠪᠰᠢᠶᠡᠷᠡᠭᠳᠡᠭᠰᠡᠨ᠎ᠤ ᠲᠡᠷᠡᠭ᠎ᠠ ᠲᠤᠰ ᠨᠢᠭᠡᠴᠢ᠎ᠨᠢ ᠲᠤᠰᠬᠠᠶ ᠠᠰᠢᠭ᠎ᠤᠨ ᠡᠷᠬᠡᠲᠦ ᠬᠥᠮᠦᠨ ᠪᠣᠯᠤᠨ᠎ᠠ᠃ ᠲᠤᠰ ᠨᠢᠭᠡᠴᠢ ᠵᠢᠨ ᠡᠳ᠋ ᠪᠣᠳᠠᠰ ᠮᠡᠷᠭᠡᠵᠢᠯ᠎ᠤᠨ ᠨᠥᠬᠥᠴᠡᠯ᠎ᠢ ᠠᠰᠢᠭᠯᠠᠵᠤ ᠪᠠᠶ᠋ᠢᠭ᠋ᠠᠳ ᠪᠡᠶᠡᠯᠡᠭᠦᠯᠦᠭᠰᠡᠨ ᠡᠭᠦᠳᠦᠡ ᠪᠦᠲᠦᠭᠡᠯᠲᠡ ᠵᠢ ᠨᠢᠭᠡᠴᠢ᠎ᠨᠢ ᠡᠭᠦᠳᠦᠭᠴᠢ ᠪᠤᠶᠤ ᠵᠢᠷᠤᠭ ᠲᠥᠯᠥᠪᠯᠡᠭᠴᠢ᠎ᠲᠠᠢ ᠭᠡᠷ᠎ᠡ ᠲᠣᠭᠲᠠᠭ᠋ᠠᠵᠤ᠂ ᠲᠤᠰᠬᠠᠶ ᠠᠰᠢᠭ ᠭᠤᠶᠤᠴᠢᠯᠠᠬᠤ ᠡᠷᠬᠡ ᠪᠣᠯᠤᠨ ᠲᠤᠰᠬᠠᠶ ᠠᠰᠢᠭ᠎ᠤᠨ ᠡᠷᠬᠡ ᠵᠢᠨ ᠬᠠᠷᠢᠶᠠᠯᠠᠯ᠎ᠤᠨ ᠲᠤᠬᠠᠶ ᠪᠣᠯᠵᠣᠨ ᠲᠣᠭᠲᠠᠭᠰᠠᠨ ᠪᠠᠶ᠋ᠢᠪᠠᠯ᠂ ᠲᠡᠷᠡ ᠪᠣᠯᠵᠣᠯ᠎ᠢ ᠵᠢᠷᠤᠮᠯᠠᠨ᠎ᠠ᠃
   21. ᠬᠠᠮᠲᠤᠷᠠᠨ ᠠᠵᠢᠯᠯᠠᠬᠤ ᠪᠤᠶᠤ ᠨᠠᠶ᠋ᠢᠳᠠᠯᠭ᠎ᠠ ᠵᠢᠨ ᠡᠭᠦᠳᠦᠨ ᠪᠦᠲᠦᠭᠡᠯᠲᠡ ᠭᠡᠵᠦ ᠶᠠᠭᠤ ᠪᠤᠢ?
    ᠬᠠᠮᠲᠤᠷᠠᠨ ᠠᠵᠢᠯᠯᠠᠬᠤ ᠪᠤᠶᠤ ᠨᠠᠢ᠌ᠳᠠᠵᠤ ᠪᠡᠶᠡᠯᠡᠭᠦᠯᠦᠭᠰᠡᠨ ᠡᠭᠦᠳᠦᠡ ᠪᠦᠲᠦᠭᠡᠯᠲᠡ᠎ᠨᠢ ᠬᠣᠶᠠᠷ᠎ᠠᠴᠠ ᠳᠡᠭᠡᠭᠰᠢ ᠨᠢᠭᠡᠴᠢ ᠵᠢᠨ ᠪᠤᠶᠤ ᠬᠤᠪᠢ ᠬᠥᠮᠦᠨ᠎ᠤ ᠬᠠᠮᠲᠤᠷᠠᠨ ᠪᠡᠶᠡᠯᠡᠭᠦᠯᠦᠭᠰᠡᠨ ᠡᠭᠦᠳᠦᠡ ᠪᠦᠲᠦᠭᠡᠯᠲᠡ᠃ ᠨᠢᠭᠡ ᠨᠢᠭᠡᠴᠢ ᠪᠤᠶᠤ ᠬᠤᠪᠢ ᠬᠥᠮᠦᠨ᠎ᠤ ᠪᠤᠰᠤᠳ ᠨᠢᠭᠡᠴᠢ ᠪᠤᠶᠤ ᠬᠤᠪᠢ ᠬᠥᠮᠦᠨ᠎ᠤ ᠨᠠᠶ᠋ᠢᠳᠠᠯᠭ᠎ᠠ ᠵᠢ ᠬᠦᠯᠢᠶᠡᠵᠦ ᠪᠡᠶᠡᠯᠡᠭᠦᠯᠦᠭᠰᠡᠨ ᠡᠭᠦᠳᠦᠯᠲᠡ ᠪᠦᠲᠦᠭᠡᠯᠲᠡ ᠵᠢ ᠬᠣᠷᠰᠢᠭᠰᠠᠨ ᠪᠤᠶᠤ ᠨᠠᠶ᠋ᠢᠳᠠᠯᠭ᠎ᠠ ᠵᠢᠨ ᠡᠭᠦᠳᠦᠨ ᠪᠦᠲᠦᠭᠡᠯᠲᠡ ᠭᠡᠳᠡᠭ᠃ ᠬᠠᠮᠲᠤᠷᠠᠨ ᠠᠵᠢᠯᠯᠠᠬᠤ ᠪᠤᠶᠤ ᠨᠡᠢ᠌ᠳᠠᠵᠤ ᠪᠡᠶᠡᠯᠡᠭᠦᠯᠦᠭᠰᠡᠨ ᠡᠭᠦᠳᠦᠡ ᠪᠦᠲᠦᠭᠡᠯᠲᠡ᠎ᠨᠢ ᠥᠭᠡᠷ᠎ᠡ ᠬᠡᠯᠡᠯᠴᠡᠭᠡᠷ᠎ᠲᠠᠢ ᠪᠠᠶ᠋ᠢᠬᠤ ᠵᠢ ᠭᠠᠷᠭ᠋ᠠᠪᠠᠯ᠂ ᠲᠤᠰᠬᠠᠶ ᠠᠰᠢᠭ ᠭᠤᠶᠤᠴᠢᠯᠠᠬᠤ ᠡᠷᠬᠡ᠎ᠨᠢ ᠲᠡᠭᠦᠨ᠎ᠢ ᠪᠡᠶᠡᠯᠡᠭᠦᠯᠦᠭᠰᠡᠨ ᠪᠤᠶᠤ ᠬᠠᠮᠲᠤᠷᠠᠨ ᠪᠡᠶᠡᠯᠡᠭᠦᠯᠦᠭᠰᠡᠨ ᠨᠢᠭᠡᠴᠢ ᠪᠤᠶᠤ ᠬᠤᠪᠢ ᠬᠥᠮᠦᠨ ᠪᠠᠢ᠌ᠵᠤ ᠪᠣᠯᠤᠨ᠎ᠠ᠃ ᠭᠤᠶᠤᠴᠢᠯᠠᠯ᠎ᠨᠢ ᠵᠥᠪᠰᠢᠶᠡᠷᠡᠭᠳᠡᠭᠰᠡᠨ᠎ᠤ ᠲᠡᠷᠡᠭ᠎ᠠ ᠭᠤᠶᠤᠴᠢᠯᠠᠭᠰᠠᠨ ᠨᠢᠭᠡᠴᠢ ᠪᠤᠶᠤ ᠬᠤᠪᠢ ᠬᠥᠮᠦᠨ᠎ᠨᠢ ᠲᠤᠰᠬᠠᠶ ᠠᠰᠢᠭ᠎ᠤᠨ ᠡᠷᠬᠡᠲᠦ ᠬᠥᠮᠦᠨ ᠪᠣᠯᠤᠨ᠎ᠠ᠃
   22. ᠲᠤᠰᠬᠠᠶ ᠠᠰᠢᠭ᠎ᠤᠨ ᠡᠷᠬᠡ᠎ᠳᠤ ᠬᠠᠯᠳᠠᠭᠰᠠᠨ ᠭᠡᠵᠦ ᠶᠠᠭᠤ ᠵᠢ ᠬᠡᠯᠡᠵᠦ ᠪᠠᠢ᠌ᠬᠤ ᠪᠤᠢ?
    ᠡᠭᠦᠳᠦᠯᠲᠡ ᠪᠠ ᠬᠡᠷᠡᠭᠯᠡᠭᠡᠨ᠎ᠤ ᠰᠢᠨ᠎ᠡ ᠬᠡᠯᠪᠡᠷᠢ ᠵᠢᠨ ᠲᠤᠰᠬᠠᠶ ᠠᠰᠢᠭ᠎ᠤᠨ ᠡᠷᠬᠡ ᠵᠢ ᠣᠯᠭᠣᠭᠰᠠᠨ᠎ᠤ ᠬᠣᠶ᠋ᠢᠨ᠎ᠠ᠂ ᠨᠢᠭᠡᠴᠢ ᠪᠤᠶᠤ ᠬᠤᠪᠢ ᠬᠥᠮᠦᠨ ᠲᠤᠰᠬᠠᠶ ᠠᠰᠢᠭ᠎ᠤᠨ ᠡᠷᠬᠡ᠎ᠲᠠᠢ ᠬᠥᠮᠦᠨ ᠵᠥᠪᠰᠢᠶᠡᠷᠡᠯ ᠦᠭᠡᠢ᠎ᠪᠠᠷ᠂ ᠲᠡᠭᠦᠨ᠎ᠤ ᠲᠤᠰᠬᠠᠶ ᠠᠰᠢᠭ᠎ᠢ ᠬᠡᠷᠡᠭᠵᠢᠭᠦᠯᠬᠦ (ᠲᠤᠬᠠᠶ᠋ᠢᠯᠠᠪᠠᠯ ᠲᠡᠭᠦᠨ᠎ᠤ ᠲᠤᠰᠬᠠᠢ ᠠᠰᠢᠭ᠎ᠤᠨ ᠦᠢ᠍ᠯᠡᠳᠭᠦᠨ᠎ᠢ ᠦᠢ᠍ᠯᠡᠳᠪᠦᠷᠢᠯᠡᠨ ᠡᠵᠡᠩᠨᠡᠬᠦ ᠵᠣᠷᠢᠯᠭ᠎ᠠ᠎ᠪᠠᠷ ᠦᠢ᠍ᠯᠡᠳᠴᠦ᠂ ᠬᠡᠷᠡᠭᠯᠡᠬᠦ᠂ ᠪᠣᠷᠣᠯᠠᠭᠤᠯᠬᠤ᠎ᠪᠠᠷ ᠠᠮᠠᠯᠠᠵᠤ᠂ ᠪᠣᠷᠤᠯᠠᠭᠤᠯᠬᠤ᠂ ᠭᠠᠳᠠᠭ᠋ᠠᠳᠤ᠎ᠠᠴᠠ ᠣᠷᠣᠭᠣᠯᠬᠤ᠂ ᠡᠰᠡᠬᠦᠯ᠎ᠡ ᠲᠡᠭᠦᠨ᠎ᠤ ᠲᠤᠰᠬᠠᠶ ᠠᠰᠢᠭ᠎ᠤᠨ ᠠᠷᠭ᠎ᠠ ᠵᠢ ᠬᠡᠷᠡᠭᠯᠡᠬᠦ ᠵᠢᠴᠢ ᠲᠡᠭᠦᠨ᠎ᠤ ᠲᠤᠰ ᠲᠤᠰᠬᠠᠶ ᠠᠰᠢᠭ᠎ᠤᠨ ᠠᠷᠭ᠎ᠠ᠎ᠪᠠᠷ ᠰᠢᠭᠤᠳ ᠣᠯᠤᠭᠰᠠᠨ ᠦᠢ᠍ᠯᠡᠳᠬᠦᠨ᠎ᠢ ᠬᠡᠷᠡᠭᠯᠡᠬᠦ᠂ ᠪᠣᠷᠣᠯᠠᠭᠤᠯᠬᠤ᠎ᠪᠠᠷ ᠠᠮᠠᠯᠠᠬᠤ᠂ ᠪᠣᠷᠣᠯᠠᠭᠤᠯᠬᠤ᠂ ᠭᠠᠳᠠᠭ᠋ᠠᠳᠤ᠎ᠠᠴᠠ ᠣᠷᠣᠭᠤᠯᠬᠤ) ᠦᠢ᠍ᠯᠡ ᠠᠵᠢᠯᠯᠠᠭ᠎ᠠ ᠵᠢ ᠵᠢᠭ᠋ᠠᠵᠤ ᠪᠠᠶ᠋ᠢᠨ᠎ᠠ᠃
    ᠭᠠᠳᠠᠷ ᠳᠦᠷᠰᠦ ᠵᠢᠨ ᠵᠢᠷᠤᠭ ᠲᠥᠯᠥᠪᠯᠡᠭᠡᠨ᠎ᠤ ᠲᠤᠰᠬᠠᠶ ᠠᠰᠢᠭ᠎ᠤᠨ ᠡᠷᠬᠡ ᠵᠢ ᠣᠯᠭᠣᠭᠰᠠᠨ᠎ᠤ ᠬᠣᠶ᠋ᠢᠨ᠎ᠠ᠂ ᠨᠢᠭᠡᠴᠢ ᠪᠤᠶᠤ ᠬᠤᠪᠢ ᠬᠥᠮᠦᠨ᠎ᠨᠢ ᠲᠤᠰᠬᠠᠶ ᠠᠰᠢᠭ᠎ᠤᠨ ᠡᠷᠬᠡ᠎ᠲᠠᠢ ᠬᠥᠮᠦᠨ᠎ᠤ ᠵᠥᠪᠰᠢᠶᠡᠷᠡᠯ ᠦᠭᠡᠢ᠎ᠪᠠᠷ᠂ ᠲᠡᠭᠦᠨ᠎ᠤ ᠲᠤᠰᠬᠠᠶ ᠠᠰᠢᠭ᠎ᠢ ᠬᠡᠷᠡᠭᠵᠢᠭᠦᠯᠬᠦ (ᠲᠤᠬᠠᠶ᠋ᠢᠯᠠᠪᠠᠯ᠂ ᠭᠠᠳᠠᠷ ᠳᠦᠷᠰᠦ ᠵᠢᠨ ᠵᠢᠷᠤᠭ ᠲᠥᠯᠥᠪᠯᠡᠭᠡᠨ᠎ᠤ ᠲᠤᠰᠬᠠᠶ ᠠᠰᠢᠭ᠎ᠤᠨ ᠡᠷᠬᠡ ᠪᠦᠬᠦᠢ ᠤᠢ᠍ᠢ᠍ᠯᠡᠦᠡᠬᠦᠠ᠎ᠢ ᠦᠢ᠍ᠯᠡᠳᠪᠦᠷᠢᠯᠡᠨ ᠡᠵᠡᠩᠨᠡᠬᠦ ᠵᠣᠷᠢᠯᠭ᠎ᠠ᠎ᠪᠠᠷ ᠦᠢ᠍ᠯᠡᠳᠬᠦ᠂ ᠪᠣᠷᠣᠯᠠᠭᠤᠯᠬᠤ᠂ ᠭᠠᠳᠠᠭ᠋ᠠᠳᠤ᠎ᠠᠴᠠ ᠣᠷᠣᠭᠤᠯᠬᠤ) ᠦᠢ᠍ᠯᠡ ᠠᠵᠢᠯᠯᠠᠭ᠎ᠠ ᠵᠢ ᠵᠢᠭ᠋ᠠᠵᠤ ᠪᠠᠶ᠋ᠢᠨ᠎ᠠ᠃
   23. ᠶᠠᠮᠠᠷ ᠶᠠᠮᠠᠷ ᠪᠠᠶ᠋ᠢᠳᠠᠯ᠎ᠨᠢ ᠡᠷᠬᠡ᠎ᠳᠤ ᠬᠠᠯᠳᠠᠭᠰᠠᠨ ᠠᠵᠢᠯᠯᠠᠭ᠎ᠠ᠎ᠳᠤ ᠳᠤᠭ᠋ᠠᠴᠢᠭᠳᠠᠬᠤ ᠦᠭᠡᠢ ᠪᠤᠶ?
   (ᠨᠢᠭᠡ) ᠲᠤᠰᠬᠠᠶ ᠠᠰᠢᠭ᠎ᠤᠨ ᠡᠷᠬᠡᠲᠦ ᠬᠥᠮᠦᠨ᠎ᠤ ᠦᠢ᠍ᠯᠡᠳᠦᠭᠰᠡᠨ᠂ ᠭᠠᠳᠠᠭ᠋ᠠᠳᠤ᠎ᠠᠴᠠ ᠣᠷᠣᠭᠣᠯᠣᠭᠰᠠᠨ ᠪᠤᠶᠤ ᠲᠤᠰᠬᠠᠶ ᠠᠰᠢᠭ᠎ᠤᠨ ᠡᠷᠬᠡ᠎ᠲᠠᠢ ᠬᠥᠮᠦᠨ᠎ᠤ ᠵᠥᠪᠰᠢᠶᠡᠷᠡᠯ᠎ᠲᠠᠢ᠎ᠪᠠᠷ ᠦᠢ᠍ᠯᠡᠳᠴᠦ᠂ ᠭᠠᠳᠠᠭ᠋ᠠᠳᠤ᠎ᠠᠴᠠ ᠣᠷᠣᠭᠤᠯᠤᠭᠰᠠᠨ ᠲᠤᠰᠬᠠᠶ ᠠᠰᠢᠭ᠎ᠤᠨ ᠦᠢ᠍ᠯᠡᠳᠬᠦᠨ ᠪᠤᠶᠤ ᠲᠤᠰᠬᠠᠶ ᠠᠰᠢᠭ᠎ᠤᠨ ᠠᠷᠭ᠎ᠠ᠎ᠪᠠᠷ ᠰᠢᠭᠤᠳ ᠣᠯᠤᠭᠰᠠᠨ ᠦᠢ᠍ᠯᠡᠳᠬᠦᠨ᠎ᠢ ᠪᠣᠷᠣᠯᠠᠭᠤᠯᠤᠭᠰᠠᠨ᠎ᠤ ᠰᠡᠭᠦᠯᠡᠷ᠂ ᠬᠡᠷᠡᠭᠯᠡᠬᠦ᠂ ᠪᠣᠷᠣᠯᠠᠭᠤᠯᠬᠤ᠎ᠪᠠᠷ ᠠᠮᠠᠯᠠᠭᠰᠠᠨ ᠪᠤᠶᠤ ᠪᠣᠷᠣᠯᠠᠭᠤᠯᠤᠭᠰᠠᠨ ᠦᠢ᠍ᠯᠡᠳᠬᠦᠨ;
   (ᠬᠣᠶᠠᠷ) ᠲᠤᠰᠬᠠᠶ ᠠᠰᠢᠭ᠎ᠤᠨ ᠭᠤᠶᠤᠴᠢᠯᠠᠯ ᠭᠠᠷᠭ᠋ᠠᠭᠰᠠᠨ ᠡᠳᠦᠷ᠎ᠠᠴᠠ ᠡᠮᠦᠨ᠎ᠡ ᠨᠢᠭᠡᠨᠲᠡ ᠠᠳᠠᠯᠢᠬᠠᠨ ᠦᠢ᠍ᠯᠡᠳᠬᠦᠨ᠎ᠢ ᠦᠢ᠍ᠯᠡᠳᠦᠭᠰᠡᠨ᠂ ᠠᠳᠠᠯᠢᠬᠠᠨ ᠠᠷᠭ᠎ᠠ ᠵᠢ ᠬᠡᠷᠡᠭᠯᠡᠵᠦ ᠪᠠᠶ᠋ᠢᠭᠰᠠᠨ ᠪᠤᠶᠤ ᠨᠢᠭᠡᠨᠲᠡ ᠬᠢᠵᠦ ᠦᠢ᠍ᠯᠡᠳᠬᠦ᠂ ᠬᠡᠷᠡᠭᠯᠡᠬᠦ ᠴᠢᠬᠤᠯᠠ ᠪᠦᠬᠦᠢ ᠪᠡᠯᠡᠳᠬᠡᠯ᠎ᠤᠳ᠎ᠢ ᠬᠢᠭᠰᠡᠨ ᠪᠥᠭᠡᠳ ᠵᠥᠪᠬᠡᠨ ᠣᠣᠯ᠎ᠤᠨ ᠬᠦᠷᠢᠶ᠎ᠡ ᠬᠡᠪᠴᠢᠶᠡᠨ ᠳᠣᠲᠣᠷ᠎ᠠ ᠦᠷᠭᠦᠯᠵᠢᠯᠡᠨ ᠦᠢ᠍ᠯᠡᠳᠴᠦ ᠬᠡᠷᠡᠭᠯᠡᠭᠰᠡᠨ;
   (ᠭᠤᠷᠪᠠ) ᠳᠤᠮᠳᠠᠳᠤ ᠤᠯᠤᠰ᠎ᠤᠨ ᠬᠠᠷᠢᠶ᠎ᠠ ᠡᠭᠡ ᠭᠠᠵᠠᠷ᠂ ᠬᠠᠷᠢᠶ᠎ᠠ ᠤᠰᠤ᠂ ᠬᠠᠷᠢᠶ᠎ᠠ ᠠᠭ᠋ᠠᠷ᠎ᠲᠠᠬᠢ ᠭᠠᠳᠠᠭ᠋ᠠᠳᠤ ᠤᠯᠤᠰ᠎ᠤᠨ ᠲᠡᠭᠡᠭᠡᠪᠦᠷᠢ ᠵᠢᠨ ᠪᠠᠭ᠋ᠠᠵᠢ᠂ ᠥᠪᠡᠷ᠎ᠤᠨ ᠬᠠᠷᠢᠶᠠᠯᠠᠭᠳᠠᠬᠤ ᠤᠯᠤᠰ᠎ᠤᠨ ᠵᠶ᠋ᠠᠨ ᠳᠤᠮᠳᠠᠳᠤ ᠤᠯᠤᠰ᠎ᠯᠤᠭ᠎ᠠ ᠲᠣᠭᠲᠠᠭ᠋ᠠᠭᠰᠠᠨ ᠬᠡᠯᠡᠯᠴᠡᠭᠡᠷ ᠪᠤᠶᠤ ᠬᠠᠮᠲᠤᠪᠠᠷ ᠣᠷᠣᠯᠴᠠᠭᠰᠠᠨ ᠤᠯᠠᠨ ᠤᠯᠤᠰ᠎ᠤᠨ ᠭᠡᠷ᠎ᠡ᠂ ᠡᠰᠡᠬᠦᠯ᠎ᠡ ᠬᠠᠷᠢᠯᠴᠠᠨ ᠬᠠᠷᠠᠭ᠋ᠠᠯᠵᠠᠯ ᠦᠵᠡᠭᠦᠯᠬᠦ ᠵᠠᠷᠴᠢᠮ᠎ᠤᠨ ᠶᠣᠰᠣᠭ᠋ᠠᠷ᠂ ᠲᠡᠭᠡᠭᠡᠪᠦᠷᠢ ᠵᠢᠨ ᠪᠠᠭ᠋ᠠᠵᠢ ᠬᠡᠷᠡᠭᠰᠡᠯ᠎ᠤᠨ ᠥᠪᠡᠷ᠎ᠤᠨ ᠬᠢᠨᠢ ᠬᠡᠷᠡᠭᠴᠡᠭᠡ᠎ᠠᠴᠠ ᠪᠤᠯᠵᠦ ᠲᠣᠨᠣᠭᠯᠠᠯ ᠪᠠ ᠲᠥᠬᠥᠭᠡᠷᠦᠮᠵᠢ᠎ᠳᠡᠭᠡᠨ ᠬᠣᠯᠪᠣᠭᠳᠠᠯ ᠪᠦᠬᠦᠢ ᠲᠤᠰᠬᠠᠶ ᠠᠰᠢᠭ᠎ᠢ ᠬᠡᠷᠡᠭᠯᠡᠭᠰᠡᠨ;
   (ᠳᠥᠷᠪᠡ) ᠲᠤᠰᠬᠠᠶ᠋ᠢᠯᠠᠨ ᠰᠢᠨᠵᠢᠯᠡᠬᠦ ᠤᠬᠠᠭ᠋ᠠᠨ᠎ᠤ ᠰᠤᠳᠤᠯᠭ᠎ᠠ ᠪᠠ ᠲᠤᠷᠰᠢᠯᠲᠠ ᠬᠢᠬᠦ᠎ᠳᠤ ᠬᠣᠯᠪᠣᠭᠳᠠᠯ ᠪᠦᠬᠦᠢ ᠲᠤᠰᠬᠠᠶ ᠠᠰᠢᠭ᠎ᠢ ᠬᠡᠷᠡᠭᠯᠡᠭᠰᠡᠨ᠃ ᠦᠢ᠍ᠯᠡᠳᠪᠦᠷᠢᠯᠡᠯ ᠡᠵᠡᠩᠨᠡᠯᠲᠡ ᠵᠢᠨ ᠵᠣᠷᠢᠯᠭ᠎ᠠ᠎ᠪᠠᠷ ᠬᠡᠷᠡᠭᠯᠡᠭᠰᠡᠨ ᠪᠤᠶᠤ ᠪᠣᠷᠣᠯᠠᠭᠤᠯᠤᠭᠰᠠᠨ ᠲᠤᠰᠬᠠᠶ ᠠᠰᠢᠭ᠎ᠤᠨ ᠡᠷᠬᠡ᠎ᠲᠠᠢ ᠬᠥᠮᠦᠨ᠎ᠤ ᠵᠥᠪᠰᠢᠶᠡᠷᠡᠯ ᠦᠭᠡᠢ ᠵᠢ ᠮᠡᠳᠡᠭᠰᠡᠨ ᠦᠭᠡᠢ᠎ᠪᠠᠷ ᠦᠢ᠍ᠯᠡᠳᠦᠭᠰᠡᠨ ᠪᠥᠭᠡᠳ ᠪᠣᠷᠣᠯᠠᠭᠤᠯᠤᠭᠰᠠᠨ ᠲᠤᠰᠬᠠᠶ ᠠᠰᠢᠭ᠎ᠤᠨ ᠦᠢ᠍ᠯᠡᠳᠬᠦᠨ ᠪᠤᠶᠤ ᠲᠤᠰᠬᠠᠶ ᠠᠰᠢᠭ᠎ᠤᠨ ᠠᠷᠭ᠎ᠠ᠎ᠪᠠᠷ ᠰᠢᠭᠤᠳ ᠣᠯᠤᠭᠰᠠᠨ ᠦᠢ᠍ᠯᠡᠳᠬᠦᠨ᠂ ᠦᠢ᠍ᠯᠡᠳᠬᠦᠨ᠎ᠤ᠎ᠪᠠᠨ ᠬᠠᠤᠯᠢ ᠶᠣᠰᠣᠨ᠎ᠤ ᠢᠷᠡᠯᠳᠡ ᠵᠢ ᠭᠡᠷᠡᠴᠢᠯᠡᠵᠦ ᠴᠢᠳᠠᠪᠠᠯ ᠲᠥᠯᠥᠬᠥ ᠬᠠᠷᠢᠭᠤᠴᠠᠯᠭ᠎ᠠ ᠡᠭᠦᠷᠭᠡᠯᠡᠬᠦ ᠥᠭᠡᠢ;
   24. ᠲᠤᠰᠬᠠᠶ ᠠᠰᠢᠭ᠎ᠤᠨ ᠡᠷᠬᠡ᠎ᠨᠢ ᠬᠠᠯᠳᠠᠭᠳᠠᠪᠠᠯ ᠶᠠᠮᠠᠷ ᠶᠠᠮᠠᠷ ᠠᠷᠭ᠎ᠠ᠎ᠪᠠᠷ ᠳᠡᠮᠵᠢᠵᠦ ᠡᠷᠬᠡ᠎ᠪᠠᠨ ᠬᠠᠮᠠᠭ᠋ᠠᠯᠠᠬᠤ ᠪᠤᠶ?
   (ᠨᠢᠭᠡ) ᠲᠤᠰᠬᠠᠶ ᠠᠰᠢᠭ᠎ᠤᠨ ᠡᠷᠬᠡ᠎ᠳᠤ ᠬᠠᠯᠳᠠᠭᠰᠠᠨ ᠵᠢᠭᠤᠷᠠᠯᠳᠤᠭ᠋ᠠᠨ ᠡᠭᠦᠰᠭᠡᠭᠰᠡᠨ ᠪᠣᠯ᠂ ᠲᠤᠬᠠᠶ ᠵᠢᠨ ᠬᠥᠮᠦᠨ ᠵᠥᠪᠳᠡᠯᠴᠡᠨ ᠰᠢᠶᠳᠪᠦᠷᠢᠯᠡᠨ᠎ᠡ;
   (ᠬᠣᠶᠠᠷ) ᠵᠥᠪᠳᠡᠯᠴᠡᠬᠦ ᠳᠤᠷ᠎ᠠ ᠦᠭᠡᠢ ᠪᠤᠶᠤ ᠵᠥᠪᠳᠡᠯᠴᠡᠭᠡᠳ ᠪᠦᠲᠦᠭᠰᠡᠨ ᠦᠭᠡᠢ ᠪᠣᠯ᠂ ᠲᠤᠰᠬᠠᠶ ᠠᠰᠢᠭ᠎ᠤᠨ ᠡᠷᠬᠡᠲᠦ ᠬᠥᠮᠦᠨ ᠪᠤᠶᠤ ᠠᠰᠢᠭ ᠬᠣᠣᠷ᠎ᠤᠨ ᠬᠠᠷᠢᠴᠠᠭ᠎ᠠ᠎ᠲᠠᠢ ᠬᠥᠮᠦᠨ ᠠᠷᠠᠳ᠎ᠤᠨ ᠰᠢᠭᠦᠬᠦ ᠬᠣᠷᠢᠶᠠᠨ᠎ᠳᠤ ᠵᠡᠭ᠋ᠠᠯᠳᠦᠵᠦ ᠪᠣᠯᠤᠨ᠎ᠠ;
   (ᠭᠤᠷᠪᠠ) ᠵᠥᠪᠳᠡᠯᠴᠡᠬᠦ ᠳᠤᠷ᠎ᠠ ᠦᠭᠡᠢ ᠪᠤᠶᠤ ᠵᠥᠪᠳᠡᠯᠴᠡᠭᠡᠳ ᠪᠦᠲᠦᠭᠰᠡᠨ ᠦᠭᠡᠢ ᠪᠣᠯ᠂ ᠲᠤᠰᠬᠠᠶ ᠠᠰᠢᠭ᠎ᠤᠨ ᠡᠷᠬᠡᠲᠦ ᠬᠥᠮᠦᠨ ᠪᠤᠶᠤ ᠠᠰᠢᠭ ᠬᠣᠣᠷ᠎ᠤᠨ ᠬᠠᠷᠢᠴᠠᠭ᠎ᠠ᠎ᠲᠠᠢ ᠬᠥᠮᠦᠨ᠎ᠨᠢ ᠲᠤᠰᠬᠠᠶ ᠠᠰᠢᠭ᠎ᠤᠨ ᠠᠵᠢᠯ᠎ᠢ ᠬᠠᠮᠢᠶᠠᠷᠬᠤ ᠰᠠᠯᠠᠭ᠎ᠠ ᠮᠥᠴᠢᠷ᠎ᠲᠤ ᠰᠢᠶᠳᠪᠦᠷᠢᠯᠡᠭᠦᠯᠬᠦ᠎ᠪᠠᠷ ᠭᠤᠶᠤᠴᠢᠯᠠᠯ ᠭᠠᠷᠭ᠋ᠠᠭᠰᠠᠨ ᠴᠤ᠌ ᠪᠣᠯᠤᠨ᠎ᠠ᠃ ᠲᠤᠰᠬᠠᠶ ᠠᠰᠢᠭ᠎ᠤᠨ ᠠᠵᠢᠯ᠎ᠢ ᠬᠠᠮᠢᠶᠠᠷᠬᠤ ᠰᠠᠯᠠᠭ᠎ᠠ ᠮᠥᠴᠢᠷ ᠭᠡᠳᠡᠭ᠎ᠨᠢ ᠮᠤᠵᠢ᠂ ᠥᠪᠡᠷᠲᠡᠭᠡᠨ ᠵᠠᠰᠠᠬᠤ ᠣᠷᠣᠨ᠂ ᠰᠢᠭᠤᠳ ᠬᠠᠷᠢᠶ᠎ᠠ ᠬᠣᠲᠠ ᠵᠢᠨ ᠠᠷᠠᠳ᠎ᠤᠨ ᠵᠠᠰᠠᠭ᠎ᠤᠨ ᠣᠷᠳᠣᠨ ᠵᠢᠴᠢ ᠲᠤᠰᠬᠠᠶ ᠠᠰᠢᠭ᠎ᠢ ᠬᠠᠮᠢᠶᠠᠷᠬᠤ ᠠᠵᠢᠯ᠎ᠤᠨ ᠬᠡᠮᠵᠢᠶ᠎ᠡ ᠶᠡᠬᠡ ᠮᠥᠷᠲᠡᠭᠡᠨ ᠪᠠᠰᠠ ᠪᠣᠳᠠᠲᠠᠶ ᠰᠢᠶᠳᠪᠦᠷᠢᠯᠡᠬᠦ ᠴᠢᠳᠠᠪᠤᠷᠢ ᠵᠢ ᠲᠣᠭᠣᠷᠢᠭ ᠪᠠᠶ᠋ᠢᠭᠤᠯᠤᠭᠰᠠᠨ ᠬᠤᠳᠠ ᠵᠢᠨ ᠠᠷᠠᠳ᠎ᠤᠨ ᠵᠠᠰᠠᠭ᠎ᠤᠨ ᠣᠷᠳᠣᠨ᠎ᠤ ᠪᠠᠶ᠋ᠢᠭᠤᠯᠤᠭᠰᠠᠨ ᠲᠤᠰᠬᠠᠶ ᠠᠰᠢᠭ᠎ᠤᠨ ᠠᠵᠢᠯ᠎ᠢ ᠬᠠᠮᠢᠶᠠᠷᠬᠤ ᠰᠠᠯᠠᠭ᠎ᠠ ᠮᠥᠴᠢᠷ᠎ᠢ ᠵᠢᠭ᠋ᠠᠳᠠᠭ;
   (ᠳᠥᠷᠪᠡ) ᠰᠢᠶᠳᠪᠦᠷᠢᠯᠡᠬᠦ ᠠᠵᠢᠯ᠎ᠢ ᠬᠢᠵᠦ ᠪᠠᠶ᠋ᠢᠭ᠎ᠠ ᠲᠤᠰᠬᠠᠶ ᠠᠰᠢᠭ᠎ᠤᠨ ᠠᠵᠢᠯ᠎ᠢ ᠬᠠᠮᠢᠶᠠᠷᠬᠤ ᠰᠠᠯᠠᠭ᠎ᠠ ᠮᠥᠴᠢᠷ᠎ᠨᠢ ᠲᠤᠬᠠᠶ ᠵᠢᠨ ᠬᠥᠮᠦᠨ᠎ᠤ ᠭᠤᠶᠤᠴᠢᠯᠠᠯ ᠵᠶ᠋ᠠᠷ ᠲᠤᠰᠬᠠᠶ ᠠᠰᠢᠭ᠎ᠤᠨ ᠡᠷᠬᠡ᠎ᠳᠤ ᠬᠠᠯᠳᠠᠭᠰᠠᠨ ᠲᠥᠯᠥᠪᠦᠷᠢ ᠮᠥᠩᠭᠥ ᠵᠢᠨ ᠲᠣᠭ᠎ᠠ ᠬᠡᠮᠵᠢᠶ᠎ᠡ ᠵᠢᠨ ᠲᠤᠬᠠᠶ ᠡᠶᠡᠳᠡᠭᠦᠯᠭᠡ ᠬᠢᠵᠦ ᠪᠣᠯᠤᠨ᠎ᠠ; ᠡᠶᠡᠳᠡᠭᠦᠯᠦᠭᠡᠳ ᠪᠦᠲᠦᠭᠰᠡᠨ ᠦᠭᠡᠢ ᠪᠣᠯ᠂ ᠲᠤᠬᠠᠶ ᠵᠢᠨ ᠬᠥᠮᠦᠨ 《ᠢᠷᠭᠡᠨ᠎ᠤ ᠵᠠᠷᠭᠤ ᠵᠢᠨ ᠬᠠᠤᠯᠢ》 ᠵᠢᠨ ᠶᠣᠰᠣᠭ᠋ᠠᠷ ᠠᠷᠠᠳ᠎ᠤᠨ ᠰᠢᠭᠦᠬᠦ ᠬᠣᠷᠢᠶᠠᠨ᠎ᠳᠤ ᠵᠡᠭ᠋ᠠᠯᠳᠦᠵᠦ ᠪᠣᠯᠤᠨ᠎ᠠ;
   (ᠲᠠᠪᠤ) 〈12312〉 ᠤᠳᠠᠰᠤ᠎ᠪᠠᠷ ᠮᠡᠳᠡᠯᠭᠡ ᠵᠢᠨ ᠥᠮᠴᠢᠯᠡᠯ᠎ᠤᠨ ᠡᠷᠬᠡ ᠵᠢ ᠬᠠᠮᠠᠭ᠋ᠠᠯᠠᠬᠤ ᠢᠯᠡᠴᠢᠯᠡᠨ ᠮᠡᠳᠡᠭᠦᠯᠵᠦ ᠵᠠᠭ᠋ᠠᠯᠳᠣᠬᠤ ᠦᠢ᠍ᠯᠡᠴᠢᠯᠡᠭᠡᠨ᠎ᠤ ᠲᠥᠪ᠎ᠲᠤ ᠵᠠᠭ᠋ᠠᠯᠳᠤᠵᠤ ᠪᠣᠯᠤᠨ᠎ᠠ᠃
   25. ᠲᠤᠰᠬᠠᠶ ᠠᠰᠢᠭ᠎ᠤᠨ ᠠᠵᠢᠯ᠎ᠢ ᠬᠠᠮᠢᠶᠠᠷᠬᠤ ᠰᠠᠯᠠᠭ᠎ᠠ ᠮᠥᠴᠢᠷ᠎ᠲᠤ ᠲᠤᠰᠬᠠᠶ ᠠᠰᠢᠭ᠎ᠤᠨ ᠵᠢᠭᠤᠷᠠᠯᠳᠤᠭ᠋ᠠᠨ ᠰᠢᠶᠳᠪᠦᠷᠢᠯᠡᠭᠦᠯᠬᠦ᠎ᠪᠠᠷ ᠭᠤᠶᠤᠴᠢᠯᠠᠯ ᠭᠠᠷᠭ᠋ᠠᠪᠠᠯ ᠶᠠᠮᠠᠷ ᠶᠠᠮᠠᠷ ᠮᠠᠲ᠋ᠧᠷᠢᠶᠠᠯ᠎ᠢ ᠲᠤᠰᠢᠶᠠᠬᠤ ᠬᠡᠷᠡᠭᠲᠡᠶ ᠪᠤᠢ?
    ᠭᠤᠶᠤᠴᠢᠯᠠᠯ᠎ᠤᠨ ᠪᠢᠴᠢᠭ ᠪᠠ ᠲᠤᠰᠬᠠᠶ ᠠᠰᠢᠭ᠎ᠤᠨ ᠡᠷᠬᠡ᠎ᠳᠤ ᠬᠣᠯᠪᠣᠭᠳᠠᠭᠰᠠᠨ ᠲᠤᠰᠬᠠᠶ ᠠᠰᠢᠭ᠎ᠤᠨ ᠦᠨᠡᠮᠯᠡᠯ ᠵᠢᠴᠢ ᠲᠡᠭᠦᠨ᠎ᠤ ᠪᠠᠭᠤᠯᠭ᠋ᠠᠪᠤᠷᠢ ᠵᠢ ᠲᠤᠰᠢᠶᠠᠬᠤ ᠬᠡᠷᠡᠭᠲᠡᠶ᠂ ᠲᠡᠷᠡᠴᠢᠯᠡᠨ ᠭᠤᠶᠤᠴᠢᠯᠠᠯ᠎ᠤᠨ ᠪᠢᠴᠢᠭ᠎ᠤᠨ ᠲᠡᠭ᠋ᠠᠯᠳᠠ ᠳᠡᠪᠲᠡᠷ ᠵᠢ ᠭᠤᠶᠤᠴᠢᠯᠠᠭᠳᠠᠭᠰᠠᠨ ᠬᠥᠮᠦᠨ᠎ᠳᠤ ᠲᠣᠭ᠎ᠠ ᠶᠣᠰᠣᠭ᠋ᠠᠷ ᠬᠠᠩᠭ᠋ᠠᠬᠤ ᠬᠡᠷᠡᠭᠲᠡᠶ᠃ ᠬᠣᠯᠪᠣᠭᠳᠠᠯ ᠪᠦᠬᠦᠢ ᠭᠡᠷᠡᠴᠢ ᠪᠠᠷᠢᠮᠲᠠ ᠪᠠ ᠭᠡᠷᠡᠴᠢ ᠮᠠᠲ᠋ᠧᠷᠢᠶᠠᠯ᠎ᠢ ᠭᠤᠶᠤᠴᠢᠯᠠᠯ᠎ᠤᠨ ᠪᠢᠴᠢᠭ ᠳᠠᠭ᠋ᠠᠯᠳᠤᠭᠤᠯᠤᠭᠰᠠᠨ ᠵᠦᠢ᠍ᠯ᠎ᠤᠨ ᠬᠡᠯᠪᠡᠷᠢ᠎ᠪᠠᠷ ᠳᠡᠪᠰᠢᠭᠦᠯᠵᠦ᠂ ᠭᠤᠶᠤᠴᠢᠯᠠᠯ᠎ᠤᠨ ᠪᠢᠴᠢᠭ ᠪᠠ ᠳᠡᠭᠡᠷ᠎ᠡ ᠭᠤᠶᠤᠴᠢᠯᠠᠭᠴᠢ ᠭᠠᠷ᠎ᠤᠨ ᠦᠰᠦᠭ ᠵᠢᠷᠤᠬᠤ ᠪᠤᠶᠤ ᠲᠠᠮᠠᠭ᠎ᠠ᠎ᠪᠠᠨ ᠳᠠᠷᠤᠬᠤ ᠬᠡᠷᠡᠭᠲᠡᠶ᠃ ᠲᠤᠰᠬᠠᠶ ᠠᠰᠢᠭ᠎ᠤᠨ ᠡᠷᠬᠡ᠎ᠳᠤ ᠬᠠᠯᠳᠠᠭᠰᠠᠨ ᠵᠢᠭᠤᠷᠠᠯᠳᠤᠭ᠋ᠠᠨ᠎ᠨᠢ ᠰᠢᠨ᠎ᠡ ᠦᠢ᠍ᠯᠡᠳᠬᠦᠨ ᠦᠢ᠍ᠯᠡᠳᠬᠦ ᠠᠷᠭ᠎ᠠ ᠵᠢᠨ ᠡᠭᠦᠳᠦᠯᠲᠡ ᠵᠢᠨ ᠲᠤᠰᠬᠠᠶ ᠠᠰᠢᠭ᠎ᠲᠤ ᠬᠣᠯᠪᠣᠭᠳᠠᠭᠰᠠᠨ ᠪᠠᠶ᠋ᠢᠪᠠᠯ᠂ ᠠᠳᠠᠯᠢᠬᠠᠨ ᠦᠢ᠍ᠯᠡᠳᠬᠦᠨ ᠦᠢ᠍ᠯᠡᠳᠴᠦ ᠪᠠᠶ᠋ᠢᠭᠰᠠᠨ ᠨᠢᠭᠡᠴᠡ ᠪᠤᠶᠤ ᠬᠤᠪᠢ ᠬᠥᠮᠦᠨ᠎ᠨᠢ ᠲᠡᠭᠦᠨ᠎ᠤ ᠦᠢ᠍ᠯᠡᠳᠬᠦᠨ ᠦᠢ᠍ᠯᠡᠳᠬᠦ ᠠᠷᠭ᠎ᠠ ᠵᠢᠨ ᠵᠶ᠋ᠠᠨ ᠲᠤᠰᠬᠠᠶ ᠠᠰᠢᠭ᠎ᠤᠨ ᠠᠷᠭ᠎ᠠ᠎ᠠᠴᠠ ᠢᠯᠭ᠋ᠠᠭᠳᠠᠬᠤ ᠭᠡᠷᠡᠴᠢ ᠵᠢ ᠬᠠᠩᠭ᠋ᠠᠬᠤ ᠬᠡᠷᠡᠭᠲᠡᠢ᠂ ᠬᠡᠷᠡᠭᠯᠡᠭᠡᠨ᠎ᠤ ᠰᠢᠨ᠎ᠡ ᠬᠡᠯᠪᠡᠷᠢ ᠵᠢᠨ ᠲᠤᠰᠬᠠᠶ ᠠᠰᠢᠭ᠎ᠲᠤ ᠬᠣᠯᠪᠣᠭᠳᠠᠭᠰᠠᠨ ᠪᠠᠢ᠌ᠪᠠᠯ᠂ ᠲᠤᠰᠬᠠᠶ ᠠᠰᠢᠭ᠎ᠢ ᠬᠠᠮᠢᠶᠠᠷᠬᠤ ᠵᠠᠰᠠᠭ ᠵᠠᠬᠢᠷᠭ᠋ᠠᠨ᠎ᠤ ᠰᠠᠯᠠᠭ᠎ᠠ ᠮᠥᠴᠢᠷ᠎ᠨᠢ ᠲᠤᠰᠬᠠᠶ ᠠᠰᠢᠭ᠎ᠤᠨ ᠡᠷᠬᠡᠲᠦ ᠬᠥᠮᠦᠨ᠎ᠠᠴᠠ ᠲᠥᠷᠥ ᠵᠢᠨ ᠶᠠᠪᠤᠳᠠᠯ᠎ᠤᠨ ᠬᠣᠷᠢᠶᠠᠨ᠎ᠤ ᠲᠤᠰᠬᠠᠶ ᠠᠰᠢᠭ᠎ᠤᠨ ᠵᠠᠰᠠᠭ ᠵᠠᠬᠢᠷᠭ᠋ᠠᠨ᠎ᠤ ᠰᠠᠯᠠᠭ᠎ᠠ ᠮᠥᠴᠢᠷ᠎ᠤᠨ ᠭᠠᠷᠭ᠋ᠠᠭᠰᠠᠨ ᠡᠷᠢᠵᠦ ᠬᠠᠷᠭᠤᠭᠤᠯᠤᠭᠰᠠᠨ ᠮᠡᠳᠡᠭᠦᠯᠦᠯᠲᠡ ᠭᠠᠷᠭ᠋ᠠᠬᠤ ᠵᠢ ᠱᠠᠭ᠋ᠠᠷᠳᠠᠵᠤ ᠪᠣᠯᠤᠨ᠎ᠠ᠃
   26. ᠲᠤᠰᠬᠠᠶ ᠠᠰᠢᠭ᠎ᠤᠨ ᠡᠷᠬᠡ ᠵᠢ ᠡᠷᠬᠡ᠎ᠳᠤ ᠬᠠᠯᠳᠠᠭᠰᠠᠨ ᠵᠢᠭᠤᠷᠠᠯᠳᠤᠭ᠋ᠠᠨ᠂ ᠲᠤᠰᠬᠠᠶ ᠠᠰᠢᠭ᠎ᠤᠨ ᠠᠵᠢᠯ᠎ᠢ ᠬᠠᠮᠢᠶᠠᠷᠬᠤ ᠰᠠᠯᠠᠭ᠎ᠠ ᠮᠥᠴᠢᠷ᠎ᠠᠴᠠ ᠶᠠᠭ᠋ᠠᠬᠢᠵᠤ ᠰᠢᠶᠳᠪᠦᠷᠢᠯᠡᠬᠦ ᠪᠤᠢ?
    ᠲᠤᠰᠬᠠᠶ ᠠᠰᠢᠭ᠎ᠤᠨ ᠠᠵᠢᠯ᠎ᠢ ᠬᠠᠮᠢᠶᠠᠷᠬᠤ ᠰᠠᠯᠠᠭ᠎ᠠ ᠮᠥᠴᠢᠷ ᠰᠢᠶᠳᠪᠦᠷᠢᠯᠡᠬᠦ᠎ᠳᠡᠭᠡᠨ᠂ ᠡᠷᠬᠡ᠎ᠳᠤ ᠬᠠᠯᠳᠠᠭᠰᠠᠨ ᠦᠢ᠍ᠯᠡ ᠠᠵᠢᠯᠯᠠᠭ᠎ᠠ ᠮᠥᠨ ᠭᠡᠵᠦ ᠦᠵᠡᠭᠰᠡᠨ ᠪᠣᠯ ᠵᠠᠷᠯᠢᠭᠳᠠᠵᠤ ᠪᠠᠶ᠋ᠢᠭ᠋ᠠᠳ ᠡᠷᠬᠡ᠎ᠳᠤ ᠬᠠᠯᠳᠠᠭᠰᠠᠨ ᠬᠥᠮᠦᠨ᠎ᠤ ᠡᠷᠬᠡ᠎ᠳᠤ ᠬᠠᠯᠳᠠᠭᠰᠠᠨ ᠦᠢ᠍ᠯᠡ ᠠᠵᠢᠯᠯᠠᠭ᠎ᠠ ᠵᠢ ᠲᠡᠷᠡ ᠳᠣᠣᠷ᠎ᠠ᠎ᠨᠢ ᠵᠣᠭᠰᠣᠭ᠋ᠠᠵᠤ ᠪᠣᠯᠤᠨ᠎ᠠ᠃ ᠲᠤᠬᠠᠶ ᠵᠢᠨ ᠬᠥᠮᠦᠨ᠎ᠨᠢ ᠵᠥᠪᠰᠢᠶᠡᠷᠡᠬᠦ ᠦᠭᠡᠢ ᠪᠣᠯ ᠮᠡᠳᠡᠭᠳᠡᠯ᠎ᠢ ᠣᠯᠤᠭᠰᠠᠨ ᠡᠳᠦᠷ᠎ᠠᠴᠠ ᠡᠬᠢᠯᠡᠨ ᠠᠷᠪᠠᠨ ᠲᠠᠪᠤᠨ ᠡᠳᠦᠷ᠎ᠤᠨ ᠳᠣᠲᠣᠷ᠎ᠠ 《ᠵᠠᠰᠠᠭ ᠵᠠᠬᠢᠷᠭ᠋ᠠᠨ᠎ᠤ ᠵᠠᠷᠭᠤ ᠵᠢᠨ ᠬᠠᠤᠯᠢ》 ᠵᠢᠨ ᠶᠣᠰᠣᠭ᠋ᠠᠷ ᠠᠷᠠᠳ᠎ᠤᠨ ᠳᠡᠭᠡᠳᠦ ᠵᠡᠷᠭᠡ ᠵᠢᠨ ᠰᠢᠭᠦᠬᠦ ᠬᠣᠷᠢᠶᠠᠨ᠎ᠳᠤ ᠵᠡᠭ᠋ᠠᠯᠳᠦᠵᠦ ᠪᠣᠯᠤᠨ᠎ᠠ᠃
   27. ᠶᠠᠮᠠᠷ ᠶᠠᠮᠠᠷ ᠲᠤᠰᠬᠠᠶ ᠠᠰᠢᠭ᠎ᠤᠨ ᠵᠢᠭᠤᠷᠠᠯᠳᠤᠭ᠋ᠠᠨ᠎ᠢ ᠲᠤᠰᠬᠠᠶ ᠠᠰᠢᠭ᠎ᠤᠨ ᠠᠵᠢᠯ᠎ᠢ ᠬᠠᠮᠢᠶᠠᠷᠬᠤ ᠰᠠᠯᠠᠭ᠎ᠠ ᠮᠥᠴᠢᠷ ᠵᠶ᠋ᠠᠷ ᠡᠶᠡᠳᠡᠭᠦᠯᠬᠦ᠎ᠪᠠᠷ ᠭᠤᠶᠤᠴᠢᠯᠠᠵᠤ ᠪᠣᠯᠬᠤ ᠪᠣᠢ?
    ᠲᠤᠰᠬᠠᠶ ᠠᠰᠢᠭ᠎ᠤᠨ ᠠᠵᠢᠯ᠎ᠢ ᠬᠠᠮᠢᠶᠠᠷᠬᠤ ᠰᠠᠯᠠᠭ᠎ᠠ ᠮᠥᠴᠢᠷ᠎ᠨᠢ ᠲᠤᠬᠠᠶ ᠵᠢᠨ ᠬᠥᠮᠦᠨ᠎ᠤ ᠭᠤᠶᠤᠴᠢᠯᠠᠭᠰᠠᠨ ᠲᠤᠰᠬᠠᠶ ᠠᠰᠢᠭ᠎ᠤᠨ ᠡᠷᠬᠡ᠎ᠳᠤ ᠬᠠᠯᠳᠠᠭᠰᠠᠨ ᠵᠢᠭᠤᠷᠠᠯᠳᠤᠭ᠋ᠠᠨ᠎ᠢ ᠡᠶᠡᠳᠡᠭᠦᠯᠬᠦ᠎ᠠᠴᠠ ᠭᠠᠳᠠᠨ᠎ᠠ᠂ ᠪᠠᠰᠠ᠄ (ᠨᠢᠭᠡ) ᠲᠤᠰᠬᠠᠶ ᠠᠰᠢᠭ ᠭᠤᠶᠤᠴᠢᠯᠠᠬᠤ ᠡᠷᠬᠡ ᠪᠠ ᠲᠤᠰᠬᠠᠶ ᠠᠰᠢᠭ᠎ᠤᠨ ᠡᠷᠬᠡ ᠵᠢᠨ ᠬᠠᠷᠢᠶᠠᠯᠠᠯ᠎ᠤᠨ ᠲᠤᠬᠠᠶ ᠵᠢᠭᠤᠷᠠᠯᠳᠤᠭ᠋ᠠᠨ; (ᠬᠣᠶᠠᠷ) ᠡᠭᠦᠳᠦᠭᠴᠢ ᠪᠤᠶᠤ ᠵᠢᠷᠤᠭ ᠲᠥᠯᠥᠪᠯᠡᠭᠴᠢ ᠵᠢᠨ ᠬᠢᠷᠢ ᠬᠡᠮ᠎ᠤᠨ ᠲᠤᠬᠠᠶ ᠵᠢᠭᠤᠷᠠᠯᠳᠤᠭ᠋ᠠᠨ; (ᠭᠤᠷᠪᠠ) ᠲᠤᠰᠢᠶᠠᠯ᠎ᠤᠨ ᠡᠭᠦᠳᠦᠨ ᠪᠦᠲᠦᠭᠡᠯᠲᠡ ᠵᠢᠨ ᠡᠭᠦᠳᠦᠭᠴᠢ ᠪᠤᠶᠤ ᠵᠢᠷᠤᠵᠤ ᠲᠥᠯᠥᠪᠯᠡᠭᠴᠢ ᠵᠢᠨ ᠱᠠᠩᠨᠠᠯ ᠬᠥᠬᠢᠭᠦᠯᠦᠯ ᠪᠠ ᠬᠠᠷᠠᠮᠵᠢ ᠵᠢᠨ ᠮᠥᠩᠭᠥ ᠵᠢᠨ ᠵᠢᠭᠤᠷᠠᠯᠳᠤᠭ᠋ᠠᠨ; (ᠳᠥᠷᠪᠡ) ᠡᠭᠦᠳᠦᠯᠲᠡ ᠵᠢᠨ ᠲᠤᠰᠬᠠᠶ ᠠᠰᠢᠭ᠎ᠤᠨ ᠭᠤᠶᠤᠴᠢᠯᠠᠯ᠎ᠢ ᠨᠡᠶ᠋ᠢᠲᠡᠯᠡᠭᠰᠡᠨ᠎ᠤ ᠰᠡᠭᠦᠯᠡᠷ ᠲᠤᠰᠬᠠᠶ ᠠᠰᠢᠭ ᠣᠯᠭᠣᠬᠤ᠎ᠠᠴᠠ ᠡᠮᠦᠨ᠎ᠡ ᠬᠡᠷᠡᠭᠯᠡᠭᠰᠡᠨ ᠡᠭᠦᠳᠦᠯᠲᠡ᠎ᠳᠤ ᠵᠣᠬᠢᠰᠲᠠᠶ ᠰᠦᠢ᠍ᠳᠬᠡᠯ ᠲᠤᠰᠢᠶᠠᠬᠤ ᠵᠢᠭᠤᠷᠠᠯᠳᠤᠭ᠋ᠠᠨ᠃
   28. ᠶᠠᠮᠠᠷ ᠶᠠᠮᠠᠷ ᠠᠵᠢᠯᠯᠠᠭ᠎ᠠ ᠪᠣᠯ ᠪᠤᠰᠤᠳ᠎ᠤᠨ ᠲᠤᠰᠬᠠᠶ ᠠᠰᠢᠭ᠎ᠢ ᠬᠠᠭᠤᠷᠮᠠᠭᠯᠠᠨ ᠬᠡᠷᠡᠭᠯᠡᠭᠰᠡᠨ ᠲᠣᠭ᠋ᠠᠴᠠᠭᠳᠠᠬᠤ᠎ᠳᠤ ᠪᠤᠢ?
   (ᠨᠢᠭᠡ) ᠵᠥᠪᠰᠢᠶᠡᠷᠡᠯ ᠣᠯᠤᠭᠰᠠᠨ ᠦᠭᠡᠢ᠎ᠪᠠᠷ ᠲᠡᠭᠦᠨ᠎ᠤ ᠦᠢ᠍ᠯᠡᠳᠦᠭᠰᠡᠨ ᠪᠤᠶᠤ ᠪᠣᠷᠣᠯᠠᠭᠤᠯᠤᠭᠰᠠᠨ ᠦᠢ᠍ᠯᠡᠳᠬᠦᠨ᠎ᠢ ᠦᠢ᠍ᠯᠡᠳᠬᠦᠨ᠎ᠤ ᠪᠣᠭᠣᠳᠠᠯ ᠳᠡᠭᠡᠷ᠎ᠡ ᠪᠤᠰᠤᠳ ᠬᠥᠮᠦᠨ᠎ᠤ ᠲᠤᠰᠬᠠᠶ ᠠᠰᠢᠭ᠎ᠤᠨ ᠨᠣᠮᠧᠷ ᠬᠠᠳᠠᠬᠤ; (ᠬᠣᠶᠠᠷ) ᠵᠥᠪᠰᠢᠶᠡᠷᠡᠯ ᠣᠯᠤᠭᠰᠠᠨ ᠦᠭᠡᠢ᠎ᠪᠠᠷ ᠪᠤᠰᠤᠳ᠎ᠤᠨ ᠵᠠᠷ ᠪᠤᠶᠤ ᠪᠤᠰᠤᠳ ᠤᠬᠠᠭᠤᠯᠭ᠎ᠠ ᠵᠢᠨ ᠮᠠᠲ᠋ᠧᠷᠢᠶᠠᠯ᠎ᠳᠤ ᠪᠣᠰᠣᠳ᠎ᠤᠨ ᠲᠤᠰᠬᠠᠶ ᠠᠰᠢᠭ᠎ᠤᠨ ᠨᠣᠮᠧᠷ᠎ᠢ ᠬᠡᠷᠡᠭᠯᠡᠵᠦ᠂ ᠬᠣᠯᠪᠣᠭᠳᠠᠭᠰᠠᠨ ᠮᠡᠷᠭᠡᠵᠢᠯ᠎ᠨᠢ ᠪᠤᠰᠤᠳ᠎ᠤᠨ ᠲᠤᠰᠬᠠᠶ ᠠᠰᠢᠭ᠎ᠤᠨ ᠮᠡᠷᠭᠡᠵᠢᠯ ᠭᠡᠵᠦ ᠬᠦᠮᠦᠰ᠎ᠲᠤ ᠡᠨᠳᠡᠭᠦᠷᠡᠭᠳᠡᠬᠦ; (ᠭᠤᠷᠪᠠ) ᠵᠥᠪᠰᠢᠶᠡᠷᠡᠯ᠎ᠢ ᠣᠯᠤᠭᠰᠠᠨ ᠦᠭᠡᠢ᠎ᠪᠠᠷ ᠭᠡᠷ᠎ᠡ᠎ᠳᠤ ᠪᠤᠰᠤᠳ ᠬᠥᠮᠦᠨ᠎ᠤ ᠲᠤᠰᠬᠠᠶ ᠠᠰᠢᠭ᠎ᠤᠨ ᠨᠣᠮᠧᠷ᠎ᠢ ᠬᠡᠷᠡᠭᠯᠡᠭᠰᠡᠨ᠂ ᠭᠡᠷ᠎ᠡ᠎ᠳᠤ ᠬᠣᠯᠪᠤᠭᠳᠠᠭᠰᠠᠨ ᠮᠡᠷᠭᠡᠵᠢᠯ᠎ᠨᠢ ᠪᠤᠰᠤᠳ᠎ᠤᠨ ᠲᠤᠰᠬᠠᠶ ᠠᠰᠢᠭ᠎ᠤᠨ ᠮᠡᠷᠭᠡᠵᠢᠯ ᠭᠡᠵᠦ ᠬᠦᠮᠦᠰ᠎ᠲᠤ ᠡᠨᠳᠡᠭᠦᠷᠡᠭᠳᠡᠬᠦ; (ᠳᠥᠷᠪᠡ) ᠪᠤᠰᠤᠳ ᠬᠥᠮᠦᠨ᠎ᠤ ᠲᠤᠰᠬᠠᠶ ᠠᠰᠢᠭ᠎ᠤᠨ ᠦᠨᠡᠮᠯᠡᠯ᠂ ᠲᠤᠰᠬᠠᠶ ᠠᠰᠢᠭ᠎ᠤᠨ ᠪᠢᠴᠢᠭ ᠮᠠᠲ᠋ᠧᠷᠢᠶᠠᠯ ᠪᠤᠶᠤ ᠲᠤᠰᠬᠠᠶ ᠠᠰᠢᠭ ᠭᠤᠶᠤᠴᠢᠯᠠᠬᠤ ᠪᠢᠴᠢᠭ ᠮᠠᠲ᠋ᠧᠷᠢᠶᠠᠯ᠎ᠢ ᠬᠠᠭᠤᠷᠮᠠᠭᠯᠠᠨ ᠵᠣᠬᠢᠶᠠᠭᠰᠠᠨ ᠪᠤᠶᠤ ᠬᠤᠪᠢᠷᠠᠭᠤᠯᠤᠨ ᠵᠣᠬᠢᠶᠠᠭᠰᠠᠨ᠃
   29. ᠶᠠᠮᠠᠷ ᠶᠠᠮᠠᠷ ᠦᠢ᠍ᠯᠡ ᠠᠵᠢᠯᠯᠠᠭ᠎ᠠ᠎ᠨᠢ ᠲᠤᠰᠬᠠᠢ ᠠᠰᠢᠭ᠎ᠢ ᠬᠠᠭᠤᠷᠮᠠᠭᠯᠠᠭᠰᠠᠨ ᠪᠠᠢ᠌ᠳᠠᠯ᠎ᠳᠤ ᠲᠣᠭ᠋ᠠᠴᠠᠭᠳᠠᠬᠤ ᠪᠣᠢ?
   (ᠨᠢᠭᠡ) ᠲᠤᠰᠬᠠᠶ ᠠᠰᠢᠭ᠎ᠤᠨ ᠪᠤᠰᠤ ᠦᠢ᠍ᠯᠡᠳᠭᠦᠨ ᠳᠡᠭᠡᠷ᠎ᠡ ᠲᠤᠰᠬᠠᠶ ᠠᠰᠢᠭ᠎ᠤᠨ ᠲᠡᠮᠳᠡᠭ ᠳᠠᠯᠪᠢᠵᠦ ᠦᠢ᠍ᠯᠡᠳᠦᠭᠰᠡᠨ ᠪᠤᠶᠤ ᠪᠣᠷᠣᠯᠠᠭᠤᠯᠤᠭᠰᠠᠨ;
   (ᠬᠣᠶᠠᠷ) ᠲᠤᠰᠬᠠᠶ ᠠᠰᠢᠭ᠎ᠤᠨ ᠡᠷᠬᠡ ᠵᠢ ᠬᠦᠴᠦᠨ ᠦᠭᠡᠢ ᠨᠡᠶ᠋ᠢᠲᠡᠯᠡᠭᠰᠡᠨ᠎ᠤ ᠳᠠᠷᠠᠭ᠎ᠠ᠂ ᠦᠷᠭᠦᠯᠵᠢᠯᠡᠨ ᠦᠢ᠍ᠯᠡᠳᠦᠭᠰᠡᠨ ᠪᠤᠶᠤ ᠪᠣᠷᠣᠯᠠᠭᠤᠯᠤᠭᠰᠠᠨ ᠦᠢ᠍ᠯᠡᠳᠬᠦᠨ ᠳᠡᠭᠡᠷ᠎ᠡ ᠲᠤᠰᠬᠠᠶ ᠠᠰᠢᠭ᠎ᠤᠨ ᠲᠡᠮᠳᠡᠭ ᠬᠠᠳᠠᠬᠤ;
   (ᠭᠤᠷᠪᠠ) ᠵᠠᠷ ᠪᠤᠶᠤ ᠪᠤᠰᠤᠳ ᠤᠬᠠᠭᠤᠯᠭ᠎ᠠ ᠵᠢᠨ ᠮᠠᠲ᠋ᠧᠷᠢᠶᠠᠯ᠎ᠳᠤ ᠲᠤᠰᠬᠠᠶ ᠠᠰᠢᠭ᠎ᠤᠨ ᠪᠤᠰᠤ ᠮᠡᠷᠭᠡᠵᠢᠯ᠎ᠢ ᠲᠤᠰᠬᠠᠶ ᠠᠰᠢᠭ᠎ᠤᠨ ᠮᠡᠷᠭᠡᠵᠢᠯ ᠭᠡᠵᠦ ᠬᠡᠯᠡᠬᠦ;
   (ᠲᠦᠷᠪᠡ) ᠭᠡᠷ᠎ᠡ ᠲᠤᠳᠤᠷ᠎ᠠ ᠲᠤᠰᠬᠠᠶ ᠠᠰᠢᠭ᠎ᠤᠨ ᠪᠤᠰᠤ ᠮᠡᠷᠭᠡᠵᠢᠯ᠎ᠢ ᠲᠤᠰᠬᠠᠶ ᠠᠰᠢᠭ᠎ᠤᠨ ᠮᠡᠷᠭᠡᠵᠢᠯ ᠭᠡᠵᠦ ᠬᠡᠯᠡᠬᠦ;
   (ᠲᠠᠪᠤ) ᠲᠤᠰᠬᠠᠶ ᠠᠰᠢᠭ᠎ᠤᠨ ᠦᠨᠡᠮᠯᠡᠯ᠂ ᠲᠤᠰᠬᠠᠶ ᠠᠰᠢᠭ᠎ᠤᠨ ᠪᠢᠴᠢᠭ ᠮᠠᠲ᠋ᠧᠷᠢᠶᠠᠯ ᠪᠤᠶᠤ ᠲᠤᠰᠬᠠᠶ ᠠᠰᠢᠭ ᠭᠤᠶᠤᠴᠢᠯᠠᠬᠤ ᠪᠢᠴᠢᠭ ᠮᠠᠲ᠋ᠧᠷᠢᠶᠠᠯ᠎ᠢ ᠬᠠᠭᠤᠷᠮᠠᠭᠯᠠᠨ ᠵᠣᠬᠢᠶᠠᠭᠰᠠᠨ ᠪᠤᠶᠤ ᠬᠤᠪᠢᠷᠠᠭᠤᠯᠤᠨ ᠵᠣᠬᠢᠶᠠᠭᠰᠠᠨ᠃
   30. ᠪᠤᠰᠤᠳ᠎ᠤᠨ ᠲᠤᠰᠬᠠᠶ ᠠᠰᠢᠭ᠎ᠢ ᠬᠠᠭᠤᠷᠮᠠᠭᠯᠠᠨ ᠬᠡᠷᠡᠭᠯᠡᠭᠰᠡᠨ ᠪᠤᠶᠤ ᠬᠠᠭᠤᠷᠮᠠᠭᠯᠠᠨ ᠣᠷᠣᠯᠠᠭᠤᠯᠤᠭᠰᠠᠨ ᠦᠢ᠍ᠯᠡ ᠠᠵᠢᠯᠯᠠᠭ᠎ᠠ᠎ᠨᠢ ᠶᠠᠮᠠᠷ ᠬᠠᠤᠯᠢ ᠵᠢᠨ ᠬᠠᠷᠢᠭᠤᠴᠠᠯᠭ᠎ᠠ ᠡᠭᠦᠷᠭᠡᠯᠡᠬᠦ ᠬᠡᠷᠡᠭᠲᠡᠶ ᠪᠤᠢ?
    ᠪᠤᠰᠤᠳ᠎ᠤᠨ ᠲᠤᠰᠬᠠᠶ ᠠᠰᠢᠭ᠎ᠢ ᠬᠠᠭᠤᠷᠮᠠᠭᠯᠠᠨ ᠬᠡᠷᠡᠭᠯᠡᠭᠰᠡᠨ ᠪᠠᠢ᠌ᠪᠠᠯ ᠬᠠᠤᠯᠢ ᠶᠣᠰᠣᠭ᠋ᠠᠷ ᠢᠷᠭᠡᠨ᠎ᠤ ᠬᠡᠷᠡᠭ᠎ᠤᠨ ᠬᠠᠷᠢᠭᠤᠴᠠᠯᠭ᠎ᠠ ᠵᠢ ᠡᠭᠦᠷᠭᠡᠯᠡᠭᠦᠯᠬᠦ᠎ᠠᠴᠠ ᠭᠠᠳᠠᠨ᠎ᠠ᠂ ᠲᠤᠰᠬᠠᠶ ᠠᠰᠢᠭ᠎ᠤᠨ ᠠᠵᠢᠯ᠎ᠢ ᠬᠠᠮᠢᠶᠠᠷᠬᠤ ᠰᠠᠯᠠᠭ᠎ᠠ ᠮᠥᠴᠢᠷ᠎ᠠᠴᠠ ᠵᠠᠷᠯᠢᠭᠳᠠᠵᠤ ᠪᠠᠶ᠋ᠢᠭ᠋ᠠᠳ ᠵᠠᠯᠠᠷᠠᠭᠤᠯᠬᠤ ᠵᠢᠨ ᠬᠠᠮᠲᠤ ᠵᠠᠷᠯᠠᠨ ᠨᠡᠶ᠋ᠢᠲᠡᠯᠡᠵᠦ᠂ ᠬᠠᠤᠯᠢ᠎ᠠᠴᠠ ᠵᠥᠷᠢᠴᠡᠵᠦ ᠣᠯᠤᠭᠰᠠᠨ ᠣᠯᠵᠠ ᠠᠰᠢᠭ᠎ᠢ᠎ᠨᠢ ᠬᠤᠷᠢᠶᠠᠨ ᠠᠪᠴᠤ᠂ ᠬᠠᠤᠯᠢ ᠪᠤᠰᠤ ᠣᠯᠵᠠᠪᠤᠷᠢ ᠵᠢᠨ ᠭᠤᠷᠪᠠᠨ ᠳᠠᠬᠢᠨ᠎ᠠᠴᠠ ᠳᠤᠷᠤᠭᠰᠢ ᠵᠣᠭᠣᠰ ᠵᠶ᠋ᠠᠷ ᠲᠣᠷᠭ᠋ᠠᠬᠤ᠎ᠪᠠᠷ ᠨᠡᠶ᠋ᠢᠯᠡᠭᠦᠯᠦᠨ ᠰᠢᠳᠬᠡᠵᠦ ᠪᠣᠯᠤᠨ᠎ᠠ᠃ ᠬᠠᠤᠯᠢ ᠪᠤᠰᠤ ᠣᠷᠣᠯᠭ᠎ᠠ ᠣᠯᠤᠭᠰᠠᠨ ᠦᠭᠡᠶ ᠪᠣᠯ ᠲᠠᠪᠤᠨ ᠲᠦᠮᠡᠨ ᠲᠥᠭᠥᠷᠢᠭ᠎ᠠᠴᠠ ᠳᠤᠷᠤᠭᠰᠢ ᠵᠣᠭᠣᠰ ᠵᠶ᠋ᠠᠷ ᠲᠣᠷᠭ᠋ᠠᠬᠤ᠎ᠪᠠᠷ ᠨᠡᠶ᠋ᠢᠯᠡᠭᠦᠯᠦᠨ ᠰᠢᠳᠬᠡᠨ᠎ᠡ᠃ ᠶᠠᠯ᠎ᠠ ᠬᠢᠬᠦ᠎ᠳᠤ ᠬᠦᠷᠦᠭᠰᠡᠨ ᠪᠣᠯ ᠬᠠᠤᠯᠢ ᠶᠣᠰᠣᠭ᠋ᠠᠷ ᠡᠷᠡᠭᠦᠦ ᠵᠢᠨ ᠬᠠᠷᠢᠭᠤᠴᠠᠯᠭ᠎ᠠ ᠨᠡᠬᠡᠮᠵᠢᠯᠡᠨ᠎ᠡ᠃ ᠲᠤᠰᠬᠠᠶ ᠠᠰᠢᠭ᠎ᠤᠨ ᠪᠤᠰᠤ ᠦᠢ᠍ᠯᠡᠳᠬᠦᠨ᠎ᠢ ᠲᠤᠰᠬᠠᠶ ᠠᠰᠢᠭ᠎ᠤᠨ ᠦᠢ᠍ᠯᠡᠳᠬᠦᠨ ᠪᠣᠯᠭ᠋ᠠᠨ ᠬᠠᠭᠤᠷᠮᠠᠭᠯᠠᠵᠤ᠂ ᠪᠣᠯᠭ᠋ᠠᠭᠰᠠᠨ ᠲᠤᠰᠬᠠᠶ ᠠᠰᠢᠭ᠎ᠤᠨ ᠪᠤᠰᠤ ᠠᠷᠭ᠎ᠠ᠎ᠪᠠᠷ ᠲᠤᠰᠬᠠᠶ ᠠᠰᠢᠭ᠎ᠤᠨ ᠠᠷᠭ᠎ᠠ ᠪᠣᠯᠭ᠋ᠠᠨ ᠬᠠᠭᠤᠷᠮᠠᠭᠯᠠᠭᠰᠠᠨ ᠪᠣᠯ᠂ ᠲᠤᠰᠬᠠᠶ ᠠᠰᠢᠭ᠎ᠤᠨ ᠠᠵᠢᠯ᠎ᠢ ᠬᠠᠮᠢᠶᠠᠷᠬᠤ ᠰᠠᠯᠠᠭ᠎ᠠ ᠮᠥᠴᠢᠷ᠎ᠠᠴᠠ ᠵᠠᠷᠯᠢᠭᠳᠠᠵᠤ ᠪᠠᠶ᠋ᠢᠭ᠋ᠠᠳ ᠵᠠᠯᠠᠷᠠᠭᠤᠯᠬᠤ ᠵᠢᠨ ᠬᠠᠮᠲᠤ ᠵᠠᠷᠯᠠᠨ ᠨᠡᠶ᠋ᠢᠲᠡᠯᠡᠵᠦ᠂ ᠲᠠᠪᠤᠨ ᠲᠦᠮᠡᠨ ᠲᠥᠭᠥᠷᠢᠭ᠎ᠠᠴᠠ ᠳᠤᠷᠤᠭᠰᠢ ᠵᠣᠭᠣᠰ ᠵᠶ᠋ᠠᠷ ᠲᠣᠷᠭ᠋ᠠᠬᠤ᠎ᠪᠠᠷ ᠨᠡᠶ᠋ᠢᠯᠡᠭᠦᠯᠦᠨ ᠰᠢᠳᠬᠡᠨ᠎ᠡ᠃
   31. ᠲᠤᠰᠬᠠᠶ ᠠᠰᠢᠭ᠎ᠤᠨ ᠡᠷᠬᠡ ᠣᠯᠭᠣᠬᠤ᠎ᠠᠴᠠ ᠡᠮᠦᠨ᠎ᠡ᠂ ᠭᠤᠶᠤᠴᠢᠯᠠᠭᠰᠠᠨ ᠨᠣᠮᠧᠷ᠎ᠢ ᠲᠤᠰᠬᠠᠶ ᠠᠰᠢᠭ᠎ᠤᠨ ᠨᠣᠮᠧᠷ ᠪᠣᠯᠭ᠋ᠠᠨ ᠦᠢ᠍ᠯᠡᠳᠬᠦᠨ᠎ᠤ ᠪᠣᠭᠣᠳᠠᠯ ᠲᠡᠭᠡᠷ᠎ᠠ ᠲᠠᠯᠪᠢᠵᠤ ᠤᠬᠠᠭᠤᠯᠭ᠎ᠠ ᠬᠢᠬᠦ᠎ᠨᠢ ᠬᠠᠤᠯᠢ ᠵᠢ ᠵᠥᠷᠢᠴᠡᠭᠰᠡᠨ ᠤᠤ? ᠬᠡᠷᠬᠢᠨ ᠰᠢᠳᠬᠡᠬᠦ ᠬᠡᠷᠡᠭᠲᠡᠶ ᠪᠤᠢ?
    ᠬᠠᠤᠯᠢ᠎ᠠᠴᠠ ᠵᠥᠷᠢᠴᠡᠭᠰᠡᠨ᠃ ᠲᠤᠰᠬᠠᠶ ᠠᠰᠢᠭ᠎ᠤᠨ ᠪᠤᠰᠤ ᠦᠢ᠍ᠯᠡᠳᠬᠦᠨ᠎ᠢ ᠲᠤᠰᠬᠠᠶ ᠠᠰᠢᠭ᠎ᠤᠨ ᠦᠢ᠍ᠯᠡᠳᠬᠦᠨ ᠪᠣᠯᠭ᠋ᠠᠨ ᠬᠠᠭᠤᠷᠮᠠᠭᠯᠠᠵᠤ᠂ ᠲᠤᠰᠬᠠᠶ ᠠᠰᠢᠭ᠎ᠤᠨ ᠪᠤᠰᠤ ᠠᠷᠭ᠎ᠠ ᠵᠢ ᠲᠤᠰᠬᠠᠶ ᠠᠰᠢᠭ᠎ᠤᠨ ᠠᠷᠭ᠎ᠠ ᠭᠡᠵᠦ ᠬᠠᠭᠤᠷᠮᠠᠭᠯᠠᠨ ᠣᠷᠣᠯᠠᠭᠤᠯᠤᠭᠰᠠᠨ ᠪᠣᠯ᠂ ᠲᠤᠰᠬᠠᠶ ᠠᠰᠢᠭ᠎ᠤᠨ ᠠᠵᠢᠯ᠎ᠢ ᠬᠠᠮᠢᠶᠠᠷᠬᠤ ᠰᠠᠯᠠᠭ᠎ᠠ ᠮᠥᠴᠢᠷ᠎ᠠᠴᠠ ᠵᠠᠷᠯᠢᠭᠳᠠᠵᠤ ᠪᠠᠶ᠋ᠢᠭ᠋ᠠᠳ ᠵᠠᠯᠠᠷᠠᠭᠤᠯᠤᠭᠤᠯᠬᠤ ᠵᠢᠨ ᠬᠠᠮᠲᠤ ᠵᠠᠷᠯᠠᠨ ᠨᠡᠢ᠌ᠲᠡᠯᠡᠵᠦ᠂ ᠲᠠᠪᠤᠨ ᠲᠦᠮᠡᠨ ᠲᠥᠭᠥᠷᠢᠭ᠎ᠠᠴᠠ ᠳᠤᠷᠤᠭᠰᠢ ᠵᠣᠭᠣᠰ ᠵᠶ᠋ᠠᠷ ᠲᠣᠷᠭ᠋ᠠᠬᠤ᠎ᠪᠠᠷ ᠨᠡᠶ᠋ᠢᠯᠡᠭᠦᠯᠦᠨ ᠰᠢᠳᠬᠡᠨ᠎ᠡ᠃
   32. ᠶᠠᠮᠠᠷ ᠪᠠᠶ᠋ᠢᠳᠠᠯ᠎ᠤᠨ ᠳᠣᠣᠷ᠎ᠠ ᠡᠭᠦᠳᠦᠯᠲᠡ ᠵᠢᠨ ᠲᠤᠰᠬᠠᠶ ᠠᠰᠢᠭ ᠪᠤᠶᠤ ᠬᠡᠷᠡᠭᠯᠡᠭᠡᠨ᠎ᠤ ᠰᠢᠨ᠎ᠡ ᠬᠡᠯᠪᠡᠷᠢ ᠵᠢᠨ ᠲᠤᠰᠬᠠᠶ ᠠᠰᠢᠭ᠎ᠢ ᠬᠡᠷᠡᠭᠵᠢᠭᠦᠯᠬᠦ ᠠᠯᠪᠠᠳᠠᠯᠭ᠎ᠠ ᠵᠢᠨ ᠵᠥᠪᠰᠢᠶᠡᠷᠡᠯ᠎ᠢ ᠭᠤᠶᠤᠴᠢᠯᠠᠵᠤ ᠪᠣᠯᠬᠤ ᠪᠤᠢ?
   (ᠨᠢᠭᠡ) ᠬᠡᠷᠡᠭᠵᠢᠭᠦᠯᠬᠦ ᠨᠥᠬᠥᠴᠡᠯ᠎ᠢ ᠪᠦᠷᠢᠯᠳᠦᠭᠦᠯᠦᠭᠰᠡᠨ ᠨᠢᠭᠡᠴᠢ᠎ᠨᠢ ᠵᠣᠬᠢᠰᠲᠠᠶ ᠨᠥᠬᠥᠴᠡᠯ ᠵᠶ᠋ᠠᠷ ᠡᠭᠦᠳᠦᠯᠲᠡ ᠪᠤᠶᠤ ᠪᠣᠳᠠᠲᠤ ᠬᠡᠷᠡᠭᠴᠡᠭᠡᠲᠦ ᠰᠢᠨ᠎ᠡ ᠬᠡᠯᠪᠡᠷᠢ ᠵᠢᠨ ᠲᠤᠰᠬᠠᠶ ᠠᠰᠢᠭ᠎ᠤᠨ ᠡᠷᠬᠡᠲᠦ ᠬᠥᠮᠦᠨ᠎ᠤ ᠲᠤᠰᠬᠠᠶ ᠠᠰᠢᠭ᠎ᠢ ᠬᠡᠷᠡᠭᠵᠢᠭᠦᠯᠬᠦ ᠵᠥᠪᠰᠢᠶᠡᠷᠡᠯ᠎ᠢ ᠭᠤᠶᠤᠴᠢᠯᠠᠭᠰᠠᠨ ᠪᠠᠶ᠋ᠢᠲᠠᠯ᠎ᠠ ᠵᠣᠬᠢᠬᠤ ᠬᠤᠭᠤᠴᠠᠭ᠋ᠠᠨ ᠳᠣᠲᠣᠷ᠎ᠠ ᠡᠨᠡ ᠬᠦ᠌ ᠵᠥᠪᠰᠢᠶᠡᠷᠡᠯ᠎ᠢ ᠣᠯᠤᠭᠰᠠᠨ ᠦᠭᠡᠢ ᠪᠣᠯ᠂ 《ᠲᠤᠰᠬᠠᠶ ᠠᠰᠢᠭ᠎ᠤᠨ ᠬᠠᠤᠯᠢ》 ᠵᠢᠨ ᠳᠥᠴᠢᠨ ᠨᠠᠶᠮᠠᠳᠤᠭ᠋ᠠᠷ ᠵᠦᠢ᠍ᠯ᠎ᠤᠨ ᠲᠣᠭᠲᠠᠭ᠋ᠠᠯ᠎ᠢ ᠦᠨᠳᠦᠰᠦᠯᠡᠨ ᠡᠭᠦᠳᠦᠯᠲᠡ ᠵᠢᠨ ᠲᠤᠰᠬᠠᠶ ᠠᠰᠢᠭ᠎ᠢ ᠬᠡᠷᠡᠭᠵᠢᠭᠦᠯᠬᠦ ᠪᠤᠶᠤ ᠪᠣᠳᠠᠲᠤ ᠬᠡᠷᠡᠭᠴᠡᠭᠡᠲᠦ ᠰᠢᠨ᠎ᠡ ᠬᠡᠯᠪᠡᠷᠢ ᠵᠢᠨ ᠲᠤᠰᠬᠠᠶ ᠠᠰᠢᠭ᠎ᠢ ᠬᠡᠷᠡᠭᠵᠢᠭᠦᠯᠬᠦ ᠠᠯᠪᠠᠳᠠᠯᠭ᠎ᠠ ᠵᠢᠨ ᠵᠥᠪᠰᠢᠶᠡᠷᠡᠯ ᠥᠭᠬᠦ ᠵᠢ ᠭᠤᠶᠤᠴᠢᠯᠠᠵᠤ ᠪᠣᠯᠤᠨ᠎ᠠ᠃
   (ᠬᠣᠶᠠᠷ) ᠲᠤᠰᠬᠠᠶ ᠠᠰᠢᠭ᠎ᠤᠨ ᠡᠷᠬᠡ ᠣᠯᠤᠭᠰᠠᠨ ᠨᠢᠭᠡ ᠡᠭᠦᠳᠦᠯᠲᠡ ᠪᠤᠶᠤ ᠬᠡᠷᠡᠭᠯᠡᠭᠡᠨ᠎ᠤ ᠰᠢᠨ᠎ᠡ ᠬᠡᠯᠪᠡᠷᠢ᠎ᠨᠢ ᠨᠢᠭᠡᠨᠲᠡ ᠲᠤᠰᠬᠠᠶ ᠠᠰᠢᠭ᠎ᠤᠨ ᠡᠷᠬᠡ ᠣᠯᠤᠭᠰᠠᠨ ᠤᠷᠢᠳᠤᠬᠢ ᠡᠭᠦᠳᠦᠯᠲᠡ ᠪᠤᠶᠤ ᠬᠡᠷᠡᠭᠯᠡᠭᠡᠨ᠎ᠤ ᠰᠢᠨ᠎ᠡ ᠬᠡᠯᠪᠡᠷᠢ᠎ᠠᠴᠠ ᠢᠯᠡᠳᠲᠡ ᠠᠵᠤ ᠠᠬᠤᠶ ᠵᠢᠨ ᠠᠴᠢ ᠬᠣᠯᠪᠣᠭᠳᠠᠯ ᠪᠦᠬᠦᠢ ᠴᠢᠬᠤᠯᠠ ᠶᠡᠬᠡ ᠮᠡᠷᠭᠡᠵᠢᠯ᠎ᠤᠨ ᠲᠡᠪᠰᠢᠯᠳᠠ᠎ᠲᠠᠢ᠂ ᠲᠡᠭᠦᠨ᠎ᠤ ᠬᠡᠷᠡᠭᠵᠢᠭᠦᠯᠦᠯᠲᠡ᠎ᠨᠢ ᠪᠠᠰᠠ ᠤᠷᠢᠳᠤᠬᠢ ᠨᠢᠭᠡ ᠡᠭᠦᠳᠦᠯᠲᠡ ᠪᠤᠶᠤ ᠬᠡᠷᠡᠭᠯᠡᠭᠡᠨ᠎ᠤ ᠰᠢᠨ᠎ᠡ ᠬᠡᠯᠪᠡᠷᠢ ᠵᠢᠨ ᠬᠡᠷᠡᠭᠵᠢᠭᠦᠯᠦᠯᠲᠡ᠎ᠳᠤ ᠲᠦᠰᠢᠭᠯᠡᠬᠦ᠎ᠳᠤ ᠬᠦᠷᠪᠡᠯ᠂ ᠲᠤᠰ ᠲᠤᠰᠬᠠᠶ ᠠᠰᠢᠭ᠎ᠤᠨ ᠡᠷᠬᠡᠲᠦ ᠬᠥᠮᠦᠨ 《ᠲᠤᠰᠬᠠᠶ ᠠᠰᠢᠭ᠎ᠤᠨ ᠬᠠᠤᠯᠢ》 ᠵᠢᠨ ᠲᠠᠪᠢᠳᠤᠭ᠋ᠠᠷ ᠵᠦᠢ᠍ᠯ᠎ᠤᠨ ᠲᠣᠭᠲᠠᠭ᠋ᠠᠯ᠎ᠢ ᠦᠨᠳᠦᠰᠦᠯᠡᠨ ᠡᠮᠦᠨᠡᠬᠢ ᠨᠢᠭᠡ ᠲᠤᠰᠬᠠᠶ ᠠᠰᠢᠭ᠎ᠢ ᠬᠡᠷᠡᠭᠵᠢᠭᠦᠯᠬᠦ ᠠᠯᠪᠠᠳᠠᠯᠭ᠎ᠠ ᠵᠢᠨ ᠵᠥᠪᠰᠢᠶᠡᠷᠡᠯ ᠥᠭᠭᠦ ᠵᠢ ᠭᠤᠶᠤᠴᠢᠯᠠᠵᠤ ᠪᠣᠯᠤᠨ᠎ᠠ᠂ ᠤᠷᠢᠳᠤᠬᠢ ᠲᠤᠰᠬᠠᠶ ᠠᠰᠢᠭ᠎ᠤᠨ ᠡᠷᠬᠡ᠎ᠲᠠᠢ ᠬᠥᠮᠦᠨ ᠴᠤ᠌ ᠬᠣᠢ᠍ᠨᠠᠬᠢ ᠲᠤᠰᠬᠠᠶ ᠠᠰᠢᠭ᠎ᠢ ᠬᠡᠷᠡᠭᠵᠢᠭᠦᠯᠬᠦ ᠠᠯᠪᠠᠳᠠᠯᠭ᠎ᠠ ᠵᠢᠨ ᠵᠥᠪᠰᠢᠶᠡᠷᠡᠯ ᠥᠭᠬᠦ ᠭᠤᠶᠤᠴᠢᠯᠠᠯ ᠭᠠᠷᠭ᠋ᠠᠵᠤ ᠪᠣᠯᠤᠨ᠎ᠠ᠃
   (ᠭᠤᠷᠪᠠ) ᠤᠯᠤᠰ ᠣᠷᠣᠨ᠎ᠳᠤ ᠪᠠᠴᠢᠮ ᠪᠠᠶ᠋ᠢᠳᠠᠯ ᠭᠠᠷᠤᠭᠰᠠᠨ ᠪᠤᠶᠤ ᠶᠡᠷᠦ ᠪᠤᠰᠤ ᠵᠢᠨ ᠪᠠᠶ᠋ᠢᠳᠠᠯ ᠭᠠᠷᠤᠭᠰᠠᠨ ᠦᠶ᠎ᠡ᠎ᠳᠤ᠂ ᠡᠰᠡᠬᠦᠯ᠎ᠡ ᠬᠠᠮᠲᠤ ᠨᠡᠶ᠋ᠢᠲᠡ ᠵᠢᠨ ᠠᠰᠢᠭ ᠲᠤᠰᠠ ᠵᠢ ᠪᠣᠳᠣᠯᠬᠢᠯᠠᠬᠤ ᠵᠣᠷᠢᠯᠭ᠎ᠠ᠎ᠪᠠᠷ ᠲᠥᠷᠥ ᠵᠢᠨ ᠶᠠᠪᠤᠳᠠᠯ᠎ᠤᠨ ᠬᠣᠷᠢᠶᠠᠨ᠎ᠤ ᠬᠣᠯᠪᠣᠭᠳᠠᠯ ᠪᠦᠬᠦᠢ ᠡᠷᠬᠢᠯᠡᠨ ᠬᠠᠮᠢᠶᠠᠷᠬᠤ ᠰᠠᠯᠠᠭ᠎ᠠ ᠮᠥᠴᠢᠷ᠎ᠨᠢ 《ᠲᠤᠰᠬᠠᠶ ᠠᠰᠢᠭ᠎ᠤᠨ ᠬᠠᠤᠯᠢ》 ᠵᠢᠨ ᠳᠥᠴᠢ ᠶᠢᠰᠦᠳᠦᠭᠡᠷ ᠵᠦᠢ᠍ᠯ᠎ᠤᠨ ᠲᠣᠭᠲᠠᠭ᠋ᠠᠯ᠎ᠢ ᠦᠨᠳᠦᠰᠦᠯᠡᠨ ᠡᠭᠦᠳᠦᠯᠲᠡ ᠵᠢᠨ ᠲᠤᠰᠬᠠᠶ ᠠᠰᠢᠭ᠎ᠢ ᠬᠡᠷᠡᠭᠵᠢᠭᠦᠯᠬᠦ ᠪᠤᠶᠤ ᠪᠣᠳᠠᠲᠤ ᠬᠡᠷᠡᠭᠴᠡᠭᠡᠲᠦ ᠰᠢᠨ᠎ᠡ ᠬᠡᠯᠪᠡᠷᠢ ᠵᠢᠨ ᠲᠤᠰᠬᠠᠶ ᠠᠰᠢᠭ᠎ᠢ ᠬᠡᠷᠡᠭᠵᠢᠭᠦᠯᠬᠦ ᠠᠯᠪᠠᠳᠠᠯᠭ᠎ᠠ ᠵᠢᠨ ᠵᠥᠪᠰᠢᠶᠡᠷᠡᠯ ᠭᠤᠶᠤᠴᠢᠯᠠᠵᠤ ᠪᠤᠯᠤᠨ᠎ᠠ᠃
   33. ᠲᠤᠰᠬᠠᠶ ᠠᠰᠢᠭ᠎ᠤᠨ ᠡᠷᠬᠡ᠎ᠳᠤ ᠬᠠᠯᠳᠠᠭᠰᠠᠨ ᠶᠠᠯ᠎ᠠ᠎ᠨᠢ ᠶᠠᠭᠤ ᠶᠠᠭᠤ ᠪᠠᠶ᠋ᠢᠳᠠᠭ ᠪᠤᠢ?
    ᠪᠤᠰᠤᠳ᠎ᠤᠨ ᠲᠤᠰᠬᠠᠶ ᠠᠰᠢᠭ᠎ᠢ ᠬᠠᠭᠤᠷᠮᠠᠭᠯᠠᠨ ᠬᠡᠷᠡᠭᠯᠡᠭᠰᠡᠨ ᠶᠠᠯ᠎ᠠ᠃ 《ᠡᠷᠡᠭᠦᠦ ᠵᠢᠨ ᠬᠠᠤᠯᠢ》 ᠵᠢᠨ ᠬᠣᠶᠠᠷ ᠵᠠᠭᠤ ᠠᠷᠪᠠᠨ ᠵᠢᠷᠭᠤᠳᠤᠭ᠋ᠠᠷ ᠵᠦᠢ᠍ᠯ᠎ᠢ ᠦᠨᠳᠦᠰᠦᠯᠡᠵᠦ᠂ ᠪᠤᠰᠤᠳ᠎ᠤᠨ ᠲᠤᠰᠬᠠᠶ ᠠᠰᠢᠭ᠎ᠢ ᠬᠠᠭᠤᠷᠮᠠᠭᠯᠠᠨ ᠬᠡᠷᠡᠭᠯᠡᠵᠦ᠂ ᠤᠢ᠍ᠢ᠍ᠯᠠ ᠪᠠᠶ᠋ᠢᠳᠠᠯ᠎ᠨᠢ ᠬᠦᠨᠳᠦ ᠨᠣᠴᠢᠲᠠᠶ ᠪᠣᠯ᠂ ᠭᠤᠷᠪᠠᠨ ᠵᠢᠯ᠎ᠠᠴᠠ ᠳᠤᠷᠤᠭᠰᠢ ᠬᠤᠭᠤᠴᠠᠭ᠎ᠠ᠎ᠲᠠᠢ ᠬᠣᠷᠢᠬᠤ ᠪᠤᠶᠤ ᠬᠣᠷᠢᠵᠤ ᠬᠥᠳᠡᠯᠮᠦᠷᠢᠯᠡᠭᠦᠯᠬᠦ᠎ᠪᠠᠷ ᠰᠢᠳᠬᠡᠨ᠎ᠡ᠂ ᠨᠡᠶ᠋ᠢᠯᠡᠭᠦᠯᠦᠨ ᠰᠢᠳᠬᠡᠬᠦ ᠪᠤᠶᠤ ᠲᠠᠩ ᠵᠶ᠋ᠠᠷ ᠰᠢᠳᠬᠡᠨ᠎ᠡ᠃ ᠠᠷᠠᠳ᠎ᠤᠨ ᠳᠡᠭᠡᠳᠦ ᠵᠡᠷᠭᠡ ᠵᠢᠨ ᠰᠢᠭᠦᠬᠦ ᠬᠣᠷᠢᠶ᠎ᠠ᠂ ᠠᠷᠠᠳ᠎ᠤᠨ ᠳᠡᠭᠡᠳᠦ ᠵᠡᠷᠭᠡ ᠵᠢᠨ ᠪᠠᠶ᠋ᠢᠴᠠᠭ᠋ᠠᠬᠤ ᠬᠣᠷᠢᠶ᠎ᠠ ᠬᠠᠤᠯᠢ ᠪᠠᠷᠢᠬᠤ ᠲᠠᠶ᠋ᠢᠯᠪᠤᠷᠢᠯᠠᠯᠲᠠ ᠵᠢ ᠦᠨᠳᠦᠰᠦᠯᠡᠵᠦ 《ᠦᠢ᠍ᠯᠡ ᠪᠠᠶ᠋ᠢᠳᠠᠯ᠎ᠨᠢ ᠬᠦᠨᠳᠦ ᠨᠣᠴᠢᠲᠠᠶ》 ᠪᠠᠶ᠋ᠢᠳᠠᠯ᠎ᠲᠠᠢ ᠪᠣᠯ᠄ (1) ᠬᠠᠤᠯᠢ ᠪᠤᠰᠤ᠎ᠪᠠᠷ ᠡᠵᠡᠩᠨᠡᠭᠰᠡᠨ ᠲᠣᠭ᠎ᠠ᠎ᠨᠢ ᠬᠣᠷᠢᠨ ᠲᠦᠮᠡᠨ ᠲᠥᠭᠥᠷᠢᠭ᠎ᠠᠴᠠ ᠳᠡᠭᠡᠭᠰᠢ ᠪᠤᠶᠤ ᠬᠠᠤᠯᠢ ᠵᠢ ᠵᠥᠷᠢᠴᠡᠵᠦ ᠣᠯᠤᠭᠰᠠᠨ ᠠᠰᠢᠭ ᠣᠯᠵᠠᠪᠤᠷᠢ ᠵᠢᠨ ᠲᠣᠭ᠎ᠠ᠎ᠨᠢ ᠠᠷᠪᠠᠨ ᠲᠦᠮᠡᠨ ᠲᠥᠭᠥᠷᠢᠭ᠎ᠠᠴᠠ ᠳᠡᠭᠡᠭᠰᠢ ᠪᠠᠶ᠋ᠢᠬᠤ; (2) ᠲᠤᠰᠬᠠᠶ ᠠᠰᠢᠭ᠎ᠤᠨ ᠡᠷᠬᠡᠲᠦ ᠬᠥᠮᠦᠨ᠎ᠳᠤ ᠰᠢᠭᠤᠳ ᠤᠴᠠᠷᠠᠭᠤᠯᠤᠭᠰᠠᠨ ᠠᠵᠤ ᠠᠬᠤᠶ ᠵᠢᠨ ᠬᠣᠬᠢᠷᠠᠯ᠎ᠨᠢ ᠲᠠᠪᠢᠨ ᠲᠦᠮᠡᠨ ᠲᠥᠭᠥᠷᠢᠭ᠎ᠠᠴᠠ ᠳᠡᠭᠡᠭᠰᠢ ᠪᠠᠶ᠋ᠢᠬᠤ; (3) ᠪᠤᠰᠤᠳ᠎ᠤᠨ ᠲᠤᠰᠬᠠᠢ ᠠᠰᠢᠭ᠎ᠢ ᠬᠣᠶᠠᠷ᠎ᠠᠴᠠ ᠳᠡᠭᠡᠭᠰᠢ ᠵᠦᠢ᠍ᠯ ᠬᠠᠭᠤᠷᠮᠠᠭᠯᠠᠨ ᠬᠡᠷᠡᠭᠯᠡᠭᠰᠡᠨ᠂ ᠬᠠᠤᠯᠢ ᠪᠤᠰᠤ᠎ᠪᠠᠷ ᠡᠵᠡᠩᠨᠡᠭᠰᠡᠨ ᠲᠣᠭ᠎ᠠ᠎ᠨᠢ ᠠᠷᠪᠠᠨ ᠲᠦᠮᠡᠨ ᠲᠥᠭᠥᠷᠢᠭ᠎ᠠᠴᠠ ᠳᠡᠭᠡᠭᠰᠢ ᠪᠤᠶᠤ ᠬᠠᠤᠯᠢ ᠵᠢ ᠵᠥᠷᠢᠴᠡᠵᠦ ᠣᠯᠤᠭᠰᠠᠨ ᠠᠰᠢᠭ ᠣᠯᠵᠠᠪᠤᠷᠢ ᠵᠢᠨ ᠲᠣᠭ᠎ᠠ᠎ᠨᠢ ᠲᠠᠪᠤᠨ ᠲᠦᠮᠡᠨ ᠲᠥᠭᠥᠷᠢᠭ᠎ᠠᠴᠠ ᠳᠡᠭᠡᠭᠰᠢ ᠪᠠᠶ᠋ᠢᠬᠤ; (4) ᠦᠢ᠍ᠯᠡ ᠪᠠᠶ᠋ᠢᠳᠠᠯ᠎ᠨᠢ ᠬᠦᠨᠳᠦ ᠨᠣᠴᠢᠲᠠᠶ ᠪᠤᠰᠤᠳ ᠵᠦᠢ᠍ᠯ᠎ᠤᠳ ᠲᠤᠭ᠋ᠠᠴᠠᠭᠳᠠᠨ᠎ᠠ᠃
   

ᠢᠷᠡᠯᠲᠡ᠄
          
ᠬᠠᠮᠢᠶ᠎ᠡ ᠪᠦᠬᠦᠢ ᠰᠣᠨᠢᠨ
ᠰᠢᠨ᠎ᠡ᠎ᠪᠠᠷ ᠵᠠᠰᠠᠪᠤᠷᠢ ᠣᠷᠣᠭᠤᠯᠤᠭᠰᠠᠨ《ᠵᠣᠬᠢᠶᠠᠯ ᠪᠦᠲᠦᠭᠡᠯ᠎ᠤᠨ ᠡᠷᠬᠡ ᠵᠢᠨ ᠬᠠᠤᠯᠢ》ᠵᠢᠨ ᠬᠢᠯᠠᠰ ᠴᠡᠭ᠎ᠤᠨ ᠲᠠᠢ᠌ᠯᠤᠮᠵᠢ
 
            