ᠴᠢᠨᠠᠷ ᠰᠠᠢ᠌ᠲᠠᠢ ᠲᠡᠵᠢᠭᠡᠯ ᠡᠪᠡᠰᠦ ᠵᠢ ᠬᠠᠲᠠᠭ᠋ᠠᠬᠤ ᠠᠷᠭ᠎ᠠ ᠵᠢ ᠬᠥᠮᠥᠨ ᠤ ᠬᠦᠴᠦ ᠪᠠᠷ ᠬᠠᠲᠠᠭ᠋ᠠᠬᠤ ᠪᠠ ᠠᠶᠠᠨᠳᠠᠭ᠋ᠠᠨ ᠬᠠᠲᠠᠭ᠋ᠠᠬᠤ ᠭᠡᠵᠦ ᠬᠤᠪᠢᠶᠠᠳᠠᠭ᠃ ᠡᠪᠡᠰᠦ ᠪᠣᠷᠳᠣᠭ᠎ᠠ ᠵᠢ ᠬᠠᠲᠠᠭ᠋ᠠᠬᠤ ᠳᠤ ᠳᠣᠣᠷᠠᠬᠢ ᠵᠠᠷᠴᠢᠮ ᠤᠳ ᠢ ᠪᠠᠷᠢᠮᠲᠠᠯᠠᠬᠤ ᠬᠡᠷᠡᠭᠲᠡᠢ᠄
ᠴᠠᠭ ᠠᠭᠤᠷ ᠤᠨ ᠪᠠᠢ᠌ᠳᠠᠯ ᠢ ᠡᠵᠡᠮᠰᠢᠵᠦ᠂ ᠪᠣᠷᠣᠭ᠋ᠠᠨ ᠳᠤ ᠨᠣᠷᠣᠭᠳᠠᠬᠤ ᠵᠢ ᠠᠯᠢ ᠴᠢᠳᠠᠬᠤ ᠪᠠᠷ ᠪᠠᠭ᠋ᠠᠰᠬᠠᠨᠠ ᠃ ᠨᠡᠷᠡᠨ ᠤ ᠭᠡᠷᠡᠯ ᠳᠤ ᠤᠷᠲᠤ ᠬᠤᠭᠤᠴᠠᠭ᠎ᠠ ᠪᠠᠷ ᠰᠢᠷᠠᠭᠳᠠᠬᠤᠠᠴᠠ ᠵᠠᠢ᠌ᠯᠠᠰᠬᠢᠬᠦ ᠬᠡᠷᠡᠭᠲᠡᠢ᠃ ᠲᠤᠩᠭ᠋ᠠᠯᠠᠭ ᠡᠳᠦᠷ ᠡᠪᠡᠰᠦ ᠬᠠᠲᠠᠭ᠋ᠠᠬᠤ ᠳᠤ᠂ ᠬᠥᠬᠡ ᠡᠪᠡᠰᠦᠨ ᠤ ᠤᠰᠤᠨ ᠤ ᠠᠭᠤᠯᠤᠭᠳᠠᠴᠠ ᠵᠢ 45% — 55% ᠪᠣᠯᠲᠠᠯ᠎ᠠ ᠪᠠᠭᠤᠷᠠᠭᠤᠯᠬᠤ ᠳᠤ ᠶᠡᠷᠦ ᠳᠡᠭᠡᠨ 5 — 8 ᠴᠠᠭ ᠬᠡᠷᠡᠭᠰᠡᠨ᠎ᠡ ᠂ ᠡᠢ᠌ᠮᠦ ᠠᠴᠠ ᠦᠷᠭᠦᠯᠵᠢ ᠤᠷᠪᠠᠭᠤᠯᠤᠨ ᠬᠥᠳᠡᠯᠭᠡᠵᠦ᠂ ᠤᠷᠭᠤᠮᠠᠯ ᠤᠨ ᠡᠯ᠎ᠡ ᠬᠡᠰᠡᠭ ᠤᠰᠤᠨ ᠤ ᠠᠭᠤᠯᠤᠭᠳᠠᠴᠠ ᠵᠢ ᠵᠢᠭᠳᠡ ᠪᠠᠷ ᠲᠠᠷᠬᠠᠭ᠋ᠠᠨᠠ᠃ ᠡᠪᠡᠰᠦ ᠬᠠᠮᠤᠬᠤ᠂ ᠡᠪᠡᠰᠦ ᠴᠤᠭᠯᠠᠭᠤᠯᠬᠤ᠂ ᠪᠣᠭᠣᠵᠢᠯᠠᠬᠤ᠂ ᠵᠢᠶᠠᠰᠠᠯᠠᠬᠤ ᠵᠢᠴᠢ ᠣᠪᠣᠭ᠋ᠠᠯᠠᠬᠤ ᠶᠠᠪᠤᠴᠠᠳᠤ ᠤᠷᠭᠤᠮᠠᠯ ᠤᠨ ᠨᠢᠯᠬ᠎ᠠ ᠪᠣᠯᠪᠠᠷᠠᠢ ᠬᠡᠰᠡᠭ ᠢ ᠬᠤᠭᠤᠯᠬᠤ ᠬᠢᠴᠢᠶᠡᠬᠦ ᠬᠡᠷᠡᠭᠲᠡᠢ᠃
ᠨᠢᠭᠡ᠂ ᠡᠩ ᠰᠠᠯᠬᠢ ᠨᠡᠪᠲᠡᠷᠡᠭᠦᠯᠦᠨ ᠬᠠᠳᠠᠭ᠋ᠠᠬᠤ ᠠᠷᠭ᠎ᠠ
ᠲᠡᠵᠢᠭᠡᠯ ᠡᠪᠡᠰᠦ ᠵᠢ ᠬᠠᠳᠤᠭᠰᠠᠨᠤ ᠲᠠᠷᠠᠭ᠎ᠠ ᠲᠠᠷᠢᠶᠠᠨ ᠠᠶᠠᠨᠳᠠᠭ᠋ᠠᠨ ᠬᠠᠲᠠᠭ᠋ᠠᠨᠠ᠂ ᠤᠰᠤᠨᠤ ᠠᠭᠤᠯᠤᠭᠳᠠᠴᠠᠨᠢ 35% — 50% ᠪᠣᠯᠬᠤ ᠦᠶ ᠡ ᠳᠤ᠂ ᠰᠠᠯᠬᠢ ᠨᠡᠪᠲᠡᠷᠡᠬᠦ ᠰᠤᠪᠠᠭ ᠲᠠᠢ ᠡᠪᠡᠰᠦᠨ ᠫᠸᠩ ᠵᠥᠭᠡᠭᠡᠪᠦᠷᠢᠯᠡᠨ ᠠᠪᠠᠴᠢᠵᠤ᠂ ᠰᠠᠯᠬᠢ ᠦᠯᠢᠶᠡᠬᠦ ᠲᠥᠬᠦᠭᠡᠷᠦᠮᠵᠢ ᠪᠠᠷ ᠬᠠᠲᠠᠭ᠋ᠠᠨᠠ ᠃ ᠲᠤᠰ ᠠᠷᠭ᠎ᠠ ᠵᠢ ᠬᠥᠬᠡ ᠡᠪᠡᠰᠦ ᠬᠤᠷᠢᠶᠠᠬᠤ ᠦᠶ ᠡ ᠳᠤ ᠬᠠᠷᠢᠴᠠᠩᠭᠤᠢ ᠴᠢᠭᠢᠭ ᠤᠨ ᠬᠡᠮᠵᠢᠶ᠎ᠡ ᠨᠢ 75% ᠳᠣᠣᠷ᠎ᠠ ᠮᠥᠷᠲᠡᠭᠡᠨ ᠠᠭ᠋ᠠᠷ ᠳᠤᠯᠠᠭ᠋ᠠᠨ ᠨᠢ 15℃ᠠᠴᠠ ᠳᠡᠭᠡᠭᠰᠢ ᠭᠠᠵᠠᠷ᠎ᠲᠤ ᠬᠡᠷᠡᠭᠯᠡᠬᠦ ᠲᠣᠬᠢᠷᠠᠨ᠎ᠠ ᠃
ᠬᠣᠶᠠᠷ᠂ ᠡᠪᠡᠰᠦᠨ ᠵᠢᠶᠠᠰᠠ ᠳᠡᠭᠡᠷ᠎ᠡ ᠬᠠᠳᠠᠭ᠋ᠠᠬᠤ ᠠᠷᠭ᠎ᠠ
ᠪᠣᠷᠣᠭ᠋ᠠᠨ ᠶᠡᠬᠡᠲᠡᠢ ᠭᠠᠵᠠᠷ ᠣᠷᠣᠨ ᠳᠤ ᠬᠡᠷᠡᠭᠯᠡᠬᠦ ᠨᠢ ᠨᠡᠯᠢᠶᠡᠳ ᠠᠷᠪᠢᠨ ᠪᠠᠢ᠌ᠳᠠᠭ᠃ ᠲᠡᠵᠢᠭᠡᠯ ᠡᠪᠡᠰᠦ ᠵᠢ ᠬᠠᠳᠤᠭᠰᠠᠨ ᠤ ᠳᠠᠷᠠᠭ᠎ᠠ ᠪᠠᠭ᠎ᠠ ᠪᠣᠭᠣᠵᠢ ᠪᠣᠯᠭ᠋ᠠᠨ ᠪᠣᠭᠣᠵᠢᠯᠠᠬᠤ ᠪᠤᠶᠤ ᠰᠢᠭᠤᠳ ᠵᠥᠭᠡᠭᠡᠪᠦᠷᠢᠯᠡᠨ ᠠᠪᠠᠴᠢᠵᠦ ᠡᠪᠡᠰᠦᠨ ᠵᠢᠶᠠᠰᠠᠨ ᠳᠡᠭᠡᠷ᠎ᠡ ᠬᠠᠲᠠᠭ᠋ᠠᠨᠠ ᠃ ᠡᠪᠡᠰᠦᠨ ᠵᠢᠶᠠᠰᠠ ᠵᠢ ᠮᠣᠳᠣ᠂ ᠬᠤᠯᠤᠰᠤ ᠪᠤᠶᠤ ᠲᠡᠮᠦᠷᠯᠢᠭ ᠬᠣᠭᠣᠯᠠᠢ ᠪᠠᠷ ᠲᠠᠩ ᠲᠠᠯᠠᠲᠤ ᠱᠠᠲᠤᠯᠵᠢᠨ ᠪᠤᠶᠤ ᠳᠠᠪᠬᠤᠷᠭ᠋ᠠᠯᠠᠭᠰᠠᠨ ᠬᠡᠯᠪᠡᠷᠢ ᠵᠢᠨ ᠫᠸᠩ ᠵᠢᠶᠠᠰᠠ ᠵᠢ ᠪᠠᠷᠢᠳᠠᠭ᠃ ᠵᠢᠶᠠᠰᠠᠨ ᠳᠡᠭᠡᠷᠡᠬᠢ ᠬᠥᠬᠡ ᠡᠪᠡᠰᠦᠨ ᠤ ᠦᠨᠳᠦᠰᠦᠨ ᠬᠡᠰᠡᠭ ᠬᠠᠨᠳᠤᠭᠤᠯᠤᠨ ᠱᠣᠷᠣᠯᠵᠢᠨ ᠬᠡᠯᠪᠡᠷᠢᠲᠡᠢ ᠪᠤᠶᠤ ᠭᠡᠷ ᠤᠨ ᠨᠢᠷᠤᠭᠤ ᠬᠡᠯᠪᠡᠷᠢᠲᠡᠢ ᠣᠪᠣᠭ᠋ᠠᠯᠠᠭ᠋ᠠᠳ᠂ ᠵᠤᠵᠠᠭ᠋ᠠᠨ ᠨᠢ 80 ᠰᠠᠨᠲ᠋ᠢᠮᠧᠲᠷ ᠬᠡᠲᠦᠷᠡᠭᠦᠯᠬᠦ ᠦᠭᠡᠢ᠃ ᠵᠠᠷᠢᠮ ᠲᠠᠷᠢᠶᠠᠴᠢᠳ ᠪᠦᠳᠦᠭᠦᠨ ᠮᠣᠳᠣ᠂ ᠬᠡᠷᠡᠮ ᠤᠨ ᠣᠷᠣᠢ ᠵᠡᠷᠭᠡ ᠵᠢ ᠠᠰᠢᠭᠯᠠᠨ ᠡᠪᠡᠰᠦ ᠵᠢ ᠬᠠᠲᠠᠭ᠋ᠠᠬᠤ ᠨᠢ ᠡᠭᠦᠨ ᠲᠠᠢ ᠠᠳᠠᠯᠢᠪᠲᠤᠷ ᠦᠢ᠍ᠯᠡᠳᠦᠯ ᠲᠠᠢ ᠪᠠᠢ᠌ᠳᠠᠭ᠃
ᠭᠤᠷᠪᠠ᠂ ᠭᠠᠵᠠᠷ ᠤᠨ ᠭᠠᠳᠠᠷᠭᠤ ᠳᠡᠭᠡᠷ᠎ᠡ ᠬᠠᠳᠠᠭ᠋ᠠᠬᠤ ᠠᠷᠭ᠎ᠠ
ᠡᠨᠡ ᠪᠣᠯ ᠭᠠᠩ ᠬᠠᠭᠤᠷᠠᠢ ᠣᠷᠣᠨ ᠳᠤ ᠬᠡᠷᠡᠭᠯᠡᠬᠦ ᠨᠡᠯᠢᠶᠡᠳ ᠰᠠᠢ᠌ᠨ ᠠᠷᠭ᠎ᠠ ᠮᠥᠨ᠂ ᠡᠷᠬᠡᠪᠰᠢ ᠲᠤᠩᠭ᠋ᠠᠯᠠᠭ ᠡᠳᠦᠷ ᠬᠡᠷᠡᠭᠯᠡᠬᠦ ᠬᠡᠷᠡᠭᠲᠡᠢ᠂ ᠴᠠᠭ ᠠᠭᠤᠷ ᠤᠨ ᠪᠠᠢ᠌ᠳᠠᠯ ᠨᠢ ᠲᠠᠵᠢᠭᠡᠯ ᠡᠪᠡᠰᠦ ᠵᠢ ᠨᠠᠢ᠌ᠷᠠᠭᠤᠯᠬᠤ ᠳᠤ ᠮᠠᠰᠢ ᠶᠡᠬᠡ ᠨᠥᠯᠥᠭᠡ ᠲᠠᠢ ᠪᠠᠢ᠌ᠳᠠᠭ᠃ ᠬᠠᠳᠤᠭᠰᠠᠨ ᠲᠠᠵᠢᠭᠡᠯ ᠡᠪᠡᠰᠤ ᠵᠢ ᠤᠷᠢᠳ ᠵᠶ᠋ᠠᠷ ᠭᠠᠵᠠᠷ ᠳᠡᠭᠡᠷ᠎ᠡ ᠲᠡᠭᠰᠢᠬᠡᠨ ᠳᠡᠪᠢᠰᠴᠦ᠂ ᠥᠩᠭᠡᠨ ᠳᠠᠪᠬᠤᠷᠭ᠎ᠠ ᠨᠢ ᠦᠬᠦᠰᠢᠷᠡᠭᠰᠡᠨ ᠤ ᠳᠠᠷᠠᠭ᠎ᠠ ᠲᠠᠷᠤᠢ᠌ᠬᠠᠨ ᠤᠷᠪᠠᠭᠤᠯᠵᠤ ᠨᠦᠭᠦᠭᠡ ᠳᠠᠯ᠎ᠠ ᠵᠢ ᠨᠢ ᠨᠡᠷᠡᠨ ᠳᠤ ᠡᠭᠡᠭᠡᠨ᠎ᠡ᠃ ᠤᠰᠤᠨ ᠤ ᠠᠭᠤᠯᠤᠭᠳᠠᠴᠠ ᠵᠢ 40% — 50% ᠬᠦᠷᠲᠡᠯ᠎ᠡ ᠪᠠᠭᠤᠷᠠᠭᠤᠯᠬᠤ ᠦᠶ ᠡ ᠳᠤ ᠡᠪᠡᠰᠦ ᠵᠢ ᠬᠠᠮᠤᠨ ᠣᠪᠣᠭ᠋ᠠᠯᠠᠵᠤ ᠤᠰᠤᠨ ᠤ ᠠᠭᠤᠯᠤᠭᠳᠠᠴᠠ ᠨᠢ ᠳᠣᠷᠣᠭᠰᠢᠯᠠᠭ᠋ᠠᠳ 30% ᠣᠷᠴᠢᠮ ᠪᠣᠯᠵᠤ᠂ ᠨᠠᠪᠴᠢ ᠨᠢ ᠠᠮᠠᠷᠬᠠᠨ ᠵᠤᠯᠭ᠋ᠠᠷᠠᠬᠤ ᠦᠭᠡᠢ ᠦᠶ᠎ᠡ ᠪᠡᠯᠴᠢᠭᠡᠷ ᠲᠤ ᠪᠤᠶᠤ ᠡᠪᠡᠰᠦᠨ ᠣᠪᠣᠭ᠋ᠠᠨ ᠳᠤ ᠠᠪᠠᠴᠢᠵᠤ ᠣᠪᠣᠭ᠋ᠠᠯᠠᠨ᠂ ᠡᠪᠡᠰᠦᠨ ᠣᠪᠣᠭ᠋ᠠᠨ ᠳᠤ ᠦᠷᠬᠦᠯᠵᠢᠯᠡᠨ ᠵᠣᠬᠢᠬᠤ ᠬᠡᠮᠵᠢᠶ ᠡ ᠪᠠᠷ ᠢᠰᠬᠡᠪᠡᠯ ᠤᠰᠤ ᠨᠢ ᠦᠷᠭᠦᠯᠵᠢᠯᠡᠨ ᠠᠭᠤᠷᠰᠢᠳᠠᠭ᠃ ᠤᠰᠤᠨ ᠤ ᠠᠭᠤᠯᠤᠭᠳᠠᠴᠠᠨᠢ ᠪᠠᠭᠤᠷᠠᠭ᠋ᠠᠳ 14% ᠣᠷᠴᠢᠮ ᠪᠣᠯᠬᠤ ᠦᠶ᠎ᠡ ᠳᠡᠭᠡᠷ᠎ᠡ ᠨᠢ ᠣᠪᠣᠭ᠋ᠠᠯᠠᠨ ᠬᠠᠳᠠᠭ᠋ᠠᠯᠠᠵᠤ ᠪᠣᠯᠣᠨ᠎ᠠ᠃
ᠳᠥᠷᠪᠡ᠂ ᠢᠰᠬᠡᠵᠦ ᠬᠠᠳᠠᠭ᠋ᠠᠬᠤ ᠠᠷᠭ᠎ᠠ
ᠪᠣᠷᠣᠭ᠋ᠠᠨᠲᠠᠢ ᠡᠳᠦᠷ ᠲᠣᠬᠢᠶᠠᠯᠳᠤᠪᠠᠯ ᠡᠪᠡᠰᠦᠨ ᠵᠢᠶᠠᠰᠠ ᠪᠠᠢ᠌ᠬᠤ ᠦᠭᠡᠢ ᠲᠤᠯᠠ ᠬᠡᠪ ᠤᠨ ᠪᠠᠢ᠌ᠳᠠᠯ ᠵᠶ᠋ᠠᠷ ᠬᠠᠭᠤᠷᠠᠢ ᠪᠣᠯᠭ᠋ᠠᠬᠤ ᠵᠢᠨ ᠠᠷᠭ᠎ᠠ ᠦᠭᠡᠢ ᠦᠶ᠎ᠡ ᠲᠤᠰ ᠠᠷᠭ᠎ᠠ ᠵᠢ ᠬᠡᠷᠡᠭᠯᠡᠵᠦ ᠪᠣᠯᠣᠨ᠎ᠠ ᠃ ᠠᠷᠭ᠎ᠠ ᠨᠢ ᠨᠢᠭᠡᠨᠲᠡ ᠬᠠᠳᠤᠭᠰᠠᠨ ᠦᠬᠦᠰᠢᠷᠡᠮᠡᠯ ᠡᠪᠡᠰᠦ ᠵᠢ ᠳᠠᠪᠬᠤᠷᠭ᠎ᠠ ᠬᠤᠪᠢᠶᠠᠨ ᠳᠠᠷᠤᠰᠢᠭᠤᠯᠵᠤ᠂ ᠨᠥᠬᠥᠴᠡᠯ ᠲᠠᠢ ᠦᠶ᠎ᠡ ᠳᠠᠪᠬᠤᠷᠭ᠎ᠠ ᠬᠤᠪᠢᠶᠠᠨ ᠬᠥᠬᠡ ᠡᠪᠡᠰᠦᠨᠳᠤ ᠬᠦᠨᠳᠦ ᠵᠢᠨ ᠬᠡᠮᠵᠢᠶ᠎ᠡ ᠨᠢ 5‰— 10‰ ᠵᠢᠨ ᠢᠳᠡᠰᠢᠨ ᠳᠠᠪᠤᠰᠤ ᠵᠢ ᠰᠠᠴᠤᠵᠤ᠂ 3 — 5 ᠮᠧᠲᠷ ᠥᠨᠳᠥᠷ ᠡᠪᠡᠰᠦᠨ ᠣᠪᠣᠭ᠎ᠠ ᠪᠣᠯᠭ᠋ᠠᠨ ᠣᠪᠣᠭ᠋ᠠᠯᠠᠵᠤ᠂ 30 — 60 ᠡᠳᠦᠷ ᠢᠰᠬᠡᠭᠰᠡᠨ ᠤ ᠲᠤᠩᠭ᠋ᠠᠯᠠᠭ ᠡᠳᠦᠷ ᠲᠤ ᠡᠪᠡᠰᠦᠨ ᠣᠪᠣᠭ᠎ᠠ ᠵᠢ ᠨᠡᠭᠡᠭᠡᠵᠦ᠂ ᠤᠰᠤ ᠵᠢ ᠠᠭᠤᠷᠰᠢᠭᠤᠯᠤᠨᠠ ᠃ ᠲᠤᠰ ᠠᠷᠭ᠎ᠠ ᠪᠠᠷ ᠨᠠᠢ᠌ᠷᠠᠭᠤᠯᠤᠭᠰᠠᠨ ᠬᠠᠭᠤᠷᠠᠢ ᠡᠪᠡᠰᠦ ᠨᠢ ᠬᠦᠷᠡᠩ ᠥᠩᠭᠡᠲᠡᠢ ᠪᠠᠢ᠌ᠵᠤ᠂ ᠰᠢᠮ᠎ᠡ ᠲᠡᠵᠢᠭᠡᠯ ᠰᠦᠢ᠍ᠳᠦᠯ ᠨᠢ 50%ᠠᠴᠠ ᠳᠡᠭᠡᠭᠰᠢ ᠪᠠᠢ᠌ᠳᠠᠭ᠃ ᠡᠨᠡ ᠪᠣᠯ ᠴᠠᠭ ᠠᠭᠤᠷ ᠤᠨ ᠪᠠᠢ᠌ᠳᠠᠯ ᠮᠠᠭᠤ ᠨᠥᠬᠥᠴᠡᠯ ᠳᠣᠣᠷ᠎ᠠ ᠠᠷᠭ᠎ᠠ ᠪᠤᠰᠤ ᠠᠪᠤᠭᠰᠠᠨ ᠠᠷᠭ᠎ᠠ ᠬᠡᠮᠵᠢᠶ᠎ᠡ ᠮᠥᠨ᠃
ᠲᠠᠪᠤ᠂ ᠥᠨᠳᠥᠷ ᠳᠤᠯᠠᠭ᠋ᠠᠨ ᠲᠦᠷᠭᠡᠨ ᠬᠠᠳᠠᠭ᠋ᠠᠬᠤ ᠠᠷᠭ᠎ᠠ
ᠬᠡᠷᠴᠢᠭᠰᠡᠨ ᠲᠡᠵᠢᠭᠡᠯ ᠡᠪᠡᠰᠦ ᠵᠢ ᠬᠠᠲᠠᠭ᠋ᠠᠬᠤ ᠮᠠᠰᠢᠨᠳᠤ ᠣᠷᠣᠭᠤᠯᠵᠤ᠂ ᠥᠨᠳᠥᠷ ᠳᠤᠯᠠᠭ᠋ᠠᠨ ᠤ ᠠᠭ᠋ᠠᠷ ᠠᠰᠢᠭᠯᠠᠨ ᠲᠡᠵᠢᠭᠡᠯ ᠡᠪᠡᠰᠦ ᠵᠢ ᠲᠦᠷᠭᠡᠨ ᠬᠠᠲᠠᠭ᠋ᠠᠨᠠ ᠃ ᠬᠠᠲᠠᠭ᠋ᠠᠬᠤ ᠴᠠᠭ ᠨᠢ ᠬᠠᠲᠠᠭ᠋ᠠᠬᠤ ᠮᠠᠰᠢᠨ ᠤ ᠬᠡᠯᠪᠡᠷᠢ ᠮᠠᠶᠢᠭ ᠲᠣᠭᠲᠠᠭ᠋ᠠᠭᠳᠠᠨᠠ ᠃ ᠲᠤᠰ ᠠᠷᠭ᠎ᠠ ᠵᠢᠨ ᠳᠠᠪᠠᠭᠤᠯᠢᠭ ᠲᠠᠯ᠎ᠠ ᠭᠡᠪᠡᠯ ᠡᠪᠡᠰᠦᠨ ᠨᠤᠨᠳᠠᠭ ᠦᠢ᠍ᠯᠡᠳᠪᠦᠷᠢᠯᠡᠯ ᠪᠠ ᠮᠥᠬᠦᠯᠢᠭᠵᠢᠭᠦᠯᠬᠦ ᠦᠢ᠍ᠯᠡᠳᠪᠦᠷᠢᠯᠡᠯ ᠢ ᠬᠠᠮᠲᠤ ᠨᠢᠭᠡ ᠴᠣᠭᠴᠠ ᠪᠣᠯᠭ᠋ᠠᠵᠤ᠂ ᠲᠡᠵᠢᠭᠡᠯ ᠡᠪᠡᠰᠦᠨ ᠠᠰᠢᠭᠯᠠᠮᠵᠢ ᠪᠠ ᠲᠠᠸᠠᠷ ᠤᠨ ᠴᠢᠨᠠᠷ ᠢ ᠳᠡᠭᠡᠭᠰᠢᠯᠡᠭᠦᠯᠦᠭᠰᠡᠨ ᠪᠠᠢ᠌ᠨ᠎ᠠ ᠃ ᠭᠡᠪᠡᠴᠦ ᠡᠢ᠌ᠮᠦᠷᠬᠦ ᠲᠥᠬᠦᠭᠡᠷᠦᠮᠵᠢ ᠵᠢᠨ ᠪᠡᠯᠡ ᠣᠷᠣᠭᠤᠯᠤᠯᠲᠠᠨᠢ ᠶᠡᠬᠡ ᠲᠤᠯᠠ ᠤᠯᠤᠰ ᠤᠨ ᠳᠣᠲᠣᠭ᠋ᠠᠳᠤ ᠲᠤᠰ ᠠᠷᠭ᠎ᠠ ᠵᠢ ᠲᠡᠮᠡᠢ ᠠᠷᠪᠢᠨ ᠬᠡᠷᠡᠭᠯᠡᠳᠡᠭ ᠦᠭᠡᠢ᠃
ᠵᠢᠷᠭᠤᠭ᠎ᠠ ᠂ ᠳᠠᠷᠤᠭᠳᠠᠵᠤ ᠬᠠᠭ᠋ᠠᠷᠠᠭᠰᠠᠨ ᠲᠡᠵᠢᠭᠡᠯ ᠡᠪᠡᠰᠦᠨ ᠤ ᠡᠰᠢ ᠰᠦᠷᠡᠯ ᠢ ᠬᠠᠳᠠᠭ᠋ᠠᠬᠤ ᠠᠷᠭ᠎ᠠ
ᠮᠠᠨ ᠤᠯᠤᠰ ᠤᠨ ᠬᠥᠳᠡᠭᠡ ᠲᠣᠰᠬᠣᠨ ᠳᠤ ᠣᠯᠠᠩᠬᠢ ᠳᠠᠭᠠᠨ ᠴᠠᠷᠭ᠋ᠠᠰᠤ ᠪᠠ ᠪᠤᠭᠤᠳᠠᠢ ᠵᠢᠨ ᠰᠦᠷᠡᠯ ᠢ ᠬᠣᠯᠢᠭ᠋ᠠᠳ ᠬᠠᠪᠲᠠᠭ᠋ᠠᠢ᠌ᠷᠠᠭᠤᠯᠵᠤ᠂ ᠡᠪᠡᠰᠦ ᠪᠣᠷᠳᠣᠭ᠎ᠠ ᠵᠢ ᠬᠠᠲᠠᠭ᠋ᠠᠬᠤ ᠬᠤᠷᠳᠤᠴᠠ ᠵᠢ ᠲᠦᠷᠭᠡᠳᠬᠡᠭᠰᠡᠨ ᠮᠥᠷᠲᠡᠭᠡᠨ ᠡᠰᠢ ᠰᠦᠷᠡᠯ ᠤᠨ ᠲᠡᠵᠢᠭᠡᠯ ᠪᠣᠷᠳᠣᠭ᠋ᠠᠨ ᠤ ᠦᠷᠳᠡᠭ ᠢ ᠴᠦ᠍ ᠳᠡᠭᠡᠭᠰᠢᠯᠡᠭᠦᠯᠦᠭᠰᠡᠨ ᠪᠠᠢ᠌ᠨ᠎ᠠ᠃ ᠠᠷᠭ᠎ᠠ ᠨᠢ᠄ ᠪᠤᠭᠤᠳᠠᠢ ᠵᠢᠨ ᠰᠦᠷᠡᠯ ᠢ ᠬᠠᠲᠠᠭ᠋ᠠᠬᠤ ᠲᠠᠯᠠᠪᠠᠢ ᠳᠤ ᠲᠡᠭᠰᠢᠬᠡᠨ ᠳᠡᠪᠢᠰᠴᠦ᠂ ᠵᠤᠵᠠᠭ᠋ᠠᠨ ᠨᠢ 10 ᠰᠠᠨᠲ᠋ᠢᠮᠧᠲᠷ᠂ ᠳᠤᠮᠳᠠ ᠨᠢ 10 ᠰᠠᠨᠲ᠋ᠢᠮᠧᠲᠷ ᠵᠤᠵᠠᠭ᠋ᠠᠨ ᠴᠠᠷᠭ᠋ᠠᠰᠤ ᠵᠢ ᠳᠡᠪᠢᠰᠴᠦ᠂ ᠳᠡᠭᠡᠷ᠎ᠡ ᠨᠢ ᠪᠠᠰᠠ ᠨᠢᠭᠡ ᠳᠠᠪᠬᠤᠷ ᠪᠤᠭᠤᠳᠠᠢ ᠵᠢᠨ ᠰᠦᠷᠡᠯ ᠨᠡᠮᠡᠭᠡᠳ᠂ ᠲᠠᠬᠢᠨ ᠳᠠᠷᠤᠨ᠎ᠠ᠂ ᠴᠠᠷᠭ᠋ᠠᠰᠤ ᠵᠢᠨ ᠰᠢᠭᠦᠰᠦ ᠨᠢ ᠪᠤᠭᠤᠳᠠᠢ ᠵᠢᠨ ᠰᠦᠷᠡᠯ ᠳᠤ ᠰᠢᠩᠭᠡᠭᠡᠭᠳᠡᠬᠦ ᠦᠶ ᠡ ᠳᠤ ᠬᠠᠲᠠᠭ᠋ᠠᠵᠤ ᠣᠪᠣᠭ᠋ᠠᠯᠠᠪᠠᠯ ᠪᠣᠯᠴᠢᠬᠠᠨ᠎ᠠ ᠃