ᠲᠣᠰᠣᠨ ᠬᠠᠷᠭ᠋ᠠᠢ ᠵᠢᠨ ᠢᠵᠠᠭᠤᠷ
ᠮᠥᠩᠬᠡ ᠨᠣᠭᠣᠭ᠋ᠠᠨ ᠲᠤᠷᠤᠭ ᠮᠣᠳᠣ᠂16m ᠥᠨᠳᠥᠷ᠂ ᠤᠯᠠᠪᠳᠤᠷ ᠬᠦᠷᠡᠩ ᠬᠤᠯᠳᠤᠰᠤ᠎ᠲᠠᠢ᠂ ᠨᠠᠪᠴᠢ᠎ᠨᠢ ᠬᠡᠳᠦᠶ᠋ᠢᠪᠡᠷ ᠱᠤᠷᠬᠠᠯᠠᠵᠤ ᠪᠠᠢ᠌ᠷᠢᠯᠠᠬᠤ ᠪᠣᠯᠪᠠᠴᠤ ᠪᠠᠷᠢᠭᠤᠯ᠎ᠨᠢ ᠮᠤᠰᠬᠢᠷᠠᠵᠤ ᠬᠣᠶᠠᠷ ᠮᠥᠷ ᠵᠶ᠋ᠡᠷ ᠵᠡᠷᠭᠡᠴᠡᠨ ᠤᠷᠭᠤᠳᠠᠭ᠂ ᠶᠡᠷᠦ᠎ᠳᠡᠭᠡᠨ ᠬᠠᠳᠤᠭᠤᠷ ᠬᠡᠯᠪᠡᠷᠢ᠎ᠲᠠᠢ᠂2-3cm ᠤᠷᠲᠤ᠂ ᠱᠣᠪᠬᠣ ᠦᠵᠦᠭᠦᠷ᠎ᠲᠠᠢ ᠪᠥᠭᠡᠳ ᠠᠷᠤ᠎ᠳᠠᠭᠠᠨ ᠨᠡᠯᠢᠶᠡᠳ ᠥᠷᠭᠡᠨ ᠬᠣᠶᠠᠷ ᠵᠤᠷᠪᠤᠰ ᠰᠢᠷᠠᠪᠲᠤᠷ ᠨᠣᠭᠣᠭ᠋ᠠᠨ ᠪᠤᠶᠤ ᠭᠦᠨ ᠨᠣᠭᠣᠭ᠋ᠠᠨ ᠥᠩᠭᠡᠲᠦ ᠬᠡᠢ ᠵᠢᠨ ᠠᠮᠠᠰᠠᠷ᠎ᠤᠨ ᠴᠣᠪᠤᠭ᠎ᠠ᠎ᠲᠠᠢ᠃ ᠴᠡᠴᠡᠭ᠎ᠨᠢ ᠭᠠᠭᠴᠠ ᠪᠡᠯᠭᠡ᠎ᠲᠠᠢ ᠪᠥᠭᠡᠳ ᠣᠨᠳᠣᠣ ᠭᠡᠷ᠎ᠲᠠᠢ ; ᠡᠷ᠎ᠡ ᠪᠠᠭ ᠴᠡᠴᠡᠭ᠎ᠨᠢ ᠨᠠᠪᠴᠢᠨ᠎ᠤ ᠦᠪᠦᠷ ᠵᠶ᠋ᠡᠷ ᠲᠠᠷᠬᠠᠵᠤ ᠤᠷᠭᠤᠳᠠᠭ᠂ ᠭᠡᠪᠡᠴᠦ ᠲᠡᠭᠦᠨ᠎ᠤ13-14 ᠡᠷ᠎ᠡ ᠲᠣᠭᠣᠷᠴᠣᠭ᠎ᠨᠢ ᠪᠠᠭᠯᠠᠷᠠᠨ ᠤᠷᠭᠤᠵᠤ ᠲᠣᠯᠣᠭ᠋ᠠᠢ ᠬᠡᠯᠪᠡᠷᠢ᠎ᠲᠠᠢ ᠪᠣᠯᠳᠠᠭ ; ᠡᠮ᠎ᠡ ᠪᠠᠭ ᠴᠡᠴᠡᠭ᠎ᠨᠢ ᠪᠠᠷᠢᠭᠤᠯ ᠦᠭᠡᠢ᠂ ᠣᠯᠠᠨ ᠬᠠᠢ᠌ᠷᠰᠤᠨ ᠢᠯᠲᠡᠰᠦ ᠲᠠᠢ᠂ ᠲᠡᠭᠦᠨ᠎ᠤ ᠦᠷ᠎ᠡ ᠨᠠᠬᠢᠶ᠎ᠠ᠎ᠨᠢ ᠬᠠᠮᠤᠭ᠎ᠤᠨ ᠳᠡᠭᠡᠷᠡᠬᠢ ᠬᠠᠢ᠌ᠷᠰᠤᠨ ᠢᠯᠲᠠᠰᠤ ᠳᠡᠭᠡᠷ᠎ᠡ ᠤᠷᠭᠤᠳᠠᠭ᠃ ᠦᠷ᠎ᠡ᠎ᠨᠢ ᠬᠠᠲᠠᠭᠤ ᠵᠢᠮᠢᠰ ᠰᠢᠭ ᠪᠠ ᠦᠨᠳᠡᠭᠡᠯᠵᠢᠨ᠂ ᠤᠯᠠᠪᠲᠤᠷ ᠬᠦᠷᠡᠩ᠂ ᠪᠠᠰᠠ ᠤᠯᠠᠭ᠋ᠠᠨ ᠥᠩᠭᠡᠲᠦ ᠬᠠᠭᠤᠷᠮᠠᠭ ᠦᠷ᠎ᠡ ᠵᠢᠨ ᠬᠠᠯᠢᠰᠤ᠎ᠲᠠᠢ᠃
ᠠᠭᠤᠯᠠ ᠵᠢᠨ ᠭᠣᠣ ᠵᠢᠯᠠᠭ᠎ᠠ ᠬᠢᠭᠡᠳ ᠭᠣᠣᠯ ᠮᠥᠷᠡᠨ᠎ᠤ ᠬᠥᠪᠡᠭᠡ᠎ᠪᠠᠷ ᠤᠷᠭᠤᠨ᠎ᠠ᠂ ᠣᠯᠠᠩᠬᠢ᠎ᠳᠠᠭᠠᠨ ᠴᠣᠬᠤᠢ᠌ᠯᠠᠭ ᠴᠢᠯᠠᠭᠤᠲᠤ ᠬᠥᠷᠥᠰᠥ ᠬᠢᠭᠡᠳ ᠬᠠᠳᠠ ᠴᠢᠯᠠᠭᠤᠨ ᠳᠡᠭᠡᠷ᠎ᠡ ᠤᠷᠭᠤᠳᠠᠭ᠃
ᠮᠠᠨ᠎ᠤ ᠤᠯᠤᠰ᠎ᠤᠨ ᠬᠤᠪᠧᠢ᠂ ᠰᠧᠴᠤᠸᠠᠨ᠂ ᠲᠠᠢ᠍ᠸᠠᠨ᠂ ᠱᠠᠨᠰᠢ᠂ ᠭᠠᠨᠰᠦ᠂ ᠵᠡᠷᠭᠡ ᠮᠤᠵᠢ᠎ᠪᠠᠷ ᠤᠷᠭᠤᠳᠠᠭ᠃
ᠮᠣᠳᠣ ᠵᠢ᠎ᠨᠢ ᠬᠡᠷᠡᠭᠯᠡᠬᠦ᠎ᠠᠴᠠ ᠭᠠᠳᠠᠨ᠎ᠠ ᠪᠠᠰᠠ ᠦᠷ᠎ᠡ᠎ᠠᠴᠠ᠎ᠨᠢ ᠲᠣᠰᠣ ᠰᠢᠬᠠᠵᠤ ᠠᠪᠤᠭ᠋ᠠᠳ ᠰᠠᠪᠤᠩ ᠬᠢᠬᠦ ᠪᠤᠶᠤ ᠲᠣᠰᠣᠯᠠᠭᠤᠷ ᠲᠣᠰᠣ ᠪᠣᠯᠭ᠋ᠠᠨ᠎ᠠ᠃ ᠡᠮ᠎ᠳᠤ ᠣᠷᠤᠨ᠎ᠠ᠃
