ᠨᠡᠬᠦᠳᠡᠯ ᠮᠠᠯᠵᠢᠯ ᠤᠨ ᠰᠤᠶᠤᠯ ᠤᠨ ᠤᠶᠤᠨ ᠤ ᠲᠠᠯᠠᠰᠳᠤ — ᠮᠤᠩᠭᠤᠯ ᠬᠡᠷ
ᠨᠡᠶᠢᠲᠡᠯᠡᠭᠰᠡᠨ ᠴᠠᠭ᠄
2020/10/20
     ᠮᠤᠩᠭᠤᠯᠴᠤᠳ ᠨᠡᠬᠦᠳᠡᠯ ᠮᠠᠯᠵᠢᠯ ᠤᠨ ᠠᠮᠢᠳᠤᠷᠠᠯ ᠲᠤᠮᠳᠠ ᠮᠤᠩᠭᠤᠯ ᠬᠡᠷ ᠢ ᠵᠤᠬᠢᠶᠠᠨ ᠪᠦᠳᠤᠬᠡᠵᠦ᠂ ᠠᠮᠢᠳᠤᠷᠠᠯ ᠠᠬᠤᠢ ᠳᠠᠭᠠᠨ ᠬᠡᠷᠡᠭᠯᠡᠵᠦ ᠢᠷᠡᠭᠰᠡᠨ ᠶᠤᠮ᠃ ᠮᠤᠩᠭᠤᠯ ᠬᠡᠷ ᠨᠢ ᠮᠤᠩᠭᠤᠯᠴᠤᠳ ᠤᠨ ᠠᠮᠢ ᠠᠬᠤᠢ ᠶᠢ ᠬᠠᠮᠠᠭᠠᠯᠠᠬᠤ᠂ ᠲᠤᠭ᠎ᠠ ᠹᠢᠽᠢᠺ ᠤᠨ ᠤᠬᠠᠭᠠᠨ᠂ ᠴᠠᠭ ᠤᠯᠠᠷᠢᠯ ᠲᠠᠢ ᠵᠤᠬᠢᠴᠠᠬᠤ᠂ ᠴᠠᠭ ᠬᠤᠭᠤᠴᠠᠭ᠎ᠠ ᠶᠢ ᠲᠡᠮᠳᠡᠭᠯᠡᠬᠦ ᠵᠡᠷᠬᠡ ᠠᠯᠢ ᠤᠯᠠᠨ ᠬᠦᠨ ᠤᠬᠠᠭᠠᠨ᠂ ᠤᠷ᠎ᠠ ᠴᠢᠳᠠᠪᠦᠷᠢ ᠶᠢ ᠬᠠᠮᠳᠤᠳᠬᠠᠭᠰᠠᠨ ᠰᠤᠳᠤᠨ ᠰᠤᠶᠤᠯ ᠤᠨ ᠪᠦᠳᠤᠬᠡᠯ᠂ ᠮᠣᠩᠭᠤᠯ ᠠᠮᠢᠳᠤᠷᠠᠯ ᠰᠣᠶᠣᠯ ᠤᠨ ᠵᠢᠵᠢᠭ ᠲᠣᠯᠢ ᠮᠦᠨ᠃ ᠮᠣᠩᠭᠤᠯᠴᠤᠳ ᠤᠨ ᠣᠢ ᠪᠢᠯᠢᠭ᠂ ᠤᠬᠠᠭᠠᠨ ᠪᠣᠳᠣᠯ᠂ ᠠᠮᠢᠳᠤᠷᠠᠯ ᠢ ᠮᠣᠩᠭᠤᠯ ᠭᠡᠷ ᠪᠦᠷ ᠬᠤᠷᠢᠶᠠᠩᠭᠤᠶᠢᠯᠠᠨ ᠢᠯᠡᠷᠡᠭᠦᠯᠦᠭᠰᠡᠨ ᠪᠠᠶᠢᠳᠠᠭ᠃ ᠮᠣᠩᠭᠤᠯ ᠭᠡᠷ ᠪᠦᠮᠪᠦᠷᠢᠭᠡᠨ ᠬᠡᠯᠪᠡᠷᠢ ᠲᠠᠢ᠃ ᠡᠨᠡ ᠨᠢ ᠮᠣᠩᠭᠤᠯ ᠣᠷᠣᠨ ᠤ ᠭᠠᠩ ᠬᠠᠭᠤᠷᠠᠢ᠂ ᠰᠠᠯᠬᠢ ᠶᠡᠬᠡᠲᠡᠢ ᠴᠠᠭ ᠠᠭᠤᠷ ᠲᠠᠢ ᠵᠣᠬᠢᠴᠠᠵᠤ ᠪᠠᠶᠢᠳᠠᠭ᠃ ᠮᠣᠩᠭᠤᠯᠴᠤᠳ ᠭᠡᠷ ᠢᠶᠠᠨ ᠨᠠᠷᠠᠨ ᠰᠠᠷᠠᠨ ᠤ ᠪᠡᠯᠭᠡᠳᠡᠯ ᠪᠣᠯᠭᠠᠨ ᠦᠵᠡᠳᠡᠭ᠂ ᠭᠡᠷ ᠤᠨ ᠲᠣᠭᠤᠨᠣ ᠪᠣᠯ ᠨᠠᠷᠠᠨ ᠰᠠᠷᠠᠨ ᠤ ᠳᠦᠷᠰᠦ ᠮᠦᠨ᠂ ᠣᠨᠢ ᠪᠣᠯ ᠨᠠᠷᠠᠨ ᠰᠠᠷᠠᠨ ᠤ ᠭᠡᠷᠡᠯ ᠰᠠᠴᠤᠷᠠᠯ ᠤᠨ ᠳᠦᠷᠰᠦ ᠵᠢᠷᠤᠭ ᠭᠡᠳᠡᠭ᠃ ᠮᠣᠩᠭᠤᠯᠴᠤᠳ ᠶᠡᠷᠦ ᠳᠡᠭᠡᠨ ᠬᠠᠨ᠎ᠠ ᠣᠨᠢ ᠳᠡᠭᠡᠷ᠎ᠡ ᠲᠤᠰᠤᠭᠰᠠᠨ ᠨᠠᠷᠠᠨ ᠤ ᠲᠤᠶᠠᠭ᠎ᠠ ᠪᠠᠷ ᠴᠠᠭ ᠪᠠᠷᠢᠮᠵᠢᠶᠠᠯᠠᠳᠠᠭ ᠶᠣᠰᠣᠲᠠᠢ᠃ ᠮᠣᠩᠭᠤᠯ ᠭᠡᠷ ᠨᠢ ᠪᠡᠯᠴᠢᠭᠡᠷ ᠨᠤᠲᠤᠭ ᠲᠤ ᠮᠠᠰᠢ ᠭᠠᠮᠲᠠᠢ᠂ ᠬᠡᠴᠢᠨᠡᠭᠡᠨ ᠤᠳᠠᠭ᠎ᠠ ᠨᠡᠭᠦᠯᠭᠡᠵᠦ ᠪᠠᠷᠢᠵᠤ ᠪᠤᠰᠬᠠᠯ᠎ᠠ ᠭᠡᠳ ᠭᠠᠵᠠᠷ ᠰᠢᠷᠤᠢ ᠪᠡᠯᠴᠢᠭᠡᠷ ᠤᠰᠤᠨ ᠳᠤ ᠬᠤᠬᠢᠷᠠᠯ ᠪᠣᠯᠳᠠᠭ ᠦᠭᠡᠢ᠃ ᠲᠣᠭᠤᠨᠣ ᠪᠠᠷ ᠢᠶᠠᠨ ᠲᠡᠭᠷᠢ ᠶᠢᠨ ᠪᠠᠶᠢᠳᠠᠯ ᠢ ᠰᠢᠨᠵᠢᠵᠦ᠂ ᠬᠠᠭᠠᠯᠭ᠎ᠠ ᠬᠠᠨ᠎ᠠ ᠪᠠᠷ ᠢᠶᠠᠨ ᠡᠷᠬᠢᠨ ᠲᠣᠭᠤᠷᠢᠨ ᠢᠶᠠᠨ ᠠᠵᠢᠭᠯᠠᠵᠤ ᠴᠢᠳᠠᠳᠠᠭ ᠮᠠᠯ ᠠᠵᠤ ᠠᠬᠤᠢ ᠳᠤ ᠲᠣᠬᠢᠷᠠᠭᠰᠠᠨ ᠣᠷᠣᠨ ᠰᠠᠭᠤᠴᠠ ᠪᠢᠯᠡ᠃ ᠮᠣᠩᠭᠤᠯ ᠭᠡᠷ ᠨᠢ ᠪᠠᠰᠠ ᠭᠦᠨ ᠰᠠᠶᠢᠬᠠᠨ ᠪᠡᠯᠭᠡᠳᠡᠯ ᠤᠨ ᠤᠳᠬ᠎ᠠ ᠲᠠᠢ ᠶᠤᠮ᠃ ᠮᠣᠩᠭᠤᠯ ᠭᠡᠷ ᠤᠨ ᠬᠡᠯᠪᠡᠷᠢ ᠨᠢ ᠪᠦᠮᠪᠦᠷᠢᠭᠡᠨ ᠲᠦᠭᠦᠷᠢᠭ ᠬᠡᠯᠪᠡᠷᠢ ᠲᠠᠢ᠃ ᠪᠠᠷᠢᠵᠤ ᠪᠤᠰᠬᠠᠭᠰᠠᠨ ᠮᠣᠩᠭᠤᠯ ᠭᠡᠷ ᠤᠨ ᠴᠣᠭᠴᠠ ᠪᠦᠮᠪᠦᠷᠢᠭᠡᠨ᠂ ᠲᠣᠭᠤᠨᠣ ᠨᠢ ᠲᠦᠭᠦᠷᠢᠭ᠂ ᠭᠤᠯᠤᠮᠲᠠ ᠲᠤᠯᠭ᠎ᠠ ᠨᠢ ᠲᠦᠭᠦᠷᠢᠭ᠂ ᠬᠦᠷᠢᠶᠡᠯᠡᠭᠰᠡᠨ ᠬᠠᠨ᠎ᠠ ᠨᠢ ᠲᠦᠭᠦᠷᠢᠭ᠂ ᠭᠡᠷ ᠤᠨ ᠪᠠᠭᠤᠷᠢ ᠨᠢ ᠲᠦᠭᠦᠷᠢᠭ ᠪᠠᠶᠢᠳᠠᠭ᠃ ᠮᠣᠩᠭᠤᠯᠴᠤᠳ ᠤᠨ ᠦᠵᠡᠯᠲᠡ ᠣᠶᠢᠯᠠᠭᠠᠯᠲᠠ ᠳᠤ ︽ᠪᠦᠲᠦᠨ ᠶᠠᠭᠤᠮ᠎ᠠ ᠪᠦᠮᠪᠦᠷᠢᠭᠡᠨ︾᠂ ︽ᠪᠦᠲᠦᠬᠦ ᠶᠠᠭᠤᠮ᠎ᠠ ᠲᠦᠭᠦᠷᠢᠭ︾ ᠭᠡᠵᠦ ᠪᠦᠮᠪᠦᠷᠢᠭᠡᠨ ᠲᠦᠭᠦᠷᠢᠭ ᠬᠡᠯᠪᠡᠷᠢ ᠶᠢ ᠪᠡᠯᠭᠡᠲᠦ ᠳᠦᠷᠰᠦ ᠪᠠᠷ ᠡᠷᠬᠢᠮᠯᠡᠨ ᠦᠵᠡᠳᠡᠭ ᠵᠠᠩᠰᠢᠯ ᠲᠠᠢ᠃ ᠡᠶᠢᠮᠦ ᠠᠴᠠ ᠮᠣᠩᠭᠤᠯ ᠭᠡᠷ ᠤᠨ ᠪᠦᠮᠪᠦᠷᠢᠭᠡᠨ᠂ ᠲᠦᠭᠦᠷᠢᠭ ᠬᠡᠯᠪᠡᠷᠢ ᠨᠢ ᠮᠣᠩᠭᠤᠯᠴᠤᠳ ᠤᠨ ᠦᠵᠡᠯ ᠰᠡᠳᠬᠢᠯᠭᠡᠨ ᠳᠤ ᠣᠨᠴᠠ ᠰᠡᠳᠬᠢᠭᠳᠡᠯ ᠢ ᠡᠭᠦᠰᠬᠡᠵᠦ᠂ ᠮᠣᠩᠭᠤᠯ ᠭᠡᠷ ᠢ ᠪᠦᠷᠢᠨ ᠪᠦᠲᠦᠨ ᠤ ᠪᠡᠯᠭᠡᠳᠡᠯ ᠢᠶᠠᠷ ᠦᠨᠡᠯᠡᠨ ᠦᠵᠡᠳᠡᠭ ᠪᠣᠯᠣᠭᠰᠠᠨ ᠶᠤᠮ᠃ ︵ᠲᠤᠰ ᠠᠭᠤᠯᠭ᠎ᠠ ᠶᠢ ︽ᠮᠣᠩᠭᠤᠯ ᠰᠤᠳᠤᠯᠤᠯ ᠤᠨ ᠨᠡᠪᠲᠡᠷᠬᠡᠢ ᠲᠣᠯᠢ︾ ᠶᠢᠨ ᠵᠠᠩ ᠦᠢᠯᠡ ᠶᠢᠨ ᠪᠤᠳᠢ ᠠᠴᠠ ᠰᠢᠭᠦᠪᠡ︶      ᠤᠷᠴᠢᠮ ᠤᠨ ᠡᠳᠤᠷ᠂ ᠠᠷᠤ ᠬᠤᠷᠴᠢᠨ ᠬᠤᠰᠢᠭᠤᠨ ᠤ ᠵᠤᠰᠠᠭᠠᠯ ᠤᠨ ᠨᠡᠬᠦᠳᠡᠯ ᠢ ᠰᠤᠷᠪᠤᠯᠵᠢᠯᠠᠬᠤ ᠲᠤᠮᠳᠠ ᠪᠠᠨ ᠮᠤᠩᠭᠤᠯ ᠬᠡᠷ ᠪᠠᠷᠢᠬᠤ ᠪᠦᠬᠦᠶ ᠯᠡ ᠶᠠᠪᠤᠴᠠ ᠶᠢ ᠰᠡᠬᠦᠳᠡᠷᠯᠡᠨ ᠲᠠ ᠪᠦᠬᠦᠨ ᠳᠤ ᠲᠤᠯᠢᠳᠠᠭᠤᠯᠵᠦ ᠪᠠᠶᠢᠨ᠎ᠠ︕ ︵ᠠᠷᠠᠳ ᠤᠨ ᠰᠦᠯᠵᠢᠶ᠎ᠡ ᠶᠢᠨ ᠰᠤᠷᠪᠤᠯᠵᠢᠯᠠᠭᠴᠢ ᠳᠣᠷᠣᠨ᠎ᠠ᠂ ᠤᠯᠠᠭᠠᠨᠬᠠᠳᠠ ᠶᠢᠨ ᠲᠧᠯᠸᠢᠰ ᠬᠤᠷᠢᠶ᠎ᠠ ᠤᠨ ᠰᠤᠷᠪᠤᠯᠵᠢᠯᠠᠭᠴᠢ ᠡᠷᠳᠡᠨᠢᠪᠤᠯᠠᠭ᠂ ᠨᠤᠳᠤᠭᠳᠤ᠂ ᠰᠤᠷᠭᠤᠭ︶
 
ᠢᠷᠡᠯᠲᠡ᠄ ᠤᠷᠳᠤᠰ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号