ᠪᠠᠶᠢᠭᠠᠯᠢ ᠶᠢᠨ ᠵᠢᠮ᠎ᠠ ᠶᠦ᠋ᠰᠤ ᠶᠢ ᠬᠦᠨᠳᠤᠳᠭᠡᠬᠦ ᠶᠢᠨ ᠤᠴᠢᠷ ᠁
ᠨᠡᠶᠢᠲᠡᠯᠡᠭᠰᠡᠨ ᠴᠠᠭ᠄
2020/8/11
     ᠠᠮᠢ ᠠᠬᠤᠢ ᠶᠢᠨ ᠬᠠᠮᠠᠭᠠᠯᠠᠯᠳᠠ ᠪᠤᠯ ᠮᠦᠡᠭᠭᠡ ᠶᠢᠨ ᠰᠡᠳᠤᠪ᠃ ᠬᠦᠮᠦᠨ ᠭᠡᠵᠢᠶ᠎ᠠ ᠬᠠᠮᠢᠭ᠎ᠠ ᠠᠮᠢᠳᠤᠷᠠᠵᠤ᠂ ᠶᠠᠭᠤ ᠬᠢᠭᠰᠡᠨ ᠴᠤ ᠠᠮᠢ ᠠᠬᠤᠢ ᠶᠢ ᠬᠠᠮᠠᠭᠠᠯᠠᠵᠤ ᠳᠡᠭᠡᠳᠤᠯᠡᠭᠰᠡᠨ ᠪᠠᠶᠢᠬᠤ ᠤᠴᠢᠷᠳᠡᠢ᠃ ᠵᠦᠪᠭᠡᠨ ᠠᠮᠢ ᠠᠬᠤᠢ ᠪᠠᠨ ᠤᠷᠢᠳᠡᠪᠡᠷ ᠪᠤᠳᠤᠯᠬᠢᠯᠠᠭᠰᠠᠨ ᠤᠷᠢᠳᠡᠯ ᠲᠤᠤᠷ᠎ᠠ ᠬᠦᠮᠦᠨ ᠭᠡᠮᠡᠨ ᠠᠮᠢᠳᠤᠷᠠᠵᠤ ᠪᠠᠶᠢᠭ᠎ᠠ ᠶᠢᠨ ᠤᠳᠬ᠎ᠠ ᠤᠴᠢᠷ ᠨᠢ ᠤᠯᠳᠠᠵᠤ᠂ ᠠᠮᠢᠳᠤᠷᠠᠬᠤ ᠶᠢᠨ ᠦᠨ᠎ᠠ ᠴᠡᠨ᠎ᠠ ᠨᠢ ᠢᠯᠡᠷᠡᠬᠦ ᠪᠦᠭᠡᠳ ᠨᠡᠶᠢᠭᠡᠮ ᠤᠨ ᠬᠦᠭᠵᠢᠯᠳᠡ ᠰᠠᠶ᠋ᠢ ᠵᠦᠪ ᠤᠷᠴᠢᠯ ᠳᠠᠭᠠᠨ ᠤᠷᠤᠨ᠎ᠠ ᠭᠡᠵᠤ ᠤᠢᠢᠯᠠᠭᠠᠳᠠᠭ᠃      ᠠᠮᠢ ᠠᠬᠤᠢ ᠪᠠᠨ ᠬᠠᠮᠠᠭᠠᠯᠠᠬᠤ ᠳᠤ ᠪᠠᠶᠢᠭᠠᠯᠢ ᠶᠢᠨ ᠵᠢᠮ᠎ᠠ ᠶᠤᠰᠤ ᠶᠢ ᠳᠠᠭᠠᠬᠤ ᠪᠤᠯ ᠮᠦᠡᠭᠭᠡ ᠶᠢᠨ ᠬᠦᠨᠳᠤᠳᠭᠡᠯ ᠪᠠᠶᠢᠬᠤ ᠤᠴᠢᠷᠳᠡᠢ᠃ ᠡᠨᠡ ᠯᠡ ᠬᠦᠨᠳᠤᠳᠭᠡᠯ ᠬᠡᠷᠪᠡ ᠠᠯᠳᠠᠭᠳᠠᠬᠤ ᠳᠤ ᠬᠦᠷᠪᠠᠯ ᠠᠮᠢ ᠠᠬᠤᠢ ᠶᠢᠨ ᠵᠢᠮ᠎ᠠ ᠶᠤᠰᠤᠴᠢ ᠬᠠᠤᠯᠢ ᠵᠤᠬᠢᠴᠠᠯ ᠢᠶᠠᠨ ᠠᠯᠳᠠᠨ᠎ᠠ᠃ ᠪᠠᠶᠢᠭᠠᠯᠢ ᠳᠡᠯᠡᠭᠡᠢ ᠶᠢᠨ ᠠᠮᠢ ᠠᠬᠤᠢ ᠶᠢᠨ ᠠᠶᠠᠨᠳᠠᠭᠠᠨ ᠤ ᠵᠢᠮ᠎ᠠ ᠵᠤᠬᠢᠴᠠᠯ ᠢ ᠨᠢ ᠠᠯᠳᠠᠭᠳᠠᠭᠤᠯᠬᠤ ᠳᠤ ᠬᠦᠷᠪᠠᠯ ᠡᠯᠳᠡᠪ ᠵᠦᠢᠯ ᠤᠨ ᠭᠡᠨᠡᠳᠳᠡ ᠶᠢᠨ ᠴᠢᠨᠠᠷᠳᠠᠢ ᠠᠶᠤᠯ ᠭᠠᠮᠰᠢᠭ ᠤᠨ ᠡᠬᠢ ᠡᠬᠦᠰᠪᠤᠷᠢ ᠪᠤᠢ ᠪᠤᠯᠤᠨ᠎ᠠ᠃ ᠵᠢᠱᠢᠶᠡᠯᠡᠪᠡᠯ᠂ ᠡᠨᠡ ᠵᠢᠯ ᠮᠠᠨ ᠤ ᠬᠢᠨ ᠳᠤ ᠬᠤᠷ᠎ᠠ ᠪᠤᠷᠤᠭᠠᠨ ᠡᠯᠪᠡᠭ ᠠᠴᠠ ᠪᠤᠯᠵᠤ᠂ ᠠᠳᠡ ᠳᠡᠨᠳᠡᠬᠢ ᠶᠢᠨ ᠵᠠᠰᠠᠮᠠᠯ ᠵᠠᠮ ᠦᠶᠠᠷ ᠤᠨ ᠤᠰᠤᠨ ᠳᠤ ᠳᠠᠭᠠᠷᠢᠭᠳᠠᠵᠤ ᠡᠪᠳᠡᠷᠡᠭᠰᠡᠨ ᠲᠦᠷᠰᠤ ᠰᠢᠩᠭᠡᠭᠡᠯᠳᠡ ᠸᠢᠴᠡᠲ ᠤᠨ ᠨᠠᠶᠢᠵᠠ ᠶᠢᠨ ᠲᠤᠭᠤᠷᠢᠭ᠂ ᠴᠤᠤᠷᠢᠶ᠎ᠠ ᠳᠡᠪᠴᠡᠩ ᠳᠤ ᠪᠠᠶᠢᠡᠭᠭᠤ ᠨᠡᠶᠢᠳᠡᠯᠡᠭᠳᠡᠬᠦ ᠪᠤᠯᠪᠠ᠃ ᠲᠡᠳᠡᠭᠡᠷ ᠤᠰᠤᠨ ᠳᠤ ᠠᠪᠳᠠᠭᠰᠠᠨ ᠵᠠᠮ ᠤᠨ ᠭᠡᠰᠡᠭ ᠢ ᠰᠠᠶᠢᠳᠤᠷ ᠠᠵᠢᠭᠯᠠᠪᠠᠯ᠂ ᠤᠯᠠᠩᠬᠢ ᠨᠢ ᠦᠶᠠᠷ ᠤᠨ ᠤᠰᠤᠨ ᠤ ᠤᠷᠤᠰᠬᠠᠯ ᠤᠨ ᠭᠡᠰᠡᠭ᠂ ᠭᠤᠤᠯ ᠤᠨ ᠬᠡᠪᠡᠯᠢ ᠶᠢᠨ ᠭᠡᠰᠡᠭ ᠲᠤ ᠵᠠᠰᠠᠭᠰᠠᠨ ᠵᠠᠮ ᠨᠢ ᠡᠪᠳᠡᠷᠡᠭᠰᠡᠨ ᠪᠠᠶᠢᠯ᠎ᠠ᠃ ᠡᠨᠡ ᠨᠢ ᠮᠠᠨ ᠤ ᠬᠢᠨ ᠡᠳᠡᠭᠡᠷ ᠭᠠᠵᠠᠷ ᠵᠠᠮ ᠵᠠᠰᠠᠬᠤ ᠳᠠᠭᠠᠨ ᠲᠤᠬᠠᠢ ᠶᠢᠨ ᠭᠠᠵᠠᠷ ᠤᠨ ᠪᠠᠶᠢᠴᠠ ᠪᠤᠯᠤᠨ ᠤᠢᠢᠷ᠎ᠠ ᠬᠠᠪᠢ ᠶᠢᠨ ᠤᠰᠤᠨ ᠤ ᠤᠷᠤᠰᠬᠠᠯ ᠤᠨ ᠵᠠᠮ ᠵᠢᠮ᠎ᠠ ᠶᠢ ᠬᠠᠶᠢᠬᠤᠷᠤᠭᠰᠠᠨ ᠦᠭᠡᠢ ᠲᠠᠢ ᠨᠢᠭᠡᠨ ᠵᠡᠷᠭᠡ ᠬᠤᠯᠪᠤᠭ᠎ᠠ ᠲᠠᠢ ᠰᠠᠨᠠᠭᠳᠠᠯ᠎ᠠ᠃ ᠡᠭᠦᠨ ᠠᠴᠠ ᠪᠢᠳᠡ ᠮᠠᠨ ᠤ ᠬᠢᠨ ᠦᠶᠠᠷ ᠤᠨ ᠤᠷᠤᠰᠬᠠᠯ ᠤᠨ ᠵᠠᠮ᠂ ᠭᠤᠤᠯ ᠤᠨ ᠤᠷᠤᠰᠬᠠᠯ ᠤᠨ ᠬᠡᠪᠡᠯᠢ᠂ ᠨᠠᠭᠤᠷ ᠲᠤᠭᠳᠠᠳᠠᠭ ᠲᠤᠭᠤᠷᠢᠮ ᠵᠡᠷᠬᠡ ᠶᠢ ᠳᠠᠭᠠᠷᠢᠭᠤᠯᠤᠨ ᠵᠠᠮ ᠵᠠᠰᠠᠬᠤ ᠳᠠᠭᠠᠨ ᠪᠠᠶᠢᠭᠠᠯᠢ ᠶᠢᠨ ᠵᠢᠮ᠎ᠠ ᠶᠤᠰᠤ ᠪᠠᠷ ᠤᠷᠢᠳᠡᠯ ᠪᠤᠯᠭᠠᠭᠰᠠᠨ ᠰᠢᠨᠵᠢᠯᠡᠬᠦ ᠤᠬᠠᠭᠠᠨᠴᠢ ᠪᠠᠶᠢᠴᠠᠭᠠᠨ ᠰᠤᠳᠤᠯᠤᠯᠳᠠ ᠶᠢ ᠲᠤᠳᠠᠮᠠᠭ ᠬᠢᠭᠰᠡᠨ ᠭᠡᠵᠤ ᠭᠠᠳᠠᠷᠯᠠᠵᠤ ᠪᠠᠶᠢᠨ᠎ᠠ᠃ ᠡᠨᠡ ᠪᠤᠯ ᠦᠨᠡᠨᠳᠡᠭᠡᠨ ᠪᠠᠶᠢᠭᠠᠯᠢ ᠶᠢᠨ ᠵᠢᠮ᠎ᠠ ᠶᠤᠰᠤ ᠶᠢ ᠬᠦᠨᠳᠦᠯᠡᠭᠰᠡᠨ ᠦᠭᠡᠢ ᠶᠠᠪᠤᠳᠠᠯ ᠪᠤᠯᠬᠤ ᠶᠤᠮ᠃ ᠬᠤᠷ᠎ᠠ ᠪᠤᠷᠤᠭᠠᠨ ᠡᠯᠪᠡᠭᠰᠢᠬᠦ ᠶᠢᠨ ᠴᠠᠭ ᠲᠤ ᠪᠤᠷᠤᠭᠠᠨ ᠤ ᠤᠰᠤ ᠤᠤᠯ ᠳᠠᠭᠠᠨ ᠬᠠᠮᠢᠭᠠᠭᠤᠷ ᠤᠷᠤᠰᠴᠤ ᠪᠠᠶᠢᠭᠰᠠᠨ ᠪᠤᠯ ᠲᠡᠭᠦᠨ ᠢᠶᠠᠷ ᠢᠶᠠᠨ ᠯᠡ ᠤᠷᠤᠰᠤᠨ᠎ᠠ᠂ ᠤᠷᠤᠰᠴᠤ ᠶᠠᠪᠤᠭᠠᠳ ᠬᠠᠮᠢᠭ᠎ᠠ ᠪᠠᠨ ᠲᠤᠭᠳᠠᠳᠠᠭ ᠪᠤᠯ ᠲᠡᠨᠳᠡ ᠪᠠᠨ ᠬᠦᠷᠦᠭᠡᠳ ᠯᠡ ᠲᠤᠭᠳᠠᠨ᠎ᠠ᠂ ᠵᠠᠮ ᠳᠤᠨᠢ ᠪᠠᠷᠢᠯᠭ᠎ᠠ ᠪᠠᠷᠢᠴᠢᠬᠠᠵᠠᠢ ᠭᠡᠵᠤ ᠲᠤᠭᠤᠷᠢᠭᠠᠳ ᠭᠠᠷᠳᠠᠭ ᠶᠤᠰᠤ ᠪᠠᠶᠢᠬᠤ ᠦᠭᠡᠢ᠃ ᠭᠡᠷᠪᠡ ᠪᠢᠳᠡ ᠡᠨᠡ ᠪᠦᠬᠦᠨ ᠢ ᠪᠤᠳᠤᠯᠬᠢᠯᠠᠬᠤ ᠦᠭᠡᠢ ᠤᠷᠤᠰᠬᠠᠯ ᠤᠰᠤᠨ ᠤ ᠵᠠᠮ ᠳᠡᠭᠡᠷ᠎ᠠ ᠪᠤᠶᠤ ᠨᠠᠭᠤᠷ ᠲᠤᠭᠤᠷᠢᠮ ᠳᠤᠨᠢ ᠪᠠᠷᠢᠯᠭ᠎ᠠ ᠪᠦᠳᠦᠭᠡᠨ ᠪᠠᠶᠢᠭᠤᠯᠤᠯᠳᠠ ᠬᠢᠭᠰᠡᠨ ᠪᠠᠶᠢᠳᠠᠭ ᠲᠤ ᠬᠦᠷᠪᠠᠯ ᠬᠡᠯᠡ ᠦᠭᠡᠢ ᠬᠤᠷᠸ᠎ᠠ ᠶᠢᠨ ᠳᠠᠭᠤ ᠦᠭᠡᠢ ᠵᠢᠮ᠎ᠠ ᠳᠤ ᠰᠢᠭᠤᠳ ᠦᠷᠳᠦᠬᠦ ᠪᠤᠯᠤᠨ᠎ᠠ᠃ ᠶᠠᠭ ᠡᠶᠢᠮᠤ ᠪᠠᠶᠢᠳᠠᠯ ᠠᠴᠠ ᠪᠤᠯᠵᠤ ᠵᠠᠷᠢᠮ ᠳᠠᠭᠠᠨ ᠭᠠᠷᠬᠤ ᠶᠤᠰᠤ ᠦᠭᠡᠢ ᠤᠰᠤᠨ ᠭᠠᠮᠰᠢᠭ ᠭᠠᠷᠴᠤ ᠪᠠᠶᠢᠨ᠎ᠠ᠃ ᠲᠠᠶᠢᠮᠤ ᠠᠴᠠ ᠪᠢᠳᠠᠨ ᠤ ᠵᠠᠰᠠᠬᠤ ᠵᠠᠮ ᠳᠤ ᠬᠡᠷᠪᠡ ᠨᠠᠭᠤᠷ ᠲᠤᠭᠤᠷᠢᠮ ᠳᠠᠭᠠᠷᠠᠯᠳᠤᠭᠰᠠᠨ ᠪᠤᠯ ᠲᠤᠭᠤᠢᠢᠯᠠᠵᠤ ᠭᠠᠷᠭᠠᠬᠤ᠂ ᠬᠡᠷᠪᠡ ᠭᠤᠤᠯ ᠤᠨ ᠬᠡᠪᠡᠯᠢ ᠳᠠᠭᠠᠷᠠᠭᠰᠠᠨ ᠪᠤᠯ ᠬᠦᠬᠦᠷᠭᠡ ᠲᠠᠯᠪᠢᠵᠤ ᠦᠭᠬᠦ ᠵᠡᠷᠬᠡ ᠶᠢ ᠬᠠᠷᠢᠭᠤᠴᠠᠯᠭ᠎ᠠ ᠲᠠᠢ ᠪᠤᠳᠤᠯᠬᠢᠯᠠᠭᠰᠠᠨ ᠪᠤᠯ ᠤᠰᠤᠨ ᠠᠴᠠ ᠪᠤᠯᠤᠭᠰᠠᠨ ᠵᠠᠮ ᠰᠡᠳᠡᠷᠡᠵᠤ ᠲᠠᠰᠤᠷᠠᠬᠤ ᠭᠠᠮᠰᠢᠭ ᠲᠤᠳᠠᠭᠤ ᠭᠠᠷᠴᠤ᠂ ᠠᠮᠢ ᠠᠬᠤᠢ ᠪᠤᠯᠤᠨ ᠠᠵᠤ ᠠᠬᠤᠢ ᠶᠢᠨ ᠬᠤᠬᠢᠷᠠᠯ ᠢ ᠪᠠᠭᠠᠰᠬᠠᠬᠤ ᠪᠤᠯᠤᠨ᠎ᠠ᠃      ᠪᠢᠳᠡ ᠵᠦᠪᠭᠡᠨ ᠵᠠᠮ ᠨᠡᠪᠳᠡᠷᠡᠯᠭᠡ ᠶᠢᠨ ᠪᠦᠳᠦᠭᠡᠨ ᠪᠠᠶᠢᠭᠤᠯᠤᠯᠳᠠ ᠲᠡᠳᠦᠢ ᠪᠢᠰᠢ᠂ ᠡᠭᠦᠨ ᠠᠴᠠ ᠦᠭᠰᠦᠭᠦᠯᠦᠭᠡᠳ ᠬᠤᠳᠠ ᠰᠠᠭᠤᠷᠢᠨ ᠵᠡᠷᠬᠡ ᠦᠷᠭᠡᠨ ᠴᠡᠷᠠᠭ᠎ᠠ ᠬᠦᠷᠢᠶᠠᠨ ᠤ ᠶᠠᠮᠠᠷᠪᠠ ᠪᠠᠷᠢᠯᠭ᠎ᠠ ᠪᠦᠳᠦᠭᠡᠨ ᠪᠠᠶᠢᠭᠤᠯᠤᠯᠳᠠ ᠬᠢᠭᠰᠡᠨ ᠴᠤ ᠡᠷᠬᠡᠪᠰᠢ ᠪᠠᠶᠢᠭᠠᠯᠢ ᠶᠢᠨ ᠵᠢᠮ᠎ᠠ ᠶᠤᠰᠤ ᠶᠢ ᠬᠦᠨᠳᠤᠳᠭᠡᠭᠰᠡᠨ ᠪᠠᠶᠢᠬᠤ ᠤᠴᠢᠷᠳᠠᠢ᠃ ᠶᠠᠮᠠᠷ ᠨᠢᠭᠡᠨ ᠬᠠᠷᠢᠭᠤᠴᠠᠯᠭ᠎ᠠ ᠦᠭᠡᠢ ᠪᠤᠶᠤ ᠨᠢᠳᠤᠨ ᠡᠮᠦᠨᠡᠬᠢ ᠪᠠᠨ ᠪᠤᠳᠤᠭᠰᠠᠨ ᠪᠠᠶᠢᠳᠠᠯ ᠢᠶᠠᠷ ᠪᠠᠶᠢᠭᠠᠯᠢ ᠶᠢᠨ ᠵᠢᠮ᠎ᠠ ᠶᠢ ᠦᠭᠡᠷᠡᠴᠢᠯᠡᠭᠰᠡᠨ ᠪᠤᠶᠤ ᠪᠠᠶᠢᠭᠠᠯᠢ ᠶᠢᠨ ᠵᠢᠮ᠎ᠠ ᠠᠴᠠ ᠲᠠᠷᠰᠯᠡᠭᠰᠡᠨ ᠪᠦᠳᠦᠭᠡᠨ ᠪᠠᠶᠢᠭᠤᠯᠤᠯᠳᠠ ᠬᠢᠬᠦ ᠦᠭᠡᠢ ᠪᠠᠶᠢᠬᠤ ᠶᠢ ᠠᠩᠬᠠᠷᠬᠤ ᠨᠢ ᠵᠤᠬᠢᠰᠳᠠᠢ᠃ ᠬᠡᠷᠪᠡ ᠡᠭᠦᠨ ᠢ ᠤᠮᠳᠤᠭᠠᠢᠢᠯᠠᠪᠠᠯ ᠡᠷᠬᠦᠭᠰᠡᠨ ᠴᠢᠯᠠᠭᠤ ᠪᠠᠷ ᠢᠶᠠᠨ ᠦᠪᠡᠷ ᠤᠨ ᠬᠦᠯ ᠢᠶᠠᠨ ᠪᠠᠴᠢᠯᠵᠤ ᠮᠡᠳᠡᠨ᠎ᠠ ᠰᠢᠤ︕
 
ᠢᠷᠡᠯᠲᠡ᠄ ᠰᠢᠯᠢ ᠶᠢᠨ ᠭᠤᠤᠯ ᠤᠨ ᠡᠳᠦᠷ ᠦᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号