ᠬᠠᠳᠤᠯᠠᠩ ᠢ ᠰᠠᠶᠢᠵᠢᠷᠠᠭᠤᠯᠬᠤ ᠠᠷᠭ᠎ᠠ
ᠨᠡᠶᠢᠲᠡᠯᠡᠭᠰᠡᠨ ᠴᠠᠭ᠄
2021/3/16
     1. ᠬᠠᠳᠤᠯᠠᠩ ᠤᠨ ᠭᠠᠵᠠᠷ ᠳᠡᠭᠡᠷᠡᠬᠢ ᠴᠢᠯᠠᠭᠤ᠂ ᠰᠢᠷᠤᠢ ᠶᠢᠨ ᠣᠪᠣᠭ᠎ᠠ᠂ ᠪᠤᠲᠠ ᠮᠤᠳᠤ᠂ ᠮᠤᠳᠤᠨ ᠬᠤᠵᠢᠰᠦ ᠵᠡᠷᠭᠡ ᠶᠢ ᠴᠡᠪᠡᠷᠯᠡᠵᠦ᠂ ᠬᠠᠳᠤᠯᠠᠩ ᠪᠡᠯᠴᠢᠭᠡᠷ ᠢ ᠪᠢᠲᠡᠭᠦᠮᠵᠢᠯᠡᠨ ᠤᠷᠭᠤᠭᠤᠯᠤᠨ᠎ᠠ᠃      2. ᠬᠠᠳᠤᠯᠠᠩ ᠢ ᠤᠰᠤᠯᠠᠬᠤ᠂ ᠴᠠᠰᠦ ᠴᠤᠭᠯᠠᠭᠤᠯᠬᠤ᠂ ᠤᠰᠤ ᠶᠢ ᠭᠠᠳᠠᠭᠰᠢᠯᠠᠭᠤᠯᠬᠤ᠂ ᠤᠰᠤᠨ ᠤ ᠡᠬᠢ ᠰᠤᠷᠪᠤᠯᠵᠢ ᠶᠢ ᠨᠡᠬᠡᠬᠡᠨ ᠠᠰᠢᠭᠯᠠᠬᠤ ᠶᠢ ᠠᠩᠬᠠᠷᠴᠦ᠂ ᠬᠠᠳᠤᠯᠠᠩ ᠤᠨ ᠤᠰᠤᠨ ᠤ ᠪᠠᠶᠢᠳᠠᠯ ᠢ ᠰᠠᠶᠢᠵᠢᠷᠠᠭᠤᠯᠬᠤ ᠪᠠ ᠲᠤᠬᠢᠷᠠᠭᠤᠯᠤᠨ᠎ᠠ᠃      3. ᠬᠦᠷᠦᠰᠦ ᠶᠢ ᠰᠤᠯᠠᠷᠠᠭᠤᠯᠬᠤ᠂ ᠬᠦᠶᠦᠬᠡᠨ ᠤᠷᠪᠠᠭᠤᠯᠵᠤ ᠨᠠᠷᠠᠭᠳᠠᠬᠤ᠂ ᠬᠦᠷᠦᠰᠦ ᠶᠢ ᠰᠤᠯᠠᠷᠠᠭᠤᠯᠵᠦ ᠦᠨᠳᠦᠰᠦ ᠶᠢ ᠳᠠᠰᠤᠳᠠᠬᠤ ᠮᠡᠲᠦ ᠶᠢᠨ ᠠᠷᠭ᠎ᠠ ᠪᠠᠷ ᠬᠦᠷᠦᠰᠦ ᠰᠢᠷᠦᠢ ᠶᠢᠨ ᠬᠡᠢ ᠠᠭᠠᠷ ᠨᠡᠪᠲᠡᠷᠡᠬᠦ ᠨᠦᠬᠦᠴᠡᠯ ᠢ ᠰᠠᠶᠢᠵᠢᠷᠠᠭᠤᠯᠤᠨ᠎ᠠ᠃      4. ᠤᠷᠭᠠᠨᠢᠭ ᠪᠤᠷᠳᠤᠭᠤᠷ᠂ ᠤᠷᠭᠠᠨᠢᠭ ᠪᠤᠰᠤ ᠪᠤᠷᠳᠤᠭᠤᠷ ︵ᠬᠢᠮᠢ ᠶᠢᠨ ᠪᠤᠷᠳᠤᠭᠤᠷ︶᠂ ᠪᠢᠴᠢᠯ ᠡᠯᠧᠮᠧᠨ᠋ᠲ ᠠᠭᠤᠯᠤᠭᠰᠠᠨ ᠪᠤᠷᠳᠤᠭᠤᠷ ᠢ ᠬᠡᠷᠡᠭᠯᠡᠵᠦ᠂ ᠬᠦᠷᠦᠰᠦ ᠰᠢᠷᠤᠢ ᠳᠤ ᠰᠢᠮ᠎ᠡ ᠲᠡᠵᠢᠭᠡᠯ ᠨᠦᠬᠦᠪᠦᠷᠢᠯᠡᠨ ᠬᠠᠳᠤᠯᠠᠩ ᠤᠨ ᠤᠷᠭᠤᠴᠠ ᠶᠢ ᠰᠠᠶᠢᠵᠢᠷᠠᠭᠤᠯᠤᠨ᠎ᠠ᠃      5. ᠬᠠᠳᠤᠯᠠᠩ ᠲᠠᠬᠢ ᠮᠠᠯ ᠲᠤ ᠬᠤᠤᠷᠲᠠᠢ᠂ ᠬᠦᠨᠦᠬᠡᠯᠳᠡᠢ ᠤᠷᠭᠤᠮᠠᠯ ᠢ ᠰᠡᠷᠭᠡᠶᠢᠯᠡᠨ ᠠᠷᠢᠯᠭᠠᠬᠤ ᠬᠡᠷᠡᠭᠳᠡᠢ᠃      6. ᠭᠠᠵᠠᠷ ᠤᠷᠤᠨ ᠳᠠᠭᠠᠨ ᠲᠤᠬᠢᠷᠠᠭᠰᠠᠨ ᠰᠢᠯᠢᠳᠡᠭ ᠴᠢᠨᠠᠷᠲᠠᠢ ᠲᠡᠵᠢᠭᠡᠯ ᠡᠪᠡᠰᠦᠨ ᠤ ᠦᠷ᠎ᠠ ᠶᠢ ᠰᠤᠩᠭᠤᠵᠦ᠂ ᠰᠢᠭᠤᠳ ᠲᠠᠷᠢᠬᠤ ᠮᠠᠰᠢᠨ ᠢᠶᠠᠷ ᠲᠠᠷᠢᠬᠤ ᠪᠤᠶᠤ ᠨᠦᠬᠦᠵᠦ ᠲᠠᠷᠢᠬᠤ ᠲᠠᠢ ᠤᠶᠠᠯᠳᠤᠭᠤᠯᠤᠨ ᠪᠤᠷᠳᠤᠭᠤᠷ ᠤᠷᠤᠭᠤᠯᠵᠦ᠂ ᠬᠠᠳᠤᠯᠠᠩ ᠤᠨ ᠤᠷᠭᠤᠮᠠᠯ ᠤᠨ ᠪᠦᠷᠬᠦᠴᠡ ᠶᠢ ᠰᠠᠶᠢᠵᠢᠷᠠᠭᠤᠯᠤᠨ᠎ᠠ᠃      ᠦᠢᠯᠡᠳᠪᠦᠷᠢᠯᠡᠯ ᠳᠤᠮᠳᠠ ᠲᠡᠭᠡᠷ᠎ᠡ ᠳᠤᠷᠠᠳᠤᠭᠰᠠᠨ ᠠᠵᠢᠯ ᠤᠨ ᠠᠯᠢ ᠨᠢᠬᠡ ᠶᠢ ᠨᠢ ᠴᠦ ᠤᠮᠳᠤᠭᠠᠶᠢᠯᠠᠵᠦ ᠪᠤᠯᠬᠤ ᠦᠭᠡᠢ᠃ ᠦᠩᠭᠡᠷᠡᠭᠰᠡᠨ ᠰᠢᠭ ᠠᠰᠢᠭᠯᠠᠬᠤ ᠶᠢ ᠯᠠ ᠮᠡᠳᠡᠭᠡᠳ ᠪᠦᠲᠦᠭᠡᠨ ᠪᠠᠶᠢᠭᠤᠯᠬᠤ ᠶᠢ ᠬᠦᠩᠭᠡᠪᠴᠢᠯᠡᠬᠦ᠂ ᠬᠤᠴᠤᠷᠤᠩᠭᠤᠢ ᠪᠦᠳᠦᠬᠦᠯᠢᠭ ᠠᠷᠭ᠎ᠠ ᠪᠠᠷ ᠡᠵᠡᠩᠨᠡᠨ ᠬᠠᠮᠢᠶᠠᠷᠬᠤ ᠦᠵᠡᠭᠳᠡᠯ ᠢ ᠦᠳᠲᠡᠷ ᠲᠦᠷᠭᠡᠨ ᠦᠭᠡᠶᠢᠰᠭᠡᠵᠦ᠂ ᠪᠦᠳᠦᠭᠦᠯᠢᠭ ᠡᠵᠡᠩᠨᠡᠯᠲᠡ ᠠᠴᠠ ᠪᠠᠨ ᠡᠷᠴᠢᠮᠵᠢᠬᠦᠯᠦᠭᠰᠡᠨ ᠡᠵᠡᠩᠨᠡᠯᠲᠡ ᠪᠤᠯᠭᠠᠨ ᠬᠤᠪᠢᠷᠠᠭᠤᠯᠬᠤ ᠬᠡᠷᠡᠭᠳᠡᠢ᠃
 
ᠢᠷᠡᠯᠲᠡ᠄ ᠴᠢᠩᠬᠢᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号