ᠤᠮᠠᠷᠠᠲᠤ ᠸᠧᠶ ᠤᠯᠤᠰ ᠤᠨ ᠦᠶ᠎ᠡ ᠶᠢᠨ ᠬᠠᠭᠠᠨ ᠤ ᠲᠩᠷᠢ ᠲᠠᠬᠢᠯᠭ᠎ᠠ ᠶᠢᠨ ᠪᠠᠭᠤᠷᠢ ︽2020 ᠣᠨ ᠤ ᠳᠤᠮᠳᠠᠳᠤ ᠤᠯᠤᠰ ᠤᠨ ᠬᠠᠭᠤᠴᠢ ᠰᠤᠳᠤᠯᠤᠯ ᠤᠨ ᠰᠢᠨ᠎ᠡ ᠢᠯᠡᠷᠡᠭᠦᠯᠦᠯᠲᠡ︾ ᠳᠤ ᠵᠢᠭᠰᠠᠭᠠᠭᠳᠠᠪᠠ
ᠨᠡᠶᠢᠲᠡᠯᠡᠭᠰᠡᠨ ᠴᠠᠭ᠄
2021/4/23

    ᠳᠤᠮᠳᠠᠳᠤ ᠤᠯᠤᠰ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠬᠠᠭᠤᠴᠢ ᠰᠤᠳᠤᠯᠤᠯ ᠤᠨ

ᠭᠠᠵᠠᠷ ᠤᠨ ᠤᠢᠢᠷ᠎ᠡ ᠳᠤ ᠡᠷᠭᠢᠯᠡᠭᠰᠡᠨ ︽2020 ᠣᠨ ᠤ ᠳᠤᠮᠳᠠᠳᠤ ᠤᠯᠤᠰ ᠤᠨ ᠬᠠᠭᠤᠴᠢ ᠰᠤᠳᠤᠯᠤᠯ ᠤᠨ

ᠰᠢᠨ᠎ᠡ ᠢᠯᠡᠷᠡᠭᠦᠯᠦᠯᠲᠡ︾ ᠶᠢᠨ ᠰᠢᠯᠭᠠᠷᠠᠭᠤᠯᠤᠯᠲᠠ ᠶᠢᠨ  ᠳ᠋ᠦᠩ  ᠨᠡᠶᠢᠲᠡᠯᠡᠭᠳᠡᠵᠦ᠂ ᠥᠪᠥᠷ  ᠮᠣᠩᠭᠤᠯ ᠤᠨ

ᠦᠴᠦᠸᠠᠨ ᠰᠢᠶᠠᠨ ᠤ ᠤᠩᠭᠤᠨ ᠳᠠᠪᠠᠭᠠᠨ ᠤ ᠤᠷᠤᠢ ᠶᠢᠨ ᠤᠮᠠᠷᠠᠲᠤ ᠸᠧᠶ ᠤᠯᠤᠰ ᠤᠨ  ᠦᠶ᠎ᠡ ᠶᠢᠨ ᠬᠠᠭᠠᠨ ᠤ

ᠲᠩᠷᠢ ᠲᠠᠬᠢᠯᠭ᠎ᠠ ᠶᠢᠨ  ᠪᠠᠭᠤᠷᠢ ︽2020 ᠣᠨ ᠤ ᠳᠤᠮᠳᠠᠳᠤ ᠤᠯᠤᠰ ᠤᠨ ᠬᠠᠭᠤᠴᠢ ᠰᠤᠳᠤᠯᠤᠯ ᠤᠨ ᠰᠢᠨ᠎ᠡ

ᠢᠯᠡᠷᠡᠭᠦᠯᠦᠯᠲᠡ︾ ᠳᠤ ᠵᠢᠭᠰᠠᠭᠠᠭᠳᠠᠪᠠ᠃                

     ᠤᠩᠭᠤᠨ ᠳᠠᠪᠠᠭᠠᠨ ᠤ ᠣᠷᠣᠶ ᠶᠢᠨ ᠪᠠᠭᠤᠷᠢ ᠨᠢ ᠥᠪᠥᠷ ᠮᠣᠩᠭᠤᠯ ᠤᠨ ᠬᠥᠬᠡᠬᠤᠲᠠ ᠶᠢᠨ ᠦᠴᠦᠸᠠᠨ

ᠰᠢᠶᠠᠨ ᠤ ᠳᠠᠯᠠᠨ ᠬᠠᠷ᠎ᠠ ᠰᠢᠶᠠᠩ ᠤᠨ ᠤᠩᠭᠤᠨ ᠳᠠᠪᠠᠭ᠎ᠠ ᠲᠤᠰᠬᠤᠨ ᠠᠴᠠ ᠪᠠᠷᠠᠭᠤᠨ ᠡᠮᠦᠨᠡᠰᠢ 1 ᠺᠢᠯᠣᠮᠧᠲᠷ

ᠵᠠᠶᠢᠲᠠᠶ ᠪᠠᠶᠢᠭ᠎ᠠ ᠳᠠᠯᠠᠨ ᠬᠠᠷ᠎ᠠ ᠠᠭᠤᠯᠠ ᠶᠢᠨ ᠳᠠᠯᠠᠩ ᠬᠠᠰᠢᠯᠭ᠎ᠠ ᠶᠢᠨ ᠣᠷᠣᠶ ᠳᠡᠭᠡᠷ᠎ᠡ ᠪᠠᠶᠢᠷᠢᠯᠠᠵᠤ᠂ ᠬᠡᠪᠴᠢᠶ᠎ᠡ ᠨᠢ

ᠪᠠᠷᠤᠭ 1 ᠲᠦᠮᠡᠨ ᠲᠡᠭᠰᠢ ᠳᠥᠷᠪᠡᠯᠵᠢᠨ ᠮᠧᠲᠷ ᠪᠠᠶᠢᠨ᠎ᠠ᠃ 2019 ᠤᠨ — 2020 ᠣᠨ ᠳᠤ᠂ ᠥᠪᠥᠷ

ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠡᠦᠬᠡ ᠶᠢᠨ ᠳᠤᠷᠠᠰᠬᠠᠯᠲᠤ ᠵᠦᠢᠯᠡᠰ ᠤᠨ ᠬᠠᠭᠤᠴᠢ ᠰᠤᠳᠤᠯᠤᠯ ᠤᠨ

ᠭᠠᠵᠠᠷ ᠠᠴᠠ ᠲᠤᠰ ᠪᠠᠭᠤᠷᠢ ᠶᠢ ᠤᠯᠤᠰ ᠤᠨ ᠲᠡᠦᠬᠡ ᠶᠢᠨ ᠳᠤᠷᠠᠰᠬᠠᠯᠲᠤ ᠵᠦᠢᠯᠡᠰ ᠤᠨ ᠲᠣᠪᠴᠢᠶ᠎ᠠ ᠶᠢᠨ ᠬᠠᠭᠤᠴᠢ

ᠰᠤᠳᠤᠯᠤᠯ ᠤᠨ ᠨᠡᠭᠡᠭᠡᠨ ᠮᠠᠯᠲᠠᠬᠤ ᠲᠥᠷᠥᠯ ᠵᠦᠢᠯ ᠢᠶᠠᠷ ᠮᠡᠳᠡᠭᠦᠯᠵᠦ᠂ ᠵᠢᠩᠬᠢᠨᠢ ᠪᠠᠷ ᠬᠠᠭᠤᠴᠢ ᠰᠤᠳᠤᠯᠤᠯ ᠤᠨ

ᠨᠡᠭᠡᠭᠡᠨ ᠮᠠᠯᠲᠠᠬᠤ ᠠᠵᠢᠯ ᠥᠷᠨᠢᠭᠦᠯᠪᠡ᠃ ᠡᠭᠦᠨ ᠳᠤ᠂ 10 ᠮᠧᠲᠷ ×10 ᠮᠧᠲᠷ ᠤᠨ ᠪᠦᠰ 100  ᠪᠠᠶᠢᠵᠤ᠂  

ᠬᠤᠶᠠᠷ  ᠵᠢᠯ ᠳᠤ ᠨᠡᠶᠢᠳᠠ  1300 ᠲᠡᠭᠰᠢ ᠳᠥᠷᠪᠡᠯᠵᠢᠨ ᠮᠧᠲᠷ  ᠮᠠᠯᠲᠠᠨ ᠭᠠᠷᠭᠠᠵᠠᠢ᠃ ᠮᠠᠯᠲᠠᠯᠲᠠ ᠶᠢᠨ

ᠣᠷᠣᠨ ᠨᠢ ᠪᠠᠭᠤᠷᠢ ᠶᠢᠨ ᠳᠤᠮᠳᠠ ᠬᠡᠰᠡᠭ ᠪᠠ ᠵᠡᠭᠦᠨ ᠡᠮᠦᠨ᠎ᠡ ᠬᠡᠰᠡᠭ ᠢ ᠰᠣᠩᠭᠤᠵᠤ᠂ ᠪᠠᠭᠤᠷᠢ ᠶᠢᠨ ᠪᠠᠷᠢᠯᠭ᠎ᠠ ᠶᠢᠨ

ᠪᠦᠲᠦᠴᠡ ᠶᠢ ᠠᠩᠬ᠎ᠠ ᠠᠯᠬᠤᠮ ᠲᠣᠳᠣᠷᠬᠠᠶᠢᠯᠠᠵᠤ᠂ ᠳᠣᠲᠣᠷ᠎ᠠ ᠠᠴᠠ ᠭᠠᠳᠠᠭᠰᠢ ᠪᠠᠨ ᠳᠠᠬᠢᠯᠭ᠎ᠠ ᠶᠢᠨ ᠳᠠᠶᠢᠰᠠ ᠬᠡᠬᠦ

ᠮᠡᠳᠦ ᠶᠢᠨ ᠲᠠᠪᠤᠨ ᠬᠡᠰᠡᠭ ᠢᠶᠠᠷ ᠪᠦᠷᠢᠯᠳᠦᠵᠤ᠂ ᠲᠠᠬᠢᠯᠭ᠎ᠠ ᠶᠢᠨ ᠳᠠᠶᠢᠰᠠ ᠶᠢᠨ ᠦᠷᠦᠭᠡ ᠠᠴᠠ ᠤᠮᠠᠷᠠᠲᠤ ᠸᠧᠶ

ᠤᠯᠤᠰ ᠤᠨ ᠦᠶ᠎ᠡ ᠶᠢᠨ ᠸᠠᠭᠠᠷ ᠰᠠᠪᠠ᠂ ᠴᠢᠯᠠᠭᠤᠨ ᠪᠠᠭᠠᠵᠢ᠂ ᠲᠡᠮᠦᠷ ᠪᠠᠭᠠᠵᠢ᠂ ᠲᠠᠬᠢᠯᠭ᠎ᠠ ᠳᠤ  ᠬᠡᠷᠡᠭᠯᠡᠬᠦ ᠠᠮᠢᠲᠠᠨ ᠤ

ᠠᠷᠠᠭ ᠶᠠᠰᠤ ᠵᠡᠷᠭᠡ ᠶᠢ ᠮᠠᠯᠳᠠᠨ ᠤᠯᠵᠤ᠂ ᠭᠤᠣᠯᠳᠠᠭᠤ ᠮᠣᠷᠢ᠂ ᠬᠤᠨᠢᠨ ᠤ ᠲᠣᠯᠣᠭᠠᠶ ᠮᠥᠴᠢ ᠶᠢᠨ ᠶᠠᠰᠤ ᠵᠡᠷᠭᠡ  

ᠪᠤᠯᠤᠨ᠎ᠠ᠂ ᠠᠩᠬ᠎ᠠ‌ᠠᠯᠬᠤᠮ ᠬᠢᠨᠠᠨ ᠲᠣᠭᠲᠠᠭᠠᠭᠰᠠᠨ ᠨᠢ 12 ᠮᠣᠷᠢ᠂ 2  ᠬᠤᠨᠢᠨ ᠤ ᠪᠣᠳᠠᠭᠠᠯᠢ ᠪᠡᠶ᠎ᠡ  ᠪᠣᠯᠤᠨ᠎ᠠ᠃

ᠶᠡᠷᠦᠩᠬᠡᠶ ᠳᠤᠨᠢ ᠠᠪᠴᠤ ᠦᠵᠡᠪᠡᠯ ᠤᠩᠭᠤᠨ ᠳᠠᠪᠠᠭᠠᠨ ᠤ ‍ᠣᠷᠣᠶ ᠶᠢᠨ ᠪᠠᠭᠤᠷᠢ ᠶᠢᠨ ᠰᠢᠨᠵᠢ ᠴᠢᠨᠠᠷ ᠨᠢ ᠳᠠᠷᠤᠶ

ᠤᠮᠠᠷᠠᠲᠤ ᠸᠧᠶ ᠤᠯᠤᠰ ᠤᠨ ᠦᠶ᠎ᠡ ᠶᠢᠨ ᠮᠤᠨᠢ ᠠᠭᠤᠯᠠ ᠶᠢᠨ ᠬᠠᠭᠠᠨ ᠤ ᠤᠭᠰᠠᠭᠠᠲᠠᠨ ᠤ ᠲᠩᠷᠢ ᠲᠠᠬᠢᠬᠤ ᠪᠠᠭᠤᠷᠢ

ᠪᠣᠯᠤᠨ᠎ᠠ᠂ ᠪᠠᠭᠤᠷᠢ ᠶᠢᠨ ᠳᠣᠲᠣᠷᠠᠬᠢ ᠬᠡᠷ ᠪᠠᠷᠢᠯᠭ᠎ᠠ ᠶᠡᠭᠡ ᠬᠡᠪᠴᠢᠶ᠎ᠡ ᠪᠠᠷ ᠭᠠᠯ ᠭᠠᠷᠤᠭᠰᠠᠨ ᠪᠠᠶᠢᠳᠠᠯ ᠠᠴᠠ ᠦᠵᠡᠪᠡᠯ᠂

ᠪᠦᠬᠦ᠋ᠢᠯᠡ ᠪᠠᠷᠢᠯᠭ᠎ᠠ ᠨᠢ ᠨᠡᠶᠢᠲᠡ ᠶᠢᠨ ᠤᠨ ᠲᠣᠭᠠᠯᠠᠯ ᠤᠨ 524 ᠣᠨ ᠳᠤ ᠡᠭᠦᠰᠦᠭᠰᠡᠨ ︽ᠵᠢᠷᠭᠤᠭᠠᠨ

ᠪᠠᠯᠭᠠᠰᠤᠨ ᠤ ᠰᠠᠮᠠᠭᠤᠷᠠᠯ︾ ᠤᠨ ᠳᠤᠮᠳᠠ ᠰᠦᠢᠳᠦᠭᠰᠡᠨ ᠬᠡᠳᠡᠭ ᠢ  ᠳᠠᠭᠠᠮᠠᠭᠯᠠᠵᠤ ᠪᠤᠯᠤᠨ᠎ᠠ᠃

 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号