ᠬᠤᠯᠠᠨ
ᠨᠡᠶᠢᠲᠡᠯᠡᠭᠰᠡᠨ ᠴᠠᠭ᠄
2021/4/23
     ᠬᠤᠯᠠᠨ ᠪᠤᠯ ᠲᠤᠮᠳᠠᠳᠤ ᠤᠯᠤᠰ ᠤᠨ ᠬᠤᠪᠤᠷ ᠡᠭᠦᠯᠳᠡᠷ ᠪᠤᠯᠤᠨ᠎ᠠ᠃ ᠲᠡᠬᠦᠨ ᠤ ᠢᠵᠢᠯᠢ ᠲᠦᠷᠦᠯᠳᠡᠨ ᠪᠤᠯᠬᠤ ᠲᠠᠬᠢ ᠨᠢ ᠲᠤᠮᠳᠠᠳᠤ ᠤᠯᠤᠰ ᠤᠨ ᠰᠢᠨᠵᠢᠶᠡᠠᠩ ᠨᠤᠳᠤᠭ ᠲᠤ ᠦᠨᠳᠦᠰᠦ ᠲᠠᠰᠤᠷᠠᠭᠰᠠᠨ ᠤ ᠰᠡᠭᠦᠯᠡᠷ ᠬᠤᠯᠠᠨ  ᠨᠢ ᠨᠡᠯᠦᠭᠡᠷ ᠭᠤᠪᠢ ᠳᠤ ᠤᠷᠤᠩᠨᠠᠨ ᠠᠮᠢᠳᠤᠷᠠᠵᠤ ᠪᠦᠬᠦᠢ ᠬᠤᠪᠤᠷ ᠡᠭᠦᠯᠳᠡᠷ ᠤᠨ ᠴᠦᠬᠡᠨ ᠠᠮᠢᠳᠠᠨ ᠪᠤᠯᠤᠭᠰᠠᠨ ᠶᠤᠮ᠃ ᠬᠤᠯᠠᠨ ᠤ ᠪᠡᠶ᠎ᠡ ᠬᠦᠯ ᠨᠢ ᠤᠷᠲᠤ ᠪᠤᠯᠬᠤᠷ ᠬᠤᠷᠳᠤᠨ ᠲᠠᠪᠬᠢᠳᠠᠭ᠃ ᠰᠢᠨᠵᠢᠯᠡᠬᠦ ᠤᠬᠠᠭᠠᠨᠳᠠᠳ ᠤᠨ ᠬᠡᠷᠡᠴᠢᠯᠡᠭᠰᠡᠨ ᠢᠶᠠᠷ᠂ ᠡᠨᠡ ᠠᠮᠢᠳᠠᠨ ᠢ ᠬᠦᠮᠦᠨ ᠠᠮᠢᠲᠠᠨ ᠶᠡᠷᠦ ᠠᠴᠠ ᠭᠠᠷᠰᠢᠭᠤᠯᠤᠭᠰᠠᠨ ᠦᠭᠡᠢ᠃ ᠤᠤᠯ ᠨᠢ ᠬᠦᠬᠡᠨᠡᠭᠤᠷ ᠲᠦᠪᠡᠳ ᠤᠨ ᠦᠨᠳᠦᠷᠯᠢᠭ ᠳᠡᠭᠡᠷ᠎ᠡ ᠬᠡᠳᠦᠨ ᠮᠢᠩᠭ᠎ᠠ ᠪᠠᠷ ᠰᠦᠷᠦᠭᠯᠡᠨ ᠲᠠᠪᠬᠢᠯᠳᠤᠵᠤ ᠦᠨᠡᠭᠡᠷ ᠭᠠᠶᠢᠬᠠᠮᠰᠢᠭᠳᠠᠢ ᠬᠠᠷᠠᠭᠳᠠᠳᠠᠭ ᠪᠠᠶᠢᠭᠰᠠᠨ ᠪᠤᠯ ᠤᠳᠤ ᠬᠠᠷᠢᠨ ᠬᠦᠮᠦᠨ ᠲᠦᠷᠦᠯᠬᠢᠳᠠᠨ ᠤ ᠴᠦᠯᠪᠡᠯᠳᠠ᠂ ᠠᠩ ᠠᠩᠨᠠᠯ᠂ ᠠᠭᠤᠯᠠ ᠠᠭᠤᠷᠬᠠᠢ ᠶᠢ ᠤᠯᠪᠤᠷᠢᠯᠠᠬᠤ ᠠᠴᠠ ᠪᠤᠯᠵᠤ ᠬᠤᠯᠠᠨ ᠴᠦᠭᠡᠬᠦᠯᠡ ᠯᠡ ᠦᠯᠡᠳᠡᠭᠰᠡᠨ ᠪᠢᠯᠡ᠃      ᠡᠬᠡ ᠬᠤᠯᠠᠨ ᠨᠢ ᠵᠢᠯ ᠲᠤᠷᠰᠢ ᠪᠠᠷᠤᠭ ᠯᠡ ᠤᠨᠠᠭ᠎ᠠ ᠪᠠᠨ ᠦᠰᠭᠡᠵᠦ ᠪᠤᠶᠢᠵᠢᠭᠤᠯᠬᠤ ᠳᠤ ᠶᠠᠭᠠᠷᠠᠨ᠎ᠠ᠃ ᠲᠤᠷᠰᠢᠯᠭ᠎ᠠ ᠲᠠᠢ ᠠᠵᠢᠷᠭᠠᠨ ᠬᠤᠯᠠᠨ ᠨᠢ ᠤᠨᠠᠭ᠎ᠠ ᠪᠠᠨ ᠦᠰᠴᠦ ᠦᠨᠳᠡᠶᠢᠯᠭᠡᠴᠢᠬᠡᠬᠡᠳ ᠰᠦᠷᠦᠭ ᠠᠴᠠ ᠪᠠᠨ ᠰᠠᠯᠵᠦ ᠦᠨᠳᠦᠷᠯᠢᠭ ᠤᠷᠤᠨ ᠳᠤ ᠬᠦᠷᠴᠦ ᠭᠠᠭᠴᠠᠭᠠᠷ ᠤᠷᠤᠩᠨᠠᠳᠠᠭ᠃ ᠤᠴᠢᠷ ᠨᠢ ᠨᠠᠰᠤ ᠬᠦᠢᠴᠡᠭᠰᠡᠨ ᠬᠤᠯᠠᠨ ᠳᠤ ᠪᠠᠷᠤᠭ ᠬᠠᠯᠳᠠᠬᠤ ᠲᠠᠶᠢᠰᠦᠨ ᠦᠭᠡᠢ ᠪᠤᠯᠬᠤᠷ ᠵᠤᠨ ᠤ ᠰᠡᠬᠦᠯᠴᠢ ᠨᠠᠮᠤᠷ ᠤᠨ ᠡᠬᠢᠨ ᠤ ᠬᠡᠬᠡᠯᠳᠦᠬᠦ ᠡᠷᠡᠨ ᠢᠶᠠᠷ ᠯᠡ ᠲᠡᠳᠡ ᠰᠠᠶ᠋ᠢ ᠰᠦᠷᠦᠭ ᠲᠡᠭᠡᠨ ᠪᠤᠴᠠᠵᠤ ᠢᠷᠡᠳᠡᠭ ᠶᠤᠮ᠂ ᠵᠢᠯ ᠪᠦᠷᠢ ᠶᠢᠨ 7— 12 ᠳ᠋ᠤᠭᠠᠷ ᠰᠠᠷ᠎ᠠ ᠪᠤᠯ ᠬᠤᠯᠠᠨ ᠤ ᠲᠦᠯᠵᠢᠨ ᠦᠷᠡᠵᠢᠬᠦ ᠬᠤᠭᠤᠴᠠᠭ᠎ᠠ ᠪᠤᠯᠤᠨ᠎ᠠ᠃      ᠬᠦᠬᠡᠨᠠᠭᠤᠷ ᠤᠨ ᠦᠨᠳᠦᠷᠯᠢᠭ ᠲᠡᠭᠡᠷ᠎ᠡ ᠪᠡᠯᠴᠢᠵᠦ ᠪᠠᠶᠢᠭ᠎ᠠ ᠬᠤᠯᠠᠨ᠂ ᠰᠠᠷᠯᠤᠭ᠂ ᠪᠦᠬᠦᠩ ᠤᠨ ᠰᠦᠷᠦᠭ ᠢ ᠬᠠᠷᠠᠬᠤ ᠳᠤ ᠠᠮᠢᠲᠠᠨ ᠪᠦᠬᠦᠨ ᠤ ᠦᠯᠦᠭᠡᠢ ᠪᠤᠯᠤᠭᠰᠠᠨ ᠠᠯᠳᠠᠨ ᠳᠡᠯᠡᠬᠡᠢ — ᠪᠠᠶᠢᠭᠠᠯᠢ ᠪᠠᠨ ᠤᠯᠠᠮ ᠬᠠᠶᠢᠷᠠᠯᠠᠨ ᠬᠢᠮᠠᠭᠠᠳᠠᠬᠤ ᠰᠡᠳᠬᠢᠯ ᠲᠦᠷᠦᠭᠳᠡᠬᠦ ᠶᠤᠮ᠃

 
ᠢᠷᠡᠯᠲᠡ᠄ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠤᠢ ᠰᠢᠭᠤᠢ ᠪᠠ ᠨᠤᠳᠤᠭ ᠪᠡᠯᠴᠢᠭᠡᠷ ᠤᠨ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号