ᠮᠤᠨᠢ ᠠᠭᠤᠯᠠ ᠶᠢᠨ ᠬᠤᠷᠮᠣᠶ ᠶᠢᠨ ᠠᠮᠢ ᠠᠬᠤᠶ ᠶᠢ ᠰᠡᠷᠭᠦᠭᠡᠬᠦ ᠲᠥᠷᠥᠯ ᠵᠦᠢᠯ ᠤᠨ ᠣᠶᠢᠵᠢᠭᠤᠯᠬᠤ ᠠᠵᠢᠯ ᠪᠥᠬᠦ ᠲᠠᠯ᠎ᠠ ᠪᠠᠷ ᠶᠠᠪᠤᠭᠳᠠᠪᠠ
ᠨᠡᠶᠢᠲᠡᠯᠡᠭᠰᠡᠨ ᠴᠠᠭ᠄
2021/4/26
     ᠡᠨᠡ ᠬᠠᠪᠤᠷ᠂ ᠤᠷᠠᠳ ᠤᠨ ᠡᠮᠦᠨᠡᠲᠦ ᠬᠤᠰᠢᠭᠤ ᠶᠢᠨ ᠮᠤᠨᠢ ᠠᠭᠤᠯᠠ ᠶᠢᠨ ᠡᠮᠦᠨ᠎ᠡ ᠤᠮᠠᠷ᠎ᠠ ᠬᠤᠷᠮᠣᠶ ᠶᠢᠨ ᠠᠮᠢ ᠠᠬᠤᠶ ᠶᠢ ᠵᠠᠰᠠᠨ ᠰᠡᠷᠭᠦᠭᠡᠬᠦ ᠲᠥᠷᠥᠯ ᠵᠦᠢᠯ ᠳᠤ 16121 ᠮᠥ  ᠣᠶᠢᠵᠢᠭᠤᠯᠵᠤ᠂ ᠬᠡᠭᠡᠷ᠎ᠡ ᠶᠢᠨ ᠲᠣᠭᠤᠷ᠂ ᠬᠡᠭᠡᠷ᠎ᠡ ᠶᠢᠨ ᠬᠦᠢᠯᠡᠰᠦ᠂ ᠠᠯᠮᠤᠷᠠᠳ᠂  ᠬᠦᠴᠢᠯᠯᠢᠭ ᠴᠢᠪᠠᠭ᠎ᠠ ᠵᠡᠷᠭᠡ 36.36 ᠲᠦᠮᠡᠨ ᠰᠠᠭᠤᠷᠢ ᠴᠢᠬᠢ ᠮᠣᠳᠣ ᠵᠠᠶᠢᠯᠠᠬᠤ ᠪᠠᠷ ᠲᠥᠯᠥᠪᠯᠡᠵᠦ ᠪᠣᠶ᠃      ᠣᠶᠢᠵᠢᠭᠤᠯᠬᠤ ᠡᠭᠦᠷᠭᠡ ᠪᠠᠨ ᠴᠢᠨᠠᠷ ᠰᠠᠶᠢᠲᠠᠶ ᠪᠡᠶᠡᠯᠡᠭᠦᠯᠬᠦ ᠶᠢᠨ ᠲᠥᠯᠥᠭᠡ᠂ ᠨᠢᠭᠡ ᠳᠤ ᠨᠢᠳᠤᠨᠤᠨ ᠡᠪᠦᠯ ᠠᠴᠠ ᠡᠬᠢᠯᠡᠨ ᠴᠢᠬᠢ ᠮᠣᠳᠣ ᠨᠥᠭᠡᠴᠡᠯᠡᠬᠦ ᠠᠵᠢᠯ ᠢ ᠰᠠᠶᠢᠲᠤᠷ ᠬᠢᠵᠦ᠂ ᠨᠤᠲᠤᠭ ᠤᠨ ᠴᠢᠬᠢ ᠮᠣᠳᠣ 60 % ᠶᠢ ᠡᠵᠡᠯᠡᠵᠦ᠂ ᠭᠠᠳᠠᠷ ᠣᠷᠣᠨ ᠠᠴᠠ 40 % ᠶᠢ ᠰᠢᠯᠵᠢᠭᠦᠯᠦᠨ ᠵᠥᠭᠡᠭᠡᠪᠦᠷᠢᠯᠡᠵᠡᠶ︔ ᠬᠤᠶᠠᠷ ᠲᠤ᠂ ᠲᠤᠰᠬᠠᠢ ᠬᠤᠷᠠᠯ ᠬᠤᠷᠠᠯᠳᠤᠭᠤᠯᠵᠤ᠂ ᠣᠶᠢᠵᠢᠭᠤᠯᠬᠤ ᠵᠢᠴᠢ ᠪᠤᠶᠢᠵᠢᠭᠤᠯᠤᠨ ᠬᠠᠮᠢᠶᠠᠷᠬᠤ ᠠᠵᠢᠯ ᠢ ᠲᠣᠬᠢᠷᠠᠭᠤᠯᠤᠨ ᠪᠠᠶᠢᠷᠢᠯᠠᠭᠤᠯᠵᠤ᠂ ᠬᠠᠮᠢᠶ᠎ᠠ ᠪᠦᠬᠦᠢ ᠢᠨᠵᠧᠨᠧᠷᠢᠩ ᠤᠨ ᠪᠤᠵᠠᠷ ᠡᠪᠡᠰᠦ ᠶᠢ ᠴᠡᠪᠡᠷᠯᠡᠬᠦ᠂ ᠤᠰᠤᠯᠠᠯᠳᠠ ᠶᠢᠨ ᠭᠤᠤᠷᠰᠤ ᠶᠢ ᠪᠠᠶᠢᠴᠠᠭᠠᠨ ᠵᠠᠰᠠᠬᠤ᠂ ᠭᠠᠵᠠᠷ ᠲᠡᠭᠰᠢᠯᠡᠬᠦ ᠵᠡᠷᠭᠡ ᠡᠮᠦᠨᠡᠬᠢ ᠬᠤᠭᠤᠴᠠᠭᠠᠨ ᠤ ᠪᠡᠯᠡᠳᠬᠡᠯ ᠠᠵᠢᠯ ᠢ ᠰᠠᠶᠢᠲᠤᠷ ᠬᠢᠬᠦ ᠶᠢ ᠱᠠᠭᠠᠷᠳᠠᠪᠠ︔ ᠭᠤᠷᠪᠠ ᠳᠤ᠂ ᠣᠶᠢᠵᠢᠭᠤᠯᠬᠤ ᠶᠠᠪᠤᠴᠠ ᠳᠤ ᠮᠡᠷᠭᠡᠵᠢᠯ ᠤᠨ ᠠᠵᠢᠯᠳᠠᠨ ᠬᠠᠮᠢᠶ᠎ᠠ ᠪᠦᠬᠦᠢ ᠠᠵᠢᠯ ᠢ ᠴᠢᠩᠭ᠎ᠠ ᠠᠳᠬᠤᠵᠤ᠂ ᠮᠡᠷᠭᠡᠵᠢᠯ ᠤᠨ ᠵᠢᠯᠤᠭᠤᠳᠤᠯᠭ᠎ᠠ ᠬᠢᠨ᠎ᠠ︔ ᠳᠥᠷᠪᠡ ᠳᠤ᠂ ᠲᠤᠷᠰᠢᠯᠭ᠎ᠠ ᠪᠠᠨ ᠴᠠᠭ ᠲᠤᠬᠠᠶ ᠳᠤᠨᠢ ᠳ᠋ᠦᠩᠨᠡᠵᠦ᠂ ᠴᠢᠬᠢ ᠮᠣᠳᠣ ᠶᠢ ᠰᠢᠨᠵᠢᠯᠡᠬᠦ ᠤᠬᠠᠭᠠᠨᠴᠢ ᠪᠠᠷ ᠵᠠᠶᠢᠯᠠᠵᠤ᠂ ᠣᠶᠢᠵᠢᠭᠤᠯᠬᠤ ᠠᠬᠢᠴᠠ ᠶᠢ ᠦᠨᠳᠦᠰᠦᠯᠡᠨ ᠴᠢᠬᠢ ᠮᠤᠳᠤ ᠬᠠᠩᠭᠠᠬᠤ ᠪᠠ ᠰᠢᠯᠵᠢᠭᠦᠯᠦᠨ ᠲᠡᠭᠡᠭᠡᠪᠦᠷᠢᠯᠡᠬᠦ ᠪᠠᠷ ᠲᠤᠬᠢᠷᠠᠭᠤᠯᠤᠨ᠎ᠠ᠃      ᠣᠳᠣᠬᠠᠨ ᠪᠣᠯᠲᠠᠯ᠎ᠠ᠂ 1400 ᠮᠥ ᠣᠶ ᠮᠣᠳᠣ ᠨᠦᠬᠦᠨ ᠳᠠᠷᠢᠵᠤ᠂ 10.36 ᠲᠦᠮᠡᠨ ᠰᠠᠭᠤᠷᠢ ᠴᠢᠬᠢ ᠮᠣᠳᠣ ᠵᠠᠶᠢᠯᠠᠵᠤ᠂ 4 ᠰᠠᠷ᠎ᠠ ᠶᠢᠨ ᠰᠡᠭᠦᠯᠴᠢ ᠠᠴᠠ ᠡᠮᠦᠨ᠎ᠡ ᠣᠶᠢᠵᠢᠭᠤᠯᠬᠤ ᠪᠥᠬᠦ ᠡᠭᠦᠷᠭᠡ ᠶᠢ ᠪᠡᠶᠡᠯᠡᠭᠦᠯᠬᠦ ᠪᠠᠷ ᠲᠥᠯᠥᠪᠯᠡᠵᠦ ᠪᠠᠶᠢᠨ᠎ᠠ᠃ ︵ᠵᠢᠶᠠ ᠹᠧᠩ ᠢ︶᠃
 
ᠢᠷᠡᠯᠲᠡ᠄ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠣᠢ ᠰᠢᠭᠤᠢ ᠪᠠ ᠨᠤᠳᠤᠭ ᠪᠡᠯᠴᠢᠭᠡᠷ ᠤᠨ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号