ᠶᠠᠭᠤ ᠶᠢ ᠤᠷᠭᠤᠮᠠᠯ ᠤᠨ ᠬᠦᠨᠦᠭᠡᠯ ᠢ ᠡᠰᠡᠷᠭᠦᠴᠡᠬᠦ ᠴᠢᠨᠠᠷ ᠭᠡᠳᠡᠭ ᠪᠣᠢ
ᠨᠡᠶᠢᠲᠡᠯᠡᠭᠰᠡᠨ ᠴᠠᠭ᠄
2021/6/30
     ᠤᠷᠭᠤᠮᠠᠯ ᠤᠨ ᠬᠦᠨᠦᠭᠡᠯ ᠢ ᠡᠰᠡᠷᠭᠦᠴᠡᠬᠦ ᠴᠢᠨᠠᠷ ᠭᠡᠳᠡᠭ ᠢ ᠤᠷᠭᠤᠮᠠᠯ ᠪᠣᠯᠣᠨ ᠬᠦᠨᠦᠭᠡᠯᠲᠦ ᠠᠮᠢᠳᠤ ᠪᠤᠳᠠᠰ ᠤᠨ ᠤᠷᠲᠤ ᠬᠤᠭᠤᠴᠠᠭᠠᠨ ᠤ ᠬᠠᠮᠵᠢᠯᠴᠠᠨ ᠬᠤᠪᠢᠰᠬᠤ ᠶᠠᠪᠤᠴᠠ ᠳᠣᠮᠳᠠ ᠬᠠᠷᠢᠯᠴᠠᠨ ᠵᠤᠬᠢᠴᠠᠯᠳᠣᠨ᠂ ᠬᠠᠷᠢᠯᠴᠠᠨ ᠰᠣᠩᠭᠤᠭᠰᠠᠨ ᠤ ᠦᠷ᠎ᠡ ᠳ᠋ᠦᠩ ᠪᠠᠶᠢᠵᠤ᠂ ᠤᠷᠭᠤᠮᠠᠯ ᠤᠨ ᠭᠠᠮᠰᠢᠭ ᠢ ᠡᠰᠡᠷᠭᠦᠴᠡᠬᠦ᠂ ᠭᠠᠮᠰᠢᠭ ᠢ ᠲᠡᠰᠪᠦᠷᠢᠯᠡᠬᠦ ᠵᠢᠴᠢ ᠭᠠᠮᠰᠢᠭ ᠤᠨ ᠳᠠᠷᠠᠭᠠᠬᠢ ᠬᠤᠬᠢᠷᠠᠯ ᠰᠦᠢᠲᠦᠯ ᠢ ᠨᠦᠬᠦᠪᠦᠷᠢᠯᠡᠬᠦ ᠴᠢᠳᠠᠪᠤᠷᠢ ᠶᠢ ᠬᠡᠯᠡᠨ᠎ᠡ᠃ ᠡᠭᠦᠨ ᠳᠤ ᠬᠤᠷᠤᠬᠠᠢ ᠶᠢ ᠡᠰᠡᠷᠭᠦᠴᠡᠬᠦ᠂ ᠡᠪᠡᠳᠴᠢᠨ ᠢ ᠡᠰᠡᠷᠭᠦᠴᠡᠬᠦ᠂ ᠭᠠᠩ ᠢ ᠡᠰᠡᠷᠭᠦᠴᠡᠬᠦ᠂ ᠤᠰᠤᠳᠣᠯ ᠢ ᠡᠰᠡᠷᠭᠦᠴᠡᠬᠦ᠂ ᠬᠦᠢᠲᠡᠨ ᠢ ᠡᠰᠡᠷᠭᠦᠴᠡᠬᠦ᠂ ᠳᠠᠪᠤᠰᠤ ᠬᠤᠵᠢᠷ ᠢ ᠡᠰᠡᠷᠭᠦᠴᠡᠬᠦ᠂ ᠡᠯᠳᠡᠪ ᠡᠪᠡᠰᠦ ᠶᠢ ᠡᠰᠡᠷᠭᠦᠴᠡᠬᠦ ᠵᠡᠷᠭᠡ ᠨᠢ ᠤᠷᠭᠤᠮᠠᠯ ᠳᠤ ᠨᠡᠶᠢᠳᠡᠮ ᠤᠷᠤᠰᠢᠬᠤ ᠬᠠᠷᠢᠴᠠᠩᠭᠤᠢ ᠰᠢᠨᠵᠢ ᠴᠢᠨᠠᠷ ᠮᠦᠨ᠃      ︵ᠢᠷᠡᠯᠲᠡ᠄ ᠰᠢ ᠶᠢᠩ ᠤᠨ ᠨᠠᠶᠢᠷᠠᠭᠤᠯᠤᠭᠰᠠᠨ ︽ᠤᠷᠭᠤᠮᠠᠯ ᠤᠨ ᠡᠪᠡᠳᠴᠢᠨ ᠬᠤᠷᠤᠬᠠᠢ ᠡᠪᠡᠰᠦᠨ ᠤ ᠬᠦᠨᠦᠭᠡᠯ ᠢ ᠬᠢᠵᠠᠭᠠᠷᠯᠠᠬᠤ ᠠᠰᠠᠭᠤᠯᠲᠠ ᠬᠠᠷᠢᠭᠤᠯᠲᠠ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶    
 
ᠢᠷᠡᠯᠲᠡ᠄ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠤᠢ ᠰᠢᠭᠤᠢ ᠪᠠ ᠨᠤᠳᠤᠭ ᠪᠡᠯᠴᠢᠭᠡᠷ ᠤᠨ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号