ᠴᠢᠶᠠᠨ ᠫᠢᠩ ᠴᠢᠶᠠᠨ ᠫᠢᠩ᠄ ᠥᠪᠥᠷ ᠮᠣᠩᠭᠣᠯ᠎ᠤᠨ ᠲᠠᠷᠢᠶᠠᠯᠠᠩ᠎ᠤᠨ ᠶᠡᠬᠡ ᠰᠤᠷᠭ᠋ᠠᠭᠤᠯᠢ ᠵᠢᠨ ᠮᠠᠷᠺᠰ᠎ᠤᠨ ᠦᠵᠡᠯ᠎ᠤᠨ ᠳᠡᠭᠡᠳᠦ ᠰᠤᠷᠭ᠋ᠠᠭᠤᠯᠢ ᠵᠢᠨ ᠳᠡᠳ᠋ ᠫᠷᠤᠹᠧᠰᠰᠤᠷ᠃
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠲᠥᠪ ᠬᠥᠬᠡᠬᠣᠲᠠ ᠵᠢᠨ ᠠ᠋ᠷᠬᠢᠨ ᠲᠣᠭᠣᠷᠢᠨ᠎ᠤ ᠴᠥᠭᠡᠨ ᠪᠤᠰᠤ ᠲᠣᠰᠬᠣᠨ ᠪᠠᠯᠭ᠋ᠠᠰᠤ ᠵᠢᠨ ᠨᠡᠷᠡᠳᠤ ᠴᠥᠮ 《ᠪᠠᠢ᠍ᠢ᠍ᠰᠢᠩ (板)》 ᠭᠡᠰᠡᠨ ᠥᠰᠥᠭ᠎ᠲᠠᠢ ᠪᠠᠶ᠋ᠢᠳᠠᠭ᠂ ᠵᠢᠱ᠌ᠢᠶᠡᠯᠡᠪᠡᠯ᠂ ᠮᠠᠢ᠍ᠢ᠍ᠬᠠᠨ ᠪᠠᠢ᠍ᠢ᠍ᠰᠢᠩ (麻花板)᠂ ᠴᠢᠪᠠᠭ᠋ᠠᠠᠴᠠ ᠵᠢᠨ ᠪᠠᠢ᠍ᠢ᠍ᠰᠢᠩ (姑子板)᠂ ᠲᠠᠪᠤᠨ ᠪᠠᠶ᠋ᠢᠰᠢᠩ (塔布板)᠂ ᠶᠦᠮ᠎ᠤᠨ ᠪᠠᠢ᠍ᠢ᠍ᠰᠢᠩ (攸攸板) ᠭᠡᠬᠦ ᠮᠡᠲᠦ᠃
ᠠ᠋ᠳᠡᠭᠡᠷ ᠨᠡᠷ᠎ᠡ᠎ᠨᠢ ᠨᠢᠭᠡᠨᠲᠡ ᠲᠦᠷᠪᠡᠨ ᠵᠠᠭᠤ ᠭᠠᠷᠤᠢ ᠵᠢᠯ ᠦᠷᠭᠦᠯᠵᠢᠯᠡᠨ ᠬᠡᠷᠡᠭᠯᠡᠭᠳᠡᠵᠦ ᠪᠠᠶ᠋ᠢᠬᠤ ᠪᠥᠭᠡᠳ ᠬᠡᠳᠦᠨ ᠵᠠᠭᠤᠨ ᠵᠢᠯ ᠦᠷᠭᠦᠯᠵᠢᠯᠡᠭᠰᠡᠨ ᠠ᠋ᠨᠡ ᠬᠦ᠌ ᠲᠣᠰᠬᠣᠨ ᠪᠠᠯᠭ᠋ᠠᠰᠤ ᠵᠢᠨ ᠨᠡᠷ᠎ᠡ ᠵᠢᠨ ᠠᠷᠤ᠎ᠳᠤ ᠰᠦᠷ ᠳᠠᠯᠠᠶ᠋ᠢᠴᠠᠲᠠᠢ ᠦᠨᠳᠦᠰᠦᠲᠡᠨ᠎ᠤ ᠶᠠᠪᠤᠯᠴᠠᠭ᠎ᠠ᠂ ᠠᠭᠤᠰᠤᠯᠴᠠᠭ᠎ᠠ ᠪᠠ ᠬᠥᠭᠵᠢᠯᠲᠡ ᠵᠢᠨ ᠲᠡᠦᠬᠡ ᠨᠢᠭᠤᠭᠳᠠᠵᠤ ᠪᠠᠶ᠋ᠢᠳᠠᠭ᠃
ᠠ᠋ᠷᠳᠡᠮᠲᠡᠳᠤᠨ ᠰᠤᠳᠤᠯᠤᠭᠰᠠᠨ ᠵᠶ᠋ᠠᠷ᠂ ᠠ᠋ᠳᠡᠭᠡᠷ ᠨᠡᠷ᠎ᠡ ᠵᠢᠨ ᠳᠣᠲᠣᠷᠠᠬᠢ 板 ᠦᠰᠦᠭ᠎ᠨᠢ ᠮᠣᠩᠭᠣᠯ ᠬᠡᠯᠡᠨ᠎ᠤ 《ᠪᠠᠢ᠍ᠢ᠍ᠰᠢᠩ》 ᠭᠡᠳᠡᠭ ᠦᠭᠡ᠎ᠠᠴᠠ ᠢᠷᠡᠯᠲᠡ᠎ᠲᠠᠢ ᠪᠦᠭᠡᠤᠨ ᠬᠢᠲᠠᠳ ᠬᠡᠯᠡᠨ᠎ᠤ 百姓᠎ᠢ ᠠᠪᠢᠶᠠᠴᠢᠯᠠᠨ ᠣᠷᠴᠢᠭᠤᠯᠤᠭᠰᠠᠨ ᠦᠭᠡ ᠶᠤᠮ᠃ ᠪᠠᠢ᠍ᠢ᠍ᠰᠢᠩ ᠭᠡᠳᠡᠭ᠎ᠨᠢ ᠲᠡᠦᠬᠡᠨ ᠳᠡᠭᠡᠷ᠎ᠡ ᠤᠮᠠᠷᠠᠰᠢ ᠨᠡᠭᠦᠭᠰᠡᠨ ᠬᠢᠲᠠᠳ ᠲᠠᠷᠢᠶᠠᠴᠢᠳ᠎ᠤᠨ ᠪᠣᠭᠣᠮᠲᠠ ᠵᠢᠨ ᠭᠠᠳᠠᠨ᠎ᠠ ᠪᠠᠶ᠋ᠢᠭᠤᠯᠤᠭᠰᠠᠨ ᠲᠠᠷᠢᠶᠠᠯᠠᠩ ᠦᠢ᠍ᠯᠡᠳᠪᠦᠷᠢᠯᠡᠯ ᠪᠠ ᠨᠤᠲᠤᠭᠰᠢᠨ ᠰᠠᠭᠤᠷᠢᠰᠢᠭᠰᠠᠨ ᠠᠢ᠍ᠢ᠍ᠯ ᠲᠤᠰᠬᠤᠨ᠎ᠢ ᠵᠢᠭ᠋ᠠᠵᠤ ᠪᠤᠢ᠃
《ᠮᠢᠩ ᠱ᠌ᠢᠽᠦᠢ᠍ᠡᠭ ᠬᠠᠭ᠋ᠠᠨ᠎ᠤ ᠮᠠᠭ᠋ᠠᠳ ᠲᠡᠮᠳᠡᠭᠯᠡᠯ》᠎ᠳᠤ ᠲᠡᠮᠳᠡᠭᠯᠡᠭᠰᠡᠨ᠎ᠨᠢ 《ᠳ᠋ᠠᠲ᠋ᠦ᠋ᠩ᠎ᠤᠨ ᠪᠠᠷᠠᠭᠤᠨ ᠵᠢᠭᠦᠷ᠎ᠤᠨ ᠬᠠᠷᠠᠭᠤᠯ᠎ᠤᠨ ᠶᠡᠬᠡ ᠬᠢᠵᠠᠭ᠋ᠠᠷ᠎ᠤᠨ ᠭᠠᠳᠠᠨ᠎ᠠ ᠁ ᠨᠢᠭᠡᠨ ᠭᠠᠵᠠᠷ ᠪᠠᠢ᠍ᠢ᠍ᠬᠤ ᠵᠢ ᠹᠸᠩᠵᠸᠤ (丰州) ᠭᠡᠵᠦ᠂ ᠥᠨᠳᠥᠷ ᠠᠭᠤᠯᠠ ᠲᠣᠭᠣᠷᠢᠭ᠋ᠠᠳ ᠤᠰᠤ ᠪᠡᠯᠴᠢᠭᠡᠷ ᠲᠠᠩᠰᠤᠭ ᠰᠠᠶ᠋ᠢᠬᠠᠨ ᠁ ᠴᠢᠦ ᠹᠦ᠌᠂ ᠵᠣᠣ ᠴᠢᠤᠸᠠᠨ᠂ ᠯᠢ ᠽᠢ ᠰᠢᠨ ᠨᠡᠷ ᠣᠷᠣᠰᠢᠨ ᠰᠠᠭᠤᠵᠤ᠂ ᠬᠣᠲᠠ ᠴᠤᠭᠴᠠᠯᠠᠨ ᠴᠠᠢ᠍ᠢ᠍ᠵᠠ ᠪᠤᠰᠬᠠᠵᠤ᠂ ᠣᠷᠳᠣᠨ ᠬᠠᠷᠰᠢ ᠪᠠᠶ᠋ᠢᠭᠤᠯᠤᠭᠰᠠᠨ ᠠᠨ᠎ᠤ ᠮᠠᠰᠢ ᠰᠦᠷᠯᠢᠭ᠂ ᠬᠡᠳᠦᠨ ᠮᠢᠩᠭ᠋ᠠᠨ ᠴᠢᠩ ᠲᠠᠷᠢᠶᠠᠨ ᠭᠠᠵᠠᠷ ᠭᠠᠷᠭ᠋ᠠᠵᠤ᠂ ᠳ᠋ᠦᠩ ᠱᠧᠩ᠎ᠤᠨ ᠲᠠᠯ᠎ᠠ᠎ᠲᠠᠢ ᠵᠠᠯᠭ᠋ᠠᠯᠳᠤᠨ ᠬᠢᠵᠠᠭ᠋ᠠᠷ᠎ᠤᠨ ᠬᠥᠮᠥᠰ ᠲᠡᠭᠦᠨ᠎ᠢ ᠪᠠᠢ᠍ᠢ᠍ᠰᠢᠩ (板升) ᠭᠡᠳᠡᠭ》 ᠭᠡᠵᠡᠢ᠃
ᠳᠡᠭᠡᠪᠡᠯ ᠪᠠᠢ᠍ᠢ᠍ᠰᠢᠩ᠎ᠨᠢ ᠴᠤᠬᠤᠮ ᠬᠡᠷᠬᠢᠨ ᠪᠤᠢ ᠪᠣᠯᠤᠭᠰᠠᠨ ᠪᠤᠢ? ᠬᠢᠲᠠᠳ ᠦᠨᠳᠦᠰᠦᠲᠡᠨ ᠪᠠ ᠮᠣᠩᠭᠣᠯ ᠦᠨᠳᠦᠰᠦᠲᠡᠨ ᠪᠠᠰᠠ ᠶᠠᠮᠠᠷ ᠪᠠᠢ᠍ᠢ᠍ᠳᠠᠯ ᠳᠣᠤᠷ᠎ᠠ ᠬᠠᠮᠲᠤ᠎ᠪᠠᠷ ᠪᠠᠢ᠍ᠢ᠍ᠰᠢᠩᠢ ᠪᠠᠢ᠍ᠢ᠍ᠭᠤᠯᠤᠭᠰᠠᠨ ᠪᠤᠯ?
ᠨᠢᠭᠡ᠂ ᠬᠢᠲᠠᠳ ᠬᠥᠮᠦᠨ ᠤᠮᠠᠷᠠᠰᠢ ᠨᠡᠭᠦᠵᠦ᠂ ᠪᠣᠭᠣᠮᠲᠠ ᠵᠢᠨ ᠭᠠᠳᠠᠨᠠᠬᠢ ᠤᠯᠠᠨ ᠠ᠋ᠰᠢᠲᠦ ᠠᠵᠤ ᠠᠬᠤᠢ ᠵᠢᠨ ᠬᠥᠭᠵᠢᠯᠲᠡ ᠵᠢ ᠨᠡᠭᠡᠭᠡᠪᠡ
ᠮᠢᠩ ᠤᠯᠤᠰ᠎ᠤᠨ ᠳᠤᠮᠳᠠᠴᠢ ᠰᠡᠭᠦᠯᠴᠢ ᠦᠶ᠎ᠡ᠎ᠳᠤ᠂ ᠳᠤᠮᠳᠠᠳᠤ ᠣᠷᠣᠨ᠎ᠳᠤ ᠪᠠᠶ᠋ᠢᠭ᠋ᠠᠯᠢ ᠵᠢᠨ ᠭᠠᠮᠰᠢᠭ ᠪᠠᠢ᠍ᠢ᠍ᠨ ᠲᠠᠬᠢᠨ ᠠ᠋ᠭᠦᠰᠴᠦ᠂ ᠮᠠᠰᠢ ᠣᠯᠠᠨ ᠲᠠᠷᠢᠶᠠᠴᠢᠳ ᠠᠮᠢᠳᠤᠷᠠᠯ ᠵᠶ᠋ᠠᠨ ᠠᠷᠭ᠋ᠠᠴᠠᠭ᠋ᠠᠬᠤ ᠵᠢᠨ ᠲᠥᠯᠥᠭᠡ ᠨᠤᠲᠤᠭ᠎ᠠᠴᠠ᠎ᠪᠠᠨ ᠰᠠᠯᠵᠤ᠂ ᠲᠠᠷᠢᠶᠠᠯᠠᠬᠤ᠎ᠳᠤ ᠬᠠᠷᠢᠴᠠᠩᠭᠤᠶ᠎ᠪᠠᠷ ᠲᠣᠬᠢᠷᠠᠮᠵᠢᠲᠠᠶ ᠲᠦᠮᠡᠳ ᠣᠷᠣᠨ᠎ᠳᠤ ᠢᠷᠡᠵᠦ ᠠᠵᠤ ᠲᠦᠷᠦᠵᠡᠢ᠃ ᠠ᠋ᠭᠦᠨ᠎ᠤ ᠬᠠᠮᠲᠤ ᠵᠠᠷᠢᠮ᠎ᠨᠢ ᠪᠠᠰᠠ ᠶᠠᠯᠠᠳᠠᠭᠳᠠᠬᠤᠠᠴᠠ ᠵᠠᠢ᠍ᠢ᠍ᠯᠠᠨ ᠲᠤᠲᠠᠭ᠋ᠠᠵᠤ᠂ ᠮᠣᠩᠭᠣᠯ ᠣᠷᠣᠨ᠎ᠢ ᠪᠡᠶ᠎ᠡ ᠳᠠᠯᠳᠠᠯᠠᠬᠤ ᠭᠠᠵᠠᠷ ᠵᠶ᠋ᠠᠷ ᠦᠵᠡᠵᠦ ᠤᠷᠤᠩᠨᠠᠵᠠᠢ᠃
ᠵᠢᠶᠠ ᠵᠢᠩ᠎ᠤᠨ ᠭᠤᠴᠢᠳᠤᠭ᠋ᠠᠷ ᠣᠨ (1551 ᠣᠨ)᠎ᠳᠤ ᠱᠠᠨ ᠰᠢ ᠵᠢᠨ ᠳ᠋ᠠᠲ᠋ᠦ᠋ᠩ ᠵᠡᠷᠭᠡ ᠭᠠᠵᠠᠷ ᠲᠤ ᠴᠠᠭ᠋ᠠᠨ ᠯᠢᠩᠬ᠍ᠸ᠎ᠠ ᠵᠢᠨ ᠱᠠᠰᠢᠨᠲᠠᠳ᠎ᠤᠨ ᠤᠷᠪᠠᠯᠭ᠎ᠠ ᠠ᠋ᠭᠦᠰᠴᠦ᠂ ᠬᠣᠵᠢᠮ᠎ᠨᠢ ᠮᠠᠰᠢ ᠤᠯᠠᠨ ᠤᠷᠤᠯᠴᠠᠭᠰᠠᠳ ᠬᠣᠶ᠋ᠢᠨ᠎ᠠ ᠬᠣᠶ᠋ᠢᠨ᠎ᠠ᠎ᠠᠴᠠ᠎ᠪᠠᠨ ᠤᠮᠠᠷᠠᠰᠢ ᠳᠤᠲᠠᠭ᠋ᠠᠵᠤ᠂ ᠮᠣᠩᠭᠣᠯ ᠤᠷᠤᠨ᠎ᠳᠤ ᠤᠷᠤᠵᠤ ᠰᠠᠭᠤᠪᠠ᠃ ᠴᠠᠭ᠋ᠠᠨ ᠯᠢᠩᠬ᠍ᠸ᠎ᠠ ᠵᠢᠨ ᠱᠠᠰᠢᠨ᠎ᠤ ᠲᠦᠷᠦᠭᠦᠦ ᠴᠢᠦ ᠹᠦ᠋ ᠴᠢᠨᠠᠭᠰᠢᠯᠠᠭ᠋ᠠᠳ ᠠᠯᠲᠠᠨ ᠬᠠᠭ᠋ᠠᠨ᠎ᠤ ᠵᠥᠪᠯᠡᠭᠴᠢ ᠪᠣᠯᠵᠠᠶ᠃
ᠠ᠋ᠳᠡᠭᠡᠷ ᠬᠢᠲᠠᠳ ᠬᠥᠮᠦᠨ ᠲᠠᠯ᠎ᠠ ᠨᠤᠲᠤᠭ᠎ᠲᠤ ᠤᠴᠢᠭᠰᠠᠨᠤ ᠳᠠᠷᠠᠭ᠎ᠠ᠂ ᠨᠢᠭᠡ ᠲᠠᠯ᠎ᠠ᠎ᠪᠠᠷ ᠲᠤᠬᠠᠶ ᠵᠢᠨ ᠭᠠᠵᠠᠷ᠎ᠤᠨ ᠨᠡᠭᠦᠳᠡᠯᠯᠡᠨ ᠮᠠᠯᠵᠢᠬᠤ ᠠᠮᠢᠳᠤᠷᠠᠯ᠎ᠳᠤ ᠠᠭ᠋ᠠᠵᠢᠮ ᠵᠶ᠋ᠠᠷ ᠵᠣᠬᠢᠴᠠᠵᠤ᠂ ᠮᠣᠩᠭᠣᠯ ᠬᠥᠮᠦᠨ᠎ᠲᠠᠢ ᠤᠷᠤᠭᠯᠠᠭᠰᠠᠨ᠎ᠨᠢ ᠴᠦ᠍ ᠪᠤᠢ; ᠨᠦᠬᠦᠭᠡ ᠲᠠᠯ᠎ᠠ᠎ᠪᠠᠷ ᠲᠡᠳᠡ ᠪᠠᠰᠠ ᠳᠤᠮᠳᠠᠳᠤ ᠣᠷᠣᠨ᠎ᠤ ᠵᠠᠩᠰᠢᠯ ᠵᠢᠡᠨ ᠦᠯᠡᠳᠡᠭᠡᠵᠦ᠂ ᠠᠳᠠᠷ ᠬᠠᠭ᠋ᠠᠯᠪᠤᠷᠢᠯᠠᠬᠤ᠂ ᠭᠡᠷ ᠪᠠᠶ᠋ᠢᠰᠢᠩ ᠪᠠᠷᠢᠬᠤ᠂ ᠭᠡᠷ᠎ᠤᠨ ᠲᠡᠵᠢᠭᠡᠪᠦᠷᠢ ᠲᠡᠵᠢᠭᠡᠬᠦ᠂ ᠨᠣᠭᠣᠭ᠎ᠠ ᠵᠢᠮᠢᠰ ᠲᠠᠷᠢᠬᠤ ᠵᠡᠷᠭᠡ ᠰᠠᠭᠤᠷᠢᠰᠢᠯ ᠠᠮᠢᠳᠤᠷᠠᠯ᠎ᠢ ᠬᠢᠵᠦ ᠠ᠋ᠬᠢᠯᠡᠵᠡᠢ᠃ ᠲᠡᠭᠦᠨ᠎ᠤ ᠳᠣᠲᠣᠷᠠᠬᠢ ᠭᠠᠷ ᠤᠷᠠᠴᠤᠳ᠎ᠨᠢ ᠬᠣᠵᠢᠮ᠎ᠤᠨ ᠬᠣᠲᠠ ᠪᠠᠶ᠋ᠢᠭᠤᠯᠬᠤ ᠶᠠᠪᠤᠴᠠ᠎ᠳᠤ ᠴᠢᠬᠤᠯᠠ ᠦᠢ᠍ᠯᠡᠳᠦᠯ ᠦᠵᠡᠭᠦᠯᠵᠡᠶ᠃
ᠠ᠋ᠳᠡᠭᠡᠷ ᠠ᠋ᠯᠳᠡᠪ ᠵᠦᠢ᠍ᠯ᠎ᠤᠨ ᠰᠢᠯᠲᠠᠭ᠋ᠠᠨ᠎ᠠᠴᠠ ᠪᠤᠯᠵᠤ ᠤᠮᠠᠷᠠᠰᠢ ᠨᠡᠭᠦᠭᠰᠡᠨ ᠬᠢᠲᠠᠳ ᠬᠥᠮᠦᠨ᠎ᠨᠢ ᠳᠤᠮᠳᠠᠳᠤ ᠣᠷᠣᠨ᠎ᠤ ᠲᠡᠷᠢᠭᠦᠨ᠎ᠤ ᠦᠢ᠍ᠯᠡᠳᠪᠦᠷᠢᠯᠡᠯ᠎ᠤᠨ ᠮᠡᠷᠭᠡᠵᠢᠯ᠎ᠢ ᠠᠪᠴᠢᠷᠠᠭᠰᠠᠨ ᠵᠶ᠋ᠠᠷ ᠪᠠᠷᠠᠬᠤ ᠦᠭᠡᠢ᠂ ᠪᠠᠰᠠ ᠮᠣᠩᠭᠣᠯ ᠦᠨᠳᠦᠰᠦᠲᠡᠨ᠎ᠲᠠᠢ ᠬᠠᠮᠲᠤ᠎ᠪᠠᠷ ᠹᠸᠩᠵᠧᠦ ᠵᠢᠨ ᠲᠠᠯ᠎ᠠ (ᠪᠠᠰᠠ ᠹᠸᠩᠵᠧᠦ ᠵᠢᠨ ᠲᠠᠩ ᠭᠡᠳᠡᠭ᠂ ᠤᠳᠤ ᠵᠢᠨ ᠥᠪᠥᠷ ᠮᠣᠩᠭᠣᠯ᠎ᠤᠨ ᠬᠥᠬᠡᠬᠣᠲᠠ ᠵᠢᠨ ᠲᠠᠯ᠎ᠠ ᠭᠠᠵᠠᠷ) ᠵᠢ ᠨᠡᠭᠡᠭᠡᠨ ᠬᠥᠭᠵᠢᠭᠦᠯᠦᠭᠴᠢ ᠪᠣᠯᠤᠭᠰᠠᠨ ᠪᠠᠶ᠋ᠢᠨ᠎ᠠ᠃
ᠹᠧᠩᠵᠧᠦ ᠵᠢᠨ ᠲᠠᠯ᠎ᠠ ᠠ᠋ᠮᠤᠨ᠎ᠡ ᠱᠠ ᠯᠢᠩ ᠠᠭᠤᠯᠠ᠎ᠠᠴᠠ ᠠ᠋ᠬᠢᠯᠡᠵᠦ᠂ ᠤᠮᠠᠷᠠᠳᠤ ᠳᠠᠯᠠᠨ ᠬᠠᠷ᠎ᠠ ᠠᠭᠤᠯᠠ ᠵᠢ ᠲᠦᠰᠢᠵᠦ᠂ ᠵᠡᠬᠦᠨ᠎ᠡ ᠮᠠᠩᠬᠠᠨ ᠠᠭᠤᠯᠠ᠎ᠠᠴᠠ ᠠ᠋ᠬᠢᠯᠡᠵᠦ᠂ ᠪᠠᠷᠠᠭᠤᠨ᠎ᠠ ᠪᠤᠭᠤᠲᠤ ᠵᠢᠨ ᠬᠠᠲᠤᠨ ᠭᠣᠣᠯ᠎ᠤᠨ ᠠ᠋ᠷᠭᠢ ᠬᠦᠷᠴᠦ᠂ ᠶᠡᠬᠡ ᠪᠠᠭ᠎ᠠ ᠲᠦᠷᠭᠡᠨ ᠭᠣᠣᠯ᠎ᠨᠢ ᠵᠡᠭᠦᠨ᠎ᠠᠴᠠ ᠪᠠᠷᠠᠭᠤᠨᠰᠢ ᠬᠠᠲᠤᠨ ᠭᠣᠣᠯ᠎ᠳᠤ ᠤᠷᠤᠰ᠎ᠤᠨ ᠣᠷᠣᠨ᠎ᠠ᠃ ᠡᠨᠳᠡᠬᠢ ᠠᠭᠤᠷ ᠠᠮᠢᠰᠬᠤᠯ ᠲᠠᠭ᠋ᠠᠯᠠᠮᠵᠢᠲᠠᠶ᠂ ᠬᠥᠷᠥᠰᠥ ᠰᠢᠷᠣᠶ ᠥᠩ ᠰᠢᠮᠡᠯᠢᠭ᠂ ᠤᠰᠤᠨ᠎ᠤ ᠰᠤᠷᠪᠤᠯᠵᠢ ᠭᠦᠢ᠍ᠴᠡᠳ᠂ ᠲᠠᠷᠢᠮᠠᠯ᠎ᠤᠨ ᠦᠢ᠍ᠯᠡᠰ᠂ ᠮᠠᠯ ᠠᠵᠤ ᠠᠬᠤᠶ ᠵᠡᠷᠭᠡ ᠣᠯᠠᠨ ᠵᠦᠢ᠍ᠯ᠎ᠤᠨ ᠦᠢ᠍ᠯᠡᠳᠪᠦᠷᠢᠯᠡᠯ᠎ᠤᠨ ᠠᠷᠭ᠎ᠠ ᠮᠠᠶᠢᠭ᠎ᠢ ᠬᠥᠭᠵᠢᠭᠦᠯᠬᠦ᠎ᠳᠤ ᠮᠠᠰᠢ ᠲᠣᠬᠢᠷᠠᠮᠵᠢᠲᠠᠶ ᠶᠤᠮ᠃
ᠲᠤᠬᠠᠶ ᠵᠢᠨ ᠦᠶ᠎ᠡ᠎ᠳᠤ ᠠᠯᠲᠠᠨ ᠬᠠᠭ᠋ᠠᠨ ᠶᠠᠭ ᠠ᠋ᠨᠡ ᠬᠦ᠌ ᠪᠠᠶᠠᠨ ᠲᠠᠩᠰᠤᠭ ᠨᠤᠲᠤᠭ ᠳᠡᠪᠢᠰᠬᠡᠷ ᠳᠡᠭᠡᠷ᠎ᠡ ᠮᠠᠯᠵᠢᠨ ᠨᠤᠲᠤᠭᠯᠠᠵᠤ ᠪᠠᠶ᠋ᠢᠵᠠᠶ᠃ ᠠᠯᠳᠠᠨ ᠬᠠᠭ᠋ᠠᠨ ᠳᠤᠮᠳᠠᠳᠤ ᠣᠷᠣᠨ᠎ᠤ ᠬᠢᠲᠠᠳ ᠬᠥᠮᠦᠨ᠎ᠤ ᠨᠥᠯᠥᠭᠡ ᠵᠢ ᠬᠦᠷᠲᠡᠭᠰᠡᠨ ᠪᠠ ᠥᠪᠡᠷ ᠵᠶ᠋ᠡᠨ ᠲᠠᠷᠢᠶᠠᠯᠠᠬᠤ ᠦᠢ᠍ᠯᠡᠳᠦᠯᠭᠡ᠎ᠳᠤ ᠣᠷᠣᠯᠴᠠᠵᠤ ᠪᠠᠢ᠍ᠢ᠍ᠭᠰᠠᠨ᠎ᠠᠴᠠ ᠲᠠᠷᠢᠶᠠᠯᠠᠩ ᠪᠠ ᠭᠠᠷ ᠦᠢ᠍ᠯᠡᠳᠪᠦᠷᠢ ᠵᠢ ᠬᠥᠭᠵᠢᠭᠦᠯᠬᠦ᠎ᠨᠢ ᠪᠣᠭᠣᠮᠲᠠ ᠵᠢᠨ ᠭᠠᠳᠠᠨᠠᠬᠢ ᠨᠡᠭᠦᠳᠡᠯ ᠮᠠᠯᠵᠢᠯ᠎ᠤᠨ ᠲᠠᠩᠨᠠᠭᠰᠠᠨ ᠠᠵᠤ ᠠᠬᠤᠢ ᠵᠢ ᠬᠤᠪᠢᠷᠠᠭᠤᠯᠬᠤ᠎ᠳᠤ ᠴᠢᠬᠤᠯᠠ ᠠᠴᠢ ᠬᠣᠯᠪᠣᠭᠳᠠᠯ᠎ᠲᠠᠢ ᠭᠡᠳᠡᠭ᠎ᠢ ᠭᠦᠨᠵᠡᠭᠡᠶ ᠲᠠᠨᠢᠵᠤ ᠣᠯᠪᠠ᠃
ᠲᠠᠷᠢᠶᠠᠯᠠᠩ ᠪᠠ ᠭᠠᠷ ᠦᠢ᠍ᠯᠡᠳᠪᠦᠷᠢ ᠵᠢ ᠬᠥᠭᠵᠢᠭᠦᠯᠬᠦ ᠵᠢᠴᠢ ᠪᠠᠢ᠍ᠢ᠍ᠰᠢᠩ᠎ᠤᠨ ᠰᠠᠭᠤᠷᠢᠰᠢᠯ ᠣᠷᠣᠨ᠎ᠤ ᠪᠦᠲᠦᠭᠡᠨ ᠪᠠᠶ᠋ᠢᠭᠤᠯᠤᠯᠲᠠ ᠪᠠ ᠬᠠᠮᠠᠭ᠋ᠠᠯᠠᠯᠲᠠ᠎ᠨᠢ ᠴᠥᠮ ᠤᠷ᠎ᠠ ᠮᠡᠷᠭᠡᠵᠢᠯ ᠪᠣᠯᠪᠠᠰᠤᠷᠠᠩᠭᠤᠶ ᠬᠢᠲᠠᠳ ᠬᠥᠮᠦᠨ᠎ᠠᠴᠠ ᠰᠠᠯᠵᠤ ᠴᠢᠳᠠᠬᠤ ᠦᠭᠡᠶ ᠶᠤᠮ᠃ ᠠ᠋ᠶ᠋ᠢᠮᠦ᠎ᠠᠴᠠ ᠠᠯᠲᠠᠨ ᠬᠠᠭ᠋ᠠᠨ ᠮᠣᠩᠭᠣᠯ᠎ᠢ ᠲᠦᠰᠢᠬᠦ᠎ᠪᠠᠷ ᠢᠷᠡᠭᠰᠡᠨ ᠬᠢᠲᠠᠳ ᠬᠥᠮᠦᠨ᠎ᠢ ᠲᠣᠬᠢᠲᠠᠶ ᠲᠥᠪᠬᠢᠨᠡᠭᠦᠯᠵᠦ᠂ ᠲᠡᠳᠡᠨ᠎ᠳᠤ ᠭᠠᠵᠠᠷ ᠲᠠᠷᠢᠶ᠎ᠠ᠂ ᠲᠠᠷᠢᠶᠠᠯᠠᠩ᠎ᠤᠨ ᠪᠠᠭ᠋ᠠᠵᠢ ᠭᠡᠷᠡᠭᠰᠡᠯ᠂ ᠠᠮᠤ ᠪᠤᠳᠠᠭ᠎ᠠ᠂ ᠦᠬᠡᠷ ᠬᠣᠨᠢ᠂ ᠮᠠᠶ᠋ᠢᠬᠠᠨ ᠵᠡᠷᠭᠡ ᠵᠢ ᠬᠤᠪᠢᠶᠠᠨ ᠥᠭᠴᠦ᠂ ᠲᠠᠷᠢᠶ᠎ᠠ ᠲᠠᠷᠢᠭᠰᠠᠳ᠎ᠲᠤ ᠭᠠᠵᠠᠷ ᠲᠠᠷᠢᠶ᠎ᠠ ᠬᠤᠪᠢᠶᠠᠨ ᠥᠭᠴᠦ᠂ ᠮᠠᠯ ᠮᠠᠯᠵᠢᠭᠰᠠᠳᠢ ᠮᠠᠯ ᠤᠨᠤᠭ᠎ᠠ᠎ᠲᠠᠢ ᠪᠤᠯᠭ᠋ᠠᠭᠰᠠᠨ ᠵᠢᠡᠷ ᠪᠠᠷᠠᠬᠤ ᠦᠭᠡᠢ ᠵᠡᠷᠢᠮ ᠬᠠᠮᠢᠶᠠᠷᠤᠯᠲᠠ ᠵᠢᠨ ᠴᠢᠳᠠᠪᠤᠷᠢ᠎ᠲᠠᠢ ᠬᠢᠲᠠᠳ ᠬᠥᠮᠦᠨ᠎ᠢ ᠪᠠᠢ᠍ᠢ᠍ᠰᠢᠩᠢ ᠶᠡᠷᠦᠨᠭᠬᠡᠢ᠍ᠢ᠍ᠯᠡᠨ ᠬᠠᠮᠢᠶᠠᠷᠬᠤ ᠲᠤᠰᠢᠶᠠᠯ᠎ᠳᠤ ᠲᠣᠮᠢᠯᠠᠵᠤ ᠭᠡᠷᠡᠭᠯᠡᠵᠡᠢ᠃ ᠠ᠋ᠭᠦᠨ᠎ᠠᠴᠠ ᠭᠠᠳᠠᠨ᠎ᠠ᠂ ᠲᠤᠬᠠᠶ ᠵᠢᠨ ᠦᠶ᠎ᠡ ᠵᠢᠨ ᠭᠠᠶ᠋ᠢᠯᠢ ᠲᠠᠲᠠᠪᠤᠷᠢ ᠨᠦᠰᠡᠷ ᠬᠦᠨᠳᠦ ᠪᠠᠶ᠋ᠢᠭᠰᠠᠨ ᠳᠤᠮᠳᠠᠳᠤ ᠣᠷᠣᠨ᠎ᠲᠠᠢ ᠬᠠᠷᠢᠴᠠᠭᠤᠯᠪᠠᠯ᠂ ᠠᠯᠲᠠᠨ ᠬᠠᠭ᠋ᠠᠨ ᠠᠯᠪᠠ ᠭᠤᠪᠴᠢᠭᠤᠷᠢ ᠬᠥᠩᠭᠡᠯᠡᠨ ᠭᠠᠶ᠋ᠢᠯᠢ ᠲᠠᠲᠠᠪᠤᠷᠢ ᠵᠢ ᠪᠠᠭ᠋ᠠᠰᠬᠠᠬᠤ ᠲᠦᠷᠦ ᠵᠢᠨ ᠪᠤᠳᠤᠯᠭ᠎ᠠ ᠵᠢ ᠠᠪᠴᠤ᠂ ᠵᠢᠯ ᠪᠦᠷᠢ 《ᠨᠢᠭᠡ ᠤᠭᠤᠲᠠ ᠠᠮᠤ᠂ ᠬᠡᠳᠦᠨ ᠪᠤᠭᠤᠵᠢ ᠡᠪᠡᠰᠦ ᠯᠡ ᠬᠤᠷᠢᠶᠠᠵᠤ᠂ ᠥᠭᠡᠷ᠎ᠡ ᠠᠯᠪᠠ ᠲᠠᠲᠠᠪᠤᠷᠢ ᠦᠭᠡᠢ》 ᠪᠠᠶ᠋ᠢᠵᠠᠶ᠃
ᠠ᠋ᠭᠦᠨ᠎ᠤ ᠳᠡᠭᠡᠷ᠎ᠡ ᠠᠯᠲᠠᠨ ᠬᠠᠭ᠋ᠠᠨ ᠬᠢᠲᠠᠳ ᠬᠥᠮᠦᠨ᠎ᠢ ᠬᠦᠨᠳᠦᠳᠬᠡᠨ ᠢᠲᠡᠭᠡᠵᠦ ᠪᠠᠢ᠍ᠢ᠍ᠳᠠᠭ᠎ᠠᠴᠠ ᠶᠡᠬᠡ ᠬᠡᠮᠵᠢᠶᠡᠨ᠎ᠤ ᠬᠢᠲᠠᠳ ᠬᠥᠮᠦᠨ ᠬᠣᠶ᠋ᠢᠨ᠎ᠠ ᠬᠣᠶ᠋ᠢᠨ᠎ᠠ᠎ᠠᠴᠠ᠎ᠪᠠᠨ ᠤᠮᠠᠷᠠᠰᠢ ᠨᠡᠭᠦᠵᠦ ᠢᠷᠡᠭᠰᠡᠨ᠎ᠨᠢ ᠮᠢᠩ ᠤᠯᠤᠰ᠂ ᠴᠢᠩ ᠤᠯᠤᠰ᠎ᠤᠨ ᠦᠶ᠎ᠡ᠎ᠳᠤ ᠳᠤᠮᠳᠠᠳᠤ ᠤᠯᠤᠰ᠎ᠤᠨ ᠶᠡᠬᠡ ᠬᠡᠪᠴᠢᠶᠡᠨ᠎ᠤ ᠬᠥᠮᠦᠨ ᠠᠮᠠ ᠵᠢᠨ ᠨᠡᠭᠦᠳᠡᠯ — 《ᠪᠠᠷᠠᠭᠤᠨ ᠪᠤᠭᠤᠮᠲᠠ᠎ᠪᠠᠷ ᠶᠠᠪᠤᠬᠤ》 ᠵᠢᠨ ᠠᠩᠬᠠᠨ᠎ᠤ ᠠ᠋ᠬᠢᠯᠡᠯᠲᠡ ᠵᠢ ᠠ᠋ᠭᠦᠰᠭᠡᠭᠰᠡᠨ ᠪᠠᠢ᠍ᠢ᠍ᠨ᠎ᠠ᠃
ᠬᠤᠶᠠᠷ᠂ ᠦᠨᠳᠦᠰᠦᠲᠡᠨ᠎ᠤ ᠠᠭᠤᠰᠤᠯᠴᠠᠯ᠎ᠤᠨ ᠠᠮᠢᠳᠤᠯᠢᠭ ᠦᠯᠢᠭᠡᠷ ᠳᠠᠭᠤᠷᠢᠶᠠᠯ ᠪᠤᠯᠬᠤ ᠪᠠᠢ᠍ᠢ᠍ᠰᠢᠩ᠎ᠤᠨ ᠪᠦᠲᠦᠭᠡᠨ ᠪᠠᠶ᠋ᠢᠭᠤᠯᠤᠯᠲᠠ
ᠮᠢᠩ ᠤᠯᠤᠰ᠎ᠯᠤᠭ᠎ᠠ ᠵᠢᠨ ᠤᠯᠠᠨ ᠤᠳᠠᠭ᠋ᠠᠨ᠎ᠤ ᠮᠦᠷᠬᠦᠯᠳᠦᠭᠡᠨ᠎ᠨᠢ ᠠᠯᠲᠠᠨ ᠬᠠᠭ᠋ᠠᠨ᠎ᠢ ᠵᠦᠳᠡᠷᠡᠭᠦᠯᠵᠦ᠂ ᠲᠠᠯ᠎ᠠ ᠨᠤᠲᠤᠭ᠎ᠲᠤ ᠠ᠋ᠩᠬᠡ ᠲᠠᠶ᠋ᠢᠪᠤᠩ ᠠᠮᠤᠷ ᠲᠣᠭᠲᠠᠭᠤᠨ ᠪᠠᠶ᠋ᠢᠬᠤ ᠶᠢ ᠪᠠᠴᠢᠮ ᠱᠠᠭ᠋ᠠᠷᠳᠠᠵᠤ ᠪᠠᠶ᠋ᠢᠪᠠ᠃
《ᠸᠠᠨ ᠯᠢ ᠵᠢᠨ ᠴᠡᠷᠢᠭ᠎ᠤᠨ ᠠ᠋ᠷᠳᠡᠮ᠎ᠤᠨ ᠲᠡᠮᠳᠡᠭᠯᠡᠯ》᠎ᠳᠤ ᠦᠨᠳᠦᠰᠦᠯᠡᠪᠡᠯ᠂ ᠵᠢᠶᠠ ᠵᠢᠩ᠎ᠤᠨ ᠬᠣᠷᠢᠨ ᠲᠠᠪᠤᠳᠤᠭ᠋ᠠᠷ ᠣᠨ (1546 ᠣᠨ)᠎ᠳᠤ ᠠᠯᠲᠠᠨ ᠬᠠᠭ᠋ᠠᠨ ᠪᠤᠯᠤᠨ ᠰᠠᠨ ᠨᠢᠶᠠᠩ ᠽᠢ ᠬᠤᠶᠠᠭᠤᠯᠠ ᠲᠤᠭᠤᠰᠬᠠᠨ ᠰᠤᠪᠤᠷᠭ᠋ᠠᠳᠤ ᠬᠤᠳᠠ᠎ᠳᠤ ᠬᠤᠶᠠᠷ ᠲᠤᠭᠤᠢ᠍ᠢ᠍ᠯᠠᠩ ᠵᠤᠬᠢᠶᠠᠨ ᠪᠠᠢ᠍ᠢ᠍ᠭᠤᠯᠵᠤ ᠦᠬᠡᠷ ᠬᠦᠯᠯᠡᠨ ᠲᠠᠷᠢᠶ᠎ᠠ ᠲᠠᠷᠢᠠᠠᠰᠠᠨ ᠪᠦᠭᠡᠤᠨ ᠪᠠᠷᠤᠭ ᠲᠠᠪᠤ ᠵᠢᠷᠭᠤᠭ᠋ᠠᠨ ᠴᠢᠩ ᠭᠠᠵᠠᠷ᠎ᠢ ᠬᠠᠭ᠋ᠠᠯᠪᠤᠷᠢᠯᠠᠨ ᠨᠠᠷᠢᠮᠤ᠂ ᠰᠢᠯᠦᠬᠡᠢ᠂ ᠰᠢᠰᠢ᠂ ᠮᠣᠩᠭᠣᠯ ᠠᠮᠤ ᠵᠡᠷᠭᠡ ᠲᠠᠷᠢᠮᠠᠯ᠎ᠢ ᠲᠠᠷᠢᠵᠠᠢ᠂ ᠪᠠᠰᠠ ᠨᠢᠭᠡᠨ ᠵᠤᠭᠤᠷᠢ ᠪᠠᠢ᠍ᠢ᠍ᠭᠤᠯᠵᠠᠢ᠃
ᠠ᠋ᠨᠡ ᠬᠦ᠌ ᠴᠣ᠋ ᠰᠢᠨ᠎ᠡ ᠬᠥᠳᠡᠯᠮᠦᠷᠢᠯᠡᠬᠦ ᠠᠷᠭ᠎ᠠ ᠮᠠᠶᠢᠭ᠎ᠨᠢ ᠠᠯᠲᠠᠨ ᠬᠠᠭ᠋ᠠᠨ᠎ᠢ ᠲᠤᠶ᠋ᠢᠯ ᠵᠶ᠋ᠠᠷ ᠪᠠᠶᠠᠷᠯᠠᠭᠤᠯᠵᠤ᠂ ᠳᠡᠭᠦᠦ ᠠᠴᠢ ᠨᠠᠷ ᠲᠦ᠋ᠪᠠᠨ ᠲᠠᠷᠢᠶᠠᠯᠠᠬᠤ ᠪᠠ ᠨᠤᠲᠤᠭᠰᠢᠨ ᠰᠠᠭᠤᠷᠢᠰᠢᠬᠤ ᠰᠠᠨᠠᠭ᠎ᠠ᠎ᠪᠠᠨ ᠲᠣᠳᠣᠷᠬᠠᠢ ᠢᠯᠡᠳᠬᠡᠵᠦ᠂ 《ᠪᠢ ᠨᠢᠭᠡᠨᠲᠡ ᠹᠧᠩᠵᠧᠦ᠎ᠳᠤ ᠬᠤᠲᠠ ᠪᠠᠢ᠍ᠢ᠍ᠭᠤᠯᠵᠤ᠂ ᠲᠠᠷᠢᠶ᠎ᠠ ᠲᠠᠷᠢᠬᠤ᠎ᠪᠠᠷ ᠠᠳᠠᠯ ᠵᠢᠡᠨ ᠪᠤᠯᠭ᠋ᠠᠬᠤ᠎ᠪᠠᠷ ᠰᠢᠢ᠍ᠤᠡᠴᠡᠢ》 ᠭᠡᠰᠡᠨ ᠪᠠᠢ᠍ᠢ᠍ᠪᠠ᠃
ᠲᠡᠷᠡᠴᠢᠯᠡᠨ ᠠᠯᠳᠠᠨ ᠬᠠᠭ᠋ᠠᠨ ᠲᠠᠪᠢᠨ ᠮᠣᠷᠢᠲᠤ ᠴᠡᠷᠢᠭ ᠳᠠᠭ᠋ᠠᠭᠤᠯᠤᠨ ᠪᠣᠭᠣᠮᠲᠠ ᠵᠢᠨ ᠳᠣᠣᠷ᠎ᠠ ᠪᠡᠶᠡᠴᠢᠯᠡᠨ ᠬᠦᠷᠴᠦ᠂ ᠮᠢᠩ ᠤᠯᠤᠰ᠎ᠠᠴᠠ ᠮᠤᠵᠢᠶᠠᠩ᠂ ᠵᠢᠷᠤᠭ᠎ᠤᠨ ᠤᠷᠠᠴᠤᠳ᠂ ᠲᠡᠮᠦᠷ᠎ᠤᠨ ᠳᠠᠷᠬᠠᠨ ᠵᠡᠷᠭᠡ ᠬᠥᠮᠦᠰ᠎ᠢ ᠭᠤᠶᠤᠴᠢᠯᠠᠨ ᠠᠪᠴᠤ᠂ ᠹᠸᠩᠵᠸᠤ ᠵᠢᠨ ᠲᠠᠯ᠎ᠠ᠎ᠳᠤ ᠬᠦᠷᠴᠦ ᠬᠣᠲᠠ ᠪᠠᠶ᠋ᠢᠭᠤᠯᠵᠤ ᠠ᠋ᠬᠢᠯᠡᠭᠰᠡᠨ ᠪᠠᠶ᠋ᠢᠨ᠎ᠠ᠃
ᠵᠢᠶᠠ ᠵᠢᠩ᠎ᠤᠨ ᠭᠤᠴᠢᠨ ᠭᠤᠷᠪᠠᠳᠤᠭ᠋ᠠᠷ ᠣᠨ (1554 ᠣᠨ)᠎ᠳᠤ ᠮᠣᠵᠢᠶᠠᠩ ᠴᠢᠦ ᠲᠦᠩ (ᠴᠢᠦ ᠹᠦ᠌ ᠵᠢᠨ ᠳᠡᠭᠦᠦ) ᠠᠯᠲᠠᠨ ᠬᠠᠭ᠋ᠠᠨ᠎ᠳᠤ ᠭᠤᠷᠪᠠᠨ ᠭᠡᠰᠡᠭ ᠰᠠᠭᠤᠷᠢᠰᠢᠯ᠎ᠤᠨ ᠠᠰᠠᠷ ᠪᠠᠷᠢᠵᠤ ᠥᠭᠴᠡᠢ᠂ ᠠ᠋ᠨᠡ ᠪᠣᠯ ᠹᠧᠩᠵᠧᠦ ᠵᠢᠨ ᠲᠠᠯ᠎ᠠ ᠵᠢᠨ ᠪᠠᠢ᠍ᠢ᠍ᠰᠢᠩ᠎ᠤᠨ ᠠᠩᠬᠠᠨ᠎ᠤ ᠳᠦᠷᠰᠦ ᠪᠣᠯᠤᠨ᠎ᠠ᠃ ᠠ᠋ᠭᠦᠨ᠎ᠠᠴᠠ ᠬᠣᠶ᠋ᠢᠰᠢ᠂ ᠴᠢᠦ ᠹᠦ᠌ ᠵᠡᠷᠭᠡ ᠬᠥᠮᠦᠰ᠎ᠤᠨ ᠰᠠᠨᠠᠭᠤᠯᠭ᠎ᠠ ᠳᠣᠣᠷ᠎ᠠ ᠠᠯᠲᠠᠨ ᠬᠠᠭ᠋ᠠᠨ ᠹᠧᠩᠵᠧᠦ ᠵᠢᠨ ᠲᠠᠯ᠎ᠠ᠎ᠳᠤ ᠰᠠᠭᠤᠷᠢᠰᠢᠯ᠎ᠤᠨ ᠭᠠᠵᠠᠷ᠎ᠢ ᠶᠡᠬᠡ ᠬᠡᠪᠴᠢᠶ᠎ᠡ᠎ᠪᠠᠷ ᠪᠦᠲᠦᠭᠡᠨ ᠪᠠᠶ᠋ᠢᠭᠤᠯᠵᠤ ᠠ᠋ᠬᠢᠯᠡᠪᠡ᠃
ᠵᠢᠶᠠ ᠵᠢᠩ᠎ᠤᠨ ᠳᠥᠴᠢᠨ ᠭᠤᠷᠪᠠᠳᠤᠭ᠋ᠠᠷ ᠣᠨ᠎ᠠᠴᠠ ᠳᠥᠴᠢᠨ ᠳᠥᠷᠪᠡᠳᠦᠭᠡᠷ ᠣᠨ (1564 — 1565 ᠣᠨ)᠎ᠳᠤ ᠴᠠᠭ᠋ᠠᠨ ᠯᠢᠩᠬ᠍ᠸ᠎ᠠ ᠵᠢᠨ ᠱᠠᠰᠢᠨ᠎ᠤ ᠤᠷᠭᠤᠳᠠᠭᠤᠯ ᠵᠤᠤ ᠴᠢᠤᠸᠠᠨ᠂ ᠯᠢ ᠽᠢ ᠰᠢᠨ ᠨᠡᠷ ᠬᠢᠲᠠᠳ ᠤᠷᠠᠴᠤᠳᠢ ᠲᠣᠮᠢᠯᠠᠨ ᠳᠠᠯᠠᠨ ᠬᠠᠷ᠎ᠠ ᠠᠭᠤᠯᠠᠨ᠎ᠠᠴᠠ ᠠᠷᠪᠠᠨ ᠲᠡᠪᠡᠷᠢ᠎ᠠᠴᠠ ᠳᠡᠭᠡᠭᠰᠢᠬᠢ ᠪᠦᠳᠦᠭᠦᠨ ᠪᠦᠳᠦᠬᠦᠨ ᠨᠠᠷᠠᠰᠤᠨ ᠮᠣᠳᠣ ᠵᠢ ᠣᠭᠲᠣᠯᠤᠨ ᠠᠪᠴᠢᠷᠠᠵᠤ ᠶᠡᠬᠡ ᠪᠠᠶ᠋ᠢᠰᠢᠩ ᠬᠣᠲᠠ ᠵᠢ ᠪᠠᠶ᠋ᠢᠭᠤᠯᠵᠤ᠂ ᠠᠯᠲᠠᠨ ᠬᠠᠭ᠋ᠠᠨ᠎ᠤ ᠬᠠᠭ᠋ᠠᠨ ᠪᠤᠯᠬᠤ ᠨᠡᠶ᠋ᠢᠰᠯᠡᠯ ᠬᠣᠲᠠ ᠪᠣᠯᠭ᠋ᠠᠬᠤ᠎ᠪᠠᠷ ᠲᠥᠯᠥᠪᠯᠡᠵᠡᠢ᠃
ᠶᠡᠬᠡ ᠪᠠᠶ᠋ᠢᠰᠢᠩ ᠬᠣᠲᠠ ᠵᠢᠨ ᠪᠦᠲᠦᠭᠡᠨ ᠪᠠᠢ᠍ᠢ᠍ᠭᠤᠯᠤᠯᠲᠠ᠎ᠨᠢ ᠶᠢᠰᠦᠨ ᠤᠷᠲᠤ ᠬᠠᠷᠰᠢ ᠵᠢ ᠪᠠᠭᠳᠠᠭ᠋ᠠᠬᠤ ᠪᠦᠭᠡᠤᠨ ᠬᠣᠲᠠ ᠲᠤᠳᠤᠷ᠎ᠠ᠎ᠪᠠᠨ ᠪᠠᠰᠠ ᠲᠠᠪᠤᠨ ᠳᠠᠪᠬᠤᠷ ᠤᠰᠤᠨ ᠲᠣᠰᠣᠯᠠᠭᠤᠷ ᠠᠰᠠᠷ ᠪᠠᠶ᠋ᠢᠭᠤᠯᠵᠤ᠂ ᠲᠠᠪᠤᠨ ᠥᠩᠭᠡ ᠵᠢᠨ ᠯᠣᠤ ᠭᠠᠷᠤᠳᠢ ᠵᠢ ᠵᠢᠷᠤᠠᠠᠰᠠᠨᠠᠴᠠ ᠭᠡᠷᠡᠯ ᠰᠠᠴᠤᠷᠠᠭᠰᠠᠨ ᠥᠨᠭᠭᠡ ᠦᠵᠡᠮᠵᠢ᠎ᠲᠠᠢ ᠪᠤᠯᠵᠠᠢ᠃ ᠲᠡᠷᠡ᠎ᠨᠢ ᠮᠣᠩᠭᠣᠯ ᠬᠢᠲᠠᠳ ᠰᠣᠶᠣᠯ ᠤᠷᠠᠯᠢᠭ᠎ᠤᠨ ᠠᠭᠤᠰᠤᠯᠴᠠᠯ᠎ᠤᠨ ᠦᠷ᠎ᠡ ᠪᠦᠲᠦᠭᠡᠯ ᠮᠦᠨ ᠪᠦᠭᠡᠤᠨ ᠨᠠᠩ ᠴᠤ᠌ ᠮᠣᠩᠭᠣᠯ ᠬᠢᠲᠠᠳ ᠣᠯᠠᠨ ᠲᠦᠮᠡᠨ᠎ᠤ ᠬᠠᠮᠲᠤ ᠵᠢᠨ ᠣᠶᠤᠨ ᠤᠬᠠᠭ᠋ᠠᠨ᠎ᠤ ᠦᠷ᠎ᠡ ᠪᠦᠲᠦᠭᠡᠯ ᠪᠣᠯᠬᠤ ᠶᠤᠮ᠃
ᠠᠯᠲᠠᠨ ᠬᠠᠭ᠋ᠠᠨ᠎ᠤ ᠳᠠᠭ᠋ᠠᠭᠤᠯᠭ᠎ᠠ ᠪᠠ ᠦᠯᠢᠭᠡᠷ ᠳᠠᠭᠤᠷᠢᠶᠠᠯ ᠳᠣᠣᠷ᠎ᠠ ᠮᠣᠩᠭᠣᠯ᠎ᠤᠨ ᠲᠠᠯ᠎ᠠ ᠨᠤᠲᠤᠭ᠎ᠤᠨ ᠲᠠᠢ᠍ᠢ᠍ᠴᠢᠩ ᠲᠠᠶ᠋ᠢᠵᠢ᠂ ᠮᠡᠷᠭᠡᠨ ᠲᠠᠶ᠋ᠢᠵᠢ ᠵᠡᠷᠭᠡ ᠠᠶ᠋ᠢᠮᠠᠭ᠎ᠤᠨ ᠲᠦᠷᠦᠭᠦᠴᠦᠳ ᠴᠦ᠍ ᠵᠠᠯᠭ᠋ᠠᠭ᠎ᠠ᠎ᠪᠠᠷ ᠠᠯᠳᠠᠨ ᠬᠠᠭ᠋ᠠᠨ᠎ᠢ ᠳᠠᠭᠤᠷᠢᠶᠠᠵᠤ᠂ ᠥᠪᠡᠷ ᠥᠪᠡᠷ᠎ᠤᠨ ᠪᠠᠢ᠍ᠢ᠍ᠰᠢᠩ ᠵᠶ᠋ᠡᠨ ᠡᠵᠡᠩᠨᠡᠵᠦ ᠠ᠋ᠬᠢᠯᠡᠪᠡ᠃
ᠠᠷᠪᠠᠨ ᠬᠡᠳᠦᠨ ᠵᠢᠯ᠎ᠤᠨ ᠬᠥᠭᠵᠢᠯᠲᠡ᠎ᠪᠠᠷ ᠳᠠᠮᠵᠢᠭ᠋ᠠᠳ ᠹᠸᠩᠵᠸᠦ ᠵᠢᠨ ᠲᠠᠯ᠎ᠠ ᠵᠢᠨ ᠠᠵᠤ ᠠᠬᠤᠢ ᠵᠢᠨ ᠬᠥᠭᠵᠢᠯᠲᠡ ᠰᠠᠢ᠍ᠢ᠍ᠨ ᠣᠷᠴᠢᠯ᠎ᠳᠤ ᠣᠷᠣᠵᠤ᠂ ᠰᠠᠢ᠍ᠢ᠍ᠨ ᠲᠠᠷᠢᠶ᠎ᠠ ᠲᠦᠮᠡᠨ ᠴᠢᠩ᠎ᠳᠤ ᠬᠦᠷᠴᠦ᠂ ᠬᠡᠳᠦᠨ ᠵᠠᠭᠤᠨ ᠠᠶ᠋ᠢᠯ ᠲᠣᠰᠬᠣᠨ᠎ᠲᠠᠢ ᠪᠣᠯᠵᠠᠢ᠃ ᠠ᠋ᠳᠡᠭᠡᠷ ᠪᠠᠢ᠍ᠢ᠍ᠰᠢᠩᠢ ᠬᠡᠳᠦᠨ ᠠᠶ᠋ᠢᠮᠠᠭ᠎ᠲᠤ ᠬᠤᠪᠢᠶᠠᠵᠤ᠂ ᠠᠢ᠍ᠢ᠍ᠮᠠᠭ᠎ᠤᠨ ᠠᠬᠠᠯᠠᠭᠴᠢ ᠲᠤᠮᠢᠯᠠᠵᠤ ᠬᠠᠮᠢᠶᠠᠷᠤᠭᠤᠯᠵᠠᠢ᠃ ᠶᠡᠬᠡ ᠪᠠᠢ᠍ᠢ᠍ᠰᠢᠩ᠎ᠤᠨ ᠠᠢ᠍ᠢ᠍ᠮᠠᠭ ᠪᠦᠷᠢ᠎ᠳᠤ ᠨᠠᠢ᠍ᠮᠠ ᠶᠢᠰᠦᠨ ᠵᠠᠭᠤᠨ ᠬᠥᠮᠥᠨ᠎ᠲᠠᠢ᠂ ᠪᠠᠭ᠎ᠠ ᠪᠠᠢ᠍ᠢ᠍ᠰᠢᠩ᠎ᠤᠨ ᠠᠢ᠍ᠢ᠍ᠮᠠᠭ ᠪᠦᠷᠢ᠎ᠳᠤ ᠵᠢᠷᠭᠤᠭ᠎ᠠ ᠲᠤᠯᠤᠭ᠋ᠠᠨ ᠵᠠᠭᠤᠨ ᠬᠥᠮᠥᠨ᠎ᠲᠠᠢ᠂ ᠶᠡᠬᠡ ᠪᠠᠭ᠎ᠠ ᠪᠠᠢ᠍ᠢ᠍ᠰᠢᠩ᠎ᠳᠤ ᠠᠮᠢᠳᠤᠷᠠᠵᠤ ᠪᠠᠢ᠍ᠢ᠍ᠭᠰᠠᠨ ᠬᠢᠲᠠᠳ ᠬᠥᠮᠥᠨ ᠨᠡᠢ᠍ᠢ᠍ᠲᠡ ᠲᠠᠪᠤᠨ ᠲᠦᠮᠡ ᠭᠠᠷᠤᠢ ᠪᠠᠶ᠋ᠢᠪᠠ᠃
ᠯᠦᠩ ᠴᠢᠩ᠎ᠤᠨ ᠲᠠᠪᠤᠳᠤᠭ᠋ᠠᠷ ᠣᠨ (1571 ᠣᠨ)᠎ᠳᠤ᠂ ᠮᠢᠩ ᠤᠯᠤᠰ ᠮᠣᠩᠭᠣᠯ᠎ᠲᠠᠢ ᠨᠠᠶ᠋ᠢᠷᠠᠮᠳᠠᠯ᠎ᠤᠨ ᠬᠡᠯᠡᠯᠴᠡᠭᠡᠷ ᠬᠢᠵᠦ᠂ ᠠᠯᠪᠠ ᠠ᠋ᠷᠭᠦᠮᠵᠢᠯᠡᠭᠰᠡᠨᠤ ᠳᠠᠷᠠᠭ᠎ᠠ᠂ ᠶᠡᠬᠡ ᠬᠡᠮᠵᠢᠶᠡᠨ᠎ᠤ ᠬᠢᠲᠠᠳ ᠬᠥᠮᠦᠨ ᠹᠧᠩᠵᠧᠦ ᠵᠢᠨ ᠲᠠᠯ᠎ᠠ᠎ᠳᠤ ᠣᠷᠣᠵᠤ ᠢᠷᠡᠪᠡ᠃ 16 ᠳ᠋ᠤᠭ᠋ᠠᠷ ᠵᠠᠭᠤᠨ᠎ᠤ ᠰᠡᠭᠦᠯᠴᠢ ᠪᠣᠯᠬᠤ᠎ᠳᠤ ᠡᠨᠳᠡ ᠨᠢᠭᠡᠨᠲᠡ ᠠᠷᠪᠠᠨ ᠲᠦᠮᠡ ᠰᠢᠬᠠᠮ ᠬᠢᠲᠠᠳ ᠬᠥᠮᠦᠨ ᠰᠠᠭᠤᠷᠢᠰᠢᠵᠠᠢ᠃
ᠮᠣᠩᠭᠣᠯ ᠬᠢᠲᠠᠳ ᠠᠷᠠᠳ ᠲᠦᠮᠡᠨ᠎ᠤ ᠬᠠᠮᠲᠤ ᠵᠢᠨ ᠴᠢᠷᠮᠠᠶ᠋ᠢᠯᠭ᠎ᠠ ᠳᠣᠣᠷ᠎ᠠ᠂ ᠹᠸᠩᠵᠧᠦ ᠵᠢᠨ ᠲᠠᠯ᠎ᠠ 《ᠲᠦᠮᠡᠨ ᠴᠢᠩ ᠭᠠᠵᠠᠷ ᠬᠠᠭ᠋ᠠᠯᠪᠤᠷᠢᠯᠠᠵᠤ᠂ ᠬᠡᠳᠦᠨ ᠵᠠᠭᠤᠨ ᠲᠣᠰᠬᠣᠨ ᠵᠠᠯᠭ᠋ᠠᠯᠳᠤᠵᠤ᠂ ᠲᠠᠷᠢᠶ᠎ᠠ ᠲᠠᠷᠢᠵᠤ ᠵᠠᠬ᠎ᠠ ᠨᠡᠭᠡᠭᠡᠵᠦ᠂ ᠴᠡᠴᠡᠭ ᠵᠢᠮᠢᠰ ᠨᠣᠭᠣᠭ᠎ᠠ ᠴᠠᠭ᠎ᠠ ᠲᠠᠷᠢᠵᠤ᠂ ᠳᠤᠮᠳᠠᠳᠤ ᠣᠷᠣᠨ᠎ᠤ ᠳᠣᠲᠣᠷ᠎ᠠ ᠭᠠᠵᠠᠷ᠎ᠲᠠᠢ ᠢᠯᠭ᠋ᠠᠭ᠎ᠠ ᠦᠭᠡᠢ》 ᠪᠤᠯᠵᠤ᠂ ᠴᠡᠴᠡᠭᠯᠡᠨ ᠬᠥᠭᠵᠢᠭᠰᠡᠨ ᠪᠠᠶ᠋ᠢᠳᠠᠯ ᠢᠯᠡᠷᠡᠪᠡ᠃
ᠡᠨᠳᠡ ᠠᠮᠤ ᠪᠤᠳᠠᠭ᠎ᠠ ᠵᠡᠷᠭᠡ ᠠᠮᠢᠳᠤᠷᠠᠯ᠎ᠤᠨ ᠴᠢᠬᠤᠯᠠ ᠬᠡᠷᠡᠭᠴᠡᠭᠡᠨ᠎ᠤ ᠵᠦᠢ᠍ᠯ᠎ᠢ ᠦᠨᠳᠦᠰᠦᠨ᠎ᠳᠤ᠎ᠪᠠᠨ ᠥᠪᠡᠷ ᠵᠶ᠋ᠡᠨ ᠬᠠᠩᠭ᠋ᠠᠵᠤ ᠴᠢᠳᠠᠭᠰᠠᠨ ᠵᠢᠡᠷ ᠪᠠᠷᠠᠬᠤ ᠦᠭᠡᠢ ᠪᠠᠰᠠ ᠠᠷᠠᠰᠤᠨ ᠠᠪᠳᠠᠷ᠎ᠠ᠂ ᠠᠷᠠᠯᠲᠤ ᠲᠡᠷᠭᠡ᠂ ᠮᠥᠩᠭᠥᠨ ᠠᠶᠠᠭ᠎ᠠ᠂ ᠠᠯᠳᠠᠨ ᠬᠤᠨᠳᠠᠭ᠎ᠠ ᠵᠡᠷᠭᠡ ᠡᠯ᠎ᠡ ᠵᠦᠢ᠍ᠯ᠎ᠤᠨ ᠭᠠᠷ ᠤᠷᠠᠯᠠᠯ᠎ᠤᠨ ᠪᠦᠲᠦᠭᠡᠭᠳᠡᠬᠦᠨ᠎ᠢ ᠦᠢ᠍ᠯᠡᠳᠪᠦᠷᠢᠯᠡᠵᠤ ᠪᠠᠢ᠍ᠢ᠍ᠠᠠᠰᠠᠨ ᠪᠠ ᠴᠢᠨᠠᠭᠰᠢᠯᠠᠪᠠᠯ ᠲᠣᠭᠣᠰᠬ᠎ᠠ ᠰᠢᠲᠠᠭ᠋ᠠᠬᠤ᠂ ᠴᠠᠭ᠋ᠠᠰᠤ ᠬᠢᠬᠦ ᠵᠡᠷᠭᠡ ᠭᠠᠷ ᠦᠢ᠍ᠯᠡᠳᠪᠦᠷᠢ ᠵᠢᠨ ᠲᠥᠪ ᠴᠤ᠌ ᠪᠤᠢ ᠪᠣᠯᠵᠠᠢ᠃
ᠮᠥᠷᠭᠥᠯᠳᠦᠭᠡᠨ᠎ᠠᠴᠠ ᠠᠭᠤᠰᠤᠯᠴᠠᠯ ᠬᠦᠷᠲᠡᠯ᠎ᠡ᠂ ᠨᠡᠭᠦᠳᠡᠯᠯᠡᠨ ᠮᠠᠯᠵᠢᠬᠤ᠎ᠠᠴᠠ ᠰᠠᠭᠤᠷᠢᠰᠢᠯ ᠠᠮᠢᠳᠤᠷᠠᠯ ᠬᠢᠬᠦ ᠬᠦᠷᠲᠡᠯ᠎ᠡ᠂ ᠹᠸᠩᠵᠸᠤ ᠵᠢᠨ ᠲᠠᠯ᠎ᠠ ᠵᠢᠨ ᠪᠠᠢ᠍ᠢ᠍ᠰᠢᠩ᠎ᠤᠨ ᠪᠦᠲᠦᠭᠡᠨ ᠪᠠᠶ᠋ᠢᠭᠤᠯᠤᠯᠲᠠ᠎ᠨᠢ ᠮᠣᠩᠭᠣᠯ ᠬᠢᠲᠠᠳ ᠬᠣᠶᠠᠷ ᠦᠨᠳᠦᠰᠦᠲᠡᠨ᠎ᠤ ᠭᠠᠷ ᠬᠣᠯᠪᠣᠨ ᠬᠠᠮᠲᠤ᠎ᠪᠠᠷ ᠤᠷᠤᠭᠰᠢᠯᠠᠬᠰᠠᠨ ᠲᠡᠦᠬᠡᠨ ᠠᠬᠢᠴᠠ ᠵᠢ ᠭᠡᠷᠡᠴᠢᠯᠡᠵᠦ᠂ ᠦᠨᠳᠦᠰᠦᠲᠡᠨ᠎ᠤ ᠶᠠᠪᠤᠯᠴᠠᠭ᠎ᠠ᠂ ᠠᠭᠤᠰᠤᠯᠴᠠᠭ᠎ᠠ ᠪᠠ ᠬᠥᠭᠵᠢᠯᠲᠡ ᠵᠢᠨ ᠠᠮᠢᠳᠤᠯᠢᠭ ᠦᠯᠢᠭᠡᠷ ᠳᠠᠭᠤᠷᠢᠶᠠᠯ ᠪᠣᠯᠵᠠᠢ᠃
ᠭᠤᠷᠪᠠ᠂ ᠬᠦᠶ ᠬᠤᠸᠠ ᠬᠣᠲᠠ ᠬᠥᠭᠵᠢᠨ ᠮᠠᠨᠳᠤᠵᠤ᠂ ᠣᠯᠠᠨ ᠠ᠋ᠰᠢᠲᠦ ᠨᠢᠭᠡ ᠴᠣᠭᠴᠠᠵᠢᠭᠰᠠᠨ ᠲᠡᠦᠬᠡ ᠶᠢ ᠭᠡᠷᠡᠴᠢᠯᠡᠪᠡ
ᠯᠦᠩ ᠴᠢᠩ᠎ᠤᠨ ᠵᠢᠷᠭᠤᠳᠤᠭ᠋ᠠᠷ ᠣᠨ (1572 ᠣᠨ)᠎ᠳᠤ᠂ ᠠᠯᠲᠠᠨ ᠬᠠᠭ᠋ᠠᠨ ᠶᠤᠸᠠᠨ᠎ᠤ ᠳᠠᠢ᠍ᠢ᠍ᠳᠤ ᠵᠢ ᠳᠠᠭᠤᠷᠢᠶᠠᠨ ᠳᠠᠯᠠᠨ ᠬᠠᠷ᠎ᠠ ᠠᠭᠤᠯᠠ ᠵᠢᠨ ᠠ᠋ᠮᠦᠨ᠎ᠡ ᠬᠣᠷᠮᠣᠶ᠂ ᠬᠠᠲᠤᠨ ᠭᠣᠣᠯ᠎ᠤᠨ ᠬᠥᠪᠡᠭᠡᠨ᠎ᠡ ᠨᠠᠢ᠍ᠮᠠᠨ ᠰᠠᠭᠤᠷᠢ ᠠᠰᠠᠷ ᠲᠠᠭᠳᠤ᠎ᠲᠠᠢ ᠣᠷᠳᠣᠨ ᠬᠠᠷᠰᠢ ᠵᠢ ᠨᠠᠷᠢᠯᠢᠬ ᠲᠥᠯᠥᠪᠯᠡᠨ ᠪᠠᠶ᠋ᠢᠭᠤᠯᠵᠠᠶ᠃ ᠭᠤᠷᠪᠠᠨ ᠵᠢᠯ᠎ᠤᠨ ᠴᠢᠷᠮᠠᠶ᠋ᠢᠯᠭ᠎ᠠ᠎ᠪᠠᠷ ᠳᠠᠮᠵᠢᠨ ᠠ᠋ᠨᠡ ᠬᠦ᠌ ᠬᠤᠳᠠ᠎ᠨᠢ ᠸᠠᠨ ᠯᠢ ᠵᠢᠨ ᠭᠤᠷᠪᠠᠳᠤᠭ᠋ᠠᠷ ᠣᠨ (1575 ᠣᠨ)᠎ᠤ 10 ᠰᠠᠷ᠎ᠠ᠎ᠳᠤ ᠪᠠᠶ᠋ᠢᠭᠤᠯᠤᠭᠳᠠᠪᠠ᠃
ᠠ᠋ᠭᠦᠨ᠎ᠤ ᠳᠠᠷᠠᠭ᠎ᠠ᠂ ᠠᠯᠲᠠᠨ ᠬᠠᠭ᠋ᠠᠨ ᠮᠢᠩ ᠤᠯᠤᠰ᠎ᠤᠨ ᠲᠥᠷᠥ᠎ᠳᠤ ᠭᠤᠶᠤᠴᠢᠯᠠᠯ ᠭᠠᠷᠭ᠋ᠠᠵᠤ᠂ ᠥᠨᠢ ᠤᠳᠠᠭ᠋ᠠᠨ᠎ᠤ ᠤᠳᠬ᠎ᠠ ᠠᠭᠤᠯᠭ᠎ᠠ᠎ᠲᠠᠢ ᠠ᠋ᠨᠡ ᠬᠦ᠌ ᠬᠣᠲᠠ ᠪᠠᠯᠭ᠋ᠠᠳᠲᠤ ᠨᠡᠷ᠎ᠡ ᠬᠠᠢ᠍ᠢ᠍ᠷᠠᠯᠠᠵᠤ᠂ ᠢᠯᠡᠷᠬᠡᠶ᠋ᠢᠯᠡᠯ ᠣᠯᠭᠣᠬᠤ ᠵᠢ ᠬᠦᠰᠡᠪᠡ᠃ ᠲᠡᠷᠡ ᠪᠠᠰᠠ ᠵᠢᠯ ᠪᠦᠷᠢ ᠵᠢᠨ ᠬᠠᠪᠤᠷ ᠨᠠᠮᠤᠷ᠎ᠤᠨ ᠬᠣᠶᠠᠷ ᠤᠯᠠᠷᠢᠯ᠎ᠳᠤ ᠮᠢᠩ ᠤᠯᠤᠰ᠎ᠤᠨ ᠴᠡᠷᠢᠭ ᠠᠷᠠᠳ ᠬᠢᠯᠢ᠎ᠠᠴᠠ ᠭᠠᠷᠴᠤ᠂ ᠲᠤᠰ ᠬᠣᠲᠠ᠎ᠳᠤ ᠢᠷᠡᠵᠦ ᠠᠷᠠᠯᠵᠢᠶ᠎ᠠ ᠬᠢᠵᠦ᠂ ᠠᠮᠤ ᠪᠤᠳᠠᠭ᠎ᠠ ᠵᠡᠷᠭᠡ ᠠ᠋ᠳ᠋ ᠪᠣᠳᠠᠰ ᠬᠠᠩᠭ᠋ᠠᠬᠤ ᠵᠢ ᠬᠦᠰᠡᠪᠡ᠃
ᠮᠢᠩ ᠤᠯᠤᠰ᠎ᠤᠨ ᠸᠠᠨ ᠯᠢ ᠬᠠᠭ᠋ᠠᠨ ᠠ᠋ᠨᠡ ᠬᠣᠲᠠ᠎ᠳᠤ 《ᠬᠦᠶ ᠬᠤᠸᠠ》 ᠭᠡᠰᠡᠨ ᠨᠡᠷ᠎ᠡ ᠬᠠᠢ᠍ᠢ᠍ᠷᠠᠯᠠᠵᠤ᠂ ᠮᠢᠩ᠎ᠤᠨ ᠬᠠᠭ᠋ᠠᠨ᠎ᠳᠤ ᠤᠷᠤᠵᠤ ᠦᠭᠴᠦ ᠳᠠᠭ᠋ᠠᠬᠤ ᠵᠢ ᠪᠡᠯᠭᠡᠳᠡᠵᠡᠶ᠃
ᠬᠦᠶ ᠬᠤᠸᠠ ᠬᠣᠲᠠ ᠵᠢᠨ ᠬᠡᠷᠡᠮ᠎ᠢ ᠪᠦᠷ ᠬᠥᠬᠡ ᠲᠣᠭᠣᠰᠬ᠎ᠠ᠎ᠪᠠᠷ ᠪᠠᠷᠢᠠᠠᠰᠠᠨ ᠪᠠ ᠬᠣᠯᠠ᠎ᠠᠴᠠ ᠬᠠᠷᠠᠬᠤ᠎ᠳᠤ ᠬᠥᠬᠡᠷᠡᠨ ᠦᠵᠡᠭᠳᠡᠬᠦ ᠲᠤᠯᠠ ᠮᠣᠩᠭᠣᠯᠴᠤᠳ ᠲᠡᠭᠦᠨ᠎ᠢ 《ᠬᠦᠬᠡᠬᠤᠳᠠ》 ᠬᠡᠮᠡᠨ ᠨᠡᠷᠡᠯᠡᠵᠠᠢ᠂ ᠲᠡᠷᠡ᠎ᠨᠢ 《ᠬᠥᠬᠡ ᠥᠨᠭᠭᠡ᠎ᠲᠠᠢ ᠬᠣᠲᠠ》 ᠭᠡᠰᠡᠨ ᠦᠭᠡ ᠶᠤᠮ᠃
ᠸᠠᠨ ᠯᠢ ᠵᠢᠨ ᠶᠢᠰᠦᠳᠦᠭᠡᠷ ᠣᠨ (1581 ᠣᠨ)᠎ᠳᠤ᠂ ᠠᠯᠲᠠᠨ ᠬᠠᠭ᠋ᠠᠨ ᠳᠠᠬᠢᠨᠲᠠ ᠶᠡᠬᠡ ᠬᠡᠮᠵᠢᠶ᠎ᠡ᠎ᠪᠠᠷ ᠪᠠᠷᠢᠯᠭ᠎ᠠ ᠪᠠᠷᠢᠵᠤ᠂ ᠭᠦᠢ ᠬᠤᠸᠠ ᠬᠤᠲᠠ ᠵᠢ ᠠ᠋ᠷᠭᠢᠨ ᠲᠣᠭᠣᠷᠢᠨ ᠬᠣᠷᠢᠨ ᠭᠠᠵᠠᠷ ᠪᠣᠯᠭ᠋ᠠᠨ ᠥᠷᠭᠡᠳᠬᠡᠨ ᠪᠠᠶ᠋ᠢᠭᠤᠯᠬᠤ᠎ᠪᠠᠷ ᠲᠥᠯᠥᠪᠯᠡᠪᠡ᠃ ᠲᠤᠬᠠᠶ ᠵᠢᠨ ᠦᠶ᠎ᠡ ᠵᠢᠨ ᠨᠥᠬᠥᠴᠡᠯ ᠳᠣᠣᠷ᠎ᠠ ᠠ᠋ᠶ᠋ᠢᠮᠦᠷᠬᠦᠦ ᠠᠤᠭ᠎ᠠ ᠶᠡᠬᠡ ᠪᠠᠷᠢᠯᠭ᠎ᠠ ᠵᠢ ᠬᠢᠲᠠᠳ ᠤᠷᠠᠴᠤᠳ ᠬᠠᠪᠰᠤᠷᠬᠤ ᠦᠭᠡᠢ ᠪᠣᠯ ᠮᠣᠩᠭᠣᠯᠴᠤᠳ ᠭᠠᠭᠴᠠᠭ᠋ᠠᠷ ᠵᠶ᠋ᠠᠨ ᠪᠡᠶᠡᠯᠡᠭᠦᠯᠵᠦ ᠴᠢᠳᠠᠬᠤ ᠦᠭᠡᠢ ᠶᠤᠮ᠃
ᠠ᠋ᠶ᠋ᠢᠮᠦ᠎ᠠᠴᠠ ᠠᠯᠲᠠᠨ ᠬᠠᠭ᠋ᠠᠨ ᠮᠢᠩ ᠤᠯᠤᠰ᠎ᠲᠤ ᠳᠠᠬᠢᠨᠲᠠ ᠭᠤᠶᠤᠴᠢᠯᠠᠯ ᠭᠠᠷᠭ᠋ᠠᠵᠤ᠂ ᠬᠡᠳᠦᠨ ᠮᠢᠩᠭ᠋ᠠᠨ ᠤᠷᠠᠴᠤᠳ᠂ ᠬᠡᠳᠦᠨ ᠵᠠᠭᠤᠨ ᠲᠡᠷᠭᠡ ᠬᠥᠰᠬᠡ ᠪᠠ ᠰᠢᠷ ᠪᠤᠳᠤᠭ᠂ ᠠᠮᠤ ᠪᠤᠳᠠᠭ᠎ᠠ ᠵᠡᠷᠭᠡ ᠠ᠋ᠳ᠋ ᠪᠣᠳᠠᠰ ᠬᠠᠩᠭ᠋ᠠᠬᠤ ᠵᠢ ᠬᠦᠰᠡᠪᠡ᠃ ᠮᠢᠩ ᠤᠯᠤᠰ᠎ᠠᠴᠠ ᠨᠢᠭᠡᠳ ᠨᠢᠭᠡ᠎ᠪᠠᠷ ᠵᠥᠪᠰᠢᠶᠡᠷᠡᠭᠰᠡᠨ ᠵᠢᠡᠷ ᠬᠦᠶ ᠬᠤᠸᠠ ᠬᠣᠲᠠ ᠵᠢᠨ ᠭᠠᠳᠠᠷ ᠬᠣᠲᠠ ᠵᠢ ᠥᠷᠭᠡᠳᠬᠡᠨ ᠪᠠᠶ᠋ᠢᠭᠤᠯᠬᠤ ᠠᠵᠢᠯ᠎ᠢ ᠤᠷᠤᠭᠰᠢᠲᠠᠶ ᠪᠡᠶᠡᠯᠡᠭᠦᠯᠵᠡᠢ᠃
ᠠᠯᠲᠠᠨ ᠬᠠᠭ᠋ᠠᠨ ᠪᠣᠯᠤᠨ ᠲᠡᠭᠦᠨ᠎ᠤ ᠵᠠᠯᠭ᠋ᠠᠮᠵᠢᠯᠠᠭᠴᠢ ᠵᠢᠨ ᠠᠬᠢᠭᠤᠯᠤᠯ ᠳᠣᠣᠷ᠎ᠠ᠂ ᠮᠣᠩᠭᠣᠯ ᠦᠨᠳᠦᠰᠦᠲᠡᠨ ᠪᠣᠯᠤᠨ ᠬᠢᠲᠠᠳ ᠦᠨᠳᠦᠰᠦᠲᠡᠨ᠎ᠤ ᠠᠷᠠᠳ ᠣᠯᠠᠨ ᠰᠡᠳᠬᠢᠯ ᠨᠢᠭᠡᠤᠡᠴᠤ ᠬᠦᠴᠦ᠎ᠪᠠᠨ ᠬᠠᠮᠲᠤᠳᠬᠠᠨ ᠪᠦᠳᠦᠭᠡᠨ ᠪᠠᠢ᠍ᠭᠤᠯᠤᠠᠠᠰᠠᠨ ᠵᠢᠡᠷ ᠭᠦᠢ ᠬᠤᠸᠠ ᠬᠤᠲᠠ᠎ᠨᠢ ᠹᠧᠩᠵᠧᠦ ᠵᠢᠨ ᠲᠠᠯ᠎ᠠ ᠵᠢᠨ ᠤᠤᠯ᠎ᠤᠨ ᠪᠠᠢ᠍ᠢ᠍ᠰᠢᠩ᠎ᠤᠨ ᠰᠠᠭᠤᠷᠢᠨ ᠳᠡᠭᠡᠷ᠎ᠡ ᠠᠭ᠋ᠠᠵᠢᠮ ᠵᠶ᠋ᠠᠷ ᠬᠥᠭᠵᠢᠨ ᠪᠤᠵᠠᠭ᠋ᠠᠶ᠋ᠢᠷᠠᠪᠠ᠃ ᠢᠩᠬᠢᠭᠡᠤᠨ ᠬᠦᠢ ᠬᠤᠸᠠ ᠬᠤᠳᠠ᠎ᠨᠢ ᠦᠨᠳᠦᠰᠦᠲᠡᠨ᠎ᠨᠦᠭᠦᠳ᠎ᠤᠨ ᠨᠥᠬᠥᠷᠰᠡᠭ ᠵᠶ᠋ᠡᠷ ᠬᠠᠷᠢᠯᠴᠠᠨ ᠰᠠᠭᠤᠷᠢᠰᠢᠭᠰᠠᠨ ᠣᠷᠣᠨ ᠪᠤᠯᠤᠠᠠᠰᠠᠨ ᠵᠢᠡᠷ ᠪᠠᠷᠠᠬᠤ ᠦᠭᠡᠢ ᠪᠠᠰᠠ ᠮᠠᠯ ᠠᠵᠤ ᠠᠬᠤᠢ᠂ ᠲᠠᠷᠢᠶᠠᠯᠠᠩ᠂ ᠭᠠᠷ ᠦᠢ᠍ᠯᠡᠳᠪᠦᠷᠢ ᠪᠠ ᠬᠤᠳᠠᠯᠳᠤᠭ᠎ᠠ ᠥᠷᠨᠢᠩᠭᠦᠢ ᠬᠥᠭᠵᠢᠭᠰᠡᠨ ᠣᠷᠣᠨ ᠪᠤᠯᠵᠠᠢ᠃
ᠮᠢᠩ ᠤᠯᠤᠰ᠎ᠠᠴᠠ ᠬᠣᠶ᠋ᠢᠰᠢ ᠬᠦᠶ ᠬᠤᠸᠠ ᠬᠣᠲᠠ ᠦᠷᠭᠦᠯᠵᠢᠯᠡᠨ ᠬᠥᠭᠵᠢᠵᠦ᠂ ᠥᠪᠥᠷ ᠮᠣᠩᠭᠣᠯ ᠣᠷᠣᠨ᠎ᠤ ᠴᠢᠬᠤᠯᠠ ᠤᠯᠤᠰ ᠲᠥᠷᠥ᠂ ᠠᠵᠤ ᠠᠬᠤᠶ ᠪᠠ ᠰᠣᠶᠣᠯ᠎ᠤᠨ ᠲᠥᠪ ᠪᠣᠯᠤᠭᠰᠠᠨ ᠪᠠᠶ᠋ᠢᠨ᠎ᠠ᠃
1954 ᠣᠨ᠎ᠳᠤ ᠭᠦᠢ ᠬᠤᠸᠠ ᠬᠤᠲᠠ ᠪᠣᠯᠤᠨ ᠰᠦᠢ᠍ᠶᠤᠸᠠᠨ ᠬᠣᠲᠠ ᠨᠡᠶ᠋ᠢᠯᠡᠵᠦ᠂ ᠵᠢᠩᠬᠢᠨᠢ᠎ᠪᠠᠷ ᠬᠥᠬᠡᠬᠣᠲᠠ ᠭᠡᠵᠦ ᠨᠡᠷ᠎ᠡ᠎ᠪᠠᠨ ᠬᠠᠯᠠᠪᠠ᠃
ᠬᠠᠮᠤᠭ᠎ᠤᠨ ᠠᠩᠬᠠᠨ᠎ᠤ ᠪᠠᠭ᠎ᠠ ᠪᠠᠢ᠍ᠢ᠍ᠰᠢᠩ ᠪᠠᠶ᠋ᠢᠭᠰᠠᠨ᠎ᠠᠴᠠ᠎ᠪᠠᠨ ᠶᠡᠬᠡ ᠪᠠᠢ᠍ᠢ᠍ᠰᠢᠩ ᠪᠣᠯᠵᠤ᠂ ᠳᠠᠬᠢᠭ᠋ᠠᠳ ᠬᠦᠶ ᠬᠤᠸᠠ ᠬᠣᠲᠠ ᠵᠢᠨ ᠪᠥᠲᠥᠭᠡᠨ ᠪᠠᠶ᠋ᠢᠭᠤᠯᠤᠯᠲᠠ ᠪᠠ ᠬᠥᠭᠵᠢᠯᠲᠡ ᠬᠦᠷᠲᠡᠯᠡᠬᠢ ᠠ᠋ᠨᠡ ᠬᠦ᠌ ᠶᠠᠪᠤᠴᠠ᠎ᠨᠢ ᠳᠤᠮᠳᠠᠳᠤ ᠵᠢᠨ ᠦᠨᠳᠦᠰᠦᠲᠡᠨ᠎ᠤ ᠣᠯᠠᠨ ᠠ᠋ᠰᠢᠲᠦ ᠨᠢᠭᠡ ᠴᠣᠭᠴᠠᠵᠢᠭᠰᠠᠨ ᠲᠡᠦᠬᠡᠨ ᠪᠠᠶ᠋ᠢᠷᠢᠰᠢᠯ᠎ᠢ ᠭᠦᠢ᠍ᠴᠡᠳ ᠢᠯᠡᠷᠡᠭᠦᠯᠵᠡᠶ᠃ ᠥᠨᠥᠳᠦᠷ ᠬᠦᠷᠲᠡᠯ᠎ᠡ ᠠᠯᠳᠠᠷᠰᠢᠵᠤ ᠪᠠᠶ᠋ᠢᠭ᠎ᠠ 《ᠪᠠᠢ᠍ᠢ᠍ᠰᠢᠩ (板)》 ᠭᠡᠮᠡᠭᠰᠡᠨ ᠲᠣᠰᠬᠣᠨᠨᠤᠭᠤᠳᠨᠢ ᠦᠨᠳᠦᠰᠦᠲᠡᠨ᠎ᠤ ᠪᠦᠯᠬᠦᠮᠳᠡᠯ ᠬᠢᠭᠡᠳ ᠠᠭᠤᠰᠤᠯᠴᠠᠯ᠎ᠤᠨ ᠥᠯᠢᠭᠡᠷ᠎ᠢ ᠠᠴᠢᠶᠠᠯᠠᠵᠤ᠂ ᠰᠢᠨ᠎ᠡ ᠴᠠᠭ ᠦᠶ᠎ᠡ ᠵᠢᠨ ᠬᠡᠷᠡᠯ ᠰᠠᠴᠤᠷᠠᠩᠭᠤᠶ ᠬᠠᠭᠤᠳᠠᠰᠤ ᠶᠢ ᠦᠷᠭᠦᠯᠵᠢᠯᠡᠨ ᠪᠢᠴᠢᠭᠯᠡᠵᠦ ᠪᠠᠶ᠋ᠢᠨ᠎ᠠ᠃