ᠰᠢ ᠵᠢᠨ ᠫᠢᠩ᠎ᠤᠨ ᠰᠢᠨ᠎ᠡ ᠴᠠᠭ ᠦᠶ᠎ᠡ ᠵᠢᠨ ᠳᠤᠮᠳᠠᠳᠤ ᠤᠯᠤᠰ᠎ᠤᠨ ᠣᠨᠴᠠᠯᠢᠭ᠎ᠲᠠᠢ ᠨᠡᠢ᠌ᠭᠡᠮ ᠵᠢᠷᠤᠮ᠎ᠤᠨ ᠦᠵᠡᠯ ᠰᠠᠨᠠᠭ᠎ᠠ ᠵᠢ ᠰᠤᠷᠤᠯᠴᠠᠨ ᠲᠤᠭᠤᠰᠢᠯᠠᠭᠤᠯᠬᠤ ᠭᠣᠤᠯ ᠰᠡᠳᠦᠪᠲᠦ ᠬᠥᠮᠦᠵᠢᠯ᠎ᠤᠨ ᠦᠷ᠎ᠡ ᠪᠦᠲᠦᠮᠵᠢ ᠵᠢ ᠪᠡᠬᠢᠵᠢᠭᠦᠯᠦᠨ ᠳᠡᠭᠡᠭᠰᠢᠯᠡᠭᠦᠯᠵᠦ᠂ ᠨᠠᠮ᠎ᠤᠨ ᠰᠤᠷᠲᠠᠯ ᠴᠢᠬᠡᠴᠢ ᠵᠠᠰᠠᠭ᠎ᠤᠨ ᠪᠠᠢ᠌ᠭᠤᠯᠤᠯᠲᠠ ᠵᠢ ᠦᠷᠭᠦᠯᠵᠢᠯᠡᠨ ᠠᠬᠢᠭᠤᠯᠵᠤ᠂ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠵᠥᠪᠯᠡᠯ᠎ᠤᠨ ᠰᠢᠰᠲ᠋ᠧᠮ᠎ᠤᠨ ᠺᠠᠳ᠋ᠷ ᠠᠵᠢᠯᠲᠠᠨ ᠠᠵᠢᠯᠴᠢᠨ᠎ᠤ ᠠᠷᠢᠭᠤᠨ ᠴᠢᠬᠡᠴᠢ᠎ᠪᠠᠷ ᠪᠡᠶ᠎ᠡ᠎ᠪᠠᠨ ᠱᠠᠭ᠋ᠠᠷᠳᠠᠬᠤ ᠤᠬᠠᠮᠰᠠᠷ᠎ᠢ ᠳᠡᠭᠡᠭᠰᠢᠯᠡᠭᠦᠯᠵᠦ᠂ ᠢᠯᠵᠢᠷᠡᠯ᠎ᠢ ᠡᠰᠡᠷᠭᠦᠴᠡᠵᠦ ᠬᠤᠪᠢᠷᠠᠬᠤ ᠵᠢ ᠰᠡᠷᠭᠡᠢ᠌ᠯᠡᠬᠦ ᠦᠵᠡᠯ ᠰᠠᠨᠠᠭ᠋ᠠᠨ᠎ᠤ ᠰᠡᠷᠭᠡᠢ᠌ᠯᠡᠯᠲᠡ ᠵᠢᠨ ᠱᠤᠭᠤᠮ᠎ᠢ ᠪᠠᠲᠤ ᠴᠣᠭᠴᠠᠯᠠᠬᠤ ᠵᠢᠨ ᠲᠥᠯᠥᠭᠡ᠂ 11 ᠳ᠋ᠤᠬᠡᠷ ᠰᠠᠷ᠎ᠠ ᠵᠢᠨ 9᠎ᠤ ᠡᠳᠦᠷ᠂ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠵᠥᠪᠯᠡᠯ ᠬᠥᠬᠡᠬᠣᠲᠠ ᠵᠢᠨ ᠦᠨᠳᠦᠰᠦᠲᠡᠨ᠎ᠤ ᠵᠥᠪᠯᠡᠯ᠎ᠲᠠᠢ ᠬᠠᠮᠲᠤᠷᠠᠨ ᠠᠷᠢᠭᠤᠨ ᠴᠢᠬᠡᠴᠢ ᠵᠢᠨ ᠬᠥᠮᠦᠵᠢᠯ᠎ᠤᠨ ᠭᠣᠤᠯ ᠰᠡᠳᠦᠪᠲᠦ ᠨᠠᠮ᠎ᠤᠨ ᠡᠳᠦᠷ ᠵᠢᠴᠢ ᠴᠢᠬᠡᠴᠢ ᠵᠠᠰᠠᠭ᠎ᠤᠨ ᠬᠥᠮᠦᠵᠢᠯ᠎ᠤᠨ ᠠᠵᠢᠯᠯᠠᠭ᠎ᠠ ᠥᠷᠨᠢᠭᠦᠯᠪᠡ᠃
ᠪᠦᠬᠦ ᠨᠠᠮ᠎ᠤᠨ ᠭᠡᠰᠢᠭᠦᠨ ᠺᠠᠳ᠋ᠷ ᠲᠠᠢ᠌ᠯᠪᠤᠷᠢᠯᠠᠭᠴᠢ ᠵᠢᠨ ᠳᠠᠭ᠋ᠠᠭᠤᠯᠭ᠎ᠠ᠎ᠪᠠᠷ᠂ 《ᠴᠢᠩᠭ᠎ᠠ᠂ ᠬᠣᠷᠢᠭᠯᠠᠬᠤ᠂ ᠰᠡᠷᠬᠡᠢ᠌ᠯᠡᠬᠦ᠂ ᠢᠴᠢᠩᠭᠦᠷᠡᠬᠦ᠂ ᠲᠣᠯᠢᠳᠠᠬᠤ》 ᠲᠠᠪᠤᠨ ᠦᠵᠡᠭᠦᠯᠭᠡ ᠵᠢᠨ ᠲᠣᠭᠣᠷᠢᠭ ᠪᠣᠯᠤᠨ ᠢᠯᠵᠢᠷᠡᠯ᠎ᠢ ᠡᠰᠡᠷᠭᠦᠴᠡᠬᠦ ᠦᠵᠡᠭᠦᠯᠭᠡ ᠵᠢᠨ ᠤᠷᠳᠤ ᠬᠤᠩᠬᠢᠯ᠎ᠢ ᠲᠣᠭᠣᠷᠢᠨ ᠦᠵᠡᠪᠡ᠂ ᠦᠵᠡᠭᠦᠯᠭᠡ ᠵᠢᠨ ᠲᠣᠭᠣᠷᠢᠭ᠎ᠨᠢ ᠬᠡᠷᠡᠭ᠎ᠤᠨ ᠵᠢᠱ᠌ᠢᠶ᠎ᠡ᠎ᠪᠠᠷ ᠬᠠᠤᠯᠢ ᠵᠢ ᠲᠠᠢ᠌ᠯᠪᠤᠷᠢᠯᠠᠵᠤ᠂ ᠬᠡᠷᠡᠭ᠎ᠤᠨ ᠵᠢᠱ᠌ᠢᠶ᠎ᠡ᠎ᠪᠠᠷ ᠴᠡᠭᠴᠡᠯᠡᠨ ᠰᠠᠢ᠌ᠵᠢᠷᠠᠭᠤᠯᠬᠤ ᠵᠢ ᠠᠬᠢᠭᠤᠯᠵᠤ᠂ ᠬᠡᠷᠡᠭ᠎ᠤᠨ ᠵᠢᠱ᠌ᠢᠶ᠎ᠡ᠎ᠪᠠᠷ ᠰᠡᠷᠡᠮᠵᠢᠯᠡᠭᠦᠯᠵᠦ᠂ ᠤᠢ᠍ᠢ᠍ᠷ᠎ᠠ ᠵᠢᠨ ᠵᠢᠯ᠎ᠤᠨ ᠲᠤᠷᠰᠢᠬᠢ ᠨᠠᠮ᠎ᠤᠨ ᠰᠤᠷᠲᠠᠯ ᠴᠢᠬᠡᠴᠢ ᠵᠠᠰᠠᠭ᠎ᠤᠨ ᠪᠠᠢ᠌ᠭᠤᠯᠤᠯᠲᠠ ᠪᠣᠯᠤᠨ ᠢᠯᠵᠢᠷᠡᠯ᠎ᠢ ᠡᠰᠡᠷᠭᠦᠴᠡᠬᠦ ᠠᠵᠢᠯ᠎ᠤᠨ ᠴᠢᠬᠤᠯᠠ ᠶᠡᠬᠡ ᠠᠷᠭ᠎ᠠ ᠬᠡᠮᠵᠢᠢ᠎ᠡ ᠵᠢ ᠪᠦᠬᠦ ᠲᠠᠯ᠎ᠠ᠎ᠪᠠᠷ ᠢᠯᠡᠷᠡᠭᠦᠯᠵᠦ᠂ ᠦᠨᠡᠨ ᠪᠣᠳᠠᠲᠠᠢ ᠠᠮᠢᠳᠤᠯᠢᠭ ᠵᠢᠱ᠌ᠢᠢᠡᠨᠤᠭᠤᠳ᠂ ᠦᠰᠦᠭ ᠵᠢᠷᠤᠭ᠎ᠢ ᠬᠠᠮᠳᠤᠳᠠ ᠳᠡᠯᠭᠡᠭᠰᠡᠨ ᠦᠵᠡᠭᠦᠯᠭᠡ᠂ ᠤᠩᠰᠢᠭᠰᠠᠨ ᠪᠦᠬᠦᠨ᠎ᠢ ᠬᠦᠨ᠎ᠡ ᠰᠡᠳᠬᠢᠭᠦᠯᠬᠦ ᠦᠰᠦᠭ ᠪᠢᠴᠢᠭ ᠵᠶ᠋ᠡᠷ ᠳᠠᠮᠵᠢᠭᠤᠯᠤᠨ ᠨᠠᠮ᠎ᠤᠨ ᠭᠡᠰᠢᠭᠦᠨ ᠺᠠᠳ᠋ᠷ᠎ᠲᠤ ᠨᠢᠬᠡ ᠤᠳᠠᠭ᠋ᠠᠨ᠎ᠤ ᠴᠢᠬᠡᠴᠢ ᠵᠠᠰᠠᠭ᠎ᠤᠨ ᠬᠥᠮᠦᠵᠢᠯ᠎ᠤᠨ ᠠᠮᠢᠳᠤᠯᠢᠭ ᠤᠢ᠌ᠯᠠᠭ᠋ᠠᠮᠵᠢᠳᠠᠢ ᠬᠢᠴᠢᠶᠡᠯ ᠣᠷᠣᠪᠠ᠃
ᠲᠣᠭᠣᠷᠢᠨ ᠦᠵᠡᠵᠦ ᠰᠤᠷᠤᠯᠴᠠᠬᠤ᠎ᠪᠠᠷ ᠳᠠᠮᠵᠢᠵᠤ᠂ ᠣᠯᠠᠨ ᠵᠶ᠋ᠠᠷ ᠵᠶ᠋ᠠᠨ ᠰᠡᠷᠡᠮᠵᠢᠯᠡᠭᠦᠯᠬᠦ ᠬᠡᠷᠡᠭ᠎ᠤᠨ ᠵᠢᠱ᠌ᠢᠶ᠎ᠡ᠎ᠠᠴᠠ ᠰᠤᠷᠭ᠋ᠠᠮᠵᠢ ᠠᠪᠴᠤ᠂ ᠤᠬᠠᠮᠰᠠᠷ᠎ᠠᠴᠠ᠎ᠪᠠᠨ ᠠᠷᠢᠭᠤᠨ ᠴᠢᠬᠡᠴᠢ᠎ᠪᠠᠷ ᠪᠡᠶ᠎ᠡ᠎ᠪᠠᠨ ᠱᠠᠭ᠋ᠠᠷᠳᠠᠬᠤ ᠶᠣᠰᠣ ᠰᠤᠷᠲᠠᠬᠤᠨ᠎ᠤ ᠰᠠᠬᠢᠯᠢ ᠴᠢᠩᠭ᠋ᠠᠳᠬᠠᠵᠤ᠂ ᠬᠦᠰᠡᠯᠡᠩ ᠢᠲᠡᠭᠡᠯ ᠪᠢᠰᠢᠷᠡᠯ ᠵᠶ᠋ᠡᠨ ᠪᠠᠳᠤᠳᠬᠠᠵᠤ᠂ ᠢᠯᠵᠠᠷᠠᠯ᠎ᠢ ᠡᠰᠡᠷᠭᠦᠴᠡᠵᠦ ᠬᠤᠪᠢᠷᠠᠬᠤ ᠵᠢ ᠰᠡᠷᠭᠡᠢ᠌ᠯᠡᠬᠦ ᠴᠢᠳᠠᠪᠤᠷᠢ᠎ᠪᠠᠨ ᠦᠨᠡᠨ ᠬᠦ᠌ ᠴᠢᠩᠭ᠋ᠠᠳᠬᠠᠵᠤ᠂ ᠲᠥᠪ᠎ᠤᠨ ᠨᠠᠢ᠍ᠮᠠᠨ ᠲᠦᠷᠦᠯ᠎ᠤᠨ ᠲᠣᠭᠲᠠᠭ᠋ᠠᠯ ᠵᠢᠴᠢ ᠬᠡᠷᠡᠭᠵᠢᠭᠦᠯᠬᠦ ᠨᠠᠷᠢᠨ ᠳᠦᠷᠢᠮ᠎ᠤᠨ ᠵᠣᠷᠢᠭ ᠰᠠᠨᠠᠭ᠎ᠠ ᠵᠢ ᠴᠢᠩᠭ᠎ᠠ ᠵᠢᠷᠤᠮᠯᠠᠵᠤ᠂ ᠢᠮᠠᠭᠲᠠ ᠥᠪᠡᠷ᠎ᠢ᠎ᠪᠠᠨ ᠴᠢᠩᠳᠠᠯᠠᠵᠤ᠂ ᠬᠤᠪᠳᠤᠭ ᠰᠢᠨᠤᠯ᠎ᠤᠨ ᠬᠣᠣᠷ ᠬᠥᠨᠥᠭᠡᠯ᠎ᠢ ᠢᠮᠠᠭᠳᠠ ᠴᠡᠬᠡᠵᠢᠯᠡᠵᠦ᠂ ᠳᠠᠰᠤᠷᠠᠯᠳᠠ ᠦᠬᠡᠢ ᠥᠪᠡᠷ᠎ᠢ᠎ᠪᠠᠨ ᠬᠦᠨᠳᠦᠳᠬᠡᠵᠦ᠂ ᠥᠪᠡᠷ᠎ᠢ᠎ᠪᠠᠨ ᠬᠢᠨᠠᠵᠤ᠂ ᠥᠪᠡᠷ᠎ᠢ᠎ᠪᠠᠨ ᠰᠡᠷᠡᠮᠵᠢᠯᠡᠬᠦᠯᠵᠦ᠂ ᠡᠭᠦᠷᠭᠡ ᠬᠠᠷᠢᠭᠤᠴᠠᠯᠭ᠎ᠠ᠎ᠪᠠᠨ ᠴᠢᠷᠮᠠᠢ᠌ᠨ ᠭᠦᠢ᠍ᠴᠡᠳᠬᠡᠵᠦ᠂ ᠠᠵᠢᠯ ᠵᠶ᠋ᠠᠨ ᠯᠠᠪᠳᠠᠭᠤᠨ ᠪᠠᠲᠤᠲᠠᠢ ᠥᠷᠨᠢᠭᠦᠯᠵᠦ᠂ ᠰᠢᠨ᠎ᠡ ᠴᠠᠭ ᠦᠶ᠎ᠡ ᠵᠢᠨ ᠨᠠᠮ᠎ᠤᠨ ᠦᠨᠳᠦᠰᠦᠲᠡᠨ᠎ᠤ ᠠᠵᠢᠯ᠎ᠤᠨ ᠴᠢᠨᠠᠷ ᠰᠠᠢ᠌ᠲᠠᠢ ᠬᠥᠭᠵᠢᠯᠲᠡ᠎ᠳᠤ ᠦᠵᠡᠭᠦᠯᠪᠡᠰᠦ ᠵᠣᠬᠢᠬᠤ ᠬᠤᠪᠢ ᠨᠡᠮᠡᠷᠢ᠎ᠪᠠᠨ ᠦᠵᠡᠭᠦᠯᠦᠨ᠎ᠡ ᠭᠡᠵᠦ ᠢᠯᠡᠳᠬᠡᠵᠡᠭᠡᠪᠡ᠃
ᠣᠷᠴᠢᠭᠤᠯᠤᠭᠴᠢ᠄ ᠣᠶᠤᠨᠰᠡᠴᠡᠨ
ᠬᠢᠨᠠᠨ ᠨᠠᠢ᠌ᠷᠠᠭᠤᠯᠤᠭᠴᠢ᠄ ᠠᠳᠢᠶ᠎ᠠ ᠰᠠᠴᠤᠷᠠᠯ
ᠶᠡᠷᠦᠩᠬᠡᠢ ᠬᠢᠨᠠᠨ ᠨᠠᠢ᠌ᠷᠠᠭᠤᠯᠤᠭᠴᠢ᠄ ᠪᠠᠶᠠᠨᠴᠢᠮᠡᠭ