ᠲᠡᠷᠢᠭᠦᠨ ᠬᠠᠭᠤᠳᠠᠰᠤ   -   ᠴᠢᠬᠤᠯᠠ ᠮᠡᠳᠡᠭᠡ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠵᠥᠪᠯᠡᠯ᠎ᠨᠢ ᠰᠣᠨᠢᠨ ᠮᠡᠳᠡᠭᠡᠨ᠎ᠤ ᠵᠠᠭᠤᠴᠢᠯᠠᠭᠤᠷ᠎ᠤᠨ ᠶᠠᠷᠢᠯᠴᠠᠬᠤ ᠬᠤᠷᠠᠯ᠎ᠢ ᠵᠤᠬᠢᠶᠠᠨ ᠪᠠᠢ᠌ᠭᠤᠯᠤᠨ ᠬᠤᠷᠠᠯᠳᠤᠭᠤᠯᠪᠠ
ᠨᠡᠶ᠋ᠢᠲᠡᠯᠡᠭᠰᠡᠨ ᠴᠠᠭ᠄ 2025-04-27

      4  ᠳ᠋ᠦ᠍ᠭᠡᠷ  ᠰᠠᠷ᠎ᠠ ᠵᠢᠨ 25᠎ᠤ  ᠡᠳᠦᠷ ᠂  ᠥᠪᠥᠷ  ᠮᠣᠩᠭᠣᠯ᠎ᠤᠨ  ᠥᠪᠡᠷᠲᠡᠭᠡᠨ  ᠵᠠᠰᠠᠬᠤ  ᠣᠷᠣᠨ᠎ᠤ  ᠦᠨᠳᠦᠰᠦᠲᠡᠨ᠎ᠤ  ᠵᠥᠪᠯᠡᠯ ᠎ᠨᠢ  ᠰᠣᠨᠢᠨ  ᠮᠡᠳᠡᠭᠡᠨ᠎ᠤ  ᠵᠠᠭᠤᠴᠢᠯᠠᠭᠤᠷ᠎ᠤᠨ  ᠶᠠᠷᠢᠯᠴᠠᠬᠤ  ᠬᠤᠷᠠᠯ᠎ᠢ  ᠵᠣᠬᠢᠶᠠᠨ  ᠪᠠᠢ᠌ᠭᠤᠯᠤᠨ  ᠬᠤᠷᠠᠯᠳᠤᠭᠤᠯᠵᠤ ᠂  ᠥᠪᠡᠷᠲᠡᠭᠡᠨ  ᠵᠠᠰᠠᠬᠤ  ᠣᠷᠣᠨ᠎ᠤ  ᠦᠨᠳᠦᠰᠦᠲᠡᠨ᠎ᠤ  ᠵᠥᠪᠯᠡᠯ᠎ᠤᠨ  ᠨᠠᠮ᠎ᠤᠨ  ᠤᠳᠤᠷᠢᠳᠬᠤ  ᠳᠤᠭᠤᠢ᠌ᠯᠠᠩ᠎ᠤᠨ  ᠪᠦᠷᠢᠯᠳᠦᠭᠦᠨ ᠂  ᠳᠡᠳ᠋  ᠡᠷᠬᠢᠯᠡᠭᠴᠢ  ᠯᠢ  ᡁᠢ  ᠶᠸᠤ  ᠬᠤᠷᠠᠯ  ᠡᠷᠬᠢᠯᠡᠵᠦ  ᠶᠠᠷᠢᠶ᠎ᠠ  ᠲᠠᠯᠪᠢᠪᠠ ᠃ 

图片1.png

      ᠶᠠᠷᠢᠯᠴᠠᠬᠤ  ᠬᠤᠷᠠᠯ  ᠳᠡᠭᠡᠷ᠎ᠡ ᠂  ᠠᠷᠠᠳ᠎ᠤᠨ  ᠰᠦᠯᠵᠢᠶ᠎ᠡ ᠵᠢᠨ  ᠥᠪᠥᠷ  ᠮᠣᠩᠭᠣᠯ  ᠰᠤᠪᠠᠭ ᠂  ᠰᠢᠨᠬᠤᠸᠠ  ᠰᠦᠯᠵᠢᠶ᠎ᠡ ᠵᠢᠨ  ᠥᠪᠥᠷ  ᠮᠣᠩᠭᠣᠯ  ᠰᠤᠪᠠᠭ ᠂  ᠲᠥᠪ  ᠲᠧᠯᠸᠢᠰ  ᠰᠦᠯᠵᠢᠶ᠎ᠡ ᠵᠢᠨ  ᠥᠪᠥᠷ  ᠮᠣᠩᠭᠣᠯ   ᠰᠤᠪᠠᠭ᠂  ᠲᠥᠪ  ᠷᠠᠳᠢᠣ᠋  ᠰᠦᠯᠵᠢᠶ᠎ᠡ ᠵᠢᠨ  ᠥᠪᠥᠷ  ᠮᠣᠩᠭᠣᠯ  ᠰᠤᠪᠠᠭ ᠂  ᠭᠤᠸᠠᠩ  ᠮᠢᠩ  ᠰᠦᠯᠵᠢᠶ᠎ᠡ ᠵᠢᠨ  ᠥᠪᠥᠷ  ᠮᠣᠩᠭᠣᠯ  ᠰᠤᠪᠠᠭ ᠂  ᠣᠯᠠᠨ  ᠤᠯᠤᠰ᠎ᠤᠨ  ᠰᠦᠯᠵᠢᠶ᠎ᠡ ᠵᠢᠨ  ᠥᠪᠥᠷ  ᠮᠣᠩᠭᠣᠯ  ᠰᠤᠪᠠᠭ ᠂  ᠥᠪᠥᠷ  ᠮᠣᠩᠭᠣᠯ᠎ᠤᠨ  ᠡᠳᠦᠷ᠎ᠤᠨ  ᠰᠣᠨᠢᠨ᠎ᠤ  ᠬᠣᠷᠢᠶ᠎ᠠ ᠂  ᠦᠢ᠍ᠯᠡᠳᠦᠯᠭᠡ  ᠰᠡᠳᠬᠦᠯ᠎ᠤᠨ  ᠬᠣᠷᠢᠶ᠎ᠠ ᠂  ᠥᠪᠥᠷ  ᠮᠣᠩᠭᠣᠯ᠎ᠤᠨ  ᠷᠠᠳᠢᠣ᠋  ᠲᠧᠯᠸᠢᠰ  ᠬᠣᠷᠢᠶ᠎ᠠ ᠂  ᠥᠪᠥᠷ  ᠮᠣᠩᠭᠣᠯ᠎ᠤᠨ  ᠵᠢᠷᠤᠭᠲᠤ  ᠰᠡᠳᠬᠦᠯ᠎ᠤᠨ  ᠬᠣᠷᠢᠶ᠎ᠠ  ᠵᠡᠷᠭᠡ 10  ᠭᠠᠷᠤᠢ  ᠰᠣᠨᠢᠨ  ᠮᠡᠳᠡᠭᠡᠨ᠎ᠤ  ᠵᠠᠭᠤᠴᠢᠯᠠᠭᠤᠷ  ᠬᠢᠭᠡᠳ  ᠥᠪᠡᠷᠲᠡᠭᠡᠨ  ᠵᠠᠰᠠᠬᠤ  ᠣᠷᠣᠨ᠎ᠤ  ᠦᠨᠳᠦᠰᠦᠲᠡᠨ᠎ᠤ  ᠵᠥᠪᠯᠡᠯ᠎ᠤᠨ  ᠬᠤᠯᠪᠤᠭᠳᠠᠯ  ᠪᠦᠬᠦᠢ  ᠭᠠᠵᠠᠷ  ᠠᠯᠪᠠᠨ  ᠭᠡᠷ  ᠵᠢᠴᠢ  ᠬᠥᠬᠡᠬᠣᠲᠠ ᠵᠢᠨ  ᠦᠨᠳᠦᠰᠦᠲᠡᠨ᠎ᠤ  ᠵᠥᠪᠯᠡᠯ᠎ᠠᠴᠠ  ᠳᠤᠮᠳᠠᠳᠤ ᠵᠢᠨ  ᠦᠨᠳᠦᠰᠦᠲᠡᠨ᠎ᠤ  ᠬᠠᠮᠲᠤ ᠵᠢᠨ  ᠴᠣᠭᠴᠠ ᠵᠢᠨ  ᠤᠬᠠᠮᠰᠠᠷ᠎ᠢ  ᠪᠠᠳᠤᠳᠬᠬᠠᠤ᠎ᠪᠠᠷ  ᠠᠵᠢᠯ᠎ᠤᠨ  ᠭᠣᠣᠯ  ᠰᠢᠵᠢᠮ  ᠪᠣᠯᠭ᠋ᠠᠵᠤ ᠂  ᠪᠥᠬᠥ  ᠣᠷᠣᠨ᠎ᠤ  ᠦᠨᠳᠦᠰᠦᠲᠡᠨ᠎ᠤ  ᠴᠠᠷᠠᠭ᠎ᠠ  ᠬᠦᠷᠢᠶᠡᠨ᠎ᠳᠠᠬᠢ  ᠤᠬᠠᠭᠤᠯᠭ᠎ᠠ ᠵᠢᠨ  ᠠᠵᠢᠯ᠎ᠢ  ᠬᠡᠷᠬᠢᠨ  ᠰᠠᠢ᠌ᠲᠤᠷ  ᠬᠢᠬᠦ  ᠲᠤᠬᠠᠢ  ᠭᠦᠨᠵᠡᠭᠡᠢ  ᠰᠣᠯᠢᠯᠴᠠᠪᠠ ᠃  ᠥᠪᠡᠷᠲᠡᠭᠡᠨ  ᠵᠠᠰᠠᠬᠤ  ᠣᠷᠣᠨ᠎ᠤ  ᠦᠨᠳᠦᠰᠦᠲᠡᠨ᠎ᠤ  ᠵᠥᠪᠯᠡᠯ ᠂  ᠬᠥᠬᠡᠬᠣᠲᠠ ᠵᠢᠨ  ᠦᠡᠳᠦᠰᠦᠳᠡᠨ᠎ᠤ  ᠵᠥᠪᠯᠡᠯ᠎ᠠᠴᠠ 2025  ᠣᠨ᠎ᠤ  ᠭᠣᠣᠯᠳᠠᠯᠭ᠎ᠠ᠎ᠲᠠᠢ  ᠠᠵᠢᠯ  ᠵᠢᠡᠨ  ᠲᠠᠨᠢᠯᠴᠠᠭᠤᠯᠵᠤ ᠂  ᠤᠬᠠᠭᠤᠯᠭ᠎ᠠ ᠵᠢᠨ  ᠬᠡᠷᠡᠭᠴᠡᠭᠡ  ᠱᠠᠭ᠋ᠠᠷᠳᠠᠯᠭ᠎ᠠ ᠵᠢ  ᠲᠤᠷᠠᠤᠡᠪᠠ᠃  ᠰᠣᠨᠢᠨ  ᠮᠡᠳᠡᠭᠡᠨ᠎ᠤ  ᠵᠠᠭᠤᠴᠢᠯᠠᠭᠤᠷ᠎ᠤᠨ ᠎ᠬᠢᠨ  ᠲᠤᠰ  ᠲᠤᠰ᠎ᠤᠨ  ᠤᠬᠠᠭᠤᠯᠤᠨ  ᠮᠡᠳᠡᠭᠡᠯᠡᠬᠦ  ᠭᠣᠣᠯᠳᠠᠯᠭ᠎ᠠ᠎ᠪᠠᠨ  ᠲᠠᠨᠢᠯᠴᠠᠭᠤᠯᠵᠤ ᠂  ᠪᠦᠬᠦ  ᠣᠷᠣᠨ᠎ᠤ  ᠦᠨᠳᠦᠰᠦᠲᠡᠨ᠎ᠤ  ᠴᠠᠷᠠᠭ᠎ᠠ  ᠬᠦᠷᠢᠶᠡᠨ᠎ᠤ  ᠤᠬᠠᠭᠤᠯᠭ᠎ᠠ ᠵᠢᠨ  ᠠᠵᠢᠯ᠎ᠢ  ᠰᠠᠢ᠌ᠲᠤᠷ  ᠬᠢᠬᠦ  ᠲᠤᠬᠠᠢ  ᠬᠠᠮᠲᠤ ᠵᠢᠨ  ᠲᠠᠨᠢᠯᠲᠠ᠎ᠲᠠᠢ  ᠪᠣᠯᠵᠤ  ᠬᠠᠮᠲᠤᠷᠠᠯᠴᠠᠭ᠎ᠠ᠎ᠪᠠᠨ  ᠴᠢᠩᠭ᠋ᠠᠳᠬᠠᠪᠠ ᠃ 

图片2.png

 

      ᠬᠤᠷᠠᠯ᠎ᠠᠴᠠ ᠂  ᠣᠢ᠌ᠷ᠎ᠠ ᠵᠢᠨ  ᠵᠢᠯ᠎ᠤᠳ᠎ᠲᠤ ᠂  ᠡᠯ᠎ᠡ  ᠱᠠᠲᠤᠨ᠎ᠤ  ᠰᠣᠨᠢᠨ  ᠮᠡᠳᠡᠭᠡᠨ᠎ᠤ  ᠵᠠᠭᠤᠴᠢᠯᠠᠭᠤᠷ᠎ᠤᠨ  ᠬᠦᠴᠦᠲᠡᠢ  ᠳᠡᠮᠵᠢᠯᠭᠡ  ᠳᠣᠣᠷ᠎ᠠ ᠂  ᠪᠥᠬᠥ  ᠣᠷᠣᠨ᠎ᠤ  ᠦᠨᠳᠦᠰᠦᠲᠡᠨ᠎ᠤ  ᠴᠠᠷᠠᠭ᠎ᠠ  ᠬᠦᠷᠢᠶᠡᠨ᠎ᠳᠠᠬᠢ  ᠤᠬᠠᠭᠤᠯᠭ᠎ᠠ ᠵᠢᠨ  ᠠᠵᠢᠯ  ᠳᠤᠮᠳᠠᠳᠤ ᠵᠢᠨ  ᠦᠨᠳᠦᠰᠦᠲᠡᠨ᠎ᠤ  ᠬᠠᠮᠲᠤ ᠵᠢᠨ  ᠴᠣᠭᠴᠠ ᠵᠢᠨ  ᠤᠬᠠᠮᠰᠠᠷ᠎ᠢ  ᠪᠠᠳᠤᠳᠬᠠᠬᠤ᠎ᠪᠠᠷ  ᠠᠵᠢᠯ᠎ᠤᠨ  ᠭᠣᠣᠯ  ᠰᠢᠵᠢᠮ  ᠪᠣᠯᠭ᠋ᠠᠵᠤ ᠂  ᠪᠥᠬᠥ  ᠣᠷᠣᠨ᠎ᠤ 《ᠠᠷᠪᠠᠨ  ᠳᠥᠷᠪᠡᠳᠦᠭᠡᠷ  ᠲᠠᠪᠤᠨ  ᠵᠢᠯ》᠎ᠤᠨ  ᠦᠨᠳᠦᠰᠦᠲᠡᠨ᠎ᠤ  ᠠᠵᠢᠯ᠎ᠤᠨ  ᠠᠮᠵᠢᠯᠲᠠ  ᠪᠦᠲᠦᠮᠵᠢ ᠵᠢᠨ  ᠤᠬᠠᠭᠤᠯᠭ᠎ᠠ ᠵᠢ  ᠨᠠᠷᠢᠨ  ᠨᠢᠮᠪᠠᠢ  ᠵᠣᠬᠢᠶᠠᠨ  ᠪᠠᠢ᠌ᠭᠤᠯᠵᠤ ᠂  ᠥᠪᠡᠷᠲᠡᠭᠡᠨ  ᠵᠠᠰᠠᠬᠤ  ᠣᠷᠣᠨ᠎ᠤ  ᠬᠣᠶᠠᠷ  ᠶᠡᠬᠡ  ᠶᠠᠪᠤᠳᠠᠯ᠎ᠢ  ᠰᠠᠢ᠌ᠲᠤᠷ  ᠪᠡᠶᠡᠯᠡᠬᠦᠯᠵᠦ ᠂ 《ᠲᠠᠪᠤᠨ  ᠶᠡᠬᠡ  ᠡᠭᠦᠷᠭᠡ》 ᠵᠢ  ᠠᠬᠢᠭᠤᠯᠵᠤ ᠂ 《ᠵᠢᠷᠭᠤᠭ᠋ᠠᠨ  ᠢᠨᠵᠧᠨᠧᠷᠢᠩ》᠎ᠢ  ᠭᠡᠷᠡᠭᠵᠢᠬᠦᠯᠵᠦ ᠂ 《ᠵᠢᠷᠭᠤᠭ᠋ᠠᠨ  ᠠᠵᠢᠯᠯᠠᠭ᠎ᠠ》 ᠵᠢᠨ  ᠤᠬᠠᠭᠤᠯᠭ᠎ᠠ ᠵᠢ  ᠥᠷᠨᠢᠭᠦᠯᠵᠦ ᠂  ᠪᠥᠬᠥ  ᠣᠷᠣᠨ᠎ᠤ  ᠦᠨᠳᠦᠰᠦᠲᠡᠨ᠎ᠤ  ᠠᠵᠢᠯ᠎ᠤᠨ  ᠴᠢᠨᠠᠷ  ᠰᠠᠢ᠌ᠲᠠᠢ  ᠬᠥᠭᠵᠢᠯᠲᠡ᠎ᠳᠤ  ᠰᠠᠢ᠌ᠨ  ᠰᠠᠢ᠌ᠬᠠᠨ  ᠶᠠᠷᠢᠶ᠎ᠠ  ᠬᠡᠯᠡᠯᠴᠡᠭᠡᠨ᠎ᠤ  ᠠᠬᠤᠢ ᠨᠦᠬᠦᠴᠡᠯ᠎ᠢ  ᠪᠤᠯᠭ᠋ᠠᠪᠠ  ᠭᠡᠵᠦ  ᠵᠢᠭ᠋ᠠᠵᠦ  ᠭᠠᠷᠭ᠋ᠠᠪᠠ ᠃ 

      ᠬᠤᠷᠠᠯ᠎ᠠᠴᠠ ᠂  ᠰᠢᠨ᠎ᠡ  ᠪᠠᠢ᠌ᠳᠠᠯ  ᠳᠣᠣᠷᠠᠬᠢ  ᠦᠨᠳᠦᠰᠦᠲᠡᠨ᠎ᠤ  ᠴᠠᠷᠠᠭ᠎ᠠ  ᠬᠦᠷᠢᠶᠡᠨ ᠎ᠳᠠᠬᠢ ᠤᠬᠠᠭᠤᠯᠭ᠎ᠠ ᠵᠢᠨ  ᠠᠵᠢᠯ᠎ᠢ  ᠰᠠᠢ᠌ᠲᠤᠷ  ᠬᠢᠬᠦ ᠵᠢᠨ  ᠴᠢᠬᠤᠯᠠ  ᠠᠴᠢ  ᠬᠣᠯᠪᠣᠭᠳᠠᠯ᠎ᠢ  ᠭᠦᠨᠵᠡᠭᠡᠢ  ᠲᠠᠨᠢᠵᠤ ᠂  ᠭᠣᠣᠯ  ᠰᠢᠵᠢᠮ᠎ᠳᠤ  ᠠᠩᠬᠠᠷᠤᠯ ᠵᠶ᠋ᠠᠨ  ᠬᠠᠨᠳᠤᠭᠤᠯᠵᠤ ᠂  ᠠᠵᠢᠯ᠎ᠤᠨ  ᠰᠠᠨᠠᠭ᠋ᠠᠴᠢᠯᠠᠭ᠋ᠠᠲᠤ  ᠴᠢᠨᠠᠷ ᠂  ᠲᠦᠰᠦᠭᠡᠯᠡᠬᠦ  ᠴᠢᠨᠠᠷ᠎ᠢ  ᠴᠢᠩᠭ᠋ᠠᠳᠬᠠᠵᠤ ᠂  ᠰᠢᠨ᠎ᠡ  ᠴᠠᠭ  ᠦᠶ᠎ᠡ ᠵᠢᠨ  ᠦᠨᠳᠦᠰᠦᠲᠡᠨ᠎ᠤ  ᠴᠠᠷᠠᠭ᠎ᠠ  ᠬᠦᠷᠢᠶᠡᠨ ᠎ᠳᠠᠬᠢ ᠤᠬᠠᠭᠤᠯᠭ᠎ᠠ ᠵᠢᠨ  ᠠᠵᠢᠯ᠎ᠢ  ᠨᠡᠩ  ᠢᠯᠡᠭᠦᠦ  ᠨᠢᠭᠲᠠᠷᠠᠭᠤᠯᠬᠤ  ᠬᠦᠴᠦᠨ ᠂  ᠪᠦᠲᠦᠭᠡᠯᠴᠢ  ᠬᠦᠴᠦᠨ ᠂  ᠲᠠᠢ᠍ᠢ᠍ᠴᠢᠨ  ᠬᠦᠴᠦᠨ᠎ᠲᠠᠢ  ᠪᠣᠯᠭ᠋ᠠᠬᠤ ᠵᠢ  ᠠᠬᠢᠭᠤᠯᠬᠤ  ᠬᠡᠷᠡᠭᠲᠡᠢ ᠃  ᠨᠡᠪᠳᠡᠷᠡᠯᠴᠡᠭᠡ  ᠬᠠᠮᠵᠢᠯᠴᠠᠭ᠎ᠠ᠎ᠪᠠᠨ  ᠦᠷᠭᠦᠯᠵᠢᠯᠡᠨ  ᠴᠢᠩᠭ᠋ᠠᠳᠬᠠᠵᠤ ᠂  ᠦᠨᠳᠦᠰᠦᠲᠡᠨ᠎ᠤ  ᠴᠠᠷᠠᠭ᠎ᠠ  ᠬᠦᠷᠢᠶᠡᠨ ᠎ᠳᠠᠬᠢ  ᠤᠬᠠᠭᠤᠯᠭ᠎ᠠ ᠵᠢᠨ  ᠠᠵᠢᠯ᠎ᠢ  ᠬᠦᠴᠦ᠎ᠪᠠᠨ  ᠬᠠᠮᠳᠤᠳᠬᠠᠨ  ᠰᠠᠢ᠌ᠳᠦᠷ  ᠬᠢᠵᠦ ᠂  ᠦᠨᠳᠦᠰᠦᠲᠡᠨ᠎ᠤ  ᠴᠠᠷᠠᠭ᠎ᠠ  ᠬᠦᠷᠢᠶᠡᠨ ᠎ᠳᠠᠬᠢ ᠤᠬᠠᠭᠤᠯᠭ᠎ᠠ ᠵᠢᠨ  ᠠᠵᠢᠯ᠎ᠤᠨ  ᠲᠤᠭ ᠵᠶ᠋ᠠᠨ  ᠮᠠᠨᠳᠤᠭᠤᠯᠬᠤ ᠂  ᠠᠷᠠᠳ᠎ᠤᠨ  ᠰᠡᠳᠬᠢᠯ᠎ᠢ  ᠨᠢᠭᠲᠠᠷᠠᠭᠤᠯᠬᠤ ᠂  ᠰᠢᠨ᠎ᠡ  ᠬᠥᠮᠥᠨ᠎ᠢ  ᠬᠥᠮᠥᠵᠢᠭᠦᠯᠬᠦ ᠂  ᠰᠣᠶᠣᠯ᠎ᠢ  ᠮᠠᠨᠳᠤᠭᠤᠯᠬᠤ ᠂  ᠳᠦᠷᠢ  ᠲᠥᠷᠬᠦ ᠵᠢ  ᠢᠯᠡᠷᠡᠭᠦᠯᠬᠦ  ᠲᠠᠯ᠎ᠠ᠎ᠪᠠᠷ ᠎ᠬᠢ  ᠢᠳᠡᠪᠬᠢ  ᠦᠢ᠍ᠯᠡᠳᠦᠯ᠎ᠢ  ᠪᠦᠲᠦᠮᠵᠢᠲᠡᠶ  ᠪᠠᠳᠠᠷᠠᠭᠤᠯᠵᠤ ᠂  ᠪᠥᠬᠥ  ᠣᠷᠣᠨ᠎ᠤ 《ᠦᠨᠳᠦᠰᠦᠲᠡᠨ᠎ᠤ  ᠲᠥᠷᠥ ᠵᠢᠨ  ᠪᠣᠳᠣᠯᠭ᠎ᠠ ᠵᠢᠨ  ᠤᠬᠠᠭᠤᠯᠭ᠎ᠠ ᠵᠢᠨ  ᠰᠠᠷ᠎ᠠ》᠂ 《ᠦᠨᠳᠦᠰᠦᠲᠡᠨ᠎ᠤ  ᠬᠠᠤᠯᠢ᠎ᠪᠠᠷ  ᠵᠠᠰᠠᠬᠤ  ᠤᠬᠠᠭᠤᠯᠭ᠎ᠠ ᠵᠢᠨ  ᠭᠠᠷᠠᠭ》᠂  ᠠᠷᠪᠠᠨ  ᠨᠢᠭᠡᠳᠦᠭᠡᠷ  ᠬᠤᠭᠤᠴᠠᠭ᠋ᠠᠨ᠎ᠤ  ᠪᠥᠬᠥ  ᠣᠷᠣᠨ᠎ᠤ  ᠴᠥᠭᠡᠨ  ᠲᠣᠭ᠋ᠠᠲᠤ  ᠦᠨᠳᠦᠰᠦᠲᠡᠨ᠎ᠤ  ᠤᠯᠠᠮᠵᠢᠯᠠᠯᠲᠤ  ᠪᠡᠶ᠎ᠡ ᠵᠢᠨ  ᠲᠠᠮᠢᠷ᠎ᠤᠨ  ᠴᠤᠭᠯᠠᠭ᠋ᠠᠨ  ᠵᠡᠷᠭᠡ  ᠠᠵᠢᠯᠯᠠᠭ᠎ᠠ ᠵᠢᠨ  ᠤᠬᠠᠭᠤᠯᠭ᠎ᠠ ᠵᠢᠨ  ᠠᠵᠢᠯ᠎ᠢ  ᠭᠣᠣᠯᠳᠠᠯᠭ᠎ᠠ᠎ᠲᠠᠢ  ᠰᠠᠢ᠌ᠲᠤᠷ  ᠬᠢᠵᠦ ᠂ 《ᠨᠢᠭᠡ  ᠭᠣᠣᠯ  ᠰᠢᠵᠢᠮ᠎ᠢ  ᠲᠤᠭᠤᠰᠢᠯᠠᠭᠤᠯᠵᠦ ᠂  ᠬᠣᠶᠠᠷ  ᠶᠡᠬᠡ  ᠶᠠᠪᠤᠳᠠᠯ᠎ᠢ  ᠰᠠᠢ᠌ᠲᠤᠷ  ᠪᠡᠶᠡᠯᠡᠬᠦᠯᠵᠦ ᠂  ᠮᠣᠩᠭᠣᠯ  ᠮᠣᠷᠢᠨ᠎ᠤ  ᠵᠣᠷᠢᠭ  ᠰᠠᠨᠠᠭ᠎ᠠ ᠵᠢ  ᠪᠠᠳᠠᠷᠠᠭᠤᠯᠵᠦ ᠂  ᠰᠢᠨ᠎ᠡ  ᠵᠠᠮ ᠵᠶ᠋ᠠᠷ  ᠵᠠᠮᠨᠠᠵᠦ  ᠲᠤᠮᠳᠡ ᠲᠦᠪᠰᠢᠨ᠎ᠳᠤ ᠬᠦᠷᠬᠦ》 ᠬᠠᠷᠠᠯᠲᠠ ᠡᠭᠦᠷᠭᠡ ᠵᠢ  ᠪᠡᠶᠡᠯᠡᠬᠦᠯᠵᠦ ᠂  ᠵᠢᠱ᠌ᠢᠶᠡᠴᠢ  ᠥᠪᠡᠷᠲᠡᠭᠡᠨ  ᠵᠠᠰᠠᠬᠤ  ᠣᠷᠣᠨ᠎ᠢ  ᠪᠥᠬᠥ  ᠲᠠᠯ᠎ᠠ᠎ᠪᠠᠷ  ᠪᠦᠲᠦᠭᠡᠨ  ᠪᠠᠶ᠋ᠢᠭᠤᠯᠬᠤ᠎ᠳᠤ  ᠨᠠᠩ  ᠶᠡᠬᠡ  ᠬᠤᠪᠢ  ᠨᠡᠮᠡᠷᠢ  ᠦᠵᠡᠭᠦᠯᠬᠦ  ᠬᠡᠷᠡᠭᠲᠡᠢ  ᠭᠡᠵᠦ  ᠴᠢᠬᠤᠯᠠᠴᠢᠯᠠᠪᠠ ᠃ 

 

 

 

 

 

 

 

 

 

 

ᠢᠷᠡᠯᠲᠡ᠄ ᠰᠤᠶᠤᠯ ᠤᠬᠠᠭᠤᠯᠭ᠎ᠠ ᠵᠢᠨ ᠭᠠᠵᠠᠷ