ᠢᠯᠡ ᠵᠠᠰᠠᠭ   -   ᠲᠥᠷᠥ᠎ᠶᠢᠨ ᠪᠣᠳᠣᠯᠭ᠎ᠠ᠎ᠶᠢᠨ ᠲᠠᠶ᠋ᠢᠯᠤᠮᠵᠢ
ᠦᠰᠦᠭᠲᠦ ᠲᠠᠢ᠌ᠯᠤᠮᠵᠢ᠄ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠬᠡᠷᠡᠭ ᠡᠷᠬᠢᠯᠡᠬᠦ ᠵᠦᠪᠯᠡᠯ᠎ᠤᠨ ᠺᠠᠳ᠋ᠷ᠎ᠤᠨ ᠬᠥᠮᠦᠵᠢᠯ ᠪᠤᠯᠪᠠᠰᠤᠷᠠᠯ᠎ᠤᠨ ᠲᠥᠯᠦᠪᠵᠢᠭᠦᠯᠭᠡ (2023 — 2027 ᠣᠨ)》 ᠵᠢᠨ ᠲᠤᠬᠠᠢ ᠲᠥᠷᠥ ᠵᠢᠨ ᠪᠣᠳᠣᠯᠭ᠎ᠠ ᠵᠢᠨ ᠲᠠᠢ᠌ᠯᠤᠮᠵᠢ
ᠨᠡᠶ᠋ᠢᠲᠡᠯᠡᠭᠰᠡᠨ ᠴᠠᠭ᠄ 2024-05-23

      ᠨᠢᠭᠡ᠂ 《ᠲᠥᠯᠦᠪᠵᠢᠭᠦᠯᠭᠡ》 ᠵᠢ ᠲᠣᠭᠲᠠᠭ᠋ᠠᠭᠰᠠᠨ ᠠᠬᠤᠢ ᠪᠠᠢ᠌ᠳᠠᠯ
      ᠰᠢ ᠵᠢᠨ ᠫᠢᠩ᠎ᠤᠨ ᠰᠢᠨ᠎ᠡ ᠴᠠᠭ ᠦᠶ᠎ᠡ ᠵᠢᠨ ᠳᠤᠮᠳᠠᠳᠤ ᠤᠯᠤᠰ᠎ᠤᠨ ᠣᠨᠴᠠᠯᠢᠭ᠎ᠲᠠᠢ ᠨᠡᠢ᠌ᠭᠡᠮ ᠵᠢᠷᠤᠮ᠎ᠤᠨ ᠦᠵᠡᠯ ᠰᠠᠨᠠᠭ᠎ᠠ ᠪᠣᠯᠣᠨ ᠨᠠᠮ᠎ᠤᠨ ᠬᠣᠷᠢᠳᠤᠭ᠋ᠠᠷ ᠶᠡᠬᠡ ᠬᠤᠷᠠᠯ᠎ᠤᠨ ᠵᠣᠷᠢᠭ ᠰᠠᠨᠠᠭ᠎ᠠ ᠵᠢ ᠲᠤᠭᠤᠰᠢᠯᠠᠭᠤᠯᠤᠨ  ᠨᠠᠢ᠌ᠳᠠᠪᠤᠷᠢᠵᠢᠭᠤᠯᠵᠤ᠂ᠪᠦᠬᠦ ᠤᠯᠤᠰ᠎ᠤᠨ ᠺᠠᠳ᠋ᠷ᠎ᠤᠨ ᠬᠥᠮᠦᠵᠢᠯ ᠪᠤᠯᠪᠠᠰᠤᠷᠠᠯ᠎ᠤᠨ ᠲᠥᠯᠦᠪᠵᠢᠭᠦᠯᠭᠡ (2023—2027 ᠣᠨ)》 ᠪᠣᠯᠣᠨ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠺᠠᠳ᠋ᠷ᠎ᠤᠨ ᠬᠥᠮᠦᠵᠢᠯ ᠪᠤᠯᠪᠠᠰᠤᠷᠠᠯ᠎ᠤᠨ ᠲᠥᠯᠦᠪᠵᠢᠭᠦᠯᠭᠡ (2023—2027 ᠣᠨ)》 ᠵᠢ ᠭᠦᠨᠵᠡᠭᠡᠢ ᠲᠤᠭᠤᠰᠢᠯᠠᠭᠤᠯᠤᠨ ᠨᠠᠢ᠌ᠳᠠᠪᠤᠷᠢᠵᠢᠭᠤᠯᠵᠤ᠂ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠵᠥᠪᠯᠡᠯ᠎ᠤᠨ ᠺᠠᠳ᠋ᠷ᠎ᠤᠨ ᠡᠩᠨᠡᠭᠡᠨ᠎ᠤ ᠪᠠᠢ᠌ᠭᠤᠯᠤᠯᠲᠠ ᠵᠢ ᠠᠬᠢᠭᠤᠯᠵᠦ᠂ 《ᠨᠠᠮ᠎ᠤᠨ ᠲᠥᠪᠯᠡᠷᠡᠩᠭᠦᠢ ᠨᠢᠭᠡᠳᠦᠯᠲᠡᠢ ᠤᠳᠤᠷᠢᠳᠤᠯᠭ᠎ᠠ ᠵᠢ ᠬᠠᠮᠠᠭ᠋ᠠᠯᠠᠬᠤ ᠣᠪᠣᠷ ᠣᠨᠴᠠᠭ᠋ᠠᠢ ᠡᠷᠡᠰ ᠰᠢᠭᠤᠷᠬᠠᠢ᠂ ᠵᠥᠪ ᠪᠤᠷᠤᠭᠤ ᠵᠢ ᠢᠯᠭ᠋ᠠᠨ ᠲᠠᠨᠢᠬᠤ ᠵᠣᠭᠰᠣᠯᠲᠠ ᠣᠨᠴᠠᠭ᠋ᠠᠢ ᠰᠡᠷᠭᠡᠭ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠲᠤᠳᠬᠠᠬᠤ ᠠᠵᠢᠯᠯᠠᠭ᠎ᠠ ᠣᠨᠴᠠᠭ᠋ᠠᠢ ᠡᠷᠡᠰ ᠪᠠᠲᠤ᠂ ᠦᠨᠳᠦᠰᠦᠲᠡᠨ᠎ᠨᠦᠭᠦᠳ᠎ᠤᠨ ᠤᠯᠠᠨ ᠲᠦᠮᠡᠨ᠎ᠢ ᠬᠠᠢ᠌ᠷᠠᠯᠠᠬᠤ ᠰᠡᠳᠬᠢᠯᠭᠡ ᠣᠨᠴᠠᠭ᠋ᠠᠢ ᠦᠨᠡᠨᠴᠢ》 ᠥᠨᠳᠥᠷ ᠬᠡᠪ ᠪᠣᠯᠪᠠᠰᠤᠷᠠᠯ᠎ᠲᠠᠢ ᠺᠠᠳ᠋ᠷ᠎ᠢ ᠬᠥᠮᠥᠵᠢᠭᠦᠯᠦᠨ ᠪᠣᠯᠪᠠᠰᠤᠷᠠᠭᠤᠯᠵᠤ᠂ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠪᠦᠯᠬᠦᠮᠳᠡᠯ ᠳᠠᠪᠰᠢᠯᠲᠠ ᠵᠢᠨ ᠦᠢ᠍ᠯᠡᠰ᠎ᠤᠨ ᠬᠥᠭᠵᠢᠯᠲᠡ᠎ᠳᠤ ᠥᠨᠳᠥᠷ ᠲᠦᠪᠰᠢᠨ ᠵᠶ᠋ᠡᠷ ᠦᠢ᠍ᠯᠡᠴᠢᠯᠡᠭᠦᠯᠵᠦ᠂ ᠶᠡᠷᠦᠩᠬᠡᠢ ᠱᠦᠵᠢ ᠰᠢ ᠵᠢᠨ ᠫᠢᠩ᠎ᠤᠨ ᠥᠪᠥᠷ ᠮᠣᠩᠭᠣᠯ᠎ᠳᠤ ᠲᠤᠰᠢᠶᠠᠭᠰᠠᠨ ᠲᠠᠪᠤᠨ ᠶᠡᠬᠡ ᠡᠭᠦᠷᠭᠡ ᠪᠠ ᠵᠢᠱ᠌ᠢᠶᠡᠴᠢ ᠥᠪᠡᠷᠲᠡᠭᠡᠨ ᠵᠠᠰᠠᠬᠤ ᠣᠷᠣᠨ᠎ᠢ ᠪᠥᠬᠥ ᠲᠠᠯ᠎ᠠ᠎ᠪᠠᠷ ᠪᠦᠲᠦᠭᠡᠨ ᠪᠠᠶ᠋ᠢᠭᠤᠯᠬᠤ ᠬᠣᠶᠠᠷ ᠶᠡᠬᠡ ᠶᠠᠪᠤᠳᠠᠯ᠎ᠢ ᠪᠡᠶᠡᠯᠡᠭᠦᠯᠵᠦ᠂ ᠳᠤᠮᠳᠠᠳᠤ ᠤᠯᠤᠰ᠎ᠤᠨ ᠮᠠᠶᠢᠭ᠎ᠤᠨ ᠣᠳᠣᠬᠢᠴᠢᠯᠠᠭᠰᠠᠨ ᠥᠪᠥᠷ ᠮᠣᠩᠭᠣᠯ᠎ᠤᠨ ᠰᠢᠨ᠎ᠡ ᠬᠠᠭᠤᠳᠠᠰᠤ ᠵᠢ ᠴᠢᠷᠮᠠᠢ᠌ᠨ ᠪᠢᠴᠢᠭᠯᠡᠬᠦ᠎ᠳᠤ ᠬᠦᠴᠦᠲᠡᠢ ᠪᠠᠲᠤᠯᠠᠭ᠎ᠠ ᠬᠠᠩᠭ᠋ᠠᠬᠤ ᠵᠢᠨ ᠲᠥᠯᠥᠭᠡ᠂ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠵᠥᠪᠯᠡᠯ᠎ᠠᠴᠠ ᠬᠣᠢ᠌ᠰᠢᠳᠠ ᠵᠢᠨ 5 ᠵᠢᠯ᠎ᠤᠨ ᠺᠠᠳ᠋ᠷ᠎ᠤᠨ ᠬᠥᠮᠦᠵᠢᠯ  ᠪᠤᠯᠪᠠᠰᠤᠷᠠᠯ᠎ᠤᠨ ᠭᠣᠣᠯᠳᠠᠯᠭ᠎ᠠ᠎ᠲᠠᠢ ᠠᠵᠢᠯ᠎ᠳᠤ ᠪᠠᠢ᠌ᠷᠢᠯᠠᠭᠤᠯᠤᠯᠲᠠ ᠪᠠ ᠲᠣᠬᠢᠷᠠᠭᠤᠯᠤᠯᠲᠠ ᠬᠢᠪᠡ᠃ 
        ᠬᠣᠶᠠᠷ᠂ 《ᠲᠥᠯᠦᠪᠵᠢᠭᠦᠯᠭᠡ》 ᠵᠢᠨ ᠭᠣᠣᠯ ᠠᠭᠤᠯᠭ᠎ᠠ ᠪᠠ ᠣᠨᠴᠠᠯᠢᠭ 
       《ᠲᠥᠯᠦᠪᠵᠢᠭᠦᠯᠭᠡ》᠎ᠳᠤ ᠨᠡᠢ᠍ᠢ᠍ᠳᠡ 5 ᠬᠡᠰᠡᠭ ᠠᠭᠤᠯᠭ᠎ᠠ᠎ᠲᠠᠢ᠂ ᠨᠢᠭᠡᠳᠦᠭᠡᠷ ᠬᠡᠰᠡᠭ᠎ᠨᠢ ᠶᠡᠷᠦᠩᠬᠡᠢ ᠱᠠᠭ᠋ᠠᠷᠳᠠᠯᠭ᠎ᠠ ᠪᠣᠯᠣᠨ᠎ᠠ᠂ ᠬᠣᠶᠠᠳᠤᠭ᠋ᠠᠷ ᠬᠡᠰᠡᠭ᠎ᠨᠢ ᠰᠢ ᠵᠢᠨ ᠫᠢᠩ᠎ᠤᠨ ᠰᠢᠨ᠎ᠡ ᠴᠠᠭ ᠦᠶ᠎ᠡ ᠵᠢᠨ ᠳᠤᠮᠳᠠᠳᠤ ᠤᠯᠤᠰ᠎ᠤᠨ ᠣᠨᠴᠠᠯᠢᠭ᠎ᠲᠠᠢ ᠨᠡᠢ᠌ᠭᠡᠮ ᠵᠢᠷᠤᠮ᠎ᠤᠨ ᠦᠵᠡᠯ ᠰᠠᠨᠠᠭ᠎ᠠ ᠪᠦᠬᠦᠢ ᠬᠥᠮᠦᠵᠢᠯ ᠪᠣᠯᠪᠠᠰᠤᠷᠠᠯ᠎ᠳᠤ ᠪᠠᠢ᠌ᠷᠢᠯᠠᠭᠤᠯᠤᠯᠲᠠ ᠬᠢᠵᠡᠢ᠂ ᠭᠤᠷᠪᠠᠳᠤᠭ᠋ᠠᠷ ᠬᠡᠰᠡᠭ᠎ᠨᠢ ᠺᠠᠳ᠋ᠷ᠎ᠤᠨ ᠬᠢᠷᠢ ᠴᠢᠳᠠᠪᠤᠷᠢ ᠬᠡᠪ ᠪᠤᠯᠪᠠᠰᠤᠷᠠᠯ᠎ᠢ ᠳᠡᠭᠡᠭᠰᠢᠯᠡᠭᠦᠯᠬᠦ ᠲᠠᠯ᠎ᠠ᠎ᠪᠠᠷ ᠪᠠᠢ᠌ᠷᠢᠯᠠᠭᠤᠯᠤᠯᠲᠠ ᠬᠢᠵᠡᠢ᠂ ᠳᠥᠷᠪᠡᠳᠦᠭᠡᠷ ᠬᠡᠰᠡᠭ᠎ᠨᠢ ᠺᠠᠳ᠋ᠷ᠎ᠤᠨ ᠬᠥᠮᠦᠵᠢᠯ ᠪᠣᠯᠪᠠᠰᠤᠷᠠᠯ᠎ᠤᠨ ᠳᠦᠷᠢᠮ᠎ᠤᠨ ᠲᠣᠭᠲᠠᠴᠠ᠎ᠳᠤ ᠪᠠᠢ᠌ᠷᠢᠯᠠᠭᠤᠯᠤᠯᠲᠠ ᠬᠢᠵᠡᠢ᠂ ᠲᠠᠪᠤᠳᠤᠭ᠋ᠠᠷ ᠬᠡᠰᠡᠭ᠎ᠨᠢ 《ᠲᠥᠯᠦᠪᠵᠢᠭᠦᠯᠭᠡ》 ᠵᠢ ᠬᠡᠷᠡᠭᠵᠢᠭᠦᠯᠬᠦ ᠤᠳᠤᠷᠢᠳᠤᠯᠭ᠎ᠠ ᠵᠢᠨ ᠬᠠᠷᠢᠭᠤᠴᠠᠯᠭ᠎ᠠ ᠵᠢ ᠲᠣᠳᠣᠷᠬᠠᠢ᠌ᠯᠠᠪᠠ᠃
       《ᠲᠥᠯᠦᠪᠵᠢᠭᠦᠯᠭᠡ》᠎ᠨᠢ ᠭᠤᠷᠪᠠᠨ ᠣᠨᠴᠠᠯᠢᠭ᠎ᠲᠠᠢ᠄ ᠨᠢᠭᠡ᠎ᠳᠤ ᠲᠤᠭ ᠲᠡᠮᠳᠡᠭ ᠲᠣᠳᠣᠷᠬᠠᠢ᠎ᠪᠠᠷ ᠤᠯᠤᠰ ᠲᠦᠷᠦ ᠵᠢ ᠡᠷᠬᠢᠮᠯᠡᠵᠦ᠂ ᠰᠢ ᠵᠢᠨ ᠫᠢᠩ᠎ᠤᠨ ᠰᠢᠨ᠎ᠡ ᠴᠠᠭ ᠦᠶ᠎ᠡ ᠵᠢᠨ ᠳᠤᠮᠳᠠᠳᠤ ᠤᠯᠤᠰ᠎ᠤᠨ ᠣᠨᠴᠠᠯᠢᠭ᠎ᠲᠠᠢ ᠨᠡᠢ᠌ᠭᠡᠮ ᠵᠢᠷᠤᠮ ᠎ᠤᠨ ᠦᠵᠡᠯ ᠰᠠᠨᠠᠭ᠎ᠠ ᠵᠢ ᠪᠦᠬᠦ ᠲᠠᠯ᠎ᠠ᠎ᠪᠠᠷ ᠲᠤᠭᠤᠰᠢᠯᠠᠭᠤᠯᠵᠦ᠂ ᠨᠠᠮ᠎ᠤᠨ ᠬᠣᠷᠢᠳᠤᠭ᠋ᠠᠷ ᠶᠡᠬᠡ ᠬᠤᠷᠠᠯ᠎ᠤᠨ ᠵᠣᠷᠢᠭ ᠰᠠᠨᠠᠭ᠎ᠠ ᠵᠢ ᠭᠦᠨᠵᠡᠭᠡᠢ ᠲᠤᠭᠤᠰᠢᠯᠠᠭᠤᠯᠵᠦ᠂ ᠶᠡᠷᠦᠩᠬᠡᠢ ᠱᠦᠵᠢ ᠰᠢ ᠵᠢᠨ ᠫᠢᠩ᠎ᠤᠨ ᠨᠠᠮ᠎ᠤᠨ ᠪᠦᠲᠦᠭᠡᠨ ᠪᠠᠢ᠌ᠭᠤᠯᠤᠯᠲᠠ ᠵᠢᠨ ᠲᠤᠬᠠᠢ ᠴᠢᠬᠤᠯᠠ ᠦᠵᠡᠯ ᠰᠠᠨᠠᠭ᠎ᠠ ᠵᠢ ᠭᠦᠨᠵᠡᠭᠡᠢ ᠲᠤᠭᠤᠰᠢᠯᠠᠭᠤᠯᠪᠠ᠃ ᠬᠣᠶᠠᠷ᠎ᠲᠤ ᠴᠠᠭ ᠦᠶ᠎ᠡ ᠵᠢᠨ ᠱᠠᠭ᠋ᠠᠷᠳᠠᠯᠭ᠎ᠠ ᠵᠢ ᠢᠯᠡᠷᠡᠭᠦᠯᠵᠦ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠳᠤᠳᠬᠠᠬᠤ ᠠᠵᠢᠯ᠎ᠤᠨ ᠭᠣᠣᠯ ᠰᠢᠵᠢᠮ᠎ᠳᠤ ᠠᠩᠬᠠᠷᠤᠯ ᠵᠶ᠋ᠠᠨ ᠲᠥᠪᠯᠡᠷᠡᠭᠦᠯᠵᠦ᠂ ᠦᠨᠳᠦᠰᠦᠲᠡᠨ᠎ᠤ ᠰᠡᠷᠭᠦᠨ ᠮᠠᠨᠳᠤᠯᠲᠠ ᠵᠢᠨ ᠬᠦᠨᠳᠦ ᠡᠭᠦᠷᠭᠡ ᠵᠢ ᠡᠭᠦᠷᠭᠡᠯᠡᠵᠦ ᠳᠡᠶ᠋ᠢᠯᠬᠦ ᠥᠨᠳᠥᠷ ᠬᠡᠪ ᠪᠣᠯᠪᠠᠰᠤᠷᠠᠯ᠎ᠲᠠᠢ ᠺᠠᠳ᠋ᠷ᠎ᠤᠨ ᠡᠩᠨᠡᠭᠡ ᠵᠢ ᠪᠠᠶ᠋ᠢᠭᠤᠯᠬᠤ᠎ᠠᠴᠠ ᠡᠭᠦᠰᠴᠦ᠂ ᠬᠣᠢ᠌ᠰᠢᠳᠠ ᠵᠢᠨ 5 ᠵᠢᠯ᠎ᠤᠨ ᠺᠠᠳ᠋ᠷ᠎ᠤᠨ ᠬᠥᠮᠦᠵᠢᠯ ᠪᠣᠯᠪᠠᠰᠤᠷᠠᠯ᠎ᠤᠨ ᠭᠣᠣᠯᠳᠠᠯᠭ᠎ᠠ᠎ᠲᠠᠢ ᠠᠵᠢᠯ᠎ᠳᠤ ᠪᠠᠢ᠌ᠷᠢᠯᠠᠭᠤᠯᠤᠯᠲᠠ ᠪᠠ ᠲᠣᠬᠢᠷᠠᠭᠤᠯᠤᠯᠲᠠ ᠬᠢᠪᠡ᠃ ᠭᠤᠷᠪᠠ᠎ᠳᠤ ᠲᠦᠪ ᠶᠤᠰᠤ ᠵᠢ ᠪᠠᠷᠢᠮᠳᠠᠯᠠᠨ ᠰᠢᠨ᠎ᠡ ᠵᠢ ᠡᠭᠦᠳᠬᠦ ᠵᠢ ᠪᠠᠷᠢᠮᠲᠠᠯᠠᠵᠤ᠂ ᠺᠠᠳ᠋ᠷ᠎ᠤᠨ ᠬᠥᠮᠦᠵᠢᠯ ᠪᠣᠯᠪᠠᠰᠤᠷᠠᠯ᠎ᠤᠨ ᠰᠠᠢ᠌ᠨ ᠤᠳᠤᠮᠰᠢᠯ ᠰᠠᠢ᠌ᠨ ᠲᠤᠷᠰᠢᠯᠭ᠎ᠠ ᠵᠢ ᠤᠯᠠᠮᠵᠢᠯᠠᠨ ᠪᠠᠳᠠᠷᠠᠭᠤᠯᠵᠤ᠂ ᠰᠢᠨ᠎ᠡ ᠴᠠᠭ ᠦᠶ᠎ᠡ ᠵᠢᠨ ᠺᠠᠳ᠋ᠷ᠎ᠤᠨ ᠬᠥᠮᠦᠵᠢᠯ ᠪᠣᠯᠪᠠᠰᠤᠷᠠᠯ᠎ᠤᠨ ᠠᠵᠢᠯ᠎ᠢ ᠵᠠᠯᠭ᠋ᠠᠮᠵᠢᠯᠠᠬᠤ ᠳᠤᠮᠳᠠ ᠰᠢᠨᠡᠳᠭᠡᠵᠦ᠂ ᠰᠢᠨᠡᠳᠭᠡᠬᠦ ᠳᠤᠮᠳᠠ ᠭᠥᠭᠵᠢᠭᠦᠯᠬᠦ ᠵᠢ ᠠᠬᠢᠭᠤᠯᠪᠠ᠃
      ᠭᠤᠷᠪᠠ᠂ 《ᠲᠥᠯᠦᠪᠵᠢᠭᠦᠯᠭᠡ》 ᠵᠢᠨ ᠲᠥᠷᠥ ᠵᠢᠨ ᠪᠣᠳᠣᠯᠭ᠎ᠠ ᠵᠢᠨ ᠲᠠᠢ᠌ᠯᠪᠤᠷᠢᠯᠠᠭᠴᠢ ᠵᠢᠴᠢ ᠠᠰᠠᠭᠤᠨ ᠯᠠᠪᠯᠠᠬᠤ ᠤᠲᠠᠰᠤ᠄
      ᠬᠡᠷᠪᠡ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠵᠦᠪᠯᠡᠯ᠎ᠤᠨ ᠺᠠᠳ᠋ᠷ᠎ᠤᠨ ᠬᠥᠮᠦᠵᠢᠯ ᠪᠤᠯᠪᠠᠰᠤᠷᠠᠯ᠎ᠤᠨ ᠲᠥᠯᠦᠪᠵᠢᠭᠦᠯᠭᠡ (2023— 2027 ᠣᠨ)》 ᠵᠢᠨ ᠲᠤᠬᠠᠢ ᠣᠢ᠌ᠯᠠᠭ᠋ᠠᠬᠤ ᠦᠭᠡᠢ ᠵᠦᠢ᠍ᠯ ᠪᠠᠢ᠌ᠪᠠᠯ᠂ ᠥᠪᠡᠷᠲᠡᠭᠡᠨ ᠵᠠᠰᠠᠬᠤ ᠣᠷᠣᠨ᠎ᠤ ᠦᠨᠳᠦᠰᠦᠲᠡᠨ᠎ᠤ ᠵᠦᠪᠯᠡᠯ᠎ᠤᠨ ᠪᠠᠢ᠌ᠭᠤᠯᠭ᠎ᠠ ᠵᠢᠨ ᠨᠠᠮ᠎ᠤᠨ ᠬᠣᠷᠢᠶ᠎ᠠ (ᠠᠵᠢᠯᠲᠠᠨ᠎ᠤ ᠶᠠᠪᠤᠳᠠᠯ᠎ᠤᠨ ᠭᠠᠵᠠᠷ)᠎ᠠᠴᠠ ᠪᠣᠳᠠᠲᠠᠢ ᠠᠰᠠᠭᠤᠨ ᠯᠠᠪᠯᠠᠵᠤ ᠪᠣᠯᠣᠨ᠎ᠠ᠂ ᠠᠰᠠᠭᠤᠨ ᠯᠠᠪᠯᠠᠬᠤ ᠤᠲᠠᠰᠤ᠄ 0471— 6944991᠃ ᠲᠥᠷᠥ ᠵᠢᠨ ᠪᠣᠳᠣᠯᠭ᠎ᠠ ᠵᠢᠨ ᠲᠠᠢ᠌ᠯᠪᠤᠷᠢᠯᠠᠭᠴᠢ᠄ ᠸᠸᠨ ᠵᠢᠩ᠃




         ᠬᠢᠨᠠᠨ ᠣᠷᠴᠢᠭᠤᠯᠤᠭᠴᠢ᠄ ᠠᠳᠢᠶ᠎ᠠ   ᠰᠠᠴᠤᠷᠠᠯ
        ᠳᠡᠳ᠋ ᠶᠡᠷᠦᠩᠬᠡᠢ ᠬᠢᠨᠠᠨ ᠣᠷᠴᠢᠭᠤᠯᠤᠭᠴᠢ᠄ ᠬᠣᠣᠰᠪᠠᠶᠠᠷ
        ᠶᠡᠷᠦᠩᠬᠡᠢ ᠬᠢᠨᠠᠨ ᠣᠷᠴᠢᠭᠤᠯᠤᠭᠴᠢ᠄ ᠸᠠᠩ ᠰᠢᠥᠸᠠᠢ ᠳ᠋ᠦᠩ


 

ᠢᠷᠡᠯᠲᠡ᠄ ᠪᠠᠢ᠌ᠭᠤᠯᠭ᠎ᠠ ᠵᠢᠨ ᠨᠠᠮ᠎ᠤᠨ ᠬᠣᠷᠢᠶ᠎ᠠ (ᠠᠵᠢᠯᠲᠠᠨ᠎ᠤ ᠶᠠᠪᠤᠳᠠᠯ᠎ᠤᠨ ᠭᠠᠵᠠᠷ)