ᠦᠪᠡᠷᠳᠡᠭᠡᠨ ᠵᠠᠰᠠᠬᠤ ᠤᠷᠤᠨ᠎ᠤ ᠦᠨᠳᠦᠰᠦᠳᠡᠨ᠎ᠤ ᠵᠦᠪᠯᠡᠯ᠎ᠤᠨ ᠶᠡᠷᠦᠩᠭᠡᠢ ᠪᠠᠳᠤᠯᠠᠭ᠎ᠠ ᠵᠢᠨ ᠲᠦᠪ᠎ᠨᠢ ᠲᠤᠰ ᠤᠳᠠᠭ᠎ᠠ ᠦᠷᠢᠰᠦᠯᠳᠦᠭᠡᠨ᠎ᠤ ᠴᠢᠨᠠᠷᠳᠠᠢ ᠭᠡᠯᠡᠯᠴᠡᠭᠡ ᠬᠢᠬᠦ ᠠᠷᠭ᠎ᠠ ᠬᠡᠯᠪᠡᠷᠢ᠎ᠪᠠᠷ ᠠᠰᠠᠷ᠎ᠤᠨ ᠭᠤᠳᠤᠮ᠎ᠤᠨ ᠨᠠᠮ᠎ᠤᠨ ᠪᠠᠢ᠌ᠭᠤᠯᠤᠯᠲᠠ ᠵᠢᠨ ᠬᠠᠨ᠎ᠠ ᠵᠢᠨ ᠤᠬᠠᠭᠤᠯᠭ᠎ᠠ ᠵᠢᠨ ᠲᠤᠰᠬᠠᠢ ᠪᠤᠯᠤᠩ᠎ᠢ ᠦᠢ᠍ᠯᠡᠳᠬᠦ᠎ᠪᠠᠷ ᠲᠤᠭᠳᠠᠪᠠ᠂ ᠨᠦᠬᠦᠴᠡᠯ᠎ᠳᠤ ᠨᠡᠢ᠌ᠴᠡᠬᠦ ᠬᠠᠩᠭ᠋ᠠᠯᠭ᠎ᠠ ᠵᠢᠨ ᠬᠤᠳᠠᠯᠳᠤᠭ᠋ᠠᠴᠢᠨ᠎ᠢ ᠤᠷᠢᠵᠦ ᠨᠡᠷ᠎ᠡ ᠮᠡᠳᠡᠬᠦᠯᠵᠦ ᠤᠷᠤᠯᠴᠠᠭᠤᠯᠤᠨ᠎ᠠ᠃
ᠨᠢᠭᠡ᠂ ᠲᠦᠷᠦᠯ ᠵᠦᠢ᠍ᠯ᠎ᠤᠨ ᠲᠤᠢ᠌ᠮᠤᠴᠢᠯᠠᠯ
ᠠᠰᠠᠷ᠎ᠤᠨ ᠭᠤᠳᠤᠮ᠎ᠤᠨ ᠨᠠᠮ᠎ᠤᠨ ᠪᠠᠢ᠌ᠭᠤᠯᠤᠯᠳᠠ ᠵᠢᠨ ᠬᠠᠨ᠎ᠠ ᠵᠢᠨ ᠤᠬᠠᠭᠤᠯᠭ᠎ᠠ ᠵᠢ ᠦᠢ᠍ᠯᠡᠳᠦᠨ᠎ᠡ᠃
ᠬᠤᠶᠠᠷ᠂ ᠬᠤᠳᠠᠯᠳᠤᠨ ᠠᠪᠬᠤ ᠭᠡᠯᠪᠡᠷᠢ ᠵᠢᠴᠢ ᠲᠦᠰᠦᠪ᠎ᠤᠨ ᠵᠤᠭᠤᠰᠤᠨ᠎ᠤ ᠲᠤᠭ᠎ᠠ
1. ᠬᠤᠳᠠᠯᠳᠤᠨ ᠠᠪᠬᠤ ᠭᠡᠯᠪᠡᠷᠢ᠄ ᠦᠷᠢᠰᠦᠯᠳᠦᠭᠡᠨ᠎ᠤ ᠴᠢᠨᠠᠷᠳᠠᠢ ᠭᠡᠯᠡᠯᠴᠡᠭᠡ ᠬᠢᠨ᠎ᠡ᠃
2. ᠵᠤᠬᠢᠶᠠᠨ ᠪᠠᠢ᠌ᠭᠤᠯᠬᠤ ᠠᠷᠭ᠎ᠠ ᠬᠡᠯᠪᠡᠷᠢ᠄ ᠲᠠᠷᠠᠬᠠᠢ ᠬᠤᠳᠠᠯᠳᠤᠨ ᠠᠪᠤᠨ᠎ᠠ᠃
3. ᠲᠦᠰᠦᠪ᠎ᠤᠨ ᠵᠤᠭᠤᠰᠤᠨ᠎ᠤ ᠲᠤᠭ᠎ᠠ᠄ 53100 ᠲᠦᠬᠦᠷᠢᠭ (ᠲᠠᠪᠤᠨ ᠲᠦᠮᠡ ᠭᠤᠷᠪᠠᠨ ᠮᠢᠩᠭ᠎ᠠ ᠨᠢᠭᠡ ᠵᠠᠭᠤᠨ ᠲᠦᠬᠦᠷᠢᠭ ᠪᠦᠬᠦᠯᠢ)᠂ ᠲᠦᠷ ᠵᠢᠭᠰᠠᠭ᠋ᠠᠭᠰᠠᠨ ᠵᠣᠭᠣᠰ 6600 ᠲᠦᠬᠦᠷᠢᠭ (ᠵᠢᠷᠭᠤᠭ᠋ᠠᠨ ᠮᠢᠩᠭ᠎ᠠ ᠵᠢᠷᠭᠤᠭ᠋ᠠᠨ ᠵᠠᠭᠤᠨ ᠲᠦᠬᠦᠷᠢᠭ)᠃
ᠭᠤᠷᠪᠠ᠂ ᠨᠡᠷ᠎ᠡ ᠮᠡᠳᠡᠬᠦᠯᠬᠦ ᠨᠦᠬᠦᠴᠡᠯ
1. ᠨᠡᠷ᠎ᠡ ᠮᠡᠳᠡᠬᠦᠯᠬᠦ ᠨᠢᠭᠡᠴᠢ᠎ᠨᠢ ᠡᠷᠭᠡᠪᠰᠢ ᠬᠠᠤᠯᠢ ᠶᠤᠰᠤᠭ᠋ᠠᠷ ᠪᠦᠷᠢᠳᠭᠡᠨ ᠲᠠᠩᠰᠠᠯᠠᠭᠤᠯᠤᠭᠰᠠᠨ᠂ ᠪᠡᠶ᠎ᠡ᠎ᠪᠠᠨ ᠲᠠᠭ᠋ᠠᠭ᠋ᠠᠭᠰᠠᠨ ᠬᠠᠤᠯᠢ ᠵᠢᠨ ᠡᠷᠭᠡᠳᠡᠨ᠎ᠤ ᠬᠢᠷᠢ ᠭᠡᠮ᠎ᠲᠠᠢ᠂ ᠡᠳ᠋᠎ᠤᠨ ᠶᠠᠪᠤᠳᠠᠯ᠎ᠨᠢ ᠪᠦᠷᠢᠨ ᠲᠡᠭᠦᠯᠳᠡᠷ ᠨᠢᠭᠡᠴᠢ ᠪᠠᠢ᠌ᠬᠤ ᠭᠡᠷᠡᠭᠳᠡᠢ᠃
2. ᠭᠡᠷ᠎ᠡ ᠵᠢ ᠬᠦᠢ᠍ᠴᠡᠳᠭᠡᠬᠦ᠎ᠳᠤ ᠵᠠᠪᠠᠯ ᠱᠠᠭ᠋ᠠᠷᠳᠠᠭᠳᠠᠬᠤ ᠴᠢᠳᠠᠪᠤᠷᠢ ᠵᠢᠴᠢ ᠬᠠᠤᠯᠢ ᠴᠠᠭ᠋ᠠᠵᠠ ᠬᠠᠤᠯᠢ ᠲᠤᠭᠳᠠᠭ᠋ᠠᠯ᠎ᠳᠤ ᠲᠤᠭᠳᠠᠭ᠋ᠠᠭᠰᠠᠨ ᠪᠤᠰᠤᠳ ᠨᠦᠬᠦᠴᠡᠯ᠎ᠢ ᠪᠦᠷᠢᠯᠳᠦᠬᠦᠯᠬᠦ ᠭᠡᠷᠡᠭᠳᠡᠢ᠃
ᠲᠦᠷᠪᠡ᠂ ᠠᠯᠪᠠᠨ ᠠᠰᠠᠷ᠎ᠤᠨ ᠭᠡᠰᠡᠭ ᠪᠤᠰᠠᠭ ᠰᠡᠯᠪᠢᠨ ᠵᠠᠰᠠᠬᠤ ᠭᠡᠪᠴᠢᠶ᠎ᠡ
ᠭᠤᠳᠤᠮ᠎ᠤᠨ ᠨᠠᠮ᠎ᠤᠨ ᠪᠠᠢ᠌ᠭᠤᠯᠤᠯᠳᠠ ᠵᠢᠨ ᠬᠠᠨ᠎ᠠ ᠵᠢᠨ ᠤᠬᠠᠭᠤᠯᠭ᠎ᠠ ᠵᠢᠨ ᠲᠤᠰᠬᠠᠢ ᠪᠤᠯᠤᠩ᠎ᠢ ᠦᠢ᠍ᠯᠡᠳᠦᠨ᠎ᠡ᠃
ᠲᠠᠪᠤ᠂ ᠨᠡᠷ᠎ᠡ ᠮᠡᠳᠡᠬᠦᠯᠬᠦ ᠴᠠᠭ᠂ ᠠᠷᠭ᠎ᠠ ᠭᠡᠯᠪᠡᠷᠢ
ᠲᠡᠭᠡᠷᠡᠬᠢ ᠨᠦᠬᠦᠴᠡᠯ᠎ᠳᠤ ᠨᠡᠢ᠌ᠴᠡᠬᠦ ᠬᠠᠩᠭ᠋ᠠᠯᠭ᠎ᠠ ᠵᠢᠨ ᠬᠤᠳᠠᠯᠳᠤᠭ᠋ᠠᠴᠢᠨ᠎ᠨᠢ 2023 ᠤᠨ᠎ᠤ 6 ᠳ᠋ᠤᠭ᠋ᠠᠷ ᠰᠠᠷ᠎ᠠ ᠵᠢᠨ 21᠎ᠤ ᠡᠳᠦᠷ᠎ᠠᠴᠠ 2023 ᠤᠨ᠎ᠤ 6 ᠳ᠋ᠤᠭ᠋ᠠᠷ ᠰᠠᠷ᠎ᠠ ᠵᠢᠨ 30᠎ᠤ ᠡᠳᠦᠷ᠎ᠤᠨ ᠠᠵᠢᠯᠯᠠᠬᠤ ᠡᠳᠦᠷ ᠪᠦᠷᠢ ᠵᠢᠨ ᠦᠳᠡ ᠵᠢᠨ ᠡᠮᠦᠨᠡᠬᠢ 9᠄ 00 - 12᠄ 00 ᠴᠠᠭ᠎ᠤᠨ ᠬᠤᠭᠤᠷᠤᠨᠳᠦ᠂ ᠦᠳᠡ ᠵᠢᠨ ᠬᠤᠢ᠌ᠨᠠᠬᠢ 14᠄ 30 - 17᠄ 00 ᠴᠠᠭ᠎ᠤᠨ ᠬᠤᠭᠤᠷᠤᠨᠳᠦ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠦᠨᠳᠦᠰᠦᠳᠡᠨ᠎ᠤ ᠵᠦᠪᠯᠡᠯ᠎ᠤᠨ ᠶᠡᠷᠦᠩᠭᠡᠢ ᠪᠠᠳᠤᠯᠠᠭ᠎ᠠ ᠵᠢᠨ ᠲᠦᠪ᠎ᠤᠨ 107 ᠨᠤᠮᠸᠷᠳᠦ ᠭᠡᠷ (ᠰᠢᠨᠬᠤᠸᠠ ᠶᠡᠭᠡ ᠵᠠᠮ᠎ᠤᠨ 63 ᠨᠤᠮᠸᠷᠳᠦ ᠬᠤᠷᠢᠶᠠᠯᠠᠯ᠎ᠤᠨ 7 ᠳ᠋ᠤᠭ᠋ᠠᠷ ᠠᠰᠠᠷ)᠎ᠲᠤ ᠨᠡᠷ᠎ᠡ ᠮᠡᠳᠡᠬᠦᠯᠬᠦ ᠮᠠᠲᠸᠷᠢᠶᠠᠯ ᠵᠶ᠋ᠠᠨ ᠲᠤᠰᠢᠶᠠᠵᠦ᠂ ᠠᠩᠬᠠᠨ᠎ᠤ ᠬᠢᠨᠠᠯᠳᠠ ᠵᠢᠨ ᠮᠠᠲᠸᠷᠢᠶᠠᠯ ᠬᠢᠷᠢ ᠲᠡᠩᠴᠡᠭᠰᠡᠨ᠎ᠤ ᠲᠠᠷᠠᠭ᠎ᠠ᠂ 《ᠨᠡᠷ᠎ᠡ ᠮᠡᠳᠡᠭᠦᠯᠬᠦ ᠬᠠᠩᠭ᠋ᠠᠯᠭ᠎ᠠ ᠵᠢᠨ ᠬᠤᠳᠠᠯᠳᠤᠭ᠋ᠠᠴᠢᠨ᠎ᠢ ᠲᠠᠩᠰᠠᠯᠠᠬᠤ ᠬᠦᠰᠦᠨᠦᠭᠳᠦ》 ᠵᠢ ᠲᠠᠭᠯᠠᠨ᠎ᠠ᠃
ᠨᠡᠷ᠎ᠡ ᠮᠡᠳᠡᠬᠦᠯᠬᠦ᠎ᠳᠤ᠂ ᠨᠡᠷ᠎ᠡ ᠮᠡᠳᠡᠬᠦᠯᠦᠭᠴᠢ᠎ᠠᠴᠠ ᠲᠤᠤᠷᠠᠬᠢ ᠮᠠᠲᠸᠷᠢᠶᠠᠯ᠎ᠤᠨ ᠬᠠᠭᠤᠯᠪᠤᠷᠢ (ᠪᠠᠷᠢᠮᠵᠢᠶ᠎ᠠ A4 ᠴᠠᠭ᠋ᠠᠰᠤᠨ᠎ᠤ ᠨᠢᠭᠡ ᠭᠡᠯᠪᠡᠷᠢ ᠵᠢᠨ ᠭᠤᠷᠪᠠᠨ ᠬᠤᠪᠢ ᠵᠢᠨ ᠬᠠᠭᠤᠯᠪᠤᠷᠢ ᠲᠡᠭᠡᠷ᠎ᠡ ᠺᠤᠮᠫᠠᠨᠢ ᠵᠢᠨ ᠠᠯᠪᠠᠨ ᠲᠠᠮᠠᠭ᠎ᠠ ᠵᠢ ᠲᠠᠷᠤᠨ᠎ᠠ) ᠵᠢ ᠠᠪᠴᠢᠷᠠᠵᠦ᠂ ᠡᠳᠡᠭᠡᠷ ᠮᠠᠲᠸᠷᠢᠶᠠᠯ᠎ᠢ ᠬᠠᠩᠭ᠋ᠠᠬᠤ ᠭᠡᠷᠡᠭᠳᠡᠢ᠄
1. ᠨᠡᠷ᠎ᠡ ᠮᠡᠳᠡᠬᠦᠯᠦᠭᠴᠢ ᠵᠢᠨ ᠪᠡᠶ᠎ᠡ ᠵᠢᠨ ᠦᠨᠡᠮᠯᠡᠯ᠎ᠤᠨ ᠤᠭ ᠮᠠᠲᠸᠷᠢᠶᠠᠯ ᠪᠠ ᠬᠠᠭᠤᠯᠪᠤᠷᠢ ᠵᠢ ᠬᠠᠩᠭ᠋ᠠᠵᠦ ᠦᠭᠬᠦᠨ᠎ᠡ᠃
2. ᠡᠷᠭᠡ ᠤᠯᠭᠤᠵᠦ ᠨᠠᠢ᠌ᠳᠠᠭᠰᠠᠨ ᠨᠡᠷ᠎ᠡ ᠮᠡᠳᠡᠬᠦᠯᠦᠭᠴᠢ ᠵᠢᠨ ᠬᠠᠤᠯᠢ ᠵᠢᠨ ᠡᠷᠬᠡᠲᠡᠨ᠎ᠤ ᠭᠠᠷᠤᠨ ᠦᠰᠦᠭ ᠵᠢᠷᠤᠭᠰᠠᠨ᠂ ᠺᠤᠮᠫᠠᠨᠢ ᠵᠢᠨ ᠠᠯᠪᠠᠨ ᠲᠠᠮᠠᠭ᠎ᠠ ᠵᠢ ᠲᠠᠷᠤᠭᠰᠠᠨ 《ᠡᠷᠭᠡ ᠤᠯᠭᠤᠬᠤ ᠨᠠᠢ᠌ᠳᠠᠯᠭ᠎ᠠ ᠵᠢᠨ ᠪᠢᠴᠢᠭ》᠎ᠢ ᠬᠠᠩᠭ᠋ᠠᠵᠤ ᠦᠭᠬᠦᠨ᠎ᠡ᠃
3. ᠬᠦᠴᠦᠨ᠎ᠲᠠᠢ ᠮᠦᠷᠳᠡᠭᠡᠨ ᠲᠠᠭ᠋ᠠᠭ᠋ᠠᠴᠢᠯᠠᠯᠳᠠ᠎ᠳᠤ ᠤᠷᠤᠯᠴᠠᠬᠤ ᠠᠵᠦ ᠠᠬᠤᠢ᠌ᠯᠠᠯ᠎ᠤᠨ ᠠᠯᠪᠠᠨ ᠲᠠᠮᠠᠭ᠎ᠠ ᠵᠢ ᠲᠠᠷᠤᠭᠰᠠᠨ ᠡᠵᠡᠩᠨᠡᠯᠳᠡ ᠵᠢᠨ ᠦᠨᠡᠮᠯᠡᠯ᠎ᠤᠨ ᠲᠡᠳ᠋ ᠲᠡᠪᠳᠡᠷ᠎ᠤᠨ ᠬᠠᠭᠤᠯᠪᠤᠷᠢ ᠵᠢ ᠬᠠᠩᠭ᠋ᠠᠨ᠎ᠠ᠃
4. ᠵᠠᠰᠠᠭ᠎ᠤᠨ ᠤᠷᠳᠤᠨ᠎ᠤ ᠬᠤᠳᠠᠯᠳᠤᠨ ᠠᠪᠬᠤ ᠠᠵᠢᠯᠯᠠᠭ᠋ᠠᠨ᠎ᠳᠤ ᠤᠷᠤᠯᠴᠠᠬᠤ᠎ᠠᠴᠠ ᠡᠮᠦᠨᠡᠬᠢ ᠭᠤᠷᠪᠠᠨ ᠵᠢᠯ᠎ᠤᠨ ᠲᠤᠳᠤᠷᠠᠬᠢ ᠡᠵᠡᠩᠨᠡᠯᠳᠡ ᠵᠢᠨ ᠠᠵᠢᠯᠯᠠᠭ᠋ᠠᠨ᠎ᠳᠤ ᠬᠠᠤᠯᠢ᠎ᠠᠴᠠ ᠬᠦᠨᠳᠦ ᠨᠤᠴᠢᠳᠠᠢ ᠵᠦᠷᠢᠴᠡᠭᠰᠡᠨ ᠲᠡᠮᠳᠡᠭᠯᠡᠯ ᠪᠠᠢ᠌ᠬᠤ ᠦᠭᠡᠢ ᠪᠢᠴᠢᠭ᠎ᠤᠨ ᠢᠯᠡᠷᠭᠡᠢ᠌ᠯᠡᠯᠳᠡ ᠵᠢ ᠬᠠᠩᠭ᠋ᠠᠨ᠎ᠠ᠃
5.《ᠢᠲᠡᠭᠡᠮᠵᠢᠲᠦ ᠲᠤᠮᠳᠠᠳᠤ ᠤᠯᠤᠰ》 ᠰᠦᠯᠵᠢᠶ᠎ᠡ (www.creditchina.gov.cn)᠂ ᠲᠤᠮᠳᠠᠳᠤ ᠤᠯᠤᠰ᠎ᠤᠨ ᠵᠠᠰᠠᠭ᠎ᠤᠨ ᠤᠷᠳᠤᠨ᠎ᠤ ᠬᠤᠳᠠᠯᠳᠤᠨ ᠠᠪᠬᠤ ᠰᠦᠯᠵᠢᠶ᠎ᠡ (www.ccgp.gov.cn)᠎ᠠᠴᠠ ᠢᠳᠡᠭᠡᠮᠵᠢ ᠵᠢ ᠪᠠᠢ᠌ᠴᠠᠭ᠋ᠠᠨ ᠯᠠᠪᠯᠠᠭᠰᠠᠨ ᠲᠡᠮᠳᠡᠭᠯᠡᠯ (ᠢᠳᠡᠭᠡᠯ ᠠᠯᠳᠠᠭᠰᠠᠨ ᠬᠦᠢ᠍ᠴᠡᠳᠭᠡᠭᠳᠡᠭᠴᠢ᠂ ᠭᠠᠢ᠌ᠯᠢ ᠲᠠᠳᠠᠪᠦᠷᠢ ᠵᠢᠨ ᠬᠠᠤᠯᠢ᠎ᠠᠴᠠ ᠬᠦᠨᠳᠦ ᠶᠡᠭᠡ ᠵᠦᠷᠢᠴᠡᠭᠰᠡᠨ ᠭᠡᠷᠡᠭ᠎ᠤᠨ ᠲᠤᠬᠠᠢ ᠵᠢᠨ ᠬᠦᠮᠦᠨ᠎ᠤ ᠨᠡᠷᠡᠰ᠂ ᠵᠠᠰᠠᠭ᠎ᠤᠨ ᠤᠷᠳᠤᠨ᠎ᠤ ᠬᠤᠳᠠᠯᠳᠤᠨ ᠠᠪᠬᠤ ᠠᠵᠢᠯᠯᠠᠭ᠎ᠠ ᠵᠢᠨ ᠬᠠᠤᠯᠢ᠎ᠠᠴᠠ ᠬᠦᠨᠳᠦ ᠨᠤᠴᠢᠳᠠᠢ ᠵᠦᠷᠢᠴᠡᠵᠦ ᠢᠳᠡᠭᠡᠯ ᠠᠯᠳᠠᠭᠰᠠᠨ ᠦᠢ᠍ᠯᠡ ᠠᠵᠢᠯᠯᠠᠭ᠎ᠠ ᠵᠢ ᠪᠠᠢ᠌ᠴᠠᠭ᠋ᠠᠨ ᠯᠠᠪᠯᠠᠭᠰᠠᠨ ᠲᠡᠮᠳᠡᠭᠯᠡᠯ)᠎ᠢ ᠬᠠᠩᠭ᠋ᠠᠨ᠎ᠠ᠃
ᠵᠢᠷᠭᠤᠭ᠎ᠠ᠂ ᠲᠠᠭ᠋ᠠᠴᠢᠯᠠᠯᠳᠠ ᠬᠦᠯᠢᠶᠡᠬᠦ (ᠲᠠᠭ᠋ᠠᠬᠤ) ᠪᠢᠴᠢᠭ ᠮᠠᠲᠸᠷᠢᠶᠠᠯ᠎ᠢ ᠲᠤᠰᠢᠶᠠᠬᠤ ᠬᠢᠵᠠᠭ᠋ᠠᠷᠯᠠᠬᠤ ᠴᠠᠭ᠂ ᠲᠠᠭ᠋ᠠᠭ᠋ᠠᠴᠢᠯᠠᠯᠳᠠ ᠨᠡᠢ᠌ᠳᠡᠯᠡᠬᠦ ᠴᠠᠭ ᠵᠢᠴᠢ ᠭᠠᠵᠠᠷ
1. ᠲᠠᠭ᠋ᠠᠴᠢᠯᠠᠯᠳᠠ ᠬᠦᠯᠢᠶᠡᠬᠦ (ᠲᠠᠭ᠋ᠠᠬᠤ) ᠪᠢᠴᠢᠭ ᠮᠠᠲᠸᠷᠢᠶᠠᠯ᠎ᠢ ᠲᠤᠰᠢᠶᠠᠬᠤ ᠬᠢᠵᠠᠭ᠋ᠠᠷᠯᠠᠬᠤ ᠴᠠᠭ᠄ 2023 ᠤᠨ᠎ᠤ 6 ᠳ᠋ᠤᠭ᠋ᠠᠷ ᠰᠠᠷ᠎ᠠ ᠵᠢᠨ 30᠎ᠤ ᠡᠳᠦᠷ᠎ᠤᠨ ᠦᠳᠡ ᠵᠢᠨ ᠡᠮᠦᠨ᠎ᠡ ᠵᠢᠨ 9᠄30 ᠴᠠᠭ᠃
2. ᠲᠠᠭ᠋ᠠᠭ᠋ᠠᠴᠢᠯᠠᠯᠳᠠ ᠬᠦᠯᠢᠶᠡᠬᠦ ᠭᠠᠵᠠᠷ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠦᠨᠳᠦᠰᠦᠳᠡᠨ᠎ᠤ ᠵᠦᠪᠯᠡᠯ᠎ᠤᠨ ᠤᠷᠤᠨ ᠨᠤᠳᠤᠭ᠎ᠤᠨ ᠦᠭᠡ ᠬᠡᠯᠡ ᠦᠰᠦᠭ ᠪᠢᠴᠢᠭ᠎ᠤᠨ ᠰᠤᠳᠤᠯᠤᠯ ᠭᠡᠷᠡᠭᠯᠡᠭᠡᠨ᠎ᠤ ᠲᠦᠪ (ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠬᠦᠬᠡᠬᠤᠳᠠ ᠵᠢᠨ ᠰᠢᠨ᠎ᠡ ᠬᠤᠳᠠ ᠲᠤᠭᠤᠷᠢᠭ᠎ᠤᠨ ᠶᠢᠩ ᠪᠢᠨ ᠬᠣᠢ᠌ᠳᠤ ᠵᠠᠮ᠎ᠤᠨ 8 ᠳ᠋ᠤᠭ᠋ᠠᠷ ᠨᠤᠮᠸᠷ)᠃
3. ᠲᠠᠭ᠋ᠠᠭ᠋ᠠᠴᠢᠯᠠᠯᠳᠠ ᠨᠡᠢ᠌ᠳᠡᠯᠡᠬᠦ ᠴᠠᠭ᠄ 2023 ᠤᠨ᠎ᠤ 6 ᠳ᠋ᠤᠭ᠋ᠠᠷ ᠰᠠᠷ᠎ᠠ ᠵᠢᠨ 30᠎ᠤ ᠡᠳᠦᠷ᠎ᠤᠨ ᠦᠳᠡ ᠵᠢᠨ ᠡᠮᠦᠨ᠎ᠡ ᠵᠢᠨ 9᠄30 ᠴᠠᠭ᠃
4. ᠲᠠᠭ᠋ᠠᠭ᠋ᠠᠴᠢᠯᠠᠯᠳᠠ ᠨᠡᠢ᠌ᠳᠡᠯᠡᠬᠦ ᠭᠠᠵᠠᠷ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠦᠨᠳᠦᠰᠦᠳᠡᠨ᠎ᠤ ᠵᠦᠪᠯᠡᠯ ᠤᠨ ᠤᠷᠤᠨ ᠨᠤᠳᠤᠭ᠎ᠤᠨ ᠦᠭᠡ ᠬᠡᠯᠡ ᠦᠰᠦᠭ ᠪᠢᠴᠢᠭ᠎ᠤᠨ ᠰᠤᠳᠤᠯᠤᠯ ᠭᠡᠷᠡᠭᠯᠡᠭᠡᠨ᠎ᠤ ᠲᠦᠪ᠎ᠤᠨ 214 ᠨᠤᠮᠸᠷᠳᠦ ᠬᠤᠷᠠᠯ᠎ᠤᠨ ᠭᠡᠷ (ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠬᠦᠬᠡᠬᠤᠳᠠ ᠵᠢᠨ ᠰᠢᠨ᠎ᠡ ᠬᠤᠳᠠ ᠲᠤᠭᠤᠷᠢᠭ᠎ᠤᠨ ᠶᠢᠩ ᠪᠢᠨ ᠬᠣᠢ᠌ᠳᠤ ᠵᠠᠮ᠎ᠤᠨ 8 ᠳ᠋ᠤᠭ᠋ᠠᠷ ᠨᠤᠮᠸᠷ)᠃
5. ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠦᠨᠳᠦᠰᠦᠳᠡᠨ᠎ᠤ ᠵᠦᠪᠯᠡᠯ᠎ᠤᠨ ᠤᠷᠤᠨ ᠨᠤᠳᠤᠭ᠎ᠤᠨ ᠦᠭᠡ ᠬᠡᠯᠡ ᠦᠰᠦᠭ ᠪᠢᠴᠢᠭ᠎ᠤᠨ ᠰᠤᠳᠤᠯᠤᠯ ᠭᠡᠷᠡᠭᠯᠡᠭᠡᠨ᠎ᠤ ᠲᠦᠪ᠎ᠤᠨ ᠰᠠᠬᠢᠯᠭ᠎ᠠ ᠪᠠᠳᠤ ᠪᠠᠢ᠌ᠴᠠᠭ᠋ᠠᠬᠤ ᠬᠤᠷᠢᠶ᠎ᠠ᠎ᠠᠴᠠ ᠪᠦᠬᠦ ᠶᠠᠪᠤᠴᠨ᠎ᠳᠤ ᠬᠢᠨᠠᠯᠳᠠ ᠲᠠᠯᠪᠢᠨ᠎ᠠ᠃
ᠲᠤᠯᠤᠭ᠎ᠠ᠂ ᠬᠠᠷᠢᠯᠴᠠᠬᠤ ᠠᠷᠭ᠎ᠠ
ᠬᠠᠷᠢᠯᠴᠠᠬᠤ ᠭᠠᠵᠠᠷ᠄ ᠰᠢᠨᠬᠤᠸᠠ ᠶᠡᠭᠡ ᠵᠠᠮ᠎ᠤᠨ 63 ᠨᠤᠮᠸᠷᠳᠦ ᠬᠤᠷᠢᠶᠠᠯᠠᠯ᠎ᠤᠨ 7 ᠳ᠋ᠤᠭ᠋ᠠᠷ ᠠᠰᠠᠷ
ᠬᠠᠷᠢᠯᠴᠠᠬᠤ ᠬᠦᠮᠦᠨ᠄ ᠴᠢ ᠠᠪᠤᠭ᠋ᠠᠢ
ᠬᠠᠷᠢᠯᠴᠠᠬᠤ ᠤᠳᠠᠰᠦ᠄ 0471- 6944973
ᠣᠷᠴᠢᠭᠤᠯᠤᠭᠴᠢ᠄ ᠣᠶᠤᠨᠰᠡᠴᠡᠨ
ᠬᠢᠨᠠᠨ ᠨᠠᠢ᠌ᠷᠠᠭᠤᠯᠤᠭᠴᠢ᠄ ᠠᠳᠢᠶ᠎ᠠ ᠰᠠᠴᠤᠷᠠᠯ
ᠶᠡᠷᠦᠩᠬᠡᠢ ᠬᠢᠨᠠᠨ ᠨᠠᠢ᠌ᠷᠠᠭᠤᠯᠤᠭᠴᠢ᠄ ᠪᠠᠶᠠᠨᠴᠢᠮᠡᠭ