ᠴᠤᠭᠳᠠᠯᠠᠢ ᠵᠣᠬᠢᠶᠠᠪᠠ
ᠪᠢ ᠠᠵᠢᠯ᠎ᠤᠨ ᠠᠮᠠᠷᠠᠯᠳᠠ᠎ᠪᠠᠨ ᠠᠪᠤᠭᠰᠠᠨ ᠠᠬᠠᠮᠠᠳ ᠺᠠᠳ᠋ᠷ ᠶᠤᠮ᠃ ᠲᠦᠷᠦᠵᠦ ᠦᠰᠦᠭᠰᠡᠨ ᠨᠤᠳᠣᠭ ᠤᠰᠣᠨ ᠳᠤ᠎ᠪᠠᠨ ᠦᠲᠡᠯᠬᠦ ᠭᠡᠵᠦ ᠠᠵᠠ ᠵᠢᠷᠭ᠋ᠠᠯ᠎ᠲᠠᠢ ᠰᠠᠨᠠᠭᠳᠠᠨ᠎ᠠ᠃
ᠪᠢ 1953 ᠤᠨ᠎ᠤ ᠴᠠᠭ᠋ᠠᠨ ᠰᠠᠷ᠎ᠠ᠎ᠳᠤ ᠤᠤᠯ᠎ᠤᠨ ᠠᠯᠠᠱ᠌ᠠ ᠵᠡᠬᠦᠨ ᠬᠤᠰᠢᠭᠤᠨ᠎ᠤ ᠬᠦᠪᠠᠨᠠᠮᠤᠭ ᠪᠠᠭ ᠵᠶ᠋ᠠᠷ ᠨᠤᠳᠤᠭ᠎ᠲᠠᠢ ᠬᠠᠯᠬᠠᠰ ᠤᠪᠤᠭᠳᠤ ᠠᠪᠤ ᠴᠠᠷᠢᠨᠳᠠᠰᠢ ᠳ᠋ᠠᠨᠢᠭ᠎ᠠ ᠂ ᠬᠤᠢ᠌ᠳ ᠤᠪᠤᠭᠳᠤ ᠡᠵᠢ ᠪᠠᠶᠠᠰᠬᠤᠯᠠᠩ᠎ᠤᠨ ᠵᠢᠨᠵᠢᠭᠡ ᠬᠦᠪᠠᠬᠦᠨ ᠪᠤᠯᠵᠤ ᠵᠠᠶᠠᠭ᠋ᠠᠵᠡᠢ᠃ ᠪᠠᠭ᠎ᠠ ᠨᠠᠰᠤ᠎ᠪᠠᠨ ᠡᠷᠭᠢᠴᠡᠭᠦᠯᠦᠨ ᠪᠤᠳᠣᠬᠤ᠎ᠳᠤ ᠲᠣᠮᠳᠠᠳᠣ ᠤᠯᠣᠰ᠎ᠤᠨ ᠡᠪ ᠬᠠᠮᠲᠣ ᠨᠠᠮ᠎ᠤᠨ ᠬᠠᠢ᠌ᠷ᠎ᠠ ᠬᠠᠯᠠᠮᠵᠢ ᠵᠢᠨ ᠳᠤᠤᠷ᠎ᠠ ᠦᠰᠦᠨ ᠪᠤᠢ᠌ᠵᠢᠭ᠌ᠰᠡᠨ ᠬᠦᠳᠡᠭᠡ ᠵᠢᠨ ᠪᠤᠷᠦ ᠬᠡᠥᠬᠡᠳ᠎ᠤᠨ ᠨᠢᠭᠡ᠎ᠨᠢ ᠶᠤᠮ ᠃
2013 ᠤᠨ᠎ᠳᠤ ᠠᠵᠢᠯ᠎ᠤᠨ ᠠᠮᠠᠷᠠᠯᠳᠠ᠎ᠪᠠᠨ ᠠᠪᠤᠪᠠ᠃ 1984 — 1996 ᠤᠨ ᠪᠤᠯᠳᠠᠯ᠎ᠠ ᠲᠤᠩᠭ᠋ᠠᠯᠠᠭ ᠨᠠᠭᠤᠷ ᠰᠤᠮᠤᠨ᠎ᠤ ᠳᠣᠯᠤᠭ᠎ᠠ᠂ ᠨᠠᠢ᠍ᠮᠠ᠂ ᠶᠢᠰᠦ᠂ ᠠᠷᠪᠠᠳᠤᠭ᠋ᠠᠷ ᠬᠤᠭᠤᠴᠠᠭ᠋ᠠᠨ᠎ᠤ ᠠᠷᠠᠳ᠎ᠤᠨ ᠲᠦᠯᠦᠭᠡᠯᠡᠭᠴᠢ ᠪᠤᠯᠪᠠ᠃1988 — 1999 ᠤᠨ ᠪᠤᠯᠳᠠᠯ᠎ᠠ ᠠᠯᠠᠱ᠌ᠠ ᠵᠠᠬᠦᠨ ᠬᠤᠰᠢᠭᠤᠨ᠎ᠤ ᠨᠠᠢ᠍ᠮᠠ᠂ ᠶᠢᠰᠦ᠂ ᠠᠷᠪᠠᠳᠤᠭ᠋ᠠᠷ ᠬᠤᠭᠤᠴᠠᠭ᠋ᠠᠨ᠎ᠤ ᠠᠷᠠᠳ᠎ᠤᠨ ᠲᠦᠯᠦᠭᠡᠯᠡᠭᠴᠢ ᠪᠤᠯᠪᠠ᠃ 1993 — 1994 ᠤᠨ᠎ᠳᠤ ᠠᠯᠠᠱ᠌ᠠ ᠵᠠᠬᠦᠨ ᠬᠤᠰᠢᠭᠤ᠂ ᠠᠯᠠᠱ᠌ᠠ ᠠᠢ᠌ᠮᠠᠭ᠎ᠤᠨ 《ᠦᠨᠳᠤᠰᠤᠳᠡᠨ᠎ᠤ ᠪᠦᠯᠬᠦᠮᠳᠠᠯ ᠲᠡᠪᠰᠢᠯᠳᠠ ᠵᠢᠨ ᠵᠢᠱ᠌ᠢᠶᠠᠴᠢ ᠬᠤᠪᠢ ᠬᠦᠮᠦᠨ》 ᠵᠶ᠋ᠡᠷ ᠰᠤᠩᠭᠤᠭᠳᠠᠪᠠ᠃ ᠪᠠᠰᠠ ᠤᠯᠠᠨ ᠤᠳᠠᠭ᠎ᠠ ᠰᠢᠯᠢᠳᠡᠭ ᠠᠵᠢᠯᠳᠠᠨ ᠵᠶ᠋ᠠᠷ ᠰᠤᠩᠭᠤᠭᠳᠠᠵᠤ ᠦᠩᠭᠡᠷᠠᠪᠠ᠃1999 — 2008 ᠤᠨ ᠪᠤᠯᠳᠠᠯ᠎ᠠ ᠠᠯᠠᠱ᠌ᠠ ᠵᠠᠬᠦᠨ ᠬᠤᠰᠢᠭᠤᠨ᠎ᠤ ᠤᠯᠤᠰ ᠲᠦᠷᠤ ᠵᠢᠨ ᠵᠦᠪᠯᠠᠯᠭᠡᠨᠤ ᠭᠡᠰᠢᠬᠦᠨ ᠪᠤᠯᠪᠠ᠃
1958 ᠤᠨ᠎ᠳᠤ ᠬᠤᠰᠢᠭᠤᠨ᠎ᠠᠴᠠ ᠪᠤᠤ ᠭᠡᠰᠢᠭᠳᠤ ᠭᠡᠳᠡᠭ ᠪᠠᠭᠰᠢ ᠵᠢ ᠲᠤᠮᠢᠯᠠᠵᠤ᠂ ᠬᠦᠪᠡᠨᠠᠮᠤᠭ ᠪᠠᠭ᠎ᠠ ᠰᠤᠷᠭ᠋ᠠᠭᠤᠯᠢ ᠵᠢ ᠠᠩᠬ᠎ᠠ ᠪᠠᠢ᠌ᠭᠤᠯᠵᠡᠢ᠃ ᠪᠢ ᠲᠠᠷᠠ ᠦᠶᠠᠰ ᠭᠡᠳᠤᠢ᠌ᠪᠠᠷ ᠲᠠᠪᠤᠨ ᠨᠠᠰᠤᠲᠠᠢ ᠪᠠᠯᠴᠢᠷ ᠪᠠᠢ᠌ᠭᠰᠠᠨ ᠪᠤᠯᠪᠠᠴᠤ ᠮᠢᠨᠤ ᠠᠬ᠎ᠠ ᠵᠢ ᠠᠪᠤ᠂ ᠡᠵᠢ ᠠᠩᠬ᠎ᠠ ᠤᠳᠠᠭ᠎ᠠ ᠰᠤᠷᠭ᠋ᠠᠭᠤᠯᠢ᠎ᠳᠤ ᠶᠠᠪᠤᠭᠤᠯᠬᠤ ᠭᠡᠵᠤ ᠴᠠᠢ ᠵᠢᠨ ᠠᠮᠳᠠ (ᠪᠣᠣᠪᠤ ᠪᠣᠭᠣᠷᠰᠣᠭ)᠂ ᠪᠤᠭᠤᠷᠰᠤᠭ ᠬᠤᠪᠴᠠᠰᠤ ᠬᠤᠨᠠᠷ ᠡᠨᠡ ᠲᠠᠷᠠ ᠭᠡᠳ ᠲᠦᠬᠦᠭᠡᠷᠴᠤ ᠦᠭᠬᠦᠭᠡᠳ ᠶᠠᠪᠤᠭᠤᠯᠬᠤ ᠭᠡᠬᠦ᠎ᠳᠤ ᠠᠬ᠎ᠠ᠂ ᠠᠪᠤ ᠡᠵᠢ ᠭᠡᠷ᠎ᠠᠴᠠ ᠰᠠᠯᠵᠤ ᠶᠠᠪᠤᠬᠤ ᠦᠭᠡᠢ ᠭᠡᠳ ᠤᠬᠢᠯᠠᠩᠨᠠᠵᠤ ᠪᠠᠢ᠌ᠭᠰᠠᠨ᠎ᠢ ᠠᠯᠪᠠ᠎ᠪᠠᠷ ᠠᠪᠤᠭ᠋ᠠᠳ ᠶᠠᠪᠤᠬᠤ᠎ᠳᠤ ᠡᠵᠢ ᠮᠢᠨᠢ ᠪᠠᠰᠠ ᠨᠢᠳᠤᠨ ᠳᠤ᠎ᠪᠠᠨ ᠵᠠᠢ᠌ᠷ ᠭᠦᠶᠦᠯᠭᠡᠭᠡᠳ ᠵᠤᠭᠰᠤᠵᠤ ᠪᠠᠢ᠌ᠭᠰᠠᠨ᠎ᠨᠢ ᠲᠠᠷᠢᠬᠢᠨ᠎ᠳᠤ ᠮᠢᠨᠢ ᠲᠤᠪ ᠲᠤᠳᠤᠬᠠᠨ ᠪᠠᠢ᠌ᠨ᠎ᠠ᠃ 1960 ᠤᠨ᠎ᠳᠤ ᠡᠭᠡᠴᠢ ᠮᠥᠨ ᠲᠠᠷᠠ ᠰᠤᠷᠭ᠋ᠠᠭᠤᠯᠢ᠎ᠳᠤ ᠰᠠᠭᠤᠵᠤ᠂ 1962 ᠤᠨ᠎ᠳᠤ ᠪᠢ ᠡᠭᠡᠴᠢ᠎ᠪᠠᠨ ᠲᠠᠭ᠋ᠠᠭ᠋ᠠᠳ ᠶᠠᠪᠤᠭᠰᠠᠨ ᠪᠤᠯᠬᠤᠷ ᠠᠬ᠎ᠠ ᠰᠢᠭ᠋ ᠲᠡᠭᠡᠵᠤ ᠶᠠᠭᠡ ᠤᠬᠢᠯᠠᠵᠤ ᠪᠠᠷᠬᠢᠷᠠᠭᠰᠠᠨ ᠦᠭᠡᠢ ᠴᠦ᠍ ᠮᠥᠨ ᠡᠵᠢ᠎ᠪᠠᠨ ᠲᠡᠪᠡᠷᠢᠨ ᠤᠬᠢᠯᠠᠵᠤ ᠪᠠᠢ᠌ᠭ᠋ᠠᠳ ᠰᠠᠯ᠎ᠤᠨ ᠶᠠᠪᠤᠵᠤ ᠠᠩᠬ᠎ᠠ ᠰᠤᠷᠭ᠋ᠠᠭᠤᠯᠢ ᠵᠢᠨ ᠠᠯᠳᠠᠨ ᠪᠤᠱ᠌ᠤᠭ᠎ᠠ ᠵᠢ ᠠᠯᠬᠤᠵᠤ᠂ ᠰᠤᠶᠤᠯ᠎ᠤᠨ ᠮᠦᠷ ᠵᠶ᠋ᠠᠨ ᠡᠬᠢᠯᠡᠬᠦᠯᠦᠭᠰᠠᠨ ᠪᠠᠢ᠌ᠨ᠎ᠠ᠃
ᠲᠤᠬᠠᠢ ᠵᠢᠨ ᠦᠶ᠎ᠠ ᠪᠤᠯ ᠤᠯᠤᠰ ᠪᠠᠢ᠌ᠭᠤᠯᠤᠭᠳᠠᠭᠰᠠᠨ ᠠᠩᠬᠠᠨ᠎ᠤ ᠱᠠᠳᠤ ᠦᠶ᠎ᠠ᠎ᠳᠤ᠎ᠪᠠᠨ ᠪᠠᠢ᠌ᠵᠤ᠂ ᠤᠯᠤᠰ ᠠᠷᠠᠳ᠎ᠤᠨ ᠠᠵᠤ ᠠᠮᠢᠳᠤᠷᠠᠯ ᠲᠤᠢ᠌ᠯ᠎ᠤᠨ ᠬᠦᠴᠢᠷᠳᠠᠢ ᠪᠠᠢ᠌ᠭᠰᠠᠨ ᠴᠠᠭ ᠦᠶ᠎ᠠ ᠪᠤᠯᠤᠨ᠎ᠠ᠃ ᠲᠠᠷᠠ ᠦᠶ᠎ᠠ ᠲᠤᠰ ᠰᠤᠷᠭ᠋ᠠᠭᠤᠯᠢ᠎ᠨᠢ ᠨᠢᠭᠡᠨ ᠬᠤᠪᠢ ᠠᠢ᠌ᠯ᠎ᠤᠨ ᠭᠡᠷ᠎ᠲᠤ ᠪᠠᠢ᠌ᠭᠤᠯᠤᠭᠳᠠᠵᠤ᠂ ᠭᠤᠷᠪᠠᠨ ᠶᠠᠩᠵᠤ ᠵᠢᠨ ᠬᠠᠷ᠎ᠠ ᠪᠤᠳᠠᠭ᠎ᠠ ᠵᠢ ᠨᠠᠢ᠌ᠯᠠᠬᠦᠯᠦᠭᠰᠠᠨ ᠬᠠᠷ᠎ᠠ ᠭᠤᠯᠢᠷ (三合面) ᠪᠠᠢ᠌ᠵᠤ᠂ ᠬᠦᠷᠦᠭ᠂ ᠤᠯᠠᠭ᠋ᠠᠨ ᠭᠤᠶᠤᠤ᠎ᠪᠠᠷ ᠬᠠᠪᠰᠤᠷᠤᠮᠵᠢ ᠪᠤᠯᠭ᠋ᠠᠳᠠᠭ ᠪᠠᠢ᠌ᠪᠠ᠃ ᠴᠠᠢ ᠪᠤᠳᠠᠭ᠎ᠠ ᠴᠢᠨᠠᠬᠤ ᠪᠠ ᠳᠤᠯᠠᠭ᠋ᠠᠯᠠᠮᠵᠢ ᠪᠤᠯᠭ᠋ᠠᠳᠠᠭ᠎ᠨᠢ ᠪᠦᠷ ᠦᠬᠢᠷᠡᠭᠰᠡᠨ ᠰᠢᠪᠠᠭ᠂ ᠪᠦᠭᠡᠷᠡᠭ᠂ ᠬᠦᠷᠦᠭ ᠮᠠᠳᠤ ᠵᠢᠨ ᠲᠦᠯᠠᠭᠡ ᠪᠠᠢ᠌ᠵᠡᠢ᠃ ᠭᠠᠷᠠᠭ ᠪᠦᠷᠢ ᠵᠢᠨ ᠵᠢᠷᠭᠤᠭ᠋ᠠᠨ᠎ᠤ ᠬᠢᠴᠢᠶᠠᠯ᠎ᠤᠨ ᠭᠠᠳᠠᠨᠠᠬᠢ ᠬᠦᠳᠠᠯᠭᠡᠭᠡᠨᠤ ᠴᠠᠭ᠎ᠲᠤ ᠭᠤᠷᠪᠠᠨ ᠤᠨ᠎ᠠᠴᠠ ᠲᠡᠭᠡᠭᠰᠢ ᠰᠤᠷᠤᠭᠴᠢᠳ ᠬᠦᠳᠠᠭᠡ ᠶᠠᠪᠤᠵᠤ ᠲᠦᠯᠠᠭᠡ ᠲᠠᠬᠦᠳᠡᠭ ᠪᠠᠢ᠌ᠵᠡᠢ᠃ ᠰᠢᠭᠡᠷᠡᠩ ᠪᠠᠢ᠌ᠷᠢ ᠵᠢᠨ ᠬᠠᠠᠵᠤ ᠵᠢ ᠮᠥᠨ ᠲᠦᠯᠠᠭᠡ ᠲᠦᠯᠠᠵᠤ ᠬᠠᠯᠠᠭᠤᠯᠳᠠᠭ ᠪᠠᠢ᠌ᠭᠰᠠᠨ᠃
ᠬᠦᠪᠠᠨᠠᠮᠤᠭ ᠰᠤᠷᠭ᠋ᠠᠭᠤᠯᠢ᠎ᠨᠢ ᠮᠠᠨ᠎ᠤ᠎ᠬᠢᠨ᠎ᠠᠴᠠ 80 ᠭᠠᠵᠠᠷ᠎ᠤᠨ ᠵᠠᠢᠲᠠᠢ᠂ ᠤᠨᠤᠭ᠎ᠠ᠎ᠪᠠᠷ ᠨᠢᠭᠡ ᠰᠠᠢ᠌ᠨ ᠡᠳᠤᠷ᠎ᠤᠨ ᠵᠠᠮ ᠪᠠᠢ᠌ᠵᠡᠢ᠃ ᠡᠯᠵᠢᠭᠡᠨ ᠤᠨᠤᠭ᠎ᠠ᠎ᠪᠠᠷ ᠶᠠᠪᠤᠪᠠᠯ ᠦᠷᠯᠦᠭᠡ ᠵᠢᠨ ᠨᠠᠷᠨ ᠪᠠᠷ ᠶᠠᠪᠤᠭ᠋ᠠᠳ ᠤᠳᠤᠨ ᠬᠦᠢ᠍ᠴᠠᠬᠦᠳᠤ ᠰᠠᠶᠢ ᠬᠦᠷᠳᠡᠭ ᠪᠠᠢ᠌ᠭᠰᠠᠨ᠃ ᠮᠢᠨᠤ ᠠᠪᠤ ᠨᠠᠮ᠎ᠠ ᠵᠢ ᠠᠩᠬ᠎ᠠ ᠤᠳᠠᠭ᠎ᠠ ᠰᠤᠷᠭ᠋ᠠᠭᠤᠯᠢ᠎ᠳᠤ ᠬᠦᠷᠭᠡᠬᠦ᠎ᠳᠤ ᠴᠣ᠋ · ᠪᠤᠶᠠᠠᠠᠤᠠᠳᠤᠷᠬᠤ ᠭᠡᠳᠡᠭ ᠪᠠᠭᠰᠢ ᠭᠠᠷᠳᠠᠨ ᠠᠪᠤᠯ᠎ᠠ᠃ ᠲᠡᠭᠡᠭᠰᠠᠨ ᠴᠢᠨᠢ ᠬᠠᠷᠢᠨ ᠮᠠᠨ᠎ᠤ ᠨᠢᠭᠡ ᠪᠠᠷᠢᠭ᠋ᠠᠳᠠ᠎ᠠᠴᠠ ᠰᠤᠷᠭ᠋ᠠᠭᠤᠯᠢ ᠲᠠᠮᠵᠢᠭ᠋ᠠᠳ ᠪᠠᠭᠰᠢ ᠪᠤᠯᠵᠤ ᠢᠷᠡᠭᠰᠠᠨ ᠲᠠᠨᠢᠳᠠᠭ ᠪᠠᠭᠰᠢ ᠪᠠᠢ᠌ᠭᠰᠠᠨ᠎ᠳᠤ ᠰᠠᠳᠬᠢᠯ ᠶᠠᠭᠡ ᠠᠭᠤᠵᠢᠷᠠᠵᠤ᠂ ᠠᠪᠤ ᠪᠤᠴᠠᠭ᠋ᠠᠳ ᠬᠠᠷᠢᠬᠤ᠎ᠳᠤ ᠲᠠᠮᠠᠢ ᠶᠠᠭᠡ ᠵᠤᠪᠠᠵᠤ ᠭᠤᠳᠤᠷᠠᠭᠰᠠᠨ ᠦᠭᠡᠢ ᠪᠢᠯᠠ᠃ ᠲᠠᠷᠠ ᠦᠶ᠎ᠠ᠎ᠳᠤ ᠨᠦᠬᠦᠴᠠᠯ ᠠᠮᠢᠳᠤᠷᠠᠯ ᠲᠤᠢ᠌ᠯ᠎ᠤᠨ ᠬᠦᠴᠢᠷᠳᠠᠢ ᠪᠠᠢ᠌ᠭᠰᠠᠨ᠃ ᠪᠤᠢ ᠪᠦᠬᠦᠢ ᠰᠤᠷᠤᠭᠴᠢ ᠨᠠᠷ ᠪᠦᠷ ᠯᠠ ᠰᠤᠷᠭ᠋ᠠᠭᠤᠯᠢ ᠳᠤ᠎ᠪᠠᠨ ᠪᠠᠢ᠌ᠷᠢ᠎ᠳᠤ ᠰᠠᠭᠤᠵᠤ᠂ ᠰᠤᠷᠤᠯᠴᠠᠬᠤ ᠠᠮᠢᠳᠤᠷᠠᠬᠤ᠂ ᠬᠤᠨᠤᠵᠤ ᠭᠡᠪᠳᠠᠬᠦ᠂ ᠤᠬᠢᠶᠠᠵᠤ ᠴᠠᠪᠠᠷᠯᠠᠬᠦ ᠠᠯᠢᠪᠠ ᠪᠦᠬᠦᠨ ᠴᠦᠮ ᠪᠠᠭᠰᠢ ᠨᠠᠷ᠎ᠤᠨ ᠬᠠᠷᠠᠭ᠋ᠠᠯᠵᠠᠯᠭᠠᠪᠠᠷ ᠪᠠᠢ᠌ᠳᠠᠭ ᠃ ᠠᠰᠠᠷᠠᠭᠴᠢ ᠡᠨᠡ ᠲᠠᠷᠠ ᠭᠡᠰᠡᠨ ᠢᠯᠠᠬᠦᠤ ᠲᠤᠳᠠᠭᠤ ᠬᠦᠮᠤᠨ ᠶᠠᠷᠤ ᠪᠠᠢ᠌ᠭᠰᠠᠨ ᠦᠭᠡᠢ᠂ ᠲᠤᠬᠠᠢ ᠵᠢᠨ ᠦᠶ᠎ᠠ᠎ᠳᠤ ᠭᠡᠤᠭᠡᠳ᠎ᠤᠳ ᠡᠪᠤᠯ᠂ ᠵᠤᠨ ᠲᠤᠰᠪᠤᠷᠢ ᠨᠢᠭᠡ ᠯᠠ ᠦᠪᠴᠢ ᠬᠤᠪᠴᠠᠰᠤ᠎ᠲᠠᠢ᠃ ᠠᠩᠬ᠎ᠠ ᠰᠤᠷᠭ᠋ᠠᠭᠤᠯᠢ᠎ᠳᠤ ᠰᠠᠭᠤᠳᠠᠭ ᠬᠤᠭᠤᠴᠠᠭ᠎ᠠ ᠴᠣ᠋ ᠪᠠᠭᠰᠢ ᠮᠠᠨ᠎ᠤ ᠠᠩᠬᠢ ᠵᠢᠨ ᠰᠤᠷᠤᠭᠴᠢᠳ᠎ᠤᠨ ᠬᠤᠪᠴᠠᠰᠤ ᠵᠢ ᠤᠬᠢᠶᠠᠵᠤ ᠴᠠᠪᠠᠷᠯᠠᠬᠦ᠎ᠳᠤ ᠰᠤᠯᠢᠵᠤ ᠡᠮᠤᠰᠬᠦ ᠬᠤᠪᠴᠠᠰᠤ ᠦᠭᠡᠢ ᠪᠤᠯᠬᠤᠷ ᠰᠠᠭᠤᠳᠠᠭ ᠭᠡᠷ ᠲᠤ᠎ᠪᠠᠨ ᠠᠪᠠᠴᠢᠵᠤ ᠬᠠᠯᠠᠭᠤᠨ ᠬᠠᠨᠵᠤᠨ ᠲᠡᠭᠡᠷ᠎ᠠ᠎ᠪᠠᠨ ᠨᠢᠴᠦᠬᠦᠨ ᠰᠠᠭᠤᠯᠭ᠋ᠠᠵᠤ᠂ ᠬᠦᠨᠵᠢᠯᠠ᠎ᠪᠠᠷ ᠵᠶ᠋ᠠᠨ ᠬᠤᠴᠢᠵᠤ᠂ ᠬᠤᠪᠴᠠᠰᠤ ᠵᠢ᠎ᠨᠢ ᠤᠬᠢᠶᠠᠵᠤ ᠬᠠᠲᠠᠭ᠋ᠠᠭ᠋ᠠᠳ ᠡᠮᠤᠰᠭᠡᠳᠡᠭ ᠪᠠᠢ᠌ᠭᠰᠠᠨ ᠪᠢᠯᠠ᠃ ᠪᠠᠰᠠ ᠨᠢᠭᠡ ᠮᠠᠷᠳᠠᠭᠳᠠᠰᠢ ᠦᠭᠡᠢ ᠵᠤᠢ᠌ᠯ ᠪᠤᠯ ᠨᠢᠭᠡ ᠭᠠᠷᠠᠭ᠎ᠤᠨ ᠡᠳᠤᠷ ᠪᠠᠭᠰᠢ ᠨᠠᠮ᠎ᠠ ᠵᠢ ᠭᠡᠷ ᠲᠤ᠎ᠪᠠᠨ ᠠᠪᠠᠴᠢᠵᠤ ᠴᠠᠪᠠᠷᠯᠠᠭᠡ ᠬᠢᠬᠦ ᠦᠶᠠᠰ ᠮᠢᠨᠤ ᠭᠡᠵᠢᠭᠡ ᠪᠦᠭᠡᠰᠤ ᠬᠢᠭᠤᠷᠰᠤ᠎ᠳᠤ ᠲᠠᠷᠤᠭᠳᠠᠭᠰᠠᠨ ᠪᠠᠢ᠌ᠭᠰᠠᠨ᠎ᠳᠤ ᠪᠠᠭᠰᠢ ᠤᠰᠤ ᠬᠠᠯᠠᠭᠤᠯᠵᠤ ᠲᠤᠳᠤᠷ᠎ᠠ᠎ᠨᠢ ᠯᠢᠤ ᠯᠢᠤ ᠹᠸᠨ (六六粉) ᠭᠡᠳᠡᠭ ᠬᠤᠤᠷᠳᠤ ᠲᠠᠯᠬᠠᠨ ᠡᠮ ᠬᠢᠭᠡᠳ ᠲᠤᠯᠤᠭ᠋ᠠᠢ ᠵᠢ ᠮᠢᠨᠢ ᠤᠬᠢᠶᠠᠬᠤ᠎ᠳᠤ ᠪᠠᠬᠠᠨ ᠰᠦᠷᠠᠭᠡᠢ ᠬᠠᠯᠠᠵᠤ ᠲᠦᠯᠠᠵᠤ ᠡᠪᠡᠳᠬᠦ ᠰᠢᠭ ᠪᠤᠯᠵᠤ ᠪᠠᠢ᠌ᠭᠰᠠᠨ᠃ ᠮᠠᠷᠭ᠋ᠠᠰᠢ ᠦᠷᠯᠦᠭᠡ ᠬᠢᠴᠢᠶᠠᠯ ᠳᠤ᠎ᠪᠠᠨ ᠢᠷᠡᠭᠰᠠᠨ᠎ᠳᠤ ᠪᠠᠭᠰᠢ ᠦᠵᠠᠴᠢᠭᠡᠭᠡᠳ ᠰᠤᠴᠢᠵᠤ᠄《ᠸᠠ ! ᠦᠴᠦᠭᠡᠳᠤᠷ᠎ᠤᠨ ᠡᠮ᠎ᠢ ᠪᠠᠬᠠᠨ ᠶᠠᠭᠡ ᠰᠢᠭ ᠬᠢᠴᠢᠭᠡᠵᠤ ᠪᠢᠰᠢ ᠦᠦ᠂ ᠠᠷᠠᠰᠤ ᠮᠢᠬ᠎ᠠ ᠵᠢ ᠴᠢᠨᠢ ᠲᠦᠯᠡᠴᠢᠬᠡᠭᠰᠡᠨ ᠪᠠᠢ᠌ᠬᠤ ᠰᠢᠭ᠋》ᠭᠡᠳ ᠨᠢᠭᠡ ᠲᠤᠯᠢ ᠦᠭᠬᠦᠭᠡᠳ ᠨᠠᠮ᠎ᠠ ᠵᠢ ᠦᠪᠠᠷ ᠵᠶ᠋ᠠᠨ ᠦᠵᠠ ᠭᠡᠪᠠ᠃ ᠲᠡᠭᠡᠭᠰᠠᠨ ᠴᠢᠨᠢ ᠲᠣᠯᠤᠭ᠋ᠠᠢ ᠵᠢᠨ ᠬᠤᠢ᠌ᠬᠠᠠᠴᠠ ᠪᠤᠰᠤᠳ ᠠᠷᠠᠰᠤ ᠮᠢᠬ᠎ᠠ᠂ ᠮᠠᠩᠨᠠᠢ ᠵᠢᠨ ᠬᠦᠷᠦᠰᠤ ᠠᠯᠠᠭ᠎ᠠ ᠪᠤᠯᠴᠢᠬᠠᠭᠰᠠᠨ ᠪᠠᠢ᠌ᠳᠠᠭ ᠪᠢᠯᠠ᠃ ᠲᠡᠭᠡᠭᠡᠳ ᠪᠠᠭᠰᠢ ᠶᠠᠭᠡ ᠯᠠ ᠰᠠᠠᠳᠤᠷᠴᠤ ᠭᠡᠷ ᠲᠤ᠎ᠪᠠᠨ ᠲᠠᠭ᠋ᠠᠭᠤᠯᠵᠤ ᠬᠦᠷᠦᠭᠡᠳ ᠦᠭᠡᠷ᠎ᠤᠨ ᠰᠢᠷ᠎ᠠ ᠲᠤᠰᠤ ᠡᠮ ᠡᠨᠡ ᠲᠠᠷᠠ ᠲᠦᠷᠬᠢᠭᠡᠳ᠂ ᠰᠠᠬᠦᠯᠠᠷ᠎ᠨᠢ ᠭᠡᠳᠤᠨ ᠡᠳᠤᠷ᠎ᠤᠨ ᠲᠠᠷᠠᠭ᠎ᠠ ᠲᠦᠯᠡᠭᠳᠡᠭᠰᠠᠨ ᠬᠦᠷᠦᠰᠤ᠎ᠨᠢ ᠬᠠᠳᠠᠵᠤ ᠬᠠᠭᠤᠷᠠᠵᠤ ᠤᠨᠠᠭ᠋ᠠᠳ ᠵᠦᠭᠡᠷ ᠪᠤᠯᠤᠭᠰᠠᠨ ᠃ ᠲᠠᠷᠠ ᠦᠶ᠎ᠠ᠎ᠳᠤ ᠴᠢᠯᠦᠭᠡ ᠲᠠᠯᠪᠢᠭ᠋ᠠᠳ ᠭᠡᠷ ᠲᠤ᠎ᠪᠠᠨ ᠢᠷᠠᠬᠦ᠎ᠳᠤ ᠠᠪᠤ ᠡᠵᠢ ᠬᠢᠰᠠ ᠵᠢᠨ ᠬᠠᠵᠠᠭᠤ᠎ᠳᠤ ᠵᠤᠭᠰᠤᠭ᠋ᠠᠭ᠋ᠠᠳ ᠲᠤᠯᠤᠭ᠋ᠠᠢ ᠵᠢ ᠱᠦᠬᠦᠷᠳᠠᠬᠦᠳᠤ ᠪᠦᠭᠡᠰᠤ ᠲᠦᠯᠡᠭᠳᠠᠭᠡᠳ ᠲᠠᠷᠢᠶ᠎ᠠ ᠬᠠᠭᠤᠷᠴᠤ ᠪᠠᠢ᠌ᠬᠤ ᠶᠤᠮ ᠰᠢᠭ᠋ ᠫᠠᠷᠴᠢᠬᠢᠨᠠᠳᠠᠭ ᠪᠠᠢ᠌ᠭᠰᠠᠨ᠃ ᠪᠢ ᠢᠩᠬᠢᠵᠤ ᠠᠪᠤ ᠡᠵᠢ᠎ᠲᠠᠢ᠎ᠪᠠᠨ ᠠᠳᠠᠯᠢᠬᠠᠨ ᠪᠠᠭᠰᠢ ᠨᠠᠷ᠎ᠤᠨ ᠬᠠᠢ᠌ᠷ᠎ᠠ ᠬᠠᠷᠠᠭ᠋ᠠᠯᠵᠠᠯ᠎ᠢ ᠬᠦᠷᠳᠠᠵᠤ᠂ ᠬᠦᠯᠳᠠᠵᠤ ᠬᠥᠷᠦᠵᠦ᠂ ᠬᠠᠷᠠᠩᠭ᠋ᠠᠯᠠᠵᠤ ᠭᠡᠮᠳᠦᠭᠰᠠᠨ ᠦᠭᠡᠢ᠎ᠪᠠᠷ ᠪᠠᠭ᠎ᠠ ᠨᠠᠰᠤᠨ᠎ᠤ ᠰᠤᠷᠭ᠋ᠠᠭᠤᠯᠢ ᠵᠢᠨ ᠠᠯᠪᠠ᠎ᠪᠠᠨ ᠦᠩᠭᠡᠷᠡᠭᠡᠭᠰᠠᠨ ᠶᠤᠮ᠃ ᠬᠠᠷᠠᠮᠰᠠᠯᠳᠠᠢ᠎ᠨᠢ ᠡᠨᠡ ᠬᠦ᠌ ᠬᠦᠨᠳᠤᠳᠤ ᠪᠤᠤ ᠪᠠᠭᠰᠢ᠂ ᠴᠣ᠋ ᠪᠠᠭᠰᠢ ᠳᠤ᠎ᠪᠠᠨ ᠠᠴᠢᠯᠠᠯ᠎ᠤᠨ ᠬᠠᠷᠢᠭᠤ ᠬᠦᠨᠳᠤᠳᠭᠡᠯ ᠲᠠᠯᠠᠷᠬᠠᠯ ᠵᠶ᠋ᠠᠨ ᠲᠡᠪᠰᠢᠬᠦᠯᠵᠤ ᠠᠮᠵᠢᠭᠰᠠᠨ ᠦᠭᠡᠢ ᠶᠤᠮ᠃
ᠪᠤᠤ ᠭᠡᠰᠢᠭᠳᠤ ᠭᠡᠳᠡᠭ ᠪᠠᠭᠰᠢ 1958 ᠤᠨ᠎ᠤ ᠬᠠᠪᠤᠷ᠎ᠠᠴᠠ ᠡᠬᠢᠯᠠᠵᠤ ᠵᠤᠤ ᠤᠯᠠᠭ᠋ᠠᠠᠬᠦᠤ ᠭᠡᠳᠡᠭ ᠰᠤᠮᠤᠨ᠎ᠤ ᠱᠦᠵᠢ᠎ᠲᠠᠢ ᠬᠤᠶᠠᠭᠤᠯᠠ ᠰᠤᠷᠭ᠋ᠠᠭᠤᠯᠢ ᠪᠠᠢ᠌ᠭᠤᠯᠬᠤ ᠪᠠᠯᠠᠳᠭᠡᠯ ᠠᠵᠢᠯ ᠵᠶ᠋ᠠᠨ ᠡᠬᠢᠯᠠᠬᠦᠯᠵᠤ᠂ ᠲᠠᠮᠠᠭ᠎ᠡ ᠤᠨᠤᠭ᠋ᠠᠳ ᠪᠦᠬᠦ ᠬᠦᠪᠠᠨᠠᠮᠤᠭᠤᠨ ᠰᠤᠷᠭ᠋ᠠᠭᠤᠯᠢ᠎ᠳᠤ ᠰᠠᠭᠤᠬᠤ ᠨᠠᠰᠤᠨ᠎ᠤ ᠭᠡᠤᠭᠡᠳ᠎ᠲᠠᠢ ᠠᠢ᠌ᠯ ᠡᠷᠦᠭᠡ᠎ᠪᠠᠷ ᠲᠤᠭᠤᠷᠢᠨ ᠶᠠᠪᠤᠵᠤ᠂ ᠭᠡᠤᠭᠡᠳ ᠵᠶ᠋ᠠᠨ ᠡᠷᠭᠡᠪᠰᠢ ᠰᠤᠷᠭ᠋ᠠᠭᠤᠯᠢ᠎ᠳᠤ ᠰᠠᠭᠤᠯᠭ᠎ᠠ ᠭᠡᠳ ᠨᠠᠷᠠ ᠵᠢ᠎ᠨᠢ ᠲᠡᠮᠳᠡᠭᠯᠠᠵᠤ ᠠᠪᠤᠭ᠋ᠠᠳ ᠶᠠᠪᠤᠵᠤ ᠪᠠᠢ᠌ᠭᠰᠠᠨ ᠭᠡᠵᠤ ᠠᠪᠤ ᠡᠵᠢ ᠭᠡᠯᠡᠵᠤ ᠪᠠᠢ᠌ᠭᠰᠠᠨ᠃ ᠮᠢᠨᠤ ᠠᠬ᠎ᠠ ᠮᠥᠨ ᠲᠠᠷᠠ ᠤᠳᠠᠭ᠎ᠠ ᠳᠤ ᠨᠠᠷᠠ᠎ᠪᠠᠨ ᠮᠠᠳᠡᠬᠦᠯᠵᠤ ᠨᠠᠮᠤᠷ᠎ᠨᠢ ᠰᠤᠷᠭ᠋ᠠᠭᠤᠯᠢ᠎ᠳᠤ ᠰᠠᠭᠤᠭᠰᠠᠨ᠃
1962 ᠤᠨ᠎ᠤ ᠨᠠᠮᠤᠷ ᠲᠤᠰ ᠰᠤᠷᠭ᠋ᠠᠭᠤᠯᠢ ᠲᠤᠩᠭ᠋ᠠᠯᠠᠭ ᠨᠠᠭᠤᠷ᠎ᠲᠤ ᠨᠠᠬᠦᠨ ᠢᠷᠠᠵᠤ ᠠᠩᠬ᠎ᠠ ᠵᠠᠷᠭᠡ ᠵᠢᠨ ᠪᠠᠭ᠎ᠠ ᠰᠤᠷᠭ᠋ᠠᠭᠤᠯᠢ ᠪᠠᠢ᠌ᠭᠰᠠᠨ᠎ᠠᠴᠠ᠎ᠪᠠᠨ ᠪᠦᠷᠢᠨ ᠪᠠᠭ᠎ᠠ ᠰᠤᠷᠭ᠋ᠠᠭᠤᠯᠢ ᠪᠤᠯᠵᠤ ᠲᠠᠪᠤ᠂ ᠵᠢᠷᠭᠤᠳᠤᠭ᠋ᠠᠷ ᠤᠨ ᠡᠷᠬᠢᠯᠠᠪᠠ᠃ ᠢᠩᠬᠢᠭᠡᠳ ᠪᠠᠷᠠᠭᠤᠨ ᠪᠠᠯ ᠰᠤᠮᠤᠨ᠎ᠤ ᠰᠢᠷ᠎ᠠ ᠬᠦᠳᠠᠭᠡ ᠪᠠᠷᠢᠭ᠋ᠠᠳᠠ᠂ ᠰᠠᠩ᠎ᠤᠨ ᠲᠠᠯᠠᠢ ᠰᠤᠮᠤᠨ᠎ᠤ ᠬᠠᠭ᠎ᠤᠨ ᠭᠤᠤᠯ ᠪᠠᠷᠢᠭ᠋ᠠᠳᠠ᠂ ᠪᠦᠬᠦ ᠲᠤᠩᠭ᠋ᠠᠯᠠᠭ ᠨᠠᠭᠤᠷ ᠰᠤᠮᠤᠨ᠎ᠤ ᠰᠤᠷᠬᠤ ᠨᠠᠰᠤᠨ᠎ᠤ ᠭᠡᠤᠭᠡᠳ᠎ᠤᠨ ᠰᠤᠷᠭ᠋ᠠᠭᠤᠯᠢ᠎ᠳᠤ ᠰᠠᠭᠤᠬᠤ ᠠᠰᠠᠭᠤᠳᠠᠯ᠎ᠢ ᠦᠨᠳᠤᠰᠤᠨ᠎ᠠᠴᠠ᠎ᠨᠢ ᠰᠢᠢ᠍ᠳᠪᠤᠷᠢᠯᠡᠭᠰᠠᠨ ᠪᠠᠢ᠌ᠨ᠎ᠠ᠃ ᠲᠤᠰ ᠵᠢᠯ᠎ᠤᠨ ᠨᠠᠮᠤᠷ᠎ᠤᠨ ᠬᠤᠭᠤᠴᠠᠭ᠎ᠠ ᠡᠬᠢᠯᠠᠭᠡᠳ ᠲᠠᠮᠠᠢ ᠤᠳᠠᠭᠰᠠᠨ ᠦᠭᠡᠢ ᠬᠦᠪᠠᠨᠠᠮᠤᠭᠠᠴᠠ ᠵᠢᠷᠠ ᠲᠠᠯᠠᠨ ᠭᠠᠵᠠᠷ᠎ᠲᠤ ᠪᠠᠢ᠌ᠭ᠎ᠠ ᠲᠤᠩᠭ᠋ᠠᠯᠠᠭ ᠨᠠᠭᠤᠷ ᠰᠤᠮᠤᠨ᠎ᠳᠤ ᠨᠠᠬᠦᠭᠰᠠᠨ ᠶᠤᠮ᠃ ᠭᠡᠳᠤᠢ᠌ᠪᠠᠷ ᠨᠠᠮᠤᠷ ᠪᠤᠯᠤᠭᠰᠠᠨ ᠴᠦ᠍ ᠠᠭᠤᠷ ᠠᠮᠢᠰᠬᠤᠯ ᠶᠠᠭᠡ ᠯᠠ ᠲᠤᠯᠠᠭ᠋ᠠᠨ ᠪᠠᠢ᠌ᠭᠰᠠᠨ ᠰᠢᠭ᠋ ᠰᠠᠨᠠᠭᠳᠠᠨ᠎ᠠ᠃ ᠦᠳᠠ ᠵᠢᠨ ᠬᠤᠢ᠌ᠨ᠎ᠠ ᠤᠷᠤᠢ ᠵᠢᠨ ᠪᠤᠳᠠᠭ᠎ᠠ᠎ᠪᠠᠨ ᠡᠷᠳᠠ ᠰᠢᠭ ᠢᠳᠡᠴᠢᠬᠡᠭᠡᠳ ᠲᠤᠮᠤ ᠬᠦᠷᠳᠤ᠎ᠲᠠᠢ ᠦᠭᠡᠷ ᠲᠠᠷᠭᠡᠨ ᠲᠡᠭᠡᠷ᠎ᠠ ᠬᠤᠴᠢᠯᠭ᠎ᠠ ᠲᠠᠪᠢᠰᠭᠡᠷ ᠭᠡᠷᠡᠭᠰᠠᠯ ᠡᠨᠡ ᠲᠠᠷᠠ᠎ᠪᠠᠨ ᠠᠴᠢᠭ᠋ᠠᠳ ᠶᠠᠪᠠᠭ᠋ᠠᠨ ᠵᠶ᠋ᠠᠷ ᠶᠠᠪᠤᠭᠰᠠᠨ᠃ ᠶᠠᠪᠤᠬᠤ ᠳᠤ᠎ᠪᠠᠨ ᠰᠤᠷᠭ᠋ᠠᠭᠤᠯᠢ ᠲᠠᠵᠢᠭᠡᠵᠤ ᠪᠠᠢ᠌ᠭᠰᠠᠨ ᠬᠤᠶᠠᠷ ᠭᠠᠬᠠᠢ᠎ᠪᠠᠨ ᠲᠠᠭᠤᠭ᠋ᠠᠳ ᠶᠠᠪᠤᠯ᠎ᠠ᠃ ᠭᠡᠰᠡᠭ ᠶᠠᠪᠤᠵᠤ ᠪᠠᠢ᠌ᠳᠠᠯ᠎ᠠ ᠲᠡᠭᠷᠢ ᠬᠠᠷᠠᠩᠭᠤᠢ ᠪᠤᠯᠵᠤ ᠰᠠᠷ᠎ᠠ ᠭᠠᠷᠤᠯ᠎ᠠ᠃ ᠦᠷᠬᠦᠯᠵᠢᠯᠠᠨ ᠶᠠᠪᠤᠵᠤ ᠪᠠᠢ᠌ᠳᠠᠯ᠎ᠠ ᠪᠠᠭᠰᠢ᠎ᠠᠴᠠ ᠤᠳᠤ ᠣᠢ᠌ᠷᠠᠳᠴᠤ ᠪᠠᠢ᠌ᠨ᠎ᠠ ᠭᠡᠰᠡᠨ᠎ᠳᠤ ᠪᠢᠳᠠ ᠪᠠᠶᠠᠷᠯᠠᠯᠳᠤᠵᠤ ᠰᠤᠯᠠᠷᠠᠭᠰᠠᠨ ᠬᠦᠯᠳᠤ ᠬᠦᠴᠤ ᠤᠷᠤᠭ᠋ᠠᠳ ᠶᠠᠪᠤᠭ᠋ᠠᠳ ᠪᠠᠢ᠌ᠭᠰᠠᠨ ᠴᠢᠨᠢ ᠮᠥᠨ ᠬᠦᠷᠳᠡᠭ ᠦᠭᠡᠢ᠃ ᠪᠠᠭᠰᠢ᠎ᠠᠴᠠ᠄《ᠡᠨᠡ ᠰᠠᠢ᠌ᠬᠠᠨ ᠤᠯᠠᠭ᠋ᠠᠨ ᠡᠯᠡᠰᠦᠨ ᠲᠠᠭᠡᠷ᠎ᠠ ᠪᠢᠴᠢᠬᠠᠨ ᠠᠮᠤᠰᠬᠢᠭ᠋ᠠᠳ ᠶᠠᠪᠤᠶ᠎ᠠ》 ᠭᠡᠵᠤ ᠵᠠᠷᠯᠠᠭᠰᠠᠨ᠎ᠳᠤ ᠰᠠᠭᠤᠵᠠᠭ᠋ᠠᠵᠤ ᠠᠮᠠᠷᠠᠯᠳᠠ ᠬᠢᠪᠠ᠃ ᠲᠠᠭᠡᠭᠡᠳ ᠪᠤᠰᠤᠳ ᠨᠦᠬᠦᠳ ᠶᠠᠭ᠋ᠠᠬᠢᠭᠰᠠᠨᠢ ᠮᠠᠳᠡᠬᠦ ᠦᠭᠡᠢ᠂ ᠪᠢ ᠨᠢᠭᠡ ᠳᠤᠭᠬᠢᠭ᠋ᠠᠳ ᠠᠪᠴᠠᠢ᠃ ᠪᠠᠭᠰᠢ᠎ᠠᠴᠠ᠄《ᠤᠳᠤ ᠶᠠᠪᠤᠵᠠᠭ᠋ᠠᠶᠠ!》 ᠭᠡᠬᠦ᠎ᠳᠤ ᠪᠤᠰᠤᠭ᠋ᠠᠳ ᠶᠠᠪᠤᠬᠤᠯᠠᠷ ᠬᠤᠶᠠᠷ ᠭᠠᠬᠠᠢ ᠰᠠᠷᠠᠯᠵᠢᠨ ᠲᠤᠤᠷ᠎ᠠ ᠰᠢᠷᠭᠤᠭ᠋ᠠᠳ ᠭᠡᠪᠳᠡᠭᠰᠠᠨ ᠭᠢᠷᠢ ᠳᠤ᠎ᠪᠠᠨ ᠪᠤᠰᠳᠠᠭ ᠦᠭᠡᠢ᠃ ᠲᠡᠭᠡᠭᠡᠳ ᠲᠤᠤᠷ᠎ᠠ᠎ᠨᠢ ᠤᠷᠬᠢᠭ᠋ᠠᠳ ᠶᠠᠪᠤᠭᠰᠠᠨ᠎ᠳᠤ ᠴᠤᠬᠤᠮ ᠲᠠᠮᠠᠢ ᠶᠠᠪᠤᠭᠰᠠᠨ ᠦᠭᠡᠢ ᠬᠦᠷᠳᠡᠭ ᠭᠠᠵᠠᠷ ᠲᠤ᠎ᠪᠠᠨ ᠢᠷᠠᠵᠤ ᠵᠠᠷᠢᠮ᠎ᠨᠢ ᠪᠠᠢ᠌ᠰᠢᠩ᠎ᠳᠤ ᠂ ᠵᠠᠷᠢᠮ᠎ᠨᠢ ᠴᠠᠴᠠᠷ ᠮᠠᠢ᠌ᠬᠠᠨ᠎ᠳᠤ ᠤᠨᠲᠠᠵᠠᠭ᠋ᠠᠪᠠ᠃ ᠵᠦᠳᠠᠷᠠᠵᠤ ᠶᠠᠳᠠᠷᠠᠭᠰᠠᠨ ᠭᠡᠤᠭᠡᠳ᠎ᠤᠳ᠎ᠤᠨ ᠶᠠᠭ᠋ᠠᠬᠢᠵᠤ ᠤᠨᠲᠠᠭᠰᠠᠨᠢ ᠮᠠᠳᠠᠬᠦ ᠦᠭᠡᠢ᠃ ᠨᠢᠭᠡ ᠮᠠᠳᠠᠬᠦ᠎ᠳᠤ ᠪᠠᠭᠰᠢ᠎ᠠᠴᠠ᠄《ᠪᠤᠰ!》 ᠭᠡᠬᠦ᠎ᠳᠤ ᠪᠠᠭ᠎ᠠ ᠦᠳᠠ ᠪᠤᠯᠵᠤ ᠪᠠᠢ᠌ᠭᠰᠠᠨ᠃ ᠲᠡᠭᠡᠭᠡᠳ ᠴᠠᠢ ᠬᠤᠭᠤᠯᠠ ᠢᠳᠠᠬᠦᠯᠵᠤ ᠤᠤᠭᠤᠯᠭ᠋ᠠᠭ᠋ᠠᠳ ᠨᠠᠳᠠ᠎ᠲᠠᠢ ᠪᠠᠰᠠ ᠬᠤᠶᠠᠷ ᠰᠤᠷᠤᠭᠴᠢ᠎ᠳᠤ ᠪᠢᠴᠢᠬᠠᠨ ᠪᠤᠷᠪᠢ᠎ᠳᠤ ᠤᠰᠤ ᠬᠢᠭᠡᠳ ᠡᠬᠦᠷᠴᠤ ᠶᠠᠪᠤᠵᠤ ᠬᠤᠶᠠᠷ ᠭᠠᠬᠠᠢ᠎ᠪᠠᠨ ᠲᠠᠭᠤᠵᠤ ᠢᠷ᠎ᠠ ᠭᠡᠪᠠ᠃ ᠪᠢᠳᠠ ᠭᠡᠳᠤᠬᠦᠯᠠ ᠮᠦᠷ ᠵᠶ᠋ᠠᠷ ᠵᠶ᠋ᠠᠨ ᠪᠤᠴᠠᠭ᠋ᠠᠳ ᠬᠦᠷᠦᠭᠰᠠᠨ᠎ᠳᠤ ᠨᠢᠭᠡ ᠭᠠᠬᠠᠢ᠎ᠨᠢ ᠦᠬᠦᠴᠢᠭᠡᠭᠰᠠᠨ ᠪᠠᠢ᠌ᠪᠠ᠃ ᠠᠮᠢᠳᠤ ᠪᠠᠢ᠌ᠭᠰᠠᠨ ᠨᠢᠭᠡ ᠳᠤᠨᠢ ᠤᠰᠤ ᠦᠭᠬᠦᠭᠰᠠᠨ᠎ᠳᠤ ᠨᠠᠯᠢᠶᠠᠳ ᠤᠤᠭᠤᠵᠤ ᠠᠪᠤᠭ᠋ᠠᠳ ᠪᠤᠰᠤᠭ᠋ᠠᠳ ᠢᠷᠠᠪᠠ᠃ ᠲᠡᠭᠡᠭᠡᠳ ᠲᠠᠭᠤᠭ᠋ᠠᠳ ᠬᠠᠷᠢᠭ᠋ᠠᠳ ᠢᠷᠠᠪᠠ᠃
ᠰᠢᠨ᠎ᠠ ᠪᠠᠢ᠌ᠭᠤᠯᠤᠭᠰᠠᠨ ᠰᠤᠷᠭ᠋ᠠᠭᠤᠯᠢ᠎ᠳᠤ ᠨᠠᠬᠦᠵᠤ ᠢᠷᠡᠭᠰᠠᠨ ᠪᠤᠯᠬᠤᠷ ᠤᠭ᠎ᠤᠨ ᠰᠤᠷᠭ᠋ᠠᠭᠤᠯᠢ ᠵᠢ ᠦᠵᠠᠪᠠᠯ ᠨᠦᠬᠦᠴᠠᠯ᠎ᠨᠢ ᠶᠠᠭᠡ ᠰᠠᠢ᠌ᠨ ᠪᠤᠯᠤᠭᠰᠠᠨ ᠪᠤᠯᠪᠠᠴᠤ᠂ ᠮᠥᠨ ᠯᠠ ᠲᠦᠯᠡᠭᠡ ᠲᠠᠬᠦᠵᠤ ᠬᠤᠭᠤᠯᠠ ᠪᠤᠳᠠᠭ᠎ᠠ ᠬᠢᠬᠦ᠂ ᠰᠠᠭᠤᠬᠤ ᠭᠡᠷ᠎ᠤᠨ ᠳᠤᠯᠠᠭ᠋ᠠᠯᠠᠭ᠎ᠠ᠎ᠪᠠᠨ ᠬᠢᠵᠤ ᠪᠠᠢ᠌ᠭ᠋ᠠᠳ1963 ᠤᠨ᠎ᠤ ᠡᠪᠤᠯ᠎ᠤᠨ ᠬᠤᠭᠤᠴᠠᠭ᠎ᠠ᠎ᠠᠴᠠ ᠨᠠᠬᠦᠷᠠᠰᠤ ᠭᠡᠷᠡᠭᠯᠠᠬᠦ ᠪᠤᠯᠤᠭᠰᠠᠨ᠃
ᠴᠣ᠋ ᠪᠠᠭᠰᠢ ᠭᠡᠳᠤᠢ᠌ᠪᠠᠷ ᠡᠮᠡᠭᠳᠡᠢ ᠬᠦᠮᠤᠨ ᠪᠠᠢ᠌ᠭᠰᠠᠨ ᠴᠦ᠍ ᠡᠷᠡᠭᠳᠡᠢ ᠬᠦᠮᠤᠨ᠎ᠲᠠᠢ ᠠᠳᠠᠯᠢᠬᠠᠨ ᠠᠵᠢᠯ ᠪᠦᠬᠦᠳᠠ ᠵᠢ ᠬᠢᠳᠡᠭ ᠰᠦᠷᠠᠭᠡᠢ ᠠᠵᠢᠯᠰᠠᠭ ᠬᠦᠮᠤᠨ ᠪᠠᠢ᠌ᠭᠰᠠᠨ᠃ ᠨᠠᠳᠠ᠎ᠳᠤ ᠮᠠᠯ ᠭᠠᠷᠭ᠋ᠠᠬᠤ᠂ ᠠᠷᠠᠰᠤ ᠦᠪᠴᠢᠬᠦ᠂ ᠭᠡᠳᠡᠰᠦ ᠲᠤᠳᠤᠷ ᠴᠠᠪᠠᠷᠯᠠᠬᠦ᠂ ᠮᠦᠴᠢᠯᠠᠵᠤ ᠰᠠᠯᠭ᠋ᠠᠬᠤ ᠵᠠᠷᠭᠡ ᠪᠦᠬᠦᠳᠠ ᠠᠵᠢᠯ ᠢ ᠵᠢᠭ᠋ᠠᠵᠤ ᠦᠭᠬᠦᠭᠰᠠᠨ ᠪᠢᠯᠠ᠃ ᠲᠠᠷᠠ ᠦᠶ᠎ᠠ᠎ᠳᠤ ᠠᠮᠳᠠᠨ ( ᠮᠢᠬ᠎ᠠ)᠎ᠤ ᠮᠠᠯ᠎ᠤᠨ ᠲᠤᠯᠤᠭ᠋ᠠᠢ ᠰᠢᠬᠢᠷ᠎ᠠ ᠵᠢ ᠮᠥᠨ ᠰᠤᠷᠤᠭᠴᠢ᠎ᠪᠠᠷ ᠬᠤᠢ᠌ᠬᠠᠯᠠᠭᠤᠯᠳᠠᠭ ᠪᠠᠢ᠌ᠪᠠ᠃ ᠭᠠᠷᠠᠭ᠎ᠤᠨ ᠡᠳᠤᠷ ᠪᠢᠳᠠᠨ᠎ᠳᠤ ᠲᠤᠯᠤᠭ᠋ᠠᠢ ᠰᠢᠬᠢᠷ᠎ᠠ ᠬᠤᠢ᠌ᠬᠠᠯᠠᠳᠠᠭ ᠠᠵᠢᠯ ᠲᠤᠬᠢᠷᠠᠭᠤᠯᠵᠤ᠂ ᠬᠦᠳᠠᠭᠡ ᠤᠴᠢᠵᠤ ᠲᠦᠯᠠᠭᠡ ᠲᠠᠬᠦᠵᠤ ᠬᠣᠢ᠌ᠬᠠᠯᠠᠳᠠᠭ ᠪᠠᠢ᠌ᠪᠠ᠃ ᠨᠢᠭᠡ ᠤᠳᠠᠭ᠎ᠠ ᠬᠣᠢ᠌ᠬᠠᠯᠠᠵᠤ ᠪᠠᠷᠠᠭ᠋ᠠᠳ ᠤᠷᠤᠢ ᠬᠠᠷᠢᠵᠤ ᠢᠷᠠᠬᠦ᠎ᠳᠤ ᠨᠢᠭᠡ ᠰᠤᠷᠤᠭᠴᠢ ᠵᠢᠨ ᠠᠮᠠᠨ ᠵᠠᠪᠠᠵᠢ᠎ᠨᠢ ᠬᠠᠪ ᠬᠠᠷ᠎ᠠ ᠪᠤᠯᠴᠢᠬᠠᠭᠰᠠᠨ ᠰᠤᠨᠢᠨ ᠴᠢᠷᠠᠢ᠎ᠲᠠᠢ ᠢᠷᠠᠪᠠ᠃ ᠶᠠᠭ᠋ᠠᠬᠢᠭᠰᠠᠨ ᠪᠤᠢ? ᠭᠡᠰᠡᠨ᠎ᠳᠤ ᠰᠢᠬᠢᠷ᠎ᠠ ᠲᠦᠯᠡᠭᠳᠡᠭᠡᠳ ᠰᠢᠷᠪᠤᠰᠤ᠎ᠨᠢ ᠭᠠᠷᠤᠭ᠋ᠠᠳ ᠢᠷᠠᠬᠦᠯᠠᠷ ᠲᠠᠰᠤᠯᠤᠭ᠋ᠠᠳ ᠢᠳᠡᠭᠰᠠᠨ ᠶᠤᠮ ᠭᠡᠨ᠎ᠠ᠃ ᠲᠠᠭᠡᠵᠤ ᠱᠤᠭ ᠪᠤᠯᠵᠤ ᠢᠨᠢᠶᠠᠳᠤᠮ ᠪᠤᠯᠵᠤ ᠪᠠᠢ᠌ᠭᠰᠠᠨ᠃ ᠲᠠᠷᠠ ᠦᠶ᠎ᠠ᠎ᠳᠤ ᠪᠢ ᠪᠢᠴᠢᠭ ᠰᠠᠢ᠌ᠨ ᠰᠤᠷᠤᠳᠠᠭ ᠭᠡᠤᠭᠡᠳ ᠪᠠᠢ᠌ᠭᠰᠠᠨ᠃ ᠶᠠᠭᠡ ᠪᠠᠭ᠎ᠠ ᠰᠢᠯᠭ᠋ᠠᠯᠳᠠ ᠂ ᠲᠠᠰᠬᠠᠯ ᠪᠦᠷᠢ᠎ᠳᠤ 100 ᠬᠤᠪᠢ ᠠᠪᠳᠠᠭ ᠪᠠᠢ᠌ᠭᠰᠠᠨ᠃ ᠭᠡᠷᠪᠠ 98᠂ 99 ᠬᠤᠪᠢ ᠠᠪᠤᠪᠠᠯ ᠶᠠᠭᠡ ᠵᠤᠪᠠᠵᠤ᠂ ᠲᠠᠬᠢᠵᠤ ᠤᠯᠠᠮ ᠬᠢᠴᠢᠶᠠᠵᠤ ᠨᠠᠷᠢᠯᠢᠭ ᠬᠢᠳᠡᠭ ᠪᠠᠢ᠌ᠭᠰᠠᠨ᠂ ᠮᠢᠨᠤ ᠲᠠᠰᠬᠠᠯ᠎ᠤᠨ ᠲᠡᠪᠳᠠᠷᠢ ᠭᠠᠷᠠᠭ ᠪᠦᠷᠢ ᠪᠤᠰᠤᠳ ᠠᠩᠬᠢ᠎ᠳᠤ ᠠᠪᠠᠴᠢᠵᠤ ᠦᠵᠡᠬᠦᠯᠳᠡᠭ ᠃
ᠪᠢ ᠰᠤᠷᠭ᠋ᠠᠭᠤᠯᠢ᠎ᠳᠤ ᠰᠠᠭᠤᠬᠤ᠎ᠠᠴᠠ ᠡᠮᠤᠨ᠎ᠠ ᠠᠪᠤ ᠨᠠᠳᠠ᠎ᠳᠤ ᠴᠠᠭ᠋ᠠᠨ ᠲᠤᠯᠤᠭ᠋ᠠᠢ᠂ ᠵᠠᠭᠤ ᠬᠦᠷᠬᠦ ᠲᠤᠭ᠎ᠠ ᠵᠢᠭ᠋ᠠᠵᠤ ᠦᠭᠪᠠ᠃ ᠮᠢᠨᠤ ᠠᠪᠤ ᠪᠠᠭ᠎ᠠ ᠨᠠᠰᠤᠨ᠎ᠳᠤ᠎ᠪᠠᠨ ᠭᠡᠷ ᠲᠤ᠎ᠪᠠᠨ ᠠᠪᠤ᠎ᠠᠴᠠ᠎ᠪᠠᠨ ᠪᠢᠴᠢᠭ ᠰᠤᠷᠤᠭ᠋ᠠᠳ᠂ ᠤᠷᠢᠳ ᠬᠤᠵᠢᠳ ᠠᠢ᠌ᠮᠠᠭ᠂ ᠬᠤᠰᠢᠭᠤᠨ᠎ᠤ ᠡᠳ᠋᠎ᠤᠨ ᠵᠠᠰᠠᠭ᠎ᠤᠨ ᠭᠠᠵᠠᠷ᠎ᠤᠨ ᠰᠠᠯᠠᠭ᠎ᠠ ᠵᠢᠨ ᠲᠠᠷᠤᠭ᠎ᠠ ᠵᠢᠨ ᠠᠵᠢᠯ᠎ᠢ ᠬᠠᠷᠢᠭᠤᠴᠠᠵᠤ ᠪᠠᠢ᠌ᠭᠰᠠᠨ ᠬᠠᠭᠤᠴᠢᠨ ᠪᠢᠴᠢᠭ᠌ᠳᠠᠨ ᠬᠦᠮᠤᠨ ᠪᠤᠯᠬᠤᠷ ᠨᠠᠳᠠ᠎ᠳᠤ ᠠᠩᠬ᠎ᠠ ᠴᠠᠭ᠋ᠠᠨ ᠲᠤᠯᠤᠭ᠋ᠠᠢ ᠵᠢ ᠵᠢᠭ᠋ᠠᠵᠤ ᠦᠭᠴᠤ ᠪᠠᠢ᠌ᠭᠰᠠᠨ᠎ᠠᠴᠠ ᠰᠠᠬᠦᠯᠠᠷ᠎ᠨᠢ ᠡᠭᠡᠴᠢ ᠰᠤᠷᠭ᠋ᠠᠭᠤᠯᠢ᠎ᠳᠤ ᠰᠠᠭᠤᠭ᠋ᠠᠳ ᠴᠢᠯᠦᠭᠡᠨ᠎ᠤ ᠬᠤᠭᠤᠴᠠᠭ᠋ᠠᠨ ᠳᠤ᠎ᠪᠠᠨ ᠨᠠᠳᠠ᠎ᠳᠤ ᠰᠤᠷᠭ᠋ᠠᠭᠤᠯᠢ ᠵᠢᠨ ᠨᠢᠭᠡᠳᠤᠭᠡᠷ ᠤᠨ᠎ᠤ ᠨᠤᠮ᠎ᠤᠨ ᠶᠤᠰᠤᠭ᠋ᠠᠷ ᠵᠢᠭ᠋ᠠᠵᠤ ᠦᠭᠬᠦᠭᠡᠳ ᠪᠢ ᠨᠢᠭᠡᠳᠤᠭᠡᠷ ᠲᠡᠪᠳᠠᠷᠢ ᠪᠦᠷ ᠤᠩᠰᠢᠵᠤ ᠪᠢᠴᠢᠭᠡᠳ ᠰᠤᠷᠴᠢᠬᠠᠭᠰᠠᠨ ᠪᠤᠯᠬᠤᠷ ᠨᠢᠭᠡᠳᠤᠭᠡᠷ ᠤᠨ᠎ᠳᠤ ᠰᠠᠭᠤᠬᠤ᠎ᠳᠤ ᠨᠠᠯᠢᠶᠠᠳ ᠰᠠᠭᠤᠷᠢ᠎ᠲᠠᠢ ᠪᠠᠢ᠌ᠵᠠᠢ᠃ ᠪᠠᠭᠰᠢ ᠵᠢᠭ᠋ᠠᠬᠤ᠎ᠠᠴᠠ ᠤᠷᠢᠳ ᠪᠢ ᠤᠩᠰᠢᠭ᠋ᠠᠳ ᠪᠢᠴᠢᠭᠡᠳ ᠴᠢᠳᠠᠵᠤ ᠪᠠᠢ᠌ᠬᠤᠯᠠᠷ ᠪᠠᠭᠰᠢ ᠨᠠᠮ᠎ᠠ ᠵᠢ ᠶᠠᠭᠡ ᠲᠤᠭᠤᠵᠤ᠂ ᠰᠠᠬᠦᠯᠳᠠᠵᠤ ᠢᠷᠠᠭᠡᠳ ᠪᠠᠭᠰᠢ ᠡᠬᠢᠯᠠᠭᠡᠳ ᠨᠢᠭᠡ ᠤᠳᠠᠭ᠎ᠠ ᠲᠠᠭ᠋ᠠᠭᠤᠯᠵᠤ ᠤᠩᠰᠢᠵᠤ ᠪᠠᠷᠠᠭ᠋ᠠᠳ ᠨᠠᠳᠠ᠎ᠳᠤ ᠲᠤᠰᠢᠶᠠᠭ᠋ᠠᠳ ᠪᠢ ᠲᠠᠭ᠋ᠠᠭᠤᠯᠤᠭ᠋ᠠᠳ ᠤᠩᠰᠢᠵᠤ ᠵᠢᠭ᠋ᠠᠵᠤ ᠦᠭᠳᠡᠭ ᠪᠤᠯᠤᠭᠰᠠᠨ ᠪᠢᠯᠠ᠃ ᠲᠡᠭᠡᠭᠡᠳ ᠪᠢ ᠨᠢᠭᠡᠳᠤᠭᠡᠷ ᠤᠨ᠎ᠠᠴᠠ ᠠᠩᠬᠢ ᠦᠰᠦᠷᠤᠭᠡᠳ ᠭᠤᠷᠪᠠᠳᠤᠭ᠋ᠠᠷ ᠤᠨ᠂ ᠭᠤᠷᠪᠠᠳᠤᠭ᠋ᠠᠷ ᠤᠨ᠎ᠠᠴᠠ ᠦᠰᠦᠷᠦᠭᠡᠳ ᠲᠠᠪᠤᠳᠤᠭ᠋ᠠᠷ ᠤᠨ ᠭᠡᠳ ᠨᠠᠢ᠌ᠳᠠ ᠲᠦᠷᠪᠠᠨ ᠵᠢᠯ ᠰᠠᠭᠤᠭ᠋ᠠᠳ ᠵᠢᠷᠭᠤᠳᠤᠭ᠋ᠠᠷ ᠤᠨ ᠵᠶ᠋ᠠᠨ ᠲᠠᠬᠦᠰᠭᠡᠭᠰᠠᠨ ᠶᠤᠮ᠃ ᠪᠢ ᠨᠢᠭᠡᠳᠤᠭᠡᠷ ᠤᠨ ᠳᠤ᠎ᠪᠠᠨ ᠫᠢᠦᠨ᠋ᠸᠷᠤᠨ ᠭᠡᠰᠢᠬᠦᠨ ᠪᠤᠯᠤᠭ᠋ᠠᠳ ᠬᠤᠵᠢᠮ᠎ᠨᠢ ᠪᠠᠭ᠎ᠠ᠂ ᠲᠤᠮᠳᠠ᠂ ᠶᠠᠭᠡ ᠠᠩᠬᠢ ᠵᠢᠨ ᠲᠠᠷᠤᠭ᠎ᠠ ᠵᠢ ᠪᠦᠷ ᠪᠤᠯᠵᠤ ᠦᠩᠭᠡᠷᠡᠭᠰᠠᠨ ᠪᠦᠭᠡᠳ ᠭᠤᠷᠪᠠᠨ ᠰᠠᠢ᠌ᠨᠲᠠᠢ ᠰᠤᠷᠤᠭᠴᠢ ᠰᠢᠯᠢᠳᠡᠭ ᠫᠢᠦᠨ᠋ᠸᠷᠤᠨ ᠭᠡᠰᠢᠬᠦᠨ ᠮᠠᠳᠤ ᠵᠢᠨ ᠱᠠᠩᠨᠠᠯ ᠬᠦᠬᠢᠬᠦᠯᠤᠯ᠎ᠢ ᠬᠤᠭᠤᠴᠠᠭ᠎ᠠ ᠪᠦᠷᠢ ᠠᠪᠴᠤ᠂ ᠠᠪᠤ ᠡᠵᠢ ᠳᠤ᠎ᠪᠠᠨ ᠦᠵᠠᠬᠦᠯᠵᠤ ᠪᠠᠶᠠᠷᠯᠠᠭᠤᠯᠳᠠᠭ ᠪᠠᠢ᠌ᠭᠰᠠᠨ ᠪᠢᠯᠠ᠃
1964 — 1965 ᠤᠨ᠎ᠤ ᠰᠤᠷᠤᠯᠭ᠎ᠠ ᠵᠢᠨ ᠬᠤᠭᠤᠴᠠᠭ᠋ᠠᠨ᠎ᠳᠤ ᠪᠦᠬᠦ ᠦᠪᠤᠷ ᠮᠤᠩᠭᠤᠯ ᠤᠷᠤᠨ᠎ᠳᠤ ᠶᠠᠪᠤᠭᠳᠠᠭᠤᠯᠤᠭᠰᠠᠨ ᠰᠢᠯᠢᠳᠡᠭ ᠰᠤᠷᠤᠯᠭ᠋ᠠᠳᠠᠨᠢ ᠬᠦᠬᠢᠬᠦᠯᠤᠨ ᠱᠠᠩᠨᠠᠬᠤ ᠤᠷᠤᠯᠳᠤᠭ᠋ᠠᠨ᠎ᠳᠤ ᠤᠷᠤᠯᠴᠠᠵᠤ᠂ ᠰᠢᠯᠢᠳᠡᠭ ᠦᠷ᠎ᠠ ᠪᠦᠳᠦᠮᠵᠢ᠎ᠪᠠᠷ ᠠᠯᠳᠠᠨ ᠮᠸᠳᠠᠯ ᠬᠦᠷᠳᠠᠵᠤ ᠡᠩᠭᠡᠷ ᠵᠶ᠋ᠠᠨ ᠮᠢᠯᠢᠶᠠᠯᠭ᠋ᠠᠵᠤ ᠦᠩᠭᠡᠷᠡᠭᠰᠠᠨ ᠪᠢᠯᠠ᠃ ᠪᠦᠬᠦ ᠤᠷᠤᠨ᠎ᠳᠤ 13 ᠰᠤᠷᠭ᠋ᠠᠭᠤᠯᠢ᠎ᠳᠤ ᠬᠤᠪᠢᠶᠠᠵᠤ ᠦᠭᠬᠦᠭᠰᠠᠨ ᠱᠠᠩᠨᠠᠯ ᠭᠡᠵᠤ ᠲᠤᠬᠠᠢ ᠵᠢᠨ ᠴᠠᠭ᠎ᠲᠤ ᠲᠦᠪᠵᠢᠷᠭ᠋ᠠᠯ ᠭᠡᠳᠡᠭ ᠪᠠᠭᠰᠢ ᠭᠡᠯᠠᠵᠤ ᠪᠠᠢ᠌ᠭᠰᠠᠨ᠃
1966 ᠤᠨ ᠪᠤᠯᠬᠤ᠎ᠳᠤ ᠪᠢ ᠪᠦᠬᠦᠯᠢ 13 ᠨᠠᠰᠤᠲᠠᠢ ᠪᠣᠯᠵᠤ᠂ ᠵᠢᠷᠭᠤᠳᠤᠭ᠋ᠠᠷ ᠤᠨ ᠵᠶ᠋ᠠᠨ ᠲᠠᠬᠦᠰᠭᠡᠵᠤ᠂ ᠪᠠᠭ᠎ᠠ ᠰᠤᠷᠭ᠋ᠠᠭᠤᠯᠢ ᠲᠠᠬᠦᠰᠦᠭᠰᠠᠨ ᠦᠨᠠᠮᠯᠠᠯ ᠵᠶ᠋ᠠᠨ ᠠᠪᠤᠭ᠋ᠠᠳ ᠨᠤᠳᠤᠭ ᠲᠤ᠎ᠪᠠᠨ ᠬᠠᠷᠢᠵᠤ ᠬᠠᠮᠳᠤ ᠵᠢᠨ ᠠᠵᠢᠯ ᠬᠦᠳᠡᠯᠮᠤᠷᠢ᠎ᠳᠤ ᠤᠷᠤᠯᠴᠠᠪᠠ᠃
ᠵᠢᠯ ᠪᠦᠷᠢ ᠵᠢᠨ 10 ᠳ᠋ᠤᠭ᠋ᠠᠷ ᠰᠠᠷ᠎ᠠ ᠵᠢᠨ ᠰᠠᠬᠦᠯᠴᠢ 11 ᠳ᠋ᠦ᠍ᠭᠡᠷ ᠰᠠᠷ᠎ᠠ ᠵᠢᠨ ᠡᠬᠢ᠎ᠪᠠᠷ ᠪᠢ ᠠᠶᠠᠨ᠎ᠳᠤ ᠶᠠᠪᠤᠳᠠᠭ ᠪᠠᠢ᠌ᠭᠰᠠᠨ᠃ ᠲᠤᠭᠳᠠᠭᠰᠠᠨ ᠡᠳᠤᠷ ᠲᠤ᠎ᠪᠠᠨ ᠲᠠᠮᠠᠭᠡᠨ ᠰᠦᠷᠦᠭ᠎ᠤᠨ ᠤᠯᠤᠰ᠎ᠤᠳ ᠲᠠᠮᠠᠭ᠎ᠡ᠎ᠪᠠᠨ ᠴᠤᠭᠯᠠᠭᠤᠯᠵᠤ᠂ ᠭᠤᠨ᠎ᠠ᠎ᠪᠠᠨ ᠬᠠᠳᠬᠤᠵᠤ ᠡᠮᠨᠢᠭ ᠵᠶ᠋ᠠᠨ ᠲᠠᠰᠬᠠᠭ᠋ᠠᠳ ᠬᠦᠳᠤᠯᠵᠤ ᠪᠠᠷᠢᠭ᠋ᠠᠳᠠ ᠲᠡᠭᠡᠷ᠎ᠠ ᠠᠪᠴᠢᠷᠠᠳᠠᠭ ᠪᠠᠢ᠌ᠵᠡᠢ᠃ ᠠᠬ᠎ᠠ ᠪᠢᠳᠠ ᠬᠤᠶᠠᠷ ᠠᠪᠤ ᠡᠵᠢ ᠵᠢᠨ ᠪᠠᠯᠠᠳᠭᠡᠵᠤ ᠦᠭᠬᠦᠭᠰᠠᠨ ᠵᠤᠢ᠌ᠯ᠎ᠤᠳ ᠵᠶ᠋ᠠᠨ ᠠᠪᠤᠭ᠋ᠠᠳ ᠪᠠᠷᠢᠭ᠋ᠠᠳᠠ ᠲᠡᠭᠡᠷ᠎ᠠ ᠢᠷᠡᠭᠰᠠᠨ᠎ᠳᠤ ᠪᠢ ᠨᠠᠰᠤᠨ ᠳᠤ᠎ᠪᠠᠨ ᠦᠵᠡᠭᠡ ᠦᠭᠡᠢ ᠤᠯᠠᠨ ᠲᠠᠮᠠᠭ᠎ᠡ ᠵᠢ ᠪᠠᠷᠢᠭ᠋ᠠᠳᠠ ᠵᠢᠨ ᠪᠠᠢ᠌ᠰᠢᠩ᠎ᠢ ᠲᠤᠭᠤᠷᠢᠭᠤᠯᠤᠭ᠋ᠠᠳ ᠤᠶᠠᠭ᠋ᠠᠳᠠᠢ ᠪᠠᠢ᠌ᠬᠤ ᠵᠢ ᠤᠯᠵᠤ ᠦᠵᠠᠯ᠎ᠠ᠃
ᠲᠠᠷᠠ ᠦᠶ᠎ᠠ᠎ᠳᠤ ᠮᠠᠨ᠎ᠤ ᠪᠠᠷᠢᠭ᠋ᠠᠳᠠ ᠵᠢᠨ ᠲᠠᠷᠤᠭ᠎ᠠ ᠬᠤ᠌ ᠦᠯᠵᠠᠢ᠌ᠳᠤᠭᠳᠠᠬᠤ ᠠᠩᠭ᠎ᠠ ᠭᠡᠳᠡᠭ ᠬᠦᠮᠤᠨ ᠪᠠᠢ᠌ᠭᠰᠠᠨ᠃ ᠲᠡᠷᠡ ᠪᠤᠯ ᠬᠤᠷᠰᠢᠶ᠎ᠠ ᠪᠤᠯᠬᠤ᠎ᠠᠴᠠ ᠡᠬᠢᠯᠠᠭᠡᠳ ᠲᠠᠷᠤᠭ᠎ᠠ ᠪᠤᠯᠵᠤ᠂ ᠲᠠᠮᠠᠭᠡᠨ᠎ᠳᠤ ᠤᠨᠴᠠᠭ᠋ᠠᠢ ᠲᠠᠳᠠᠮᠠᠭ᠋ᠠᠢ ᠭᠢᠷᠠᠬᠠᠢ ᠬᠦᠮᠤᠨ ᠪᠠᠢ᠌ᠭᠰᠠᠨ᠃ ᠪᠦᠬᠦ ᠪᠠᠷᠢᠭ᠋ᠠᠳᠠ ᠵᠢᠨ ᠠᠷᠪᠠᠨ ᠭᠡᠳᠤᠨ ᠲᠠᠮᠠᠭᠡᠨ ᠰᠦᠷᠦᠭ᠎ᠤᠨ ᠦᠩᠭᠡ ᠵᠢᠰᠤ᠂ ᠮᠦᠷ ᠤᠯᠠ ᠵᠢ᠎ᠨᠢ ᠬᠦᠷᠳᠠᠯ᠎ᠠ ᠪᠦᠬᠦᠳᠠ ᠵᠢ ᠲᠠᠨᠢᠵᠤ ᠮᠠᠳᠡᠳᠡᠭ ᠰᠦᠷᠠᠭᠡᠢ ᠬᠠᠰᠢᠷ ᠲᠠᠮᠠᠭᠡᠴᠢᠨ ᠪᠠᠢ᠌ᠪᠠ᠃ ᠦᠩᠭᠡᠷᠡᠭᠰᠠᠨ᠎ᠳᠤ ᠠᠩᠭ᠎ᠠ ᠲᠠᠷᠤᠭ᠎ᠠ ᠦᠪᠠᠷ᠎ᠤᠨ ᠪᠠᠶ᠎ᠠ᠎ᠪᠠᠷ ᠵᠶ᠋ᠠᠨ ᠠᠶᠠᠨ ᠲᠠᠭ᠋ᠠᠭ᠋ᠠᠵᠤ ᠶᠠᠪᠤᠳᠠᠭ ᠪᠠᠢ᠌ᠭᠰᠠᠨ ᠭᠡᠵᠤ ᠭᠡᠯᠡᠴᠡᠳᠡᠭ᠃ ᠨᠢᠭᠡ ᠬᠤᠳᠠ ᠲᠠᠮᠠᠭᠡᠨ ᠰᠦᠷᠦᠭ᠎ᠠᠴᠠ ᠶᠠᠭᠡ ᠪᠠᠷᠤᠭ ᠬᠤᠶᠠᠷ ᠭᠠᠷ ᠲᠠᠮᠠᠭ᠎ᠡ ᠲᠤᠬᠢᠷᠠᠭᠤᠯᠳᠠᠭ ᠪᠠᠢ᠌ᠪᠠ᠃ ᠲᠡᠭᠡᠭᠡᠳ ᠠᠩᠭ᠎ᠠ ᠲᠠᠷᠤᠭ᠎ᠠ᠎ᠠᠴᠠ ᠭᠡᠨ ᠭᠡᠨ᠎ᠤ ᠬᠤᠳᠠ᠎ᠠᠴᠠ ᠲᠤᠬᠢᠷᠠᠭᠤᠯᠤᠨ᠎ᠠ ᠭᠡᠵᠤ ᠶᠠᠷᠢᠭ᠋ᠠᠳ ᠨᠠᠮ᠎ᠠ ᠵᠢ ᠸᠠᠩ ᠤᠪᠤᠭᠳᠤ ᠬᠦᠮᠦᠨ᠎ᠲᠠᠢ ᠵᠠᠮᠰᠤ ᠠᠮᠪᠠᠢ ᠭᠡᠳᠡᠭ ᠠᠢ᠌ᠯ᠎ᠤᠨ ᠬᠤᠳᠠ᠎ᠳᠤ ᠲᠤᠬᠢᠷᠠᠭᠤᠯᠪᠠ᠃ ᠲᠠᠮᠠᠭ᠎ᠡ ᠲᠤᠭᠢᠷᠠᠭᠤᠯᠬᠤ᠎ᠳᠤ ᠤᠨᠴᠠᠭ᠋ᠠᠢ ᠤᠨᠤᠭ᠋ᠠᠨ᠎ᠤ ᠠᠳᠠ᠂ ᠭᠠᠷᠤᠨ ᠠᠳᠠ᠂ ᠬᠤᠩᠬᠤ ᠵᠢᠨ ᠠᠳᠠ ᠭᠤᠷᠪᠠ ᠵᠢ ᠲᠠᠷᠤᠭ᠎ᠠ᠎ᠠᠴᠠ ᠨᠠᠳᠠ᠎ᠳᠤ ᠰᠢᠨ᠎ᠠ ᠭᠠᠷ ᠭᠡᠵᠤ ᠰᠠᠢ᠌ᠬᠠᠨ ᠲᠤᠬᠢᠷᠠᠭᠤᠯᠵᠤ ᠦᠭᠪᠠ᠃ ᠲᠡᠭᠡᠭᠡᠳ ᠪᠢ ᠰᠠᠶᠢ ᠡᠨᠡ ᠭᠤᠷᠪᠠᠨ ᠲᠠᠮᠠᠭ᠎ᠡ ᠪᠤᠯ ᠠᠶᠠᠨ᠎ᠳᠤ ᠶᠠᠪᠤᠬᠤ᠎ᠳᠤ ᠲᠤᠢ᠌ᠯ᠎ᠤᠨ ᠴᠢᠬᠤᠯᠠ ᠪᠠᠢ᠌ᠳᠠᠭ᠎ᠢ ᠮᠠᠳᠠᠵᠤ ᠠᠪᠤᠭᠰᠠᠨ᠃ ᠤᠨᠤᠭ᠋ᠠᠨ᠎ᠤ ᠠᠳᠠ᠎ᠨᠢ ᠤᠯᠠᠨ ᠵᠢᠯ ᠠᠶᠠᠨ᠎ᠳᠤ ᠶᠠᠪᠤᠭᠰᠠᠨ ᠬᠦᠭᠰᠢᠶᠠᠷᠠᠩ ᠳᠠᠳᠮᠠᠭ᠋ᠠᠢ ᠲᠠᠮᠠᠭ᠎ᠡ ᠪᠠᠢ᠌ᠵᠤ᠂ ᠲᠠᠮᠠᠭ᠎ᠡ ᠬᠦᠳᠠᠯᠤᠭᠡᠳ ᠶᠠᠪᠤᠬᠤ᠎ᠳᠤ ᠬᠠᠮᠠᠷ᠎ᠢ᠎ᠨᠢ ᠲᠠᠳᠠᠬᠤ᠂ ᠪᠦᠭᠰᠠ ᠵᠢ᠎ᠨᠢ ᠴᠤᠬᠢᠬᠤ ᠴᠢᠬᠤᠯᠠ ᠦᠭᠡᠢ᠂ ᠭᠠᠵᠠᠷ ᠤᠷᠤᠭᠤ ᠪᠠᠭᠤᠬᠤ᠎ᠳᠤ ᠲᠤᠩ ᠠᠭ᠋ᠠᠵᠢᠭᠤᠨ ᠶᠠᠪᠤᠵᠤ᠂ ᠦᠭᠡᠳᠠ ᠭᠠᠷᠬᠤ᠎ᠳᠤ ᠲᠦᠷᠭᠡᠨ ᠰᠢᠭ ᠭᠡᠬᠦ ᠮᠠᠳᠤ᠎ᠪᠠᠷ ᠪᠦᠷ ᠦᠪᠠᠷ ᠵᠶ᠋ᠠᠨ ᠲᠤᠬᠢᠷᠠᠭᠤᠯᠤᠨ ᠶᠠᠪᠤᠴᠢᠬᠠᠳᠠᠭ᠃ ᠭᠠᠷᠤᠨ ᠠᠳᠠ ᠭᠡᠳᠡᠭ ᠴᠢᠨᠢ ᠴᠥᠷᠭᠡ ᠬᠦᠳᠠᠯᠦᠭᠡᠳ ᠶᠠᠪᠤᠵᠤ ᠪᠠᠢ᠌ᠳᠠᠯ᠎ᠠ ᠠᠷᠤ ᠴᠦᠷᠭᠡᠨᠳᠤ ᠤᠴᠢᠷ ᠭᠠᠷᠪᠠᠯ ᠪᠤᠷᠠᠠᠳᠠᠭᠢᠨᠢ ᠭᠠᠵᠠᠷ ᠬᠠᠶᠠᠪᠠᠯ ᠲᠤᠤᠷ᠎ᠠ᠎ᠪᠠᠨ ᠵᠣᠭᠰᠤᠴᠢᠬᠠᠳᠠᠭ᠂ ᠲᠡᠭᠡᠭᠡᠳ ᠪᠤᠴᠠᠵᠤ ᠤᠴᠢᠭ᠋ᠠᠳ ᠰᠤᠭᠤᠷᠠᠵᠤ ᠰᠠᠭᠤᠭᠰᠠᠨ ᠲᠠᠮᠠᠭ᠎ᠡ᠎ᠪᠠᠨ ᠪᠠᠷᠢᠵᠤ ᠴᠦᠷᠭᠡᠯᠠᠬᠦ ᠠᠴᠢᠶ᠎ᠠ ᠰᠤᠮᠠᠯ ᠬᠠᠵᠠᠢ᠌ᠵᠤ ᠪᠠᠢ᠌ᠪᠠᠯ ᠵᠠᠰᠠᠭ᠋ᠠᠳ ᠢᠷᠠᠬᠦ᠎ᠳᠤ ᠵᠢᠭ᠋ᠠᠬᠠᠨ ᠴᠦ᠍ ᠬᠦᠳᠠᠯᠬᠦ ᠦᠭᠡᠢ ᠤᠭ ᠭᠠᠵᠠᠷ ᠲᠤ᠎ᠪᠠᠨ ᠵᠤᠭᠰᠤᠵᠤ ᠪᠠᠢ᠌ᠳᠠᠭ᠂ ᠬᠤᠩᠬᠤ ᠵᠢᠨ ᠠᠳᠠ ᠭᠡᠳᠡᠭ ᠪᠠᠷᠤᠭ ᠪᠦᠳᠦᠬᠦᠨ ᠪᠠᠶ᠎ᠠ᠎ᠲᠠᠢ᠂ ᠤᠷᠳᠤ ᠬᠦᠯ᠎ᠲᠠᠢ ᠲᠠᠮᠠᠭ᠎ᠡ ᠪᠠᠢ᠌ᠳᠠᠭ᠃ ᠠᠶᠠᠨ᠎ᠳᠤ ᠶᠠᠪᠤᠵᠤ ᠪᠠᠢ᠌ᠬᠤ᠎ᠳᠤ ᠭᠤᠨ᠎ᠠ ᠪᠠᠭ᠋ᠠᠴᠤᠳ ᠶᠠᠭᠤᠮ᠎ᠠ᠎ᠠᠴᠠ ᠦᠷᠬᠦᠬᠦ ᠪᠤᠶᠤ ᠱᠤᠭᠰᠢᠬᠤ ᠤᠴᠢᠷ ᠭᠠᠷᠪᠠᠯ ᠠᠷᠤ ᠠᠷᠤ ᠳᠤ᠎ᠬᠢ ᠲᠠᠮᠠᠭ᠎ᠡ ᠮᠥᠨ ᠲᠠᠭ᠋ᠠᠭ᠋ᠠᠳ ᠱᠤᠭᠰᠢᠬᠤ ᠪᠤᠯᠬᠤ᠎ᠳᠤ ᠬᠣᠩᠬᠤ ᠵᠢᠨ ᠠᠳᠠ ᠬᠠᠷᠢᠨ ᠱᠤᠭᠰᠢᠬᠤ ᠦᠭᠡᠢ᠂ ᠬᠦᠵᠦᠬᠦᠤ᠎ᠪᠠᠨ ᠰᠣᠩᠭ᠋ᠠᠭ᠋ᠠᠳ ᠶᠠᠪᠤᠳᠠᠯ ᠵᠶ᠋ᠠᠨ ᠪᠢᠴᠢᠬᠠᠨ ᠬᠤᠷᠳᠤᠳᠬᠠᠪᠠᠯ ᠬᠤᠩᠬ᠎ᠠ ᠵᠢᠨ ᠲᠠᠭᠤ ᠮᠥᠨ ᠭᠡᠪ ᠵᠶ᠋ᠠᠷ ᠵᠶ᠋ᠠᠨ ᠪᠠᠢ᠌ᠳᠠᠭ᠃ ᠭᠠᠵᠠᠷ ᠦᠭᠡᠳᠠ ᠤᠷᠤᠭᠤ ᠭᠡᠰᠡᠨ ᠦᠭᠡᠢ ᠪᠦᠷ ᠨᠢᠭᠡ ᠯᠠ ᠠᠳᠠᠯᠢ᠎ᠪᠠᠷ ᠲᠤᠤᠭ᠋ᠠᠷᠭ᠋ᠠᠳᠠᠭ ᠲᠠᠮᠠᠭ᠎ᠡ᠎ᠨᠢ ᠰᠠᠢ᠌ᠨ ᠬᠣᠩᠬᠤ ᠵᠢᠨ ᠠᠳᠠ ᠪᠤᠯᠬᠤ ᠵᠠᠷᠭᠡ ᠤᠴᠢᠷ᠎ᠢ ᠴᠠᠭ᠋ᠠᠰᠢ ᠶᠠᠪᠤᠵᠤ ᠪᠠᠢ᠌ᠭ᠋ᠠᠳ ᠮᠠᠳᠡᠭᠰᠠᠨ ᠪᠢᠯᠠ᠃ ᠠᠩᠭ᠎ᠠ ᠲᠠᠷᠤᠭ᠎ᠠ ᠨᠠᠳᠠ᠎ᠳᠤ ᠰᠢᠨ᠎ᠠ ᠭᠠᠷ ᠭᠡᠵᠤ ᠠᠮᠪᠠᠢ ᠵᠢᠨ ᠬᠤᠳᠠᠨ᠎ᠠᠴᠠ《ᠪᠠᠳᠠᠢ᠌ᠳᠤ》 ᠭᠡᠳᠡᠭ ᠠᠳᠠ ᠵᠢ ᠤᠨᠤᠭ᠋ᠠᠨᠳᠤ ᠲᠤᠬᠢᠷᠠᠭᠤᠯᠵᠤ᠂ 《ᠬᠤᠯᠤ ᠲᠠᠮᠠᠭ᠋ᠠᠳᠤ》 ᠭᠡᠳᠡᠭ ᠠᠳᠠ ᠵᠢ ᠬᠣᠩᠬᠤ ᠵᠢᠨ ᠠᠳᠠ᠂ 《ᠰᠢᠶᠤᠤᠳᠦ᠋ᠢ ᠰᠢᠷ᠎ᠠ》 ᠭᠡᠳᠡᠭ ᠬᠦᠭᠰᠢᠨ ᠠᠳᠠ ᠵᠢ ᠭᠠᠷ ᠠᠳᠠ ᠭᠡᠵᠤ ᠲᠤᠬᠢᠷᠠᠭᠤᠯᠤᠭ᠋ᠠᠳ᠂ ᠨᠢᠭᠡ ᠭᠠᠷ᠎ᠲᠤ ᠭᠤᠷᠪᠠᠨ ᠭᠤᠨ᠎ᠠ᠎ᠲᠠᠢ ᠨᠠᠢ᠌ᠳᠠ ᠠᠷᠪᠠᠨ ᠲᠠᠪᠤᠨ ᠲᠠᠮᠠᠭ᠎ᠡ ᠵᠢ ᠴᠦᠷᠭᠡᠯᠠᠬᠦ ᠲᠠᠰ ᠲᠠᠷᠠᠭ᠎ᠠ ᠵᠢ᠎ᠨᠢ ᠬᠦᠷᠳᠠᠯ᠎ᠠ ᠲᠤᠬᠢᠷᠠᠭᠤᠯᠵᠤ ᠦᠭᠬᠦᠭᠡᠳ ᠡᠳᠤᠷ ᠡᠳᠤᠷ ᠮᠥᠨ ᠲᠠᠷᠠ ᠲᠠᠰ ᠲᠠᠷᠠᠭ᠎ᠠ᠎ᠪᠠᠷ ᠴᠦᠷᠭᠡᠯᠠᠵᠤ ᠶᠠᠪᠤ ᠭᠡᠵᠤ ᠵᠠᠬᠢᠵᠤ ᠦᠭᠪᠠ᠃ ᠡᠨᠡ ᠲᠠᠰ ᠲᠠᠷᠠᠭ᠎ᠠ᠎ᠨᠢ ᠬᠠᠷᠢᠨ ᠨᠠᠳᠠ ᠰᠢᠭ᠋ ᠰᠢᠨ᠎ᠠ ᠶᠠᠪᠤᠵᠤ ᠪᠠᠢ᠌ᠭ᠎ᠠ ᠬᠦᠮᠤᠨ᠎ᠳᠤ ᠨᠠᠯᠢᠶᠠᠳ ᠬᠦᠴᠢᠷ ᠰᠠᠨᠠᠭᠳᠠᠪᠠ᠃ ᠤᠴᠢᠷ᠎ᠨᠢ ᠵᠢᠰᠤ ᠵᠢ᠎ᠨᠢ ᠬᠦᠷᠳᠠᠯ᠎ᠠ ᠲᠠᠨᠢᠵᠤ ᠮᠠᠳᠠᠬᠦ ᠦᠭᠡᠢ ᠪᠠᠢ᠌ᠬᠤ᠎ᠳᠤ ᠲᠠᠰ ᠲᠠᠷᠠᠭ᠎ᠠ ᠵᠢ᠎ᠨᠢ ᠶᠠᠭ᠋ᠠᠬᠢᠵᠤ ᠴᠠᠭᠡᠵᠢᠯᠡᠳᠡᠭ ᠪᠢᠯᠠ ᠭᠡᠵᠤ ᠵᠤᠪᠠᠵᠤ ᠠᠩᠬᠠᠨ᠎ᠤ ᠨᠢᠭᠡ ᠡᠳᠤᠷ ᠪᠠᠢ᠌ᠨ ᠪᠠᠢ᠌ᠨ ᠠᠷᠤ ᠳᠤ᠎ᠪᠠᠨ ᠬᠠᠷᠤᠭ᠋ᠠᠳ ᠨᠢᠭᠡ ᠨᠢᠭᠡ᠎ᠪᠠᠷ ᠵᠢᠰᠤ ᠲᠠᠷᠠᠭ᠎ᠠ ᠵᠢ᠎ᠨᠢ ᠴᠠᠭᠡᠵᠢᠯᠠᠵᠤ ᠠᠪᠤᠭᠰᠠᠨ ᠪᠢᠯᠠ᠃
ᠮᠢᠨᠤ ᠠᠶᠠᠨ ᠶᠠᠪᠤᠳᠠᠭ ᠲᠠᠷᠠ ᠵᠢᠯ (70 ᠤᠨ) ᠮᠠᠨ᠎ᠤ ᠪᠠᠷᠢᠭ᠋ᠠᠳᠠ ᠠᠷᠪᠠᠨ ᠬᠤᠶᠠᠷ ᠭᠠᠷ ᠲᠠᠮᠠᠭ᠎ᠡ ᠬᠤᠶᠠᠷ ᠭᠠᠯ (ᠮᠠᠢ᠌ᠬᠠᠨ) ᠶᠠᠪᠤᠭᠰᠠᠨ᠃ ᠠᠩᠭ᠎ᠠ ᠲᠠᠷᠤᠭ᠎ᠠ ᠵᠢᠨ ᠨᠠᠳᠠ᠎ᠲᠠᠢ ᠭᠠᠷ ᠲᠠᠭ᠋ᠠᠷᠠᠭᠤᠯᠤᠭᠰᠠᠨ ᠸᠠᠩ ᠤᠪᠤᠭᠳᠤ ᠬᠦᠮᠦᠨ ᠪᠤᠯ ᠶᠠᠭᠡ ᠦᠨᠳᠤᠷ ᠪᠠᠶ᠎ᠠ᠎ᠲᠠᠢ᠂ ᠴᠢᠳᠠᠯ ᠲᠠᠩᠭᠡᠲᠠᠢ᠂ ᠨᠤᠮᠤᠬᠠᠨ ᠰᠠᠢ᠌ᠨ ᠰᠤᠭᠤ ᠪᠠᠢ᠌ᠭᠰᠠᠨ ᠃ ᠲᠠᠷᠠ ᠵᠢᠯ ᠪᠦᠷᠢ ᠪᠠᠷᠢᠭ᠋ᠠᠳᠠ ᠲᠡᠭᠡᠷ᠎ᠠ ᠸᠴᠢᠷ ᠳ᠋ᠠᠨᠢᠭ᠎ᠠ ᠭᠡᠳᠡᠭ ᠬᠦᠮᠤᠨ᠎ᠲᠠᠢ ᠬᠤᠶᠠᠭᠤᠯᠠ ᠵᠠᠭ᠋ᠠᠰᠤ ᠤᠭᠤᠳᠠ᠂ ᠠᠷᠭ᠋ᠠᠮᠵᠢ ᠪᠤᠷᠠᠠᠳᠠᠭ᠂ ᠵᠠᠭ᠋ᠠᠰᠤᠨᠤ ᠲᠤᠰᠢᠶ᠎ᠠ ᠮᠠᠳᠤ ᠵᠢᠨ ᠲᠤᠨᠤᠭ ᠲᠦᠬᠦᠭᠡᠷᠤᠮᠵᠢ ᠵᠢ ᠰᠠᠯᠪᠢᠵᠤ ᠵᠠᠰᠠᠳᠠᠭ ᠬᠦᠮᠤᠨ ᠪᠠᠢ᠌ᠭᠰᠠᠨ᠃ ᠸᠠᠩ ᠤᠪᠤᠭᠳᠤ ᠵᠠᠭ᠋ᠠᠰᠤ ᠴᠢᠬᠢᠬᠦ ᠳᠤ᠎ᠪᠠᠨ ᠤᠨᠴᠠᠭ᠋ᠠᠢ ᠤᠷ᠎ᠠ ᠮᠠᠷᠭᠡᠵᠢᠯ᠎ᠲᠠᠢ᠂ ᠲᠠᠳᠠᠨ᠎ᠤ ᠴᠢᠬᠢᠭ᠌ᠰᠠᠨ ᠵᠠᠭ᠋ᠠᠰᠤ ᠪᠦᠬᠦ ᠨᠢᠭᠡᠳᠤᠯᠳᠤᠪᠠᠨ ᠨᠠᠷᠠ ᠭᠠᠷᠴᠤ᠂ ᠲᠠᠮᠠᠭᠡᠨ ᠨᠢᠷᠤᠭᠤᠨ᠎ᠳᠤ ᠲᠤᠢ᠌ᠯ᠎ᠤᠨ ᠵᠤᠬᠢᠮᠵᠢᠳᠠᠢ᠂ ᠨᠢᠷᠤᠭᠤ ᠬᠠᠪᠢᠷᠭ᠎ᠠ ᠲᠠᠷᠤᠵᠤ ᠰᠢᠷᠬᠠᠳᠤᠭᠤᠯᠬᠤ ᠤᠴᠢᠷ ᠶᠠᠷᠤ ᠪᠠᠢ᠌ᠳᠠᠭ ᠦᠭᠡᠢ᠃
ᠲᠠᠮᠠᠭ᠎ᠡ᠎ᠪᠠᠨ ᠬᠤᠪᠢᠶᠠᠵᠤ ᠲᠤᠬᠢᠷᠠᠭᠤᠯᠵᠤ ᠪᠠᠷᠠᠭ᠋ᠠᠳ ᠰᠤᠮᠠᠯ ᠤᠭᠤᠳᠠ᠂ ᠠᠷᠭ᠋ᠠᠮᠵᠢ᠂ ᠲᠠᠭᠡᠰᠤ᠂ ᠬᠤᠩᠬ᠎ᠠ᠂ ᠪᠤᠢ᠌ᠯᠠ ᠵᠢᠨ ᠭᠡᠷ (ᠲᠠᠪᠤᠨ ᠪᠠᠯᠠᠳᠭᠡᠯ ᠪᠤᠢ᠌ᠯᠠᠲᠠᠢ) ᠵᠠᠷᠭᠡ ᠶᠠᠭᠤᠮ᠎ᠠ ᠵᠢ ᠬᠤᠪᠢᠶᠠᠪᠠ᠃ ᠪᠢ ᠤᠴᠢᠷ ᠤᠬᠠᠭ᠋ᠠᠨ ᠵᠶ᠋ᠠᠨ ᠰᠠᠢ᠌ᠨ ᠮᠠᠳᠠᠬᠦ ᠦᠭᠡᠢ ᠠᠩᠭ᠋ᠠᠢ᠌ᠵᠤ ᠪᠠᠢ᠌ᠳᠠᠯ᠎ᠠ ᠮᠢᠨᠤ ᠠᠬ᠎ᠠ ᠨᠠᠳᠠ᠎ᠳᠤ ᠨᠢᠭᠡ ᠬᠣᠩᠬᠣ ᠠᠪᠴᠢᠷᠠᠭ᠋ᠠᠳ᠄《ᠡᠬᠦᠨ᠎ᠢ ᠠᠪ᠂ ᠲᠠᠭᠤᠨ᠎ᠢ ᠮᠠᠭᠤ ᠰᠢᠭ᠋ ᠪᠤᠯᠪᠠᠴᠤ ᠲᠠᠷᠤᠭᠳᠠᠳᠠᠭ ᠦᠭᠡᠢ ᠶᠤᠮ》 ᠭᠡᠳ ᠦᠭᠬᠦᠪᠠ᠃ ᠲᠠᠷᠠ ᠬᠣᠩᠬᠣ᠎ᠪᠠᠨ ᠵᠠᠬᠦᠭᠡᠳ ᠶᠠᠪᠤᠭᠰᠠᠨ ᠴᠢᠨᠢ ᠰᠠᠷᠴᠢᠬᠢᠨᠠᠭᠰᠠᠨ ᠤᠨᠴᠠᠭ᠋ᠠᠢ ᠲᠠᠭᠤᠨ᠎ᠢ ᠤᠯᠠᠨ ᠬᠣᠩᠬᠣ ᠵᠢᠨ ᠲᠠᠭᠤᠨ᠎ᠳᠤ ᠲᠠᠷᠤᠭᠳᠠᠳᠠᠭ ᠦᠭᠡᠢ᠃ ᠬᠠᠷᠢᠨ ᠰᠠᠢ᠌ᠨ ᠲᠠᠭᠤ᠎ᠲᠠᠢ ᠬᠣᠩᠬᠣ᠎ᠲᠠᠢ ᠠᠳᠠᠯᠢᠬᠠᠨ ᠤᠢ᠌ᠯᠠᠳᠤᠯᠲᠠᠢ ᠪᠠᠢ᠌ᠵᠤ ᠪᠢᠯᠠ᠃
ᠸᠠᠩ ᠪᠠᠭᠰᠢ ᠨᠠᠳᠠ᠎ᠳᠤ ᠠᠷᠭ᠋ᠠᠮᠵᠢ ᠬᠤᠸᠠᠽᠠᠯᠠᠬᠤ (ᠭᠤᠭᠴᠤᠭ᠎ᠠ ᠭᠠᠷᠭ᠋ᠠᠬᠤ) ᠠᠷᠭ᠎ᠠ ᠵᠢ ᠵᠢᠭ᠋ᠠᠵᠤ ᠬᠤᠶᠠᠷ ᠠᠯᠳᠠ ᠲᠡᠭᠡᠷ᠎ᠠ ᠭᠤᠭᠴᠤᠭ᠎ᠠ᠎ᠪᠠᠨ ᠭᠠᠷᠭ᠋ᠠᠵᠤ᠂ ᠬᠤᠶᠠᠷ ᠭᠤᠭᠴᠤᠭ᠎ᠠ ᠵᠢᠨ ᠲᠤᠮᠳᠠ ᠮᠤᠬᠤᠷ ᠰᠦᠭᠡᠮ ᠵᠠᠢ ᠦᠯᠠᠳᠠᠭᠡᠵᠤ᠂ ᠤᠷᠳᠤ ᠤᠬᠤᠷ᠎ᠨᠢ ᠠᠳᠠᠯᠢ ᠪᠠᠢ᠌ᠳᠠᠭ ᠭᠡᠵᠤ ᠵᠢᠭ᠋ᠠᠭ᠋ᠠᠳ ᠠᠷᠭ᠋ᠠᠮᠵᠢᠪᠠᠨ ᠪᠦᠬᠦᠳᠠ ᠵᠢ ᠬᠤᠸᠠᠽᠠᠯᠠᠭ᠋ᠠᠳ᠂ ᠰᠤᠮᠠᠯ ᠵᠶ᠋ᠠᠨ ᠭᠤᠷᠪᠠ ᠬᠤᠭᠤᠰᠯᠠᠵᠤ ᠪᠠᠭᠯᠠᠭ᠋ᠠᠳ᠂ ᠦᠳᠠ ᠵᠢᠨ ᠬᠤᠢ᠌ᠨ᠎ᠠ ᠲᠠᠮᠠᠭ᠎ᠡ᠎ᠪᠠᠨ ᠵᠠᠭ᠋ᠠᠰᠤᠯᠠᠵᠤ᠂ ᠭᠤᠷᠪᠠᠨ ᠭᠤᠨ᠎ᠠ᠎ᠪᠠᠨ ᠪᠠᠰᠠ ᠤᠷᠢᠶᠠᠵᠤ ᠤᠨᠠᠭ᠋ᠠᠭ᠋ᠠᠳ ᠵᠠᠭ᠋ᠠᠰᠤᠯᠠᠵᠤ᠂ ᠪᠦᠳᠦᠬᠦᠨ ᠲᠠᠮᠠᠭ᠎ᠡ᠎ᠠᠴᠠ ᠭᠡᠯᠬᠢᠵᠤ ᠭᠡᠳᠤ ᠡᠷᠬᠢᠬᠦᠯᠵᠤ ᠲᠠᠭᠤᠵᠤ ᠬᠦᠳᠠᠯᠤᠭᠡᠳ ᠲᠠᠷᠠᠭ᠎ᠠ ᠡᠳᠤᠷ᠎ᠤᠨ ᠵᠠᠮ ᠶᠠᠪᠤᠬᠤ ᠳᠤ᠎ᠪᠠᠨ ᠲᠦᠬᠦᠮ ᠪᠤᠯᠭ᠋ᠠᠳᠠᠭ ᠶᠤᠮ ᠪᠠᠢ᠌ᠨ᠎ᠠ᠃ ᠮᠠᠨ᠎ᠤ ᠲᠠᠠᠳᠠ ᠭᠤᠨ᠎ᠠ ᠲᠠᠰᠬᠠᠬᠤ᠎ᠳᠤ ᠪᠠᠷᠤᠭ ᠤᠷᠢᠶᠠᠵᠤ ᠤᠨᠠᠭ᠋ᠠᠬᠤ ᠠᠷᠭ᠎ᠠ᠎ᠪᠠᠷ ᠭᠡᠪᠳᠠᠬᠦᠯᠵᠤ ᠰᠤᠷᠭ᠋ᠠᠳᠠᠭ᠂ ᠲᠠᠪᠡᠭᠴᠢᠯᠠᠵᠤ ᠭᠡᠪᠳᠠᠬᠦᠯᠵᠤ ᠰᠤᠷᠭ᠋ᠠᠬᠤ ᠵᠢ ᠲᠠᠮᠠᠢ ᠭᠡᠷᠡᠭᠯᠡᠳᠡᠭ ᠦᠭᠡᠢ᠂ ᠵᠠᠷᠢᠮ ᠬᠤᠪᠢ ᠠᠢ᠌ᠯ᠎ᠤᠨ ᠨᠢᠭᠡ ᠬᠤᠶᠠᠷ ᠭᠤᠨ᠎ᠠ ᠪᠠᠢ᠌ᠪᠠᠯ ᠬᠠᠷᠢᠨ ᠲᠡᠪᠡᠭᠴᠢᠯᠠᠬᠤ ᠠᠷᠭ᠎ᠠ᠎ᠪᠠᠷ ᠰᠤᠷᠭ᠋ᠠᠳᠠᠭ ᠪᠠᠢ᠌ᠭᠰᠠᠨ᠃ ᠲᠡᠭᠡᠭᠡᠳ ᠤᠷᠤᠢ᠎ᠨᠢ ᠪᠠᠷᠢᠭ᠋ᠠᠳᠠ ᠵᠢᠨ ᠲᠠᠷᠤᠭ᠎ᠠ ᠱᠦᠵᠢ᠎ᠠᠴᠠ ᠠᠶᠠᠠᠴᠢᠳ ᠵᠶ᠋ᠠᠨ ᠲᠠᠢ᠌ᠯᠠᠵᠤ᠂ ᠤᠯᠵᠠ᠎ᠲᠠᠢ ᠤᠷᠤᠯᠭ᠎ᠠ᠎ᠲᠠᠢ᠂ ᠰᠠᠭ᠋ᠠᠳ ᠲᠤᠳᠬᠠᠷ ᠦᠭᠡᠢ ᠰᠠᠢ᠌ᠨ ᠰᠠᠢ᠌ᠬᠠᠨ ᠶᠠᠪᠤᠭ᠋ᠠᠳ ᠢᠷᠠᠬᠦ ᠵᠢ ᠵᠦᠩᠨᠠᠵᠤ᠂ ᠠᠷᠢᠬᠢ ᠪᠠᠷᠢᠵᠤ᠂ ᠮᠢᠬ᠎ᠠ ᠴᠢᠨᠠᠵᠤ ᠰᠠᠢ᠌ᠨ ᠬᠤᠭᠤᠯᠠᠯᠠᠭᠤᠯᠵᠤ ᠬᠤᠨᠤᠭ᠋ᠠᠳ ᠦᠷᠯᠦᠭᠡ ᠡᠷᠳᠡ 3 — 4 ᠴᠠᠭ᠎ᠤᠨ ᠦᠶ᠎ᠠ᠎ᠪᠠᠷ ᠲᠠᠮᠠᠭ᠎ᠡ᠎ᠪᠠᠨ ᠴᠦᠷᠭᠡᠯᠡᠵᠦ ᠠᠪᠤᠭ᠋ᠠᠳ ᠡᠬᠢᠯᠠᠨ ᠶᠠᠪᠤᠪᠠ᠃ ᠳᠡᠭᠡᠷ᠎ᠡ ᠵᠠᠭᠤᠨ᠎ᠤ ᠲᠠᠯᠠᠨ ᠭᠡᠳᠤᠨ ᠤᠨ ᠪᠤᠯᠬᠤ᠎ᠳᠤ ᠪᠠᠷᠢᠭ᠋ᠠᠳᠠ᠎ᠠᠴᠠ ᠠᠶᠠᠠᠴᠢᠳ ᠵᠶ᠋ᠠᠨ ᠪᠦᠷ ᠤᠭᠤᠴᠠ ᠲᠠᠯᠪᠢᠵᠤ ᠬᠦᠨᠳᠤᠯᠠᠭᠡᠳ ᠶᠠᠪᠤᠭᠤᠯᠳᠠᠭ ᠪᠠᠢ᠌ᠭᠰᠠᠨ᠃
ᠠᠶᠠᠨ᠎ᠳᠤ ᠶᠠᠪᠤᠬᠤ ᠠᠵᠢᠯ ᠪᠤᠯ ᠨᠠᠯᠢᠶᠠᠳ ᠬᠦᠴᠢᠷᠳᠠᠢ ᠬᠦᠢ᠍ᠳᠠᠨ ᠴᠠᠭ᠎ᠲᠤ ᠶᠠᠪᠤᠳᠠᠭ ᠪᠤᠯᠬᠤᠷ ᠪᠠᠷᠢᠭ᠋ᠠᠳᠠ᠎ᠠᠴᠠ ᠠᠶᠠᠠᠴᠢᠳ᠎ᠤᠨ ᠬᠦᠨᠠᠰᠤ ᠵᠢ ᠨᠠᠮᠠᠵᠤ᠂ ᠡᠳᠤᠷ᠎ᠲᠤ ᠵᠢᠩ ᠲᠤᠮᠳᠠ᠎ᠪᠠᠷ ᠪᠤᠳᠤᠵᠤ᠂ ᠲᠤᠰᠬᠠᠢ ᠦᠭᠡᠷ ᠨᠢᠳᠤᠯᠵᠤ ᠦᠭᠴᠤ ᠶᠠᠪᠤᠭᠤᠯᠳᠠᠭ᠃ ᠲᠡᠭᠡᠭᠡᠳ ᠬᠠᠷᠢᠨ ᠠᠶᠠᠨ ᠶᠠᠪᠤᠭᠰᠠᠨ ᠴᠢᠨᠢ ᠦᠨᠠᠭᠡᠷ ᠭᠡᠳᠠᠰᠤ ᠦᠯᠦᠰᠦᠭᠰᠠᠨ ᠦᠭᠡᠢ᠂ ᠡᠬᠢᠨ᠎ᠤ ᠨᠢᠭᠡ ᠬᠤᠶᠠᠷ ᠡᠳᠤᠷ ᠦᠷᠯᠦᠭᠡ ᠡᠷᠳᠡ ᠪᠤᠳᠠᠭ᠎ᠠ ᠢᠳᠠᠭᠡᠳ ᠤᠷᠤᠢ ᠪᠤᠯᠬᠤ᠎ᠳᠤ ᠪᠠᠷᠤᠭ ᠦᠷᠬᠦᠯᠵᠢᠯᠠᠨ 12 ᠴᠠᠭ ᠪᠤᠯᠳᠠᠭ ᠪᠤᠯᠬᠤᠷ ᠪᠢᠴᠢᠬᠠᠨ ᠬᠠᠷᠠᠩᠭ᠋ᠠᠯᠠᠵᠤ ᠲᠠᠯᠢᠩ ᠵᠶ᠋ᠠᠨ ᠠᠭᠤᠳᠠᠯᠬᠤ ᠪᠤᠯᠳᠠᠭ᠃ ᠲᠡᠭᠡᠭᠡᠳ ᠭᠡᠳᠤᠨ ᠡᠳᠤᠷ ᠶᠠᠪᠤᠭ᠋ᠠᠳ ᠦᠩᠭᠡᠷᠠᠪᠠᠯ ᠲᠠᠳᠤᠭ᠋ᠠᠳ ᠦᠯᠦᠰᠬᠦ᠎ᠪᠠᠨ ᠪᠤᠯᠢᠳᠠᠭ ᠶᠤᠮ ᠪᠠᠢ᠌ᠨ᠎ᠠ᠃
ᠮᠠᠨ᠎ᠤ ᠪᠠᠷᠢᠭ᠋ᠠᠳᠠ᠎ᠠᠴᠠ ᠴᠠᠭ᠋ᠠᠨ ᠪᠤᠯᠠᠭ ᠬᠦᠷᠬᠦ᠎ᠳᠤ ᠵᠠᠭᠤᠷ᠎ᠠ ᠬᠤᠨᠤᠭ᠋ᠠᠳ ᠬᠦᠷᠳᠡᠭ᠃ ᠠᠩᠬᠠᠨ᠎ᠤ ᠡᠳᠤᠷ᠎ᠤᠨ ᠪᠠᠭᠤᠷᠢ ᠵᠠᠭᠳᠤ ᠵᠢᠨ ᠡᠬᠢᠨ᠎ᠳᠤ ᠬᠤᠨᠤᠭ᠋ᠠᠳ ᠲᠠᠷᠠᠭ᠎ᠠ ᠦᠷᠯᠦᠭᠡ ᠡᠷᠳᠡ ᠴᠠᠭ᠋ᠠᠨ ᠪᠤᠯᠠᠭ ᠬᠦᠷᠦᠭᠡᠳ ᠲᠠᠪᠤᠰᠤ᠎ᠪᠠᠨ ᠰᠠᠪᠠᠯᠠᠵᠤ ᠵᠢᠩᠯᠠᠬᠦᠯᠤᠭᠡᠳ ᠲᠠᠷᠠᠭ᠎ᠠ ᠡᠳᠤᠷ᠎ᠤᠨ ᠦᠷᠯᠦᠭᠡ ᠡᠷᠳᠡ ᠠᠴᠢᠶᠠᠯᠠᠵᠤ ᠠᠪᠤᠭ᠋ᠠᠳ ᠶᠠᠪᠤᠳᠠᠭ᠃ ᠨᠢᠭᠡᠳᠤᠭᠡᠷ ᠪᠠᠭᠤᠷᠢ — ᠲᠤᠭᠤᠷᠠᠢ ᠵᠢᠨ ᠰᠤᠢ᠌ᠭ ᠪᠤᠶᠤ ᠬᠤᠢ᠌ᠳᠤ ᠭᠤᠤᠯ᠎ᠤᠨ ᠠᠳᠠᠭ᠂ ᠬᠤᠶᠠᠳᠤᠭ᠋ᠠᠷ ᠪᠠᠭᠤᠷᠢ — ᠬᠤᠢ᠌ᠳᠤ ᠭᠤᠤᠯ᠎ᠤᠨ ᠡᠬᠢᠨ᠂ ᠭᠤᠷᠪᠠᠳᠤᠭ᠋ᠠᠷ ᠪᠠᠭᠤᠷᠢ — ᠬᠤᠩᠭᠤᠷ᠎ᠤᠨ ᠬᠤᠳᠳᠤᠭ ᠪᠤᠶᠤ ᠴᠢᠢ᠍ᠯᠠᠭᠤᠷᠤᠨ ᠡᠯᠠᠰᠤ᠂ ᠲᠦᠷᠪᠠᠳᠤᠭᠡᠷ ᠪᠠᠭᠤᠷᠢ — ᠴᠠᠢ᠌ᠷ ᠴᠤᠨᠵᠢ ᠂ ᠲᠠᠷᠠᠰᠤᠨ᠃ ᠢᠩᠬᠢᠭᠡᠳ ᠴᠠᠭ᠋ᠠᠰᠢ ᠲᠦᠷᠪᠠᠨ ᠡᠳᠤᠷ᠂ ᠪᠤᠴᠠᠬᠤ ᠳᠤ᠎ᠪᠠᠨ ᠭᠤᠷᠪᠠᠨ ᠡᠳᠤᠷ ᠶᠠᠪᠤᠭ᠋ᠠᠳ ᠨᠠᠢ᠌ᠳᠠ 7 ᠡᠳᠤᠷ᠎ᠲᠤ ᠨᠢᠭᠡ ᠡᠷᠬᠢᠳᠡᠭ᠃ ᠦᠷᠯᠦᠭᠡ ᠡᠷᠳᠡ ᠴᠠᠭ᠋ᠠᠨ ᠪᠤᠯᠠᠭ᠎ᠤᠨ ᠲᠠᠪᠤᠰᠤᠨ ᠭᠤᠷᠤᠬ᠎ᠠ ᠲᠡᠭᠡᠷ᠎ᠠ ᠰᠤᠮᠠᠯ ᠵᠶ᠋ᠠᠨ ᠪᠠᠭᠤᠯᠭ᠋ᠠᠭ᠋ᠠᠳ᠂ ᠲᠠᠮᠠᠭ᠎ᠡ᠎ᠪᠠᠨ ᠲᠠᠯᠪᠢᠵᠤ᠂ ᠨᠢᠭᠡ ᠡᠷᠬᠢᠬᠦᠯᠦᠭᠡᠳ ᠵᠢᠭ᠋ᠠᠬᠠᠨ ᠢᠳᠠᠬᠦᠯᠵᠤ ᠠᠮᠠᠨ ᠵᠠᠪᠠᠭ᠎ᠠ ᠵᠢ᠎ᠨᠢ ᠭᠠᠷᠭ᠋ᠠᠵᠤ ᠤᠶᠠᠴᠢᠬᠠᠭ᠋ᠠᠳ ᠲᠠᠪᠤᠰᠤ᠎ᠪᠠᠨ ᠰᠠᠪᠠᠯᠠᠳᠠᠭ᠃ ᠬᠠᠮᠳᠤ ᠭᠠᠷᠤᠨ ᠨᠦᠬᠦᠳ᠎ᠲᠠᠢ᠎ᠪᠠᠨ ᠬᠤᠶᠠᠭᠤᠯᠠ ᠨᠠᠢ᠌ᠳᠠ 60 ᠰᠤᠮᠠᠯ ᠲᠠᠪᠤᠰᠤ ᠰᠠᠪᠠᠯᠠᠵᠤ ᠬᠤᠶᠠᠷ ᠬᠤᠶᠠᠷ ᠵᠶ᠋ᠠᠷ ᠲᠠᠰᠢᠷᠯᠠᠵᠤ ᠲᠠᠯᠪᠢᠭ᠋ᠠᠳ ᠲᠠᠪᠤᠰᠤᠨ ᠲᠠᠯᠠᠪᠠᠢ ᠵᠢᠨ ᠲᠤᠰᠬᠠᠢ ᠵᠢᠩᠯᠡᠳᠡᠭ ᠬᠦᠮᠤᠰ ᠢᠷᠠᠵᠤ ᠵᠢᠩᠯᠠᠳᠡᠭ᠃ ᠬᠤᠶᠠᠷ ᠬᠦᠮᠤᠨ ᠮᠤᠳᠤᠨ᠎ᠳᠤ ᠲᠠᠭᠡᠰᠤ᠎ᠪᠠᠨ ᠭᠣᠭᠴᠣᠭ᠋ᠠᠯᠠᠵᠤ ᠤᠶᠠᠭ᠋ᠠᠳ ᠲᠠᠰᠢᠷᠯᠠᠭᠰᠠᠨ ᠬᠤᠶᠠᠷ ᠰᠤᠮᠠᠯ᠎ᠤᠨ ᠬᠤᠶᠠᠷ ᠦᠵᠦᠬᠦᠷ᠎ᠠᠴᠠ ᠡᠯᠬᠦᠵᠤ ᠲᠠᠮᠨᠠᠭ᠋ᠠᠳ ᠨᠢᠭᠡ ᠬᠦᠮᠤᠨ ᠵᠢᠩ᠎ᠤᠨ ᠨᠢᠳᠤ ᠵᠢ ᠲᠠᠭ᠋ᠠᠷᠠᠭᠤᠯᠵᠤ ᠲᠤᠭ᠎ᠠ ᠵᠢ᠎ᠨᠢ ᠬᠠᠰᠬᠢᠷᠬᠤ᠎ᠳᠤ ᠲᠠᠩᠰᠠ ᠪᠠᠷᠢᠳᠠᠭ ᠬᠦᠮᠤᠨ ᠪᠢᠴᠢᠵᠤ ᠲᠠᠩᠰᠠ᠎ᠪᠠᠨ ᠬᠢᠳᠡᠭ᠃ ᠡᠬᠢᠯᠠᠭᠡᠳ ᠲᠠᠮᠠᠭᠡᠨᠤ ᠤᠰᠤᠨ ᠰᠤᠢ᠌ᠯ ᠲᠠᠯᠪᠢᠳᠠᠭ ᠤᠴᠢᠷ᠎ᠠᠴᠠ ᠦᠷᠯᠦᠭᠡ ᠵᠢᠨ ᠭᠤᠷᠪᠠ᠎ᠠᠴᠠ ᠲᠦᠷᠪᠠᠨ ᠴᠠᠭ᠎ᠤᠨ ᠦᠶ᠎ᠠ᠎ᠪᠠᠷ ᠠᠴᠢᠶᠠᠯᠠᠵᠤ ᠶᠠᠪᠤᠭ᠋ᠠᠳ ᠦᠳᠠ ᠪᠤᠯᠬᠤ᠎ᠳᠤ ᠪᠠᠭᠤᠵᠤ ᠲᠠᠮᠠᠭ᠎ᠡ᠎ᠪᠠᠨ ᠪᠢᠴᠢᠬᠠᠨ ᠢᠳᠠᠬᠦᠯᠦᠭᠡᠳ ᠬᠤᠷᠢᠶᠠᠵᠤ ᠤᠶᠠᠳᠠᠭ᠃ ᠰᠤᠢ᠌ᠯᠤᠨ ᠲᠠᠮᠠᠭ᠎ᠡ ᠵᠢ ᠵᠠᠪᠠᠯ ᠦᠷᠯᠦᠭᠡ ᠡᠷᠳᠡ ᠠᠴᠢᠳᠠᠭ ᠪᠤᠯᠬᠤᠷ ᠠᠩᠬ᠎ᠠ ᠶᠠᠪᠤᠵᠤ ᠪᠠᠢ᠌ᠬᠤ ᠬᠦᠮᠤᠨ ᠲᠤᠢ᠌ᠯ ᠵᠶ᠋ᠠᠷ ᠨᠤᠢ᠌ᠷ ᠬᠦᠷᠳᠡᠭ ᠪᠠᠢ᠌ᠭᠰᠠᠨ᠃ ᠦᠷᠯᠦᠭᠡ ᠡᠷᠳᠡ ᠬᠦᠢ᠍ᠳᠠᠨ ᠴᠦ᠍ ᠬᠤᠷᠳᠤᠨ ᠬᠦᠳᠠᠯᠵᠤ ᠲᠦᠷᠭᠡᠨ ᠠᠴᠢᠳᠠᠭ ᠪᠤᠯᠬᠤᠷ ᠬᠦᠯᠤᠰᠤ ᠭᠠᠷᠴᠤ ᠬᠠᠯᠠᠭᠤᠴᠠᠳᠠᠭ᠃ ᠡᠬᠢᠯᠡᠭᠰᠠᠭᠡᠷ ᠵᠠᠪᠠᠯ ᠶᠠᠪᠤᠭ᠋ᠠᠨ ᠶᠠᠪᠤᠵᠤ ᠬᠦᠯᠤᠰᠤ᠎ᠪᠠᠨ ᠬᠠᠲᠠᠭ᠋ᠠᠭ᠋ᠠᠳ ᠰᠠᠶᠢ ᠲᠠᠮᠠᠭ᠎ᠡ᠎ᠪᠠᠨ ᠤᠨᠤᠳᠠᠭ᠃ ᠲᠡᠭᠡᠭᠡᠳ ᠪᠢ ᠠᠩᠬ᠎ᠠ ᠤᠳᠠᠭ᠎ᠠ ᠶᠠᠪᠤᠭ᠋ᠠᠨ ᠶᠠᠪᠤᠵᠤ ᠪᠠᠢ᠌ᠭ᠋ᠠᠳ ᠵᠡᠭᠦᠷᠮᠡᠭᠯᠡᠭᠡᠳ ᠵᠠᠮ᠎ᠠᠴᠠ ᠭᠠᠷᠬᠤ ᠪᠤᠶᠤ ᠡᠮᠤᠨ᠎ᠠ ᠭᠠᠷᠤᠨ ᠬᠣᠩᠬᠤ ᠵᠢᠨ ᠠᠳᠠ ᠵᠢᠨ ᠪᠤᠷᠪᠢ᠎ᠳᠤ ᠲᠤᠯᠤᠭ᠋ᠠᠳ ᠰᠡᠷᠡᠭᠡᠳ ᠢᠷᠡᠭᠰᠠᠨ ᠤᠴᠢᠷ ᠭᠠᠷᠤᠭᠰᠠᠨ᠂ ᠬᠣᠩᠬᠤ ᠵᠢᠨ ᠠᠳᠠ ᠪᠦᠷ ᠬᠦᠭᠰᠢᠨ ᠨᠤᠮᠤᠬᠠᠨ ᠲᠠᠮᠠᠭ᠎ᠡ ᠪᠠᠢ᠌ᠳᠠᠭ ᠪᠤᠯᠬᠤᠷ ᠬᠠᠢ᠌ᠷᠴᠤ ᠲᠠᠢ᠌ᠷᠳᠡᠭ ᠦᠭᠡᠢ ᠶᠤᠮ ᠪᠠᠢ᠌ᠵᠡᠢ᠃
ᠬᠠᠮᠤᠭ ᠠᠩᠬᠠᠳᠤᠭ᠋ᠠᠷ ᠪᠠᠭᠤᠷᠢ ᠬᠦᠷᠴᠤ ᠪᠠᠭᠤᠬᠤ᠎ᠳᠤ ᠠᠴᠢᠶ᠎ᠠ᠎ᠪᠠᠨ ᠪᠠᠭᠤᠯᠭ᠋ᠠᠭ᠋ᠠᠳ ᠵᠠᠭ᠋ᠠᠰᠤ ᠵᠢ᠎ᠨᠢ ᠰᠤᠯᠠᠳᠬᠠᠵᠤ ᠬᠦᠳᠠᠯᠭᠡᠭᠡᠳ ᠲᠠᠮᠠᠭ᠎ᠡ᠎ᠪᠠᠨ ᠲᠠᠯᠪᠢᠵᠤ ᠢᠳᠡᠬᠦᠯᠳᠡᠭ᠃ ᠲᠡᠭᠡᠭᠡᠳ ᠲᠠᠷᠠᠯᠭᠠ ᠲᠠᠭ᠋ᠠᠷᠠᠭᠰᠠᠨ᠎ᠨᠢ ᠮᠠᠢ᠌ᠬᠠᠨ ᠵᠶ᠋ᠠᠨ ᠪᠠᠷᠢᠵᠤ ᠴᠠᠢ᠎ᠪᠠᠨ ᠴᠢᠨᠠᠭ᠋ᠠᠳ ᠴᠤᠭᠭ᠋ᠠᠷ ᠬᠠᠯᠠᠭᠤᠨ ᠴᠠᠢ ᠤᠤᠭᠤᠵᠤ ᠠᠪᠤᠭ᠋ᠠᠳ ᠭᠠᠷᠴᠤ ᠠᠴᠢᠶ᠎ᠠ᠎ᠪᠠᠨ ᠲᠢᠭᠯᠡᠳᠡᠭ᠃ ᠨᠢᠭᠡᠳᠤᠭᠡᠷ ᠰᠦᠨᠢ ᠡᠷᠭᠡᠪᠰᠢ ᠰᠤᠮᠠᠯ᠎ᠲᠠᠢ ᠲᠠᠪᠤᠰᠤ᠎ᠪᠠᠨ ᠡᠪ᠎ᠢ᠎ᠨᠢ ᠲᠠᠭ᠋ᠠᠷᠠᠭᠤᠯᠵᠤ ᠰᠤᠮᠠᠯ᠎ᠤᠨ ᠭᠠᠳᠠᠷ ᠲᠠᠯ᠎ᠠ ᠵᠢᠨ ᠬᠤᠶᠠᠷ ᠦᠨᠴᠦᠭᠢᠨᠢ ᠨᠠᠢ᠌ᠯᠠᠬᠦᠯᠵᠤ ᠲᠠᠰᠢᠷᠯᠠᠵᠤ ᠠᠷᠭ᠋ᠠᠮᠵᠢᠪᠠᠨ ᠡᠪᠬᠡᠭᠡᠳ ᠲᠡᠭᠡᠷ᠎ᠠ᠎ᠨᠢ ᠲᠠᠯᠪᠢᠳᠠᠭ ᠶᠤᠰᠤᠳᠠᠢ᠃ ᠲᠠᠭᠡᠵᠤ ᠭᠡᠪ ᠵᠶ᠋ᠠᠨ ᠤᠯᠤᠭ᠋ᠠᠳ ᠬᠦᠯᠢᠭᠳᠡᠴᠢᠬᠡᠪᠡᠯ ᠲᠠᠬᠢᠨ ᠠᠴᠢᠬᠤ᠎ᠳᠤ ᠲᠤᠩ ᠬᠢᠯᠪᠠᠷ ᠪᠤᠯᠵᠤ᠂ ᠰᠤᠮᠠᠯ ᠵᠶ᠋ᠠᠨ ᠬᠥᠨᠲᠦᠷᠦᠭᠡᠳ ᠲᠦᠯᠬᠢᠬᠦ᠎ᠲᠠᠢ ᠵᠠᠷᠭᠡ ᠰᠤᠮᠠᠯ᠎ᠤᠨ ᠲᠡᠭᠡᠳᠤ ᠬᠤᠶᠠᠷ ᠦᠨᠴᠦᠭ᠎ᠨᠢ ᠭᠠᠳᠠᠭᠰᠢ ᠰᠠᠷᠠᠭᠡᠳ ᠠᠴᠢᠶ᠎ᠠ ᠲᠤᠭᠳᠠᠪᠤᠷᠢᠳᠠᠢ ᠮᠦᠷᠳᠠᠭᠡᠨ ᠲᠠᠮᠠᠭᠡᠨᠤ ᠨᠢᠷᠤᠭᠤ ᠲᠠᠯᠤ ᠲᠠᠷᠤᠭᠳᠠᠳᠠᠭ ᠦᠭᠡᠢ᠃ ᠲᠡᠭᠡᠭᠡᠳ ᠶᠠᠪᠤᠭ᠋ᠠᠳ ᠲᠠᠷᠠᠰᠤᠨ ᠬᠤᠳᠠ ᠵᠢᠨ ᠮᠦᠸᠸ ᠵᠢᠶᠠ ᠯᠤ᠌ ᠭᠡᠳᠡᠭ ᠭᠠᠵᠠᠷ ᠲᠠᠪᠤᠰᠤ᠎ᠪᠠᠨ ᠲᠤᠰᠢᠶᠠᠳᠠᠭ᠃ ᠲᠠᠠᠳᠠ ᠲᠤᠰᠬᠠᠢ ᠲᠠᠪᠤᠰᠤ ᠡᠬᠦᠷᠴᠤ ᠠᠰᠬᠠᠳᠠᠭ ᠬᠦᠮᠤᠨ ᠪᠠᠢ᠌ᠵᠤ ᠰᠤᠯᠠᠳᠬᠠᠭᠰᠠᠨ ᠰᠤᠮᠠᠯᠢ ᠭᠠᠳᠠᠭᠰᠢ ᠴᠢᠯᠠᠭᠤᠳᠠᠬᠤ᠎ᠳᠤ ᠦᠪᠠᠷ ᠦᠪᠠᠷ᠎ᠤᠨ ᠰᠤᠮᠠᠯ ᠵᠶ᠋ᠠᠨ ᠲᠠᠨᠢᠵᠤ ᠤᠯᠵᠤ ᠡᠪᠬᠡᠵᠤ ᠪᠠᠭᠯᠠᠵᠤ ᠠᠪᠳᠠᠭ᠃ ᠲᠠᠷᠠ ᠦᠶ᠎ᠠ ᠵᠢᠨ ᠲᠠᠪᠤᠰᠤ ᠠᠴᠢᠵᠤ ᠲᠠᠭᠡᠭᠡᠪᠤᠷᠢᠯᠡᠭᠰᠠᠨ ᠬᠦᠯᠤᠰᠤ᠎ᠨᠢ ᠶᠠᠭᠡ ᠪᠠᠭ᠎ᠠ ᠲᠠᠮᠠᠭ᠎ᠡ ᠲᠡᠭᠰᠢᠳᠭᠡᠭᠡᠳ 8 — 9 ᠲᠦᠬᠦᠷᠢᠭ ᠤᠯᠳᠠᠭ ᠪᠠᠢ᠌ᠵᠡᠢ᠃
1971 ᠤᠨ᠎ᠤ 3 ᠳ᠋ᠤᠭ᠋ᠠᠷ ᠰᠠᠷ᠎ᠠ᠎ᠳᠤ ᠪᠢ ᠲᠠᠮᠠᠭ᠎ᠡ᠎ᠳᠤ ᠪᠠᠷᠢᠭ᠋ᠠᠳᠠ ᠵᠢᠨ ᠰᠠᠩ ᠬᠠᠮᠢᠶᠠᠷᠤᠭᠴᠢ ᠵᠢᠨ ᠠᠵᠢᠯ᠎ᠢ ᠲᠤᠰᠴᠤ ᠠᠪᠤᠪᠠ᠃ ᠲᠡᠭᠡᠭᠡᠳ ᠪᠦᠬᠦ ᠪᠠᠷᠢᠭ᠋ᠠᠳᠠ ᠵᠢᠨ ᠭᠡᠰᠬᠦᠳᠤᠨ ᠠᠮᠤ ᠬᠦᠨᠠᠰᠤ᠂ ᠲᠤᠰᠤ᠂ ᠮᠠᠯ᠎ᠤᠨ ᠪᠤᠷᠳᠤᠭ᠎ᠠ᠂ ᠨᠤᠤᠰᠤ ᠨᠤᠤᠯᠤᠭᠤᠷ᠂ ᠠᠷᠠᠰᠤ ᠰᠢᠷᠢ ᠮᠠᠳᠤ ᠵᠢᠨ ᠪᠤᠢ ᠪᠦᠬᠦᠢ ᠡᠳ᠋ ᠪᠤᠳᠠᠰ᠎ᠢ ᠬᠤᠷᠢᠶᠠᠵᠤ ᠲᠠᠩᠰᠠᠯᠠᠵᠤ᠂ ᠪᠠᠰᠠ ᠵᠤᠭᠤᠰ ᠪᠠᠷᠢᠭᠴᠢ ᠵᠢᠨ ᠠᠵᠢᠯ᠎ᠢ ᠬᠠᠪᠰᠤᠷᠭ᠋ᠠᠨ ᠬᠢᠵᠤ ᠪᠠᠢ᠌ᠵᠡᠢ᠃ ᠵᠢᠯ ᠪᠦᠷᠢ ᠵᠢᠨ 6 ᠳ᠋ᠤᠭ᠋ᠠᠷ ᠰᠠᠷ᠎ᠠ ᠵᠢᠨ ᠨᠠᠢ᠌ᠳᠠᠮ ᠲᠤᠭ᠎ᠠ ᠪᠦᠷᠢᠳᠭᠡᠯ᠎ᠢ ᠦᠩᠭᠡᠷᠠᠭᠡᠳ ᠪᠦᠬᠦ ᠪᠠᠷᠢᠭ᠋ᠠᠳᠠ ᠵᠢᠨ ᠭᠡᠰᠢᠬᠦᠳ ᠨᠤᠤᠰᠤ ᠨᠤᠤᠯᠤᠭᠤᠷ ᠵᠶ᠋ᠠᠨ ᠪᠠᠷᠢᠭ᠋ᠠᠳᠠ ᠲᠡᠭᠡᠷ᠎ᠠ ᠠᠴᠢᠵᠤ ᠢᠷᠠᠭᠡᠳ ᠨᠠᠳᠠ᠎ᠳᠤ ᠵᠢᠩᠯᠠᠵᠤ ᠲᠠᠩᠰᠠᠯᠠᠵᠤ ᠲᠤᠰᠢᠶᠠᠳᠠᠭ᠃ ᠬᠤᠷᠢᠶᠠᠭᠰᠠᠨ ᠠᠷᠠᠰᠤ᠂ ᠨᠤᠤᠰᠤ ᠨᠤᠤᠯᠤᠭᠤᠷ ᠮᠠᠳᠤ ᠵᠢᠨ ᠮᠠᠯ᠎ᠤᠨ ᠠᠰᠢᠭ ᠰᠢᠮ᠎ᠠ ᠵᠢ ᠪᠦᠷ ᠲᠠᠮᠠᠭ᠎ᠡ᠎ᠪᠠᠷ ᠠᠴᠢᠵᠤ ᠬᠦᠩᠱᠸ ᠪᠤᠶᠤ ᠪᠠᠶᠠᠠᠬᠤᠳᠠ ᠵᠢᠨ ᠬᠠᠩᠭ᠋ᠠᠨ ᠪᠤᠷᠤᠯᠠᠭᠤᠯᠬᠤ ᠬᠤᠷᠰᠢᠶᠠᠨ᠎ᠳᠤ ᠬᠦᠷᠭᠡᠳᠡᠭ᠃ ᠪᠤᠴᠠᠬᠤ ᠳᠤ᠎ᠪᠠᠨ ᠬᠠᠭ᠋ᠠᠰ ᠵᠢᠯ᠎ᠤᠨ ᠬᠦᠨᠠᠰᠤ ᠲᠤᠰᠤ᠎ᠪᠠᠨ ᠠᠪᠤᠭ᠋ᠠᠳ ᠬᠠᠷᠢᠵᠤ ᠢᠷᠠᠵᠤ ᠬᠦᠮᠦᠷᠭᠡᠯᠡᠳᠡᠭ ᠪᠠᠢ᠌ᠵᠡᠢ᠃ ᠲᠠᠷᠠ ᠦᠶ᠎ᠠ᠎ᠳᠤ ᠴᠠᠭ ᠠᠭᠤᠷ᠎ᠤᠨ ᠤᠷᠢᠳᠴᠢᠯᠠᠭᠰᠠᠨ ᠮᠠᠳᠠᠭᠡ ᠭᠡᠵᠤ ᠪᠠᠢ᠌ᠬᠤ ᠦᠭᠡᠢ᠂ ᠨᠢᠭᠡ ᠤᠳᠠᠭ᠎ᠠ ᠶᠠᠭ ᠬᠦᠨᠠᠰᠤ ᠭᠤᠯᠢᠷ ᠵᠶ᠋ᠠᠨ ᠠᠴᠢᠭ᠋ᠠᠳ ᠵᠠᠮ᠎ᠳᠤ ᠪᠤᠷᠤᠭ᠋ᠠᠨ᠎ᠳᠤ ᠲᠤᠬᠢᠶᠠᠯᠳᠤᠵᠤ᠂ ᠭᠤᠯᠢᠷ᠎ᠨᠢ ᠰᠤᠮᠠᠯ᠎ᠳᠤ ᠨᠠᠭ᠋ᠠᠯᠳᠤᠵᠤ ᠪᠠᠷᠢᠯᠳᠤᠭ᠋ᠠᠳ ᠬᠠᠲᠠᠴᠢᠬᠠᠭᠰᠠᠨ᠂ ᠬᠤᠵᠢᠮ᠎ᠨᠢ ᠤᠰᠤᠨ᠎ᠳᠤ ᠰᠤᠮᠠᠯ ᠵᠶ᠋ᠠᠨ ᠲᠡᠪᠳᠤᠭᠡᠵᠤ ᠤᠬᠢᠶᠠᠭ᠋ᠠᠳ ᠬᠤᠨᠢᠨ ᠰᠦᠷᠦᠭ᠎ᠲᠤ ᠦᠭᠴᠤ ᠮᠠᠯ ᠤᠰᠤᠯᠠᠭᠰᠠᠨ ᠤᠴᠢᠷ ᠭᠠᠷᠴᠤ᠂ ᠬᠦᠨᠠᠰᠤᠨ᠎ᠳᠤ ᠨᠠᠯᠢᠶᠠᠳ ᠬᠤᠬᠢᠷᠠᠯ ᠭᠠᠷᠤᠭᠰᠠᠨ᠃ ᠲᠠᠬᠢᠭ᠋ᠠᠳ ᠨᠠᠮᠤᠷ ᠡᠪᠤᠯ᠎ᠤᠨ ᠡᠬᠢ᠎ᠪᠠᠷ ᠲᠠᠮᠠᠭ᠎ᠡ ᠪᠠᠷᠢᠬᠤ ᠦᠶᠠᠰ ᠵᠶ᠋ᠠᠷ ᠲᠠᠬᠢᠵᠤ ᠪᠠᠰᠠ ᠬᠠᠭ᠋ᠠᠰ ᠵᠢᠯ᠎ᠤᠨ ᠬᠦᠨᠠᠰᠤ᠂ ᠲᠤᠰᠤ᠂ ᠪᠤᠷᠳᠤᠭ᠎ᠠ᠂ ᠮᠠᠯ ᠠᠵᠤ ᠠᠬᠤᠢ ᠵᠢᠨ ᠤᠢ᠌ᠯᠠᠳᠪᠤᠷᠢᠯᠠᠯᠤᠨ ᠭᠡᠷᠡᠭᠰᠠᠯ ᠵᠠᠷᠭᠡ᠎ᠪᠠᠨ ᠲᠡᠭᠡᠭᠡᠪᠤᠷᠢᠯᠠᠵᠤ ᠠᠪᠳᠠᠭ᠃
ᠰᠠᠩ ᠬᠠᠮᠢᠶᠠᠷᠤᠬ᠍ᠴᠢ ᠵᠢᠨ ᠪᠠᠰᠨ ᠨᠢᠬᠡ ᠭᠤᠤᠯ ᠠᠵᠢᠯ ᠪᠤᠯ ᠮᠠᠯ᠎ᠤᠨ ᠠᠰᠢᠭ ᠰᠢᠮ᠎ᠠ ᠨᠤᠤᠰᠤ ᠨᠤᠤᠯᠤᠭᠤᠷᠢ ᠵᠢᠩᠯᠡᠵᠣ ᠬᠤᠷᠢᠶᠠᠳᠠᠭ ᠪᠠᠢ᠌ᠬᠰᠠᠨ᠃ ᠬᠤᠳᠠ ᠰᠦᠷᠦᠭ᠎ᠲᠤ ᠮᠠᠯ᠎ᠤᠨ ᠲᠤᠭ᠎ᠠ ᠲᠤᠯᠤᠭ᠋ᠠᠢ᠎ᠪᠠᠷ ( ᠲᠤᠰᠤ ᠰᠢᠭᠦᠷᠡᠮᠡᠭᠢ ᠡᠬᠡ ᠮᠠᠯ᠎ᠤᠨ ᠲᠤᠭ᠎ᠠ᠎ᠪᠠᠷ) ᠨᠤᠤᠰᠤ ᠨᠤᠤᠯᠤᠭᠤᠷ ᠵᠡᠷᠬᠡ ᠠᠰᠢᠭ ᠰᠢᠮ᠎ᠠ ᠵᠢᠨ ᠡᠬᠦᠷᠭᠡ ᠪᠠᠭᠤᠯᠭ᠋ᠠᠳᠠᠭ᠃ ᠦᠬᠦᠭᠰᠡᠨ ᠮᠠᠯ᠎ᠤᠨ ᠠᠷᠠᠰᠤ ᠪᠤᠶᠤ ᠨᠤᠤᠰᠤ ᠵᠢ ᠠᠰᠳᠠᠭ᠋ᠠᠨ ᠬᠤᠷᠢᠶᠠᠵᠤ ᠲᠡᠮᠳᠡᠭ ᠬᠢᠵᠣ ᠦᠭᠬᠦᠬᠡᠤᠨ ᠮᠠᠯ᠎ᠤᠨ ᠲᠤᠭ᠎ᠠ ᠲᠤᠯᠤᠭ᠋ᠠᠢ ᠲᠠᠢ ᠬᠠᠷᠭᠤᠭᠤᠯᠵᠤ ᠪᠦᠷᠢᠳᠬᠡᠯ ᠬᠢᠳᠡᠭ᠃ ᠠᠷᠠᠰᠤ᠂ ᠨᠤᠤᠰᠤ ᠦᠭᠡᠢ ᠮᠠᠯ᠎ᠤᠨ ᠲᠤᠭ᠎ᠠ ᠲᠤᠳᠠᠪᠠᠯ ᠲᠦᠯᠤᠪᠤᠷᠢ᠎ᠳᠤ ᠤᠷᠤᠨ᠎ᠠ᠃ ᠲᠠᠷᠨ᠎ᠨᠢ ᠮᠠᠯ᠎ᠤᠨ ᠲᠦᠷᠤᠯ ᠵᠶ᠋ᠠᠷ ᠦᠨ᠎ᠠ ᠦᠷᠳᠡᠭ᠎ᠲᠠᠢ ᠪᠠᠢ᠌ᠵᠣ ᠬᠤᠪᠢ ᠨᠤᠷᠮ᠎ᠠ᠎ᠠᠴᠠ᠎ᠨᠢ ᠬᠠᠰᠤᠳᠠᠭ ᠪᠠᠢ᠌ᠬᠰᠠᠨ᠃
ᠲᠠᠷᠨ ᠦᠶ᠎ᠠ᠎ᠳᠤ ᠵᠢᠯ ᠪᠦᠷᠢ ᠵᠢᠨ 6 ᠳ᠋ᠤᠭ᠋ᠠᠷ ᠰᠠᠷ᠎ᠠ᠎ᠳᠤ ᠪᠦᠬᠦ ᠪᠠᠷᠢᠭ᠋ᠠᠳᠠ᠎ᠤᠨ ᠮᠠᠯ᠎ᠤᠨ ᠨᠠᠢ᠌ᠳᠠᠮ ᠲᠤᠭ᠎ᠠ ᠪᠦᠷᠢᠳᠬᠡᠯ᠎ᠢ ᠬᠢᠳᠡᠭ᠃ ᠪᠠᠷᠢᠭ᠋ᠠᠳᠠ᠎ᠤᠨ ᠲᠠᠷᠤᠭ᠎ᠠ᠂ ᠨᠢᠬᠳᠠᠯᠠᠨ ᠪᠤᠳᠤᠬ᠍ᠴᠢ᠂ ᠰᠠᠩ ᠬᠠᠮᠢᠶᠠᠷᠤᠬ᠍ᠴᠢ ᠵᠡᠷᠬᠡ ᠬᠦᠮᠤᠨ ᠪᠠ ᠲᠡᠬᠡᠷ᠎ᠠ᠎ᠠᠴᠠ ᠪᠠᠭᠤᠵᠣ ᠢᠷᠡᠭᠰᠡᠨ ᠺᠠᠳ᠋ᠷ᠎ᠲᠠᠢ ᠨᠠᠢ᠌ᠯᠡᠵᠣ ᠠᠵᠢᠯᠯᠠᠬᠤ ᠲᠤᠭᠤᠢ᠌ᠯᠠᠩ ᠪᠠᠢ᠌ᠭᠤᠯᠤᠭ᠋ᠠᠤᠨ ᠰᠦᠷᠦᠭ ᠲᠠᠷᠠᠭ᠋ᠠᠯᠠᠨ ᠶᠠᠪᠤᠵᠤ ᠮᠠᠯ᠎ᠤᠨ ᠲᠤᠭ᠎ᠠ ᠲᠤᠯᠤᠭ᠋ᠠᠢ ᠵᠢ ᠲᠠᠩᠰᠠᠯᠠᠳᠠᠭ᠃ ᠲᠦᠯ ᠮᠠᠯ᠎ᠢ ᠨᠢᠬᠡ᠎ᠤᠨ ᠨᠢᠬᠡ᠎ᠪᠠᠷ ᠪᠠᠷᠢᠵᠣ ᠡᠷ᠎ᠠ᠂ ᠡᠮᠠᠢᠨᠢ ᠢᠯᠭ᠋ᠠᠵᠣ ᠬᠦᠭᠰᠢᠨ ᠰᠢᠷᠪᠢᠬᠦ ᠮᠠᠯ᠎ᠢ ᠰᠢᠳᠤ ᠵᠢ᠎ᠨᠢ ᠲᠠᠳᠠᠵᠣ ᠦᠵᠡᠵᠣ ᠪᠠᠢ᠌ᠵᠣ ᠰᠠᠶᠢ ᠢᠮᠨᠠᠵᠣ ᠲᠡᠮᠳᠡᠭᠯᠡᠵᠣ ᠲᠠᠩᠰᠠᠯᠠᠳᠠᠭ᠂ ᠬᠠᠮᠤᠭ ᠲᠡᠷᠢᠬᠦᠨ᠎ᠳᠤ ᠲᠦᠯᠢ᠎ᠨᠢ ᠪᠠᠷᠢᠵᠣ᠂ ᠲᠠᠷᠠᠭ᠎ᠠ᠎ᠨᠢ ᠰᠦᠪᠠᠢ ᠮᠠᠯ᠎ᠢ ᠪᠠᠷᠢᠵᠣ᠂ ᠲᠡᠬᠦᠨ᠎ᠤ ᠲᠠᠷᠠᠭ᠎ᠠ᠎ᠨᠢ ᠰᠢᠷᠪᠢᠬᠦ ᠮᠠᠯ ᠵᠶ᠋ᠠᠨ ᠪᠠᠷᠢᠵᠣ᠂ ᠦᠷᠡᠵᠢᠬᠦᠯᠦᠭᠴᠢ ᠮᠠᠯ ᠵᠶ᠋ᠠᠨ ᠪᠠᠷᠢᠭ᠋ᠠᠤᠨ᠂ ᠦᠯᠡᠳᠡᠭᠰᠡᠨ ᠦᠷᠡᠵᠢᠭᠴᠢ ᠮᠠᠯ ᠵᠶ᠋ᠠᠨ ᠲᠤᠭ᠋ᠠᠯᠠᠵᠣ ᠭᠠᠷᠭ᠋ᠠᠳᠠᠭ᠃ ᠲᠡᠬᠡᠵᠣ ᠨᠢᠬᠡ ᠰᠦᠷᠦᠭ᠎ᠠᠴᠠ ᠠᠪᠬᠤ ᠢᠷᠬᠡ᠂ ᠰᠢᠷᠬᠡ᠂ ᠰᠢᠷᠪᠢᠳᠡᠰᠤ ᠵᠡᠷᠬᠡ ᠵᠢᠨ ᠠᠮᠳᠠᠨᠤ ᠮᠠᠯ᠂ ᠤᠯᠤᠰ᠎ᠤᠨ ᠡᠬᠦᠷᠬᠡ᠎ᠳᠤ ᠦᠭᠬᠦ ᠮᠠᠯ᠎ᠤᠨ ᠲᠤᠭ᠎ᠠ ᠵᠢ ᠲᠤᠬᠳᠠᠭ᠋ᠠᠵᠣ ᠪᠦᠷᠢᠳᠬᠡᠬᠡᠤᠨ ᠨᠠᠮᠤᠷ ᠪᠤᠯᠬᠤ᠎ᠳᠤ ᠲᠠᠷᠨ ᠮᠠᠯ ᠵᠶ᠋ᠠᠨ ᠲᠤᠭ᠎ᠠ ᠲᠡᠮᠳᠡᠭ ᠶᠤᠰᠤᠭ᠋ᠠᠷ᠎ᠨᠢ ᠠᠪᠴᠢᠷᠠᠵᠣ ᠪᠠᠷᠢᠭ᠋ᠠᠳᠠ᠎ᠳᠤ ᠲᠤᠰᠢᠶᠠᠵᠣ ᠦᠭᠳᠡᠭ᠃ ᠡᠪᠤᠯ᠎ᠤᠨ ᠠᠮᠳᠠᠨᠤ ᠮᠠᠯ᠎ᠢ ᠤᠯᠨᠨ ᠠᠮᠨ ᠪᠦᠯᠢ᠎ᠲᠠᠢ ᠡᠷᠤᠬᠡ᠎ᠳᠤ ᠬᠦᠮᠤᠨ ᠪᠦᠷᠢ᠎ᠳᠤ ᠨᠢᠬᠡ ᠪᠤᠭ ᠮᠠᠯ᠂ ᠲᠠᠪᠤᠨ ᠬᠦᠮᠤᠨ᠎ᠠᠴᠠ ᠲᠤᠭᠤᠬᠰᠢ ᠠᠮᠨ ᠪᠦᠯᠢ᠎ᠲᠠᠢ ᠡᠷᠤᠬᠡ᠎ᠳᠤ ᠨᠢᠬᠡ ᠬᠦᠮᠤᠨ᠎ᠳᠤ ᠨᠢᠬᠡ ᠲᠤᠮᠳᠠ ᠮᠠᠯ᠂ ᠭᠠᠬ᠍ᠴᠨ ᠠᠮᠨ ᠪᠦᠯᠢ᠎ᠲᠠᠢ ᠡᠷᠤᠬᠡ᠎ᠳᠤ ᠬᠤᠶᠠᠷ ᠮᠠᠯ ᠬᠡᠬᠦ ᠵᠡᠷᠬᠡ᠎ᠪᠠᠷ ᠬᠤᠪᠢᠶᠠᠵᠣ ᠦᠭᠳᠡᠭ᠃ ᠲᠠᠷᠨ ᠦᠶ᠎ᠠ᠎ᠳᠤ ᠲᠠᠩᠰᠨ ᠬᠠᠷ᠎ᠠ ᠲᠤᠭ᠎ᠠ ᠪᠦᠷᠢᠳᠬᠡᠯ᠎ᠢ ᠬᠢᠬᠦ ᠳᠤ ᠪᠦᠷ ᠰᠤᠸᠠᠮᠫᠠᠨ ᠬᠡᠷᠡᠭᠯᠡᠳᠡᠭ ᠪᠠᠢ᠌ᠬᠰᠨᠨ᠃ ᠪᠢ ᠰᠠᠩ ᠬᠠᠮᠢᠶᠠᠷᠤᠬ᠍ᠴᠢ ᠪᠤᠯᠤᠬᠰᠠᠨ᠎ᠤ ᠲᠠᠷᠠᠭ᠎ᠠ ᠭᠤᠷᠪᠠᠨ ᠰᠠᠷ᠎ᠠ ᠲᠤᠳᠤᠷ᠎ᠠ ᠰᠤᠸᠠᠮᠫᠠᠨ ᠪᠤᠳᠤᠯᠭ᠎ᠠ ᠵᠢᠨ ᠨᠡᠮᠡᠬᠦ ᠬᠠᠰᠤᠬᠤ᠂ ᠦᠷᠡᠵᠢᠬᠦᠯᠬᠦ ᠬᠤᠪᠢᠶᠠᠬᠤ ᠠᠷᠭ᠎ᠠ ᠵᠢ ᠮᠢᠨᠤ ᠠᠪᠤ (ᠨᠢᠬᠡᠳᠤᠯ ᠬᠤᠷᠰᠢᠶ᠎ᠠ ᠪᠤᠯᠬᠤ᠎ᠳᠤ ᠲᠡᠮᠡᠬᠡᠳᠤ ᠪᠠᠷᠢᠭ᠋ᠠᠳᠠ ᠵᠢᠨ ᠨᠢᠬᠳᠠᠯᠠᠨ ᠪᠤᠳᠤᠬ᠍ᠴᠢ ᠪᠠᠢ᠌ᠵᠠᠢ) ᠨᠠᠳᠠ᠎ᠳᠤ ᠵᠢᠭ᠋ᠠᠵᠣ ᠦᠭᠬᠦᠬᠡᠤᠨ ᠰᠤᠸᠠᠮᠫᠠᠨ ᠪᠤᠳᠤᠯᠭ᠎ᠠ ᠵᠢ ᠲᠤᠩ ᠪᠤᠯᠪᠠᠰᠤᠷᠠᠩᠭᠤᠢ ᠴᠤᠬᠢᠳᠠᠭ ᠪᠤᠯᠤᠬᠰᠠᠨ᠃ ᠰᠤᠸᠠᠮᠫᠠᠨ ᠪᠤᠳᠤᠯᠭ᠎ᠠ ᠵᠢᠨ ᠨᠡᠮᠡᠬᠦ ᠪᠤᠳᠤᠯᠭ᠎ᠠ ᠵᠢ ᠪᠤᠯᠪᠠᠰᠤᠷᠠᠬᠤ᠎ᠳᠤ 625 ᠬᠡᠰᠡᠨ ᠲᠤᠭ᠎ᠠ ᠵᠢ 16 ᠤᠳᠠᠭ᠎ᠠ ᠨᠠᠮᠡᠪᠡᠯ ᠲᠦᠮᠨ ᠪᠤᠯᠳᠠᠭ᠃ ᠡᠨᠠ᠎ᠨᠢ ᠬᠠᠭᠤᠴᠢᠨ᠎ᠳᠤ ᠬᠡᠷᠡᠭᠯᠡᠵᠣ ᠪᠠᠢ᠌ᠬᠰᠠᠨ 16 ᠯᠠᠩ᠎ᠤᠨ ᠵᠢᠩ ᠪᠤᠯᠤᠨ ᠤᠳᠤ ᠵᠢᠨ 10 ᠯᠠᠩ᠎ᠤᠨ ᠵᠢᠩ᠎ᠢ ᠬᠠᠷᠢᠴᠠᠭᠤᠯᠤᠨ ᠪᠤᠳᠤᠬᠤ ᠠᠷᠭ᠎ᠠ ᠪᠤᠯᠤᠨ᠎ᠠ᠃ ᠲᠡᠬᠡᠬᠡᠤᠨ ᠤᠯᠠᠨ ᠤᠳᠠᠭ᠎ᠠ ᠪᠤᠯᠪᠠᠰᠤᠷᠠᠬᠰᠠᠭ᠋ᠠᠷ ᠪᠠᠢ᠌ᠭ᠋ᠠᠤᠨ ᠭᠠᠷᠤᠨ ᠡᠷᠡᠬᠡᠢ᠂ ᠬᠤᠮᠤᠬᠠᠢ᠂ ᠲᠤᠮᠳᠠ ᠬᠤᠷᠤᠭᠤ ᠭᠤᠷᠪᠠ ᠬᠠᠷᠢᠯᠴᠠᠨ ᠨᠦᠬᠦᠴᠡᠵᠣ᠂ ᠰᠤᠸᠠᠮᠫᠠᠨᠤ ᠡᠷᠢᠬᠡ ᠵᠢ ᠦᠬᠡᠳᠠ ᠤᠷᠤᠭᠤ ᠲᠦᠯᠬᠢᠬᠦ ᠪᠠ ᠤᠷᠤᠨ ᠲᠡᠪᠰᠢᠬᠦ᠎ᠳᠤ ᠲᠤᠩ ᠪᠤᠯᠪᠠᠰᠤᠷᠠᠩᠭᠤᠢ ᠬᠡᠷᠡᠭᠯᠡᠵᠣ ᠴᠢᠳᠠᠬᠤ ᠪᠤᠯᠤᠬᠰᠠᠨ ᠶᠤᠮ᠃ ᠬᠤᠪᠢᠶᠠᠬᠤ ᠤᠢ᠌ᠯᠠᠳᠤᠯᠤᠨ ᠶᠢᠰᠤᠨ ᠲᠦᠷᠤᠯ᠎ᠤᠨ ᠠᠷᠭ᠎ᠠ ᠵᠢ ᠴᠤ᠌ ᠪᠦᠬᠦᠨ᠎ᠢ ᠴᠡᠬᠡᠵᠢᠯᠡᠬᠡᠤᠨ ᠬᠤᠪᠢᠶᠠᠬᠤ ᠪᠤᠳᠤᠯᠭ᠎ᠠ ᠵᠢ ᠮᠥᠨ ᠲᠦᠷᠬᠡᠨ ᠪᠤᠳᠤᠵᠣ ᠴᠢᠳᠠᠳᠠᠭ ᠪᠠᠢ᠌ᠬᠰᠠᠨ᠃
1971 ᠤᠨ᠎ᠤ ᠡᠪᠤᠯ ᠬᠤᠰᠢᠭᠤ᠂ ᠬᠦᠩᠱᠸᠠᠴᠠ ᠠᠵᠢᠯᠯᠠᠬᠤ ᠲᠤᠭᠤᠢ᠌ᠯᠠᠩ᠎ᠤᠨ ᠭᠤᠷᠪᠠᠨ ᠺᠠᠳ᠋ᠷ ᠮᠠᠨ᠎ᠤ ᠪᠠᠷᠢᠭ᠋ᠠᠳᠠ᠎ᠳᠤ ᠪᠠᠭᠤᠵᠣ ᠢᠷᠡᠪᠡ᠃ ᠲᠡᠬᠦᠨ᠎ᠤ ᠲᠤᠳᠤᠷ᠎ᠠ ᠬᠤᠰᠢᠭᠤᠨ᠎ᠤ ᠬᠤᠶᠠᠳᠤᠭ᠋ᠠᠷ ᠲᠤᠮᠳᠠᠳᠤ ᠰᠤᠷᠭ᠋ᠠᠭᠤᠯᠢ ᠵᠢᠨ ᠴᠢᠳᠠᠯᠳᠤ ᠬᠡᠳᠡᠭ ᠪᠠᠬᠰᠢ ᠢᠷᠡᠵᠣ ᠨᠠᠮ᠎ᠠ ᠵᠢ ᠦᠵᠡᠬᠡᠤᠨ᠄《ᠴᠢ ᠡᠢ᠌ᠮᠤ ᠵᠠᠯᠠᠭᠤ ᠪᠠᠢ᠌ᠭ᠋ᠠᠤᠨ ᠡᠨᠳᠠ ᠡᠢ᠌ᠮᠤ ᠠᠵᠢᠯ ᠬᠢᠬᠡᠤᠨ᠂ ᠰᠤᠷᠭ᠋ᠠᠭᠤᠯᠢ᠎ᠳᠤ ᠰᠠᠭᠤᠬᠤ ᠨᠠᠰᠤ᠎ᠪᠠᠨ ᠦᠩᠬᠡᠷᠡᠬᠡᠵᠣ ᠶᠠᠭ᠋ᠠᠬᠢᠵᠣ ᠪᠤᠯᠬᠤ ᠪᠤᠢ? ᠵᠠᠪᠠᠯ ᠲᠤᠮᠳᠠᠳᠤ ᠰᠤᠷᠭ᠋ᠠᠭᠤᠯᠢ᠎ᠳᠤ ᠰᠠᠭᠤᠬᠤ ᠬᠡᠷᠡᠭᠳᠠᠢ》ᠬᠡᠪᠡ᠃ ᠲᠡᠬᠡᠬᠡᠤᠨ ᠪᠢ ᠄《ᠪᠠᠷᠢᠭ᠋ᠠᠳᠠ᠂ ᠬᠦᠩᠱᠸᠠᠴᠠ ᠶᠠᠪᠤᠭᠤᠯᠬᠤ ᠦᠭᠡᠢ ᠪᠠᠢ᠌ᠨ᠎ᠠ ᠰᠢᠤ᠂ ᠪᠢ ᠪᠠᠰᠨ ᠬᠡᠯᠡᠵᠣ ᠦᠩᠬᠡᠷᠡᠭᠰᠡᠨ》 ᠬᠡᠰᠡᠨ᠎ᠳᠤ ᠴᠢᠳᠠᠯᠳᠤ ᠪᠠᠬᠰᠢ᠄《ᠵᠨ᠂ ᠬᠡᠮ ᠦᠭᠡᠢ᠂ ᠪᠢ ᠬᠠᠷᠢᠵᠣ ᠤᠴᠢᠭ᠋ᠠᠤᠨ ᠴᠢᠮ᠎ᠠ᠎ᠳᠤ ᠰᠤᠷᠭ᠋ᠠᠭᠤᠯᠢ᠎ᠳᠤ ᠡᠯᠰᠡᠬᠦ ᠮᠡᠳᠡᠭᠳᠡᠯ ᠶᠠᠪᠤᠭᠤᠯᠵᠣ ᠦᠭᠬᠦᠶ᠎ᠠ᠂ ᠲᠡᠬᠡᠪᠡᠯ ᠶᠠᠪᠤᠭᠤᠯᠬᠤ ᠪᠠᠢ᠌ᠯᠬᠦᠢ》ᠬᠡᠪᠡ᠃ 1972 ᠤᠨ᠎ᠤ 1 ᠳ᠋ᠦ᠍ᠭᠡᠷ ᠰᠠᠷ᠎ᠠ᠎ᠳᠤ ᠦᠨᠡᠬᠡᠷ ᠮᠡᠳᠡᠭᠳᠡᠯ ᠢᠷᠡᠬᠦᠯᠪᠡ᠃ ᠲᠡᠬᠡᠬᠡᠤᠨ ᠪᠢ ᠪᠠᠷᠢᠭ᠋ᠠᠳᠠ᠎ᠤᠨ ᠱᠦᠵᠢ᠂ ᠲᠠᠷᠤᠭ᠎ᠠ᠎ᠳᠤ ᠬᠡᠯᠡᠭᠰᠡᠨ᠎ᠳᠤ᠂ ᠬᠦᠩᠱᠸᠠᠴᠠ ᠮᠡᠳᠡᠨ᠎ᠠ᠂ ᠤᠴᠢᠵᠣ ᠬᠦᠩᠱᠸᠳᠤ ᠤᠴᠢᠷ ᠵᠶ᠋ᠠᠨ ᠶᠡᠷᠢ ᠬᠡᠪᠡ᠃ ᠪᠢ ᠢᠷᠡᠵᠣ ᠬᠦᠩᠱᠸ ᠵᠢᠨ ᠯᠠᠩ ᠱᠦᠵᠢ᠎ᠳᠤ ᠤᠴᠢᠷ ᠵᠶ᠋ᠠᠨ ᠬᠡᠯᠡᠭᠰᠡᠨ᠎ᠳᠤ᠄《ᠪᠤᠯᠬᠤ ᠦᠭᠡᠢ᠂ ᠴᠢ ᠮᠥᠨ ᠲᠤᠰ ᠠᠵᠢᠯ ᠵᠶ᠋ᠠᠨ ᠰᠠᠢ᠌ᠨ ᠬᠢᠵᠤ ᠪᠠᠢ᠂ ᠪᠢᠳᠠᠭᠡᠢ ᠶᠠᠪᠤᠨ᠎ᠠ ᠪᠠᠷᠢᠨ᠎ᠠ ᠭᠡᠳ ᠪᠠᠢ᠂ ᠴᠢ ᠠᠵᠢᠯ ᠵᠶ᠋ᠠᠨ ᠰᠠᠢ᠌ᠨ ᠬᠢᠵᠤ ᠪᠠᠢ᠌ᠭᠰᠠᠨ ᠴᠠᠭ᠎ᠲᠤ ᠬᠤᠵᠢᠮ ᠴᠢᠮ᠎ᠠ ᠵᠢ ᠵᠦᠭᠡᠷ ᠦᠩᠭᠡᠷᠠᠭᠡᠬᠦ ᠦᠭᠡᠢ》 ᠭᠡᠪᠠ᠃ ᠲᠡᠭᠡᠭᠡᠳ ᠴᠠᠭ᠋ᠠᠯᠠᠵᠤ ᠦᠩᠭᠡᠷᠠᠭᠡᠳ 2 ᠳ᠋ᠤᠭ᠋ᠠᠷ ᠰᠠᠷ᠎ᠠ ᠵᠢᠨ ᠡᠴᠤᠰ ᠵᠶ᠋ᠠᠷ ᠬᠦᠨᠠᠰᠤ᠂ ᠪᠤᠷᠳᠤᠭ᠎ᠠ ᠦᠭᠳᠡᠭ ᠬᠠᠩᠭ᠋ᠠᠳᠠᠭ ᠶᠠᠭᠤᠮ᠎ᠠ᠎ᠪᠠᠨ ᠪᠦᠬᠦᠳᠠ ᠵᠢ ᠬᠢᠵᠤ ᠲᠠᠭᠤᠰᠬᠠᠭ᠋ᠠᠳ ᠰᠤᠷᠭ᠋ᠠᠭᠤᠯᠢ᠎ᠳᠤ ᠶᠠᠪᠤᠬᠤ᠎ᠪᠠᠷ ᠪᠠᠯᠠᠳᠭᠡᠭᠰᠠᠨᠳᠤ ᠪᠠᠷᠢᠭ᠋ᠠᠳᠠ᠎ᠠᠴᠠ᠄ ᠴᠢᠮ᠎ᠠ᠎ᠳᠤ ᠴᠢᠯᠦᠭᠡ ᠦᠭᠬᠦᠭᠰᠠᠨ ᠶᠤᠮ ᠤᠤ? ᠭᠡᠵᠤ ᠠᠰᠠᠭᠤᠭᠰᠠᠨ᠎ᠳᠤ ᠪᠢ ᠦᠪᠠᠷ ᠵᠶ᠋ᠠᠨ ᠴᠢᠯᠦᠭᠡ᠎ᠪᠠᠨ ᠦᠭᠬᠦᠭᠰᠠᠨ ᠭᠡᠵᠤ ᠭᠡᠯᠠᠭᠡᠳ 3 ᠳ᠋ᠤᠭ᠋ᠠᠷ ᠰᠠᠷ᠎ᠠ ᠵᠢᠨ 1᠎ᠳᠤ ᠠᠯᠠᠱ᠌ᠠ ᠠᠢ᠌ᠮᠠᠭ᠎ᠤᠨ ᠬᠤᠶᠠᠳᠤᠭ᠋ᠠᠷ ᠲᠤᠮᠳᠠᠳᠤ ᠰᠤᠷᠭ᠋ᠠᠭᠤᠯᠢ᠎ᠳᠤ ᠤᠴᠢᠵᠤ ᠨᠠᠷᠠ᠎ᠪᠠᠨ ᠮᠠᠳᠠᠬᠦᠯᠦᠭᠡᠳ ᠬᠢᠴᠢᠶᠠᠯ ᠵᠶ᠋ᠠᠨ ᠤᠷᠤᠪᠠ ᠃ 4 ᠳ᠋ᠦ᠍ᠭᠡᠷ ᠰᠠᠷ᠎ᠠ ᠵᠢᠨ ᠲᠤᠮᠳᠠᠴᠢ ᠪᠤᠯᠬᠤ᠎ᠳᠤ ᠪᠠᠷᠢᠭ᠋ᠠᠳᠠ᠎ᠠᠴᠠ ᠴᠢᠮᠠᠭᠡ ᠢᠷᠠᠬᠦᠯᠵᠤ᠂ ᠬᠦᠨᠠᠰᠤ ᠪᠤᠷᠳᠤᠭ᠎ᠠ᠎ᠪᠠᠨ ᠬᠠᠩᠭ᠋ᠠᠬᠤ ᠵᠠᠷᠭᠡ ᠠᠵᠢᠯ ᠵᠶ᠋ᠠᠨ᠎ᠬᠢ ᠭᠡᠪᠠ᠃ ᠲᠡᠭᠡᠭᠡᠳ ᠨᠢᠭᠡ ᠭᠠᠷᠠᠭ᠎ᠤᠨ ᠴᠢᠯᠦᠭᠡ ᠭᠤᠶᠤᠵᠤ ᠬᠠᠷᠢᠵᠤ ᠢᠷᠠᠭᠡᠳ ᠬᠦᠨᠠᠰᠤ ᠪᠤᠷᠳᠤᠭ᠎ᠠ ᠪᠠ ᠦᠭᠳᠡᠭ ᠬᠠᠩᠭ᠋ᠠᠳᠠᠭ ᠵᠤᠢ᠌ᠯ ᠵᠶ᠋ᠠᠨ ᠬᠦᠢ᠍ᠴᠠᠳᠭᠡᠭᠡᠳ ᠲᠠᠬᠢᠨ ᠰᠤᠷᠭ᠋ᠠᠭᠤᠯᠢ ᠳᠤ᠎ᠪᠠᠨ ᠢᠷᠠᠵᠤ ᠬᠢᠴᠢᠶᠠᠯ ᠤᠷᠤᠭ᠋ᠠᠳ 5 ᠳ᠋ᠤᠭ᠋ᠠᠷ ᠰᠠᠷ᠎ᠠ᠎ᠳᠤ ᠪᠠᠰᠠ ᠨᠢᠭᠡ ᠤᠳᠠᠭ᠎ᠠ ᠤᠴᠢᠭ᠋ᠠᠳ 6 ᠳ᠋ᠤᠭ᠋ᠠᠷ ᠰᠠᠷ᠎ᠠ ᠵᠢᠨ ᠲᠤᠮᠳᠠᠴᠢ᠎ᠪᠠᠷ 《 ᠲᠦᠷᠭᠡᠨ ᠢᠷᠠᠵᠤ ᠲᠠᠩᠰᠠ᠎ᠪᠠᠨ ᠲᠤᠰᠢᠶ᠎ᠠ》 ᠭᠡᠰᠡᠨ ᠴᠢᠮᠠᠭᠡ ᠢᠷᠠᠪᠠ᠃ ᠲᠡᠭᠡᠭᠡᠳ ᠪᠠᠶᠠᠷᠳᠠᠢ ᠭᠡᠭᠴᠢ ᠬᠤᠶᠠᠷ ᠭᠠᠷᠠᠭ᠎ᠤᠨ ᠴᠢᠯᠦᠭᠡ ᠠᠪᠤᠭ᠋ᠠᠳ ᠬᠦᠩᠱᠸ ᠲᠡᠭᠡᠷ᠎ᠠ ᠯᠠᠩ ᠱᠦᠵᠢ᠎ᠳᠤ ᠦᠵᠡᠭᠳᠡᠬᠦ᠎ᠠᠴᠠ ᠵᠠᠢ᠌ᠯᠠᠰᠬᠢᠵᠤ ᠶᠠᠪᠤᠭ᠋ᠠᠳ ᠲᠠᠩᠰᠠ᠎ᠪᠠᠨ ᠵᠢᠨ ᠢᠦᠢ ᠹᠠᠩ ᠭᠡᠳᠡᠭ ᠬᠤᠳᠤᠩ ᠵᠠᠯᠠᠭᠤ᠎ᠳᠤ ᠪᠤᠢ ᠪᠦᠬᠦᠢ ᠬᠠᠮᠢᠶᠠᠷᠴᠤ ᠪᠠᠢ᠌ᠭᠰᠠᠨ ᠵᠤᠢ᠌ᠯ ᠵᠶ᠋ᠠᠨ ᠬᠦᠩᠱᠸ ᠵᠢᠨ ᠢᠳᠠᠭᠡᠮᠵᠢ ᠵᠢᠨ ᠬᠤᠷᠰᠢᠶ᠎ᠠ ᠵᠢᠨ ᠨᠢᠭᠡ ᠠᠵᠢᠯᠳᠠᠨ᠎ᠤ ᠭᠢᠨᠠᠯᠳᠠ ᠵᠢᠨ ᠲᠤᠤᠷ᠎ᠠ ᠲᠤᠰᠢᠶᠠᠯ ᠵᠶ᠋ᠠᠨ ᠭᠢᠭᠡᠳ᠂ ᠰᠠᠳᠬᠢᠯ ᠰᠠᠨᠠᠭ᠎ᠠ ᠠᠭᠤᠵᠢᠷᠠᠵᠤ᠂ ᠨᠢᠭᠡᠨ ᠪᠤᠳᠤᠯ ᠵᠶ᠋ᠠᠷ ᠰᠤᠷᠭ᠋ᠠᠭᠤᠯᠢ ᠵᠢᠨ ᠬᠢᠴᠢᠶᠠᠯ ᠳᠤ᠎ᠪᠠᠨ ᠰᠢᠮᠳᠠᠵᠤ ᠲᠡᠭᠡᠳᠤ ᠵᠠᠷᠭᠡ ᠵᠢᠨ ᠲᠤᠮᠳᠠᠳᠤ ᠰᠤᠷᠭ᠋ᠠᠭᠤᠯᠢ᠎ᠪᠠᠨ ᠲᠠᠬᠦᠰᠭᠡᠭᠡᠳ 1975 ᠤᠨ᠎ᠤ 1 ᠳ᠋ᠦ᠍ᠭᠡᠷ ᠰᠠᠷ᠎ᠠ᠎ᠳᠤ ᠨᠤᠳᠤᠭ ᠲᠤ᠎ᠪᠠᠨ ᠪᠤᠴᠠᠭᠰᠠᠨ ᠰᠠᠭᠡᠭᠡᠳᠠᠨ ᠵᠠᠯᠠᠭᠤ᠎ᠪᠠᠷ ᠬᠠᠷᠢᠵᠤ ᠢᠷᠠᠪᠠ᠃
ᠬᠠᠷᠢᠭ᠋ᠠᠳ ᠢᠷᠠᠬᠦ᠎ᠳᠤ ᠶᠠᠭ ᠰᠠᠢ᠌ᠬᠠᠨ ᠵᠢᠯ᠎ᠤᠨ ᠡᠴᠤᠰ᠎ᠤᠨ ᠭᠡᠰᠢᠬᠦᠳ᠎ᠤᠨ ᠬᠤᠪᠢᠶᠠᠷᠢᠯᠠᠯᠳᠠ ᠵᠢᠨ ᠬᠤᠷᠠᠯ ᠪᠤᠯᠵᠤ ᠪᠠᠢ᠌ᠭᠰᠠᠨ᠎ᠳᠤ ᠯᠠᠩ ᠱᠦᠵᠢ ᠮᠥᠨ ᠢᠷᠠᠴᠢᠭᠡᠭᠰᠠᠨ ᠨᠠᠮ᠎ᠠ ᠵᠢ ᠦᠵᠠᠭᠡᠳ ᠶᠠᠭᠡ ᠰᠠᠢ᠌ᠬᠠᠨ ᠵᠠᠩ᠎ᠲᠠᠢ᠎ᠪᠠᠷ᠄《ᠵᠠ᠂ ᠴᠢ ᠬᠠᠷᠢᠭ᠋ᠠᠳ ᠢᠷᠡᠭᠰᠠᠨ ᠰᠠᠢ᠌ᠨ ᠪᠤᠯᠤᠯ᠎ᠠ᠃ ᠤᠳᠤ ᠲᠠᠮᠠᠭ᠎ᠡ᠎ᠳᠤ ᠪᠠᠷᠢᠭ᠋ᠠᠳᠠ ᠵᠢᠨ ᠨᠢᠭᠳᠠᠯᠠᠨ ᠪᠤᠳᠤᠭᠴᠢ ᠵᠢᠨ ᠠᠵᠢᠯ᠎ᠢ ᠬᠠᠷᠢᠭᠤᠴᠠᠵᠤ ᠠᠵᠢᠯᠯᠠ》 ᠭᠡᠪᠠ᠃ ᠲᠡᠭᠡᠭᠡᠳ ᠴᠠᠭ᠋ᠠᠯᠠᠵᠤ ᠦᠩᠭᠡᠷᠠᠭᠡᠳ 3 ᠳ᠋ᠤᠭ᠋ᠠᠷ ᠰᠠᠷ᠎ᠠ ᠵᠢᠨ ᠡᠬᠢ᠎ᠪᠠᠷ ᠮᠥᠨ ᠢᠳᠠᠭᠡᠮᠵᠢ ᠵᠢᠨ ᠬᠤᠷᠰᠢᠶᠠᠨ᠎ᠤ ᠡᠷᠬᠢᠯᠡᠭᠴᠢ ᠵᠢᠨ ᠬᠢᠨᠠᠯᠳᠠ ᠵᠢᠨ ᠲᠤᠤᠷ᠎ᠠ ᠨᠢᠭᠳᠠᠯᠠᠨ ᠪᠤᠳᠤᠭᠴᠢ ᠵᠢᠨ ᠲᠠᠩᠰᠠ ᠬᠠᠷ᠎ᠠ᠎ᠪᠠᠨ ᠲᠤᠰᠴᠤ ᠠᠪᠤᠪᠠ᠃ ᠨᠢᠭᠳᠠᠯᠠᠨ ᠪᠤᠳᠤᠭᠴᠢ ᠵᠢᠨ ᠠᠵᠢᠯ᠎ᠢ ᠭᠤᠷᠪᠠᠨ ᠵᠢᠯ ᠬᠢᠵᠤ ᠭᠤᠷᠪᠠᠨ ᠤᠳᠠᠭ᠋ᠠᠨ᠎ᠤ ᠠᠰᠢᠭ ᠤᠷᠤᠯᠭ᠎ᠠ ᠵᠢᠨ ᠬᠤᠪᠢᠶᠠᠷᠢᠯᠠᠯᠳᠠ ᠬᠢᠭ᠌ᠰᠠᠨ ᠪᠢᠯᠠ᠃ ᠮᠠᠨ᠎ᠤ ᠪᠠᠷᠢᠭ᠋ᠠᠳᠠ ᠲᠠᠷᠠ ᠦᠶ᠎ᠠ᠎ᠳᠤ ᠬᠠᠭ᠋ᠠᠰ ᠵᠢᠯ᠎ᠳᠤ ᠨᠢᠭᠡ ᠤᠳᠠᠭ᠎ᠠ ᠤᠷᠢᠳᠴᠢᠯᠠᠨ ᠬᠤᠪᠢᠶᠠᠷᠢᠯᠠᠯᠳᠠ ᠬᠢᠳᠡᠭ ᠪᠠᠢ᠌ᠪᠠ᠃
ᠪᠦᠬᠦ ᠵᠢᠯ᠎ᠤᠨ ᠤᠷᠤᠯᠭ᠎ᠠ ᠭᠡᠪᠠᠯ᠄ ᠬᠠᠮᠤᠭ ᠶᠠᠭᠡ ᠤᠷᠤᠯᠭ᠎ᠠ᠎ᠨᠢ ᠮᠥᠨ ᠠᠶᠠᠨ ᠲᠡᠭᠡᠭᠡᠪᠤᠷᠢ ᠬᠢᠭ᠌ᠰᠠᠨ ᠤᠷᠤᠯᠭ᠎ᠠ ᠪᠠᠢ᠌ᠵᠡᠢ᠃ ᠪᠠᠰᠠ ᠮᠠᠯ ᠬᠤᠳᠠᠯᠳᠤᠭᠰᠠᠨ᠂ ᠮᠠᠯ᠎ᠤᠨ ᠠᠰᠢᠭ ᠰᠢᠮ᠎ᠠ᠂ ᠨᠤᠤᠰᠤ ᠨᠣᠣᠯᠣᠭᠤᠷ ᠵᠠᠷᠭᠡ᠃ ᠪᠠᠰᠠ ᠬᠤᠯᠤᠰᠤ᠂ ᠲᠦᠩᠭᠡ᠂ ᠰᠢᠷᠠᠯᠵᠢᠨ ᠦᠷ᠎ᠠ (ᠲᠠᠳᠠᠩᠬᠠᠢ)᠂ ᠤᠯᠠᠭ᠋ᠠᠨ ᠭᠤᠶᠤᠤ ᠵᠠᠷᠭᠡ᠃ ᠬᠤᠵᠢᠮ 1977 ᠤᠨ ᠪᠤᠯᠬᠤ᠎ᠳᠤ ᠪᠠᠷᠢᠭ᠋ᠠᠳᠠ ᠪᠠᠰᠠ ᠨᠢᠭᠡ 55 ᠭᠡᠯᠪᠠᠷᠢᠳᠤ ᠲᠷᠠᠺᠲ᠋ᠤᠷ ᠠᠪᠤᠭ᠋ᠠᠳ ᠭᠠᠳᠠᠭᠰᠢ ᠭᠠᠷᠴᠤ ᠲᠠᠭ᠋ᠠᠯᠳᠤᠬᠤ ᠠᠵᠢᠯ ᠬᠢᠭᠡᠳ ᠤᠷᠤᠯᠭ᠎ᠠ᠎ᠪᠠᠨ ᠶᠠᠭᠡ᠎ᠪᠠᠷ ᠨᠡᠮᠡᠭᠳᠡᠬᠦᠯᠦᠭᠰᠠᠨ᠂ ᠲᠤᠭᠤᠴᠠᠭ᠎ᠠ ᠬᠢᠬᠦ᠎ᠳᠤ ᠪᠦᠬᠦ ᠤᠷᠤᠯᠭᠠᠠᠴᠠᠪᠠᠨ ᠬᠠᠮᠳᠤ᠎ᠳᠤ ᠦᠯᠠᠳᠠᠭᠡᠬᠦ ᠨᠠᠢ᠌ᠳᠠ ᠵᠢᠨ ᠬᠤᠷᠠᠮᠳᠤᠯᠭ᠎ᠠ ᠵᠢᠨ ᠮᠦᠩᠬᠦ 5% ᠤᠷᠴᠢᠮ᠂ ᠨᠠᠢ᠌ᠳᠠ ᠵᠢᠨ ᠠᠰᠠᠷᠠᠮᠵᠢ ᠵᠢᠨ ᠮᠦᠩᠬᠦ 3% ᠤᠷᠴᠢᠮ᠂ ᠮᠠᠯ᠎ᠤᠨ ᠠᠴᠢ ᠬᠠᠷᠢᠭᠤᠯᠠᠯᠳᠠ (ᠲᠤᠭᠳᠠᠮᠠᠯ ᠲᠤᠭ᠎ᠠ ᠪᠠᠢ᠌ᠳᠠᠭ)᠂ ᠪᠤᠰᠤᠳ ᠤᠢ᠌ᠯᠠᠳᠪᠤᠷᠢᠯᠠᠯᠤᠨ ᠵᠠᠷᠤᠯᠭ᠎ᠠ᠂ ᠵᠢᠱ᠌ᠢᠶᠠᠯᠠᠪᠠᠯ᠄ ᠪᠤᠷᠳᠤᠭ᠎ᠠ᠂ ᠲᠤᠰᠤ᠂ ᠴᠠᠢ᠂ ᠤᠩᠭᠤᠴᠠ᠂ ᠤᠳᠬᠤᠴᠠ᠂ ᠰᠠᠷᠭᠡᠢ᠌ᠯᠠᠯᠤᠨ ᠲᠠᠷᠢᠯᠭ᠎ᠠ᠂ ᠮᠠᠯ᠎ᠤᠨ ᠡᠮ᠂ ᠬᠤᠳᠳᠤᠭ ᠤᠰᠤ᠂ ᠬᠠᠰᠢᠶ᠎ᠠ ᠰᠠᠷᠠᠪᠴᠢ ᠵᠢᠨ ᠵᠠᠷᠤᠯᠭ᠎ᠠ ᠮᠠᠳᠤ ᠵᠢᠨ ᠵᠠᠷᠤᠯᠭ᠎ᠠ᠎ᠪᠠᠨ ᠭᠠᠷᠭ᠋ᠠᠭ᠋ᠠᠳ ᠦᠯᠡᠳᠡᠭᠰᠠᠨ ᠵᠶ᠋ᠠᠨ ᠬᠤᠪᠢ ᠨᠤᠷᠮ᠎ᠠ ᠳᠤ᠎ᠪᠠᠨ ᠲᠡᠭᠰᠢᠳᠭᠡᠵᠤ ᠬᠤᠪᠢᠶᠠᠷᠢᠯᠠᠯᠳᠠ᠎ᠪᠠᠨ ᠬᠢᠳᠡᠭ᠃ ᠮᠢᠨᠤ ᠨᠢᠭᠳᠠᠯᠠᠨ ᠪᠤᠳᠤᠭᠴᠢ ᠬᠢᠭ᠌ᠰᠠᠨ ᠭᠤᠷᠪᠠᠨ ᠵᠢᠯ᠎ᠳᠤ ᠨᠢᠭᠡ ᠪᠦᠬᠦᠯᠢ ᠬᠤᠪᠢ (10 ᠬᠤᠪᠢ)᠎ᠳᠤ 1.00 ᠲᠦᠬᠦᠷᠢᠭ᠂ 0.90 ᠲᠦᠬᠦᠷᠢᠭ᠂ 1.05 ᠲᠦᠬᠦᠷᠢᠭ ᠵᠶ᠋ᠠᠷ ᠬᠤᠪᠢᠶᠠᠷᠢᠯᠠᠯᠳᠠ ᠬᠢᠵᠤ ᠦᠩᠭᠡᠷᠡᠭᠰᠠᠨ᠃
1977 ᠤᠨ᠎ᠠᠴᠠ 1979 ᠤᠨ ᠪᠤᠯᠳᠠᠯ᠎ᠠ ᠪᠢ ᠲᠠᠮᠠᠭ᠎ᠡ᠎ᠳᠤ ᠪᠠᠷᠢᠭ᠋ᠠᠳᠠ ᠵᠢᠨ ᠲᠠᠳ᠋ ᠲᠠᠷᠤᠭ᠎ᠠ ᠵᠢᠨ ᠠᠵᠢᠯ᠎ᠢ ᠬᠠᠷᠢᠭᠤᠴᠠᠵᠤ ᠦᠩᠭᠡᠷᠠᠪᠠ᠃
1980 ᠤᠨ᠎ᠤ 2 ᠳ᠋ᠤᠭ᠋ᠠᠷ ᠰᠠᠷ᠎ᠠ᠎ᠳᠤ ᠯᠠᠩ ᠱᠦᠵᠢ ᠨᠠᠮ᠎ᠠ ᠵᠢ ᠲᠠᠭᠤᠳᠠᠵᠤ ᠢᠷᠠᠭᠡᠳ᠄《ᠴᠢ ᠤᠷᠢᠳ ᠵᠶ᠋ᠠᠷ ᠰᠤᠷᠭ᠋ᠠᠭᠤᠯᠢ᠎ᠳᠤ ᠢᠷᠠᠵᠤ ᠪᠠᠭᠰᠢᠯᠠᠵᠤ ᠪᠠᠢ᠃ ᠦᠨᠤ ᠵᠢᠯ ᠠᠷᠠᠳ᠎ᠠᠴᠠ ᠡᠷᠬᠢᠯᠡᠭᠰᠠᠨ ᠰᠤᠷᠭ᠋ᠠᠭᠤᠯᠢ ᠵᠢᠨ ᠪᠠᠭᠰᠢ ᠨᠠᠷ᠎ᠢ ᠰᠢᠯᠭ᠋ᠠᠯᠳᠠ᠎ᠪᠠᠷ ᠲᠠᠮᠵᠢᠭ᠋ᠠᠳ ᠵᠢᠩᠬᠢᠨᠢᠴᠢᠯᠡᠬᠦ ᠲᠦᠷᠤ ᠵᠢᠨ ᠪᠤᠳᠤᠯᠭ᠎ᠠ ᠪᠠᠢ᠌ᠨ᠎ᠠ᠃ ᠲᠡᠭᠡᠭᠡᠳ ᠴᠢ ᠵᠢᠩᠬᠢᠨᠢ ᠤᠯᠤᠰ᠎ᠤᠨ ᠠᠵᠢᠯᠳᠠᠨ ᠪᠤᠯᠪᠠᠯ ᠨᠢᠭᠡᠳᠤᠯ᠎ᠳᠤ ᠠᠪᠴᠢᠷᠠᠵᠤ ᠠᠵᠢᠯ ᠲᠤᠬᠢᠷᠠᠭᠤᠯᠤᠶᠠ》 ᠭᠡᠪᠠ᠃ ᠲᠡᠭᠡᠭᠡᠳ ᠪᠢ 1980 ᠤᠨ᠎ᠤ 3 ᠳ᠋ᠤᠭ᠋ᠠᠷ ᠰᠠᠷ᠎ᠠ ᠵᠢᠨ 1᠎ᠳᠤ ᠲᠤᠩᠭ᠋ᠠᠯᠠᠭ ᠨᠠᠭᠤᠷ ᠰᠤᠷᠭ᠋ᠠᠭᠤᠯᠢ᠎ᠳᠤ ᠢᠷᠠᠵᠤ ᠠᠷᠠᠳ᠎ᠠᠴᠠ ᠡᠷᠬᠢᠯᠡᠭᠰᠠᠨ ᠰᠤᠷᠭ᠋ᠠᠭᠤᠯᠢ ᠵᠢᠨ ᠪᠠᠭᠰᠢ᠎ᠪᠠᠷ ᠠᠵᠢᠯᠯᠠᠵᠤ ᠪᠠᠢ᠌ᠭ᠋ᠠᠳ 6 ᠳ᠋ᠤᠭ᠋ᠠᠷ ᠰᠠᠷ᠎ᠠ ᠪᠤᠯᠬᠤ᠎ᠳᠤ ᠰᠢᠯᠭ᠋ᠠᠯᠳᠠ᠎ᠪᠠᠷ ᠲᠠᠮᠵᠢᠭ᠋ᠠᠳ ᠬᠢᠷᠢ ᠲᠡᠩᠴᠠᠵᠤ ᠵᠢᠩᠬᠢᠨᠢ ᠤᠯᠤᠰ᠎ᠤᠨ ᠠᠵᠢᠯᠳᠠᠨ ᠪᠤᠯᠪᠠ᠃ ᠰᠢᠯᠭ᠋ᠠᠯᠳᠠ᠎ᠳᠤ ᠤᠷᠤᠯᠴᠠᠬᠤ᠎ᠪᠠᠷ ᠶᠠᠪᠤᠬᠤ᠎ᠳᠤ ᠮᠥᠨ ᠯᠠᠩ ᠱᠦᠵᠢ᠎ᠠᠴᠠ ᠨᠢᠭᠡᠳᠤᠯ᠎ᠤᠨ ᠲᠠᠳ᠋ ᠡᠷᠬᠢᠯᠡᠭᠴᠢ ᠪᠠᠢ᠌ᠭᠰᠠᠨ ᠵᠠᠩ ᠬᠤ᠌ ᠿᠸᠨ ᠭᠡᠳᠡᠭ ᠲᠠᠷᠤᠭ᠎ᠠ᠎ᠪᠠᠷ ᠮᠢᠨᠤ ᠬᠦᠰᠦᠨᠦᠭ᠎ᠢ 1977 ᠤᠨ᠎ᠠᠴᠠ ᠡᠬᠢᠯᠠᠵᠤ ᠪᠠᠭᠰᠢᠯᠠᠪᠠ ᠭᠡᠵᠤ ᠲᠠᠭᠯᠠᠭᠤᠯᠤᠭ᠋ᠠᠳ ᠲᠤᠬᠠᠢ ᠵᠢᠨ ᠦᠶ᠎ᠠ ᠵᠢᠨ ᠭᠤᠷᠪᠠᠨ ᠵᠢᠯ ᠬᠢᠴᠢᠶᠠᠯᠯᠡᠭᠰᠠᠨ ᠦᠩᠭᠡᠷᠠᠯᠳᠠᠲᠠᠢ ᠪᠠᠢ᠌ᠬᠤ ᠲᠤᠭᠳᠠᠭ᠋ᠠᠯ᠎ᠳᠤ ᠨᠠᠢ᠌ᠴᠠᠬᠦᠯᠦᠭᠰᠠᠨ ᠪᠠᠢ᠌ᠵᠡᠢ᠃ ᠮᠥᠨ ᠲᠠᠷᠠ ᠠᠩᠬ᠎ᠠ ᠲᠠᠯᠠᠭᠰᠠᠨ ᠬᠦᠰᠦᠨᠦᠭ᠎ᠤᠨ ᠶᠤᠰᠤᠭ᠋ᠠᠷ ᠮᠢᠨᠤ ᠠᠵᠢᠯ᠎ᠳᠤ ᠤᠷᠤᠭᠰᠠᠨ ᠴᠠᠭ ᠬᠤᠭᠤᠴᠠᠭ᠎ᠠ ᠵᠢ 1977 ᠤᠨ᠎ᠠᠴᠠ ᠡᠬᠢᠯᠠᠵᠤ ᠪᠤᠳᠤᠭ᠋ᠠᠳ 2013 ᠤᠨ᠎ᠳᠤ 37 ᠵᠢᠯ ᠠᠵᠢᠯᠯᠠᠭᠰᠠᠨ ᠬᠤᠭᠤᠴᠠᠭ᠎ᠠ᠎ᠪᠠᠷ ᠪᠤᠳᠤᠵᠤ ᠠᠵᠢᠯ᠎ᠤᠨ ᠠᠮᠠᠷᠠᠯᠳᠠ᠎ᠪᠠᠨ ᠠᠪᠤᠪᠠ᠃
1980 ᠤᠨ᠎ᠤ ᠬᠠᠪᠤᠷ᠂ ᠯᠠᠩ ᠱᠦᠵᠢ ᠬᠤᠰᠢᠭᠤᠨ᠎ᠳᠤ ᠢᠷᠠᠵᠤ ᠬᠤᠷᠠᠯ ᠬᠢᠭᠡᠳ ᠪᠤᠴᠠᠬᠤ ᠵᠠᠮ᠎ᠳᠤ᠎ᠪᠠᠨ ᠪᠠᠶᠠᠠᠬᠤᠳᠠ ᠵᠢᠨ ᠪᠠᠷᠠᠭᠤᠨ ᠵᠠᠬ᠎ᠠ᠎ᠳᠤ ᠤᠨᠤᠭᠰᠠᠨ ᠲᠠᠮᠠᠭ᠎ᠡ᠎ᠨᠢ ᠦᠷᠭᠦᠵᠦ ᠲᠤᠢ᠌ᠯᠠᠭ᠋ᠠᠳ ᠴᠢᠯᠠᠭᠤᠨ ᠲᠡᠭᠡᠷ᠎ᠠ ᠴᠤᠬᠢᠭᠤᠯᠤᠭ᠋ᠠᠳ ᠲᠠᠷᠢᠬᠢᠠᠴᠠᠨᠢ ᠶᠠᠭᠡ ᠭᠡᠮᠵᠢᠶᠠᠨ᠎ᠤ ᠴᠢᠰᠤ ᠭᠠᠷᠤᠭ᠋ᠠᠳ ᠨᠦᠭᠴᠢᠭᠰᠡᠨ ᠪᠢᠯᠠ᠃ ᠯᠠᠩ ᠱᠦᠵᠢ ᠮᠠᠨ᠎ᠤ ᠨᠢᠭᠡᠳᠤᠯ᠎ᠳᠤ 1970 ᠤᠨ᠎ᠳᠤ ᠰᠢᠯᠵᠢᠨ ᠢᠷᠠᠭᠡᠳ ᠪᠦᠬᠦ ᠨᠢᠭᠡᠳᠤᠯ᠎ᠤᠨ ᠠᠷᠠᠳ ᠺᠠᠳ᠋ᠷ ᠤᠯᠠᠨ ᠲᠦᠮᠠᠨ᠎ᠢ ᠤᠳᠤᠷᠢᠳᠤᠨ ᠪᠦᠬᠦ ᠬᠤᠰᠢᠭᠤ ᠤᠷᠤᠨ᠎ᠤ ᠳ᠋ᠠᠵᠠᠢ᠎ᠠᠴᠠ ᠰᠤᠷᠤᠯᠴᠠᠬᠤ ᠲᠠᠷᠢᠬᠦᠨ᠎ᠤ ᠨᠢᠭᠡᠴᠢ᠂ ᠠᠷᠪᠢᠨ ᠤᠳᠠᠭ᠎ᠠ ᠵᠢᠱ᠌ᠢᠶᠠᠴᠢ ᠨᠢᠭᠡᠳᠤᠯ ᠵᠶ᠋ᠠᠷ ᠱᠠᠩᠨᠠᠯ ᠬᠦᠬᠢᠬᠦᠯᠦᠯ ᠬᠦᠷᠳᠠᠵᠤ ᠦᠩᠭᠡᠷᠡᠭᠰᠠᠨ᠃ ᠯᠠᠩ ᠱᠦᠵᠢ ᠲᠤᠩᠭ᠋ᠠᠯᠠᠭ ᠨᠠᠭᠤᠷ ᠨᠢᠭᠡᠳᠤᠯ᠎ᠳᠤ ᠠᠵᠢᠯᠯᠠᠵᠤ ᠪᠠᠢ᠌ᠬᠤ ᠬᠤᠭᠤᠴᠠᠭ᠋ᠠᠨ᠎ᠳᠤ᠎ᠪᠠᠨ (1978 ᠤᠨ) ᠦᠨᠳᠤᠷ ᠲᠠᠷᠤᠯᠳᠠᠳᠤ ᠴᠠᠬᠢᠯᠭ᠋ᠠᠨ ᠤᠳᠠᠰᠤ ᠵᠢ ᠲᠠᠳᠠᠵᠤ ᠦᠭᠬᠦᠭᠰᠠᠨ᠃ ᠠᠷᠢᠭᠤᠨ ᠴᠢᠭᠡᠴᠢ ᠠᠵᠢᠯᠰᠠᠭ ᠴᠠᠭ᠋ᠠᠪᠤᠷ᠂ ᠤᠯᠠᠨ᠎ᠳᠤ᠎ᠪᠠᠨ ᠲᠤᠢ᠌ᠯ᠎ᠤᠨ ᠬᠦᠷᠢᠶᠠᠯᠠᠯ᠎ᠲᠠᠢ ᠰᠢᠯᠢᠳᠡᠭ ᠰᠠᠢ᠌ᠨ ᠱᠦᠵᠢ᠎ᠪᠠᠨ ᠠᠯᠳᠠᠭᠰᠠᠨᠳᠤᠪᠠᠨ ᠪᠦᠬᠦ ᠨᠢᠭᠡᠳᠤᠯ᠎ᠤᠨ ᠺᠠᠳ᠋ᠷ ᠠᠵᠢᠯᠳᠠᠨ ᠮᠠᠯᠴᠢᠨ ᠲᠠᠷᠢᠶᠠᠴᠢᠨ ᠭᠡᠰᠢᠬᠦᠳ ᠨᠠᠷ ᠪᠠᠶᠠᠠᠬᠤᠳᠠ᠎ᠳᠤ ᠭᠠᠰᠢᠭᠤᠳᠠᠯ᠎ᠤᠨ ᠬᠤᠷᠠᠯ᠎ᠳᠤ ᠨᠢ ᠬᠦᠷᠦᠯᠴᠠᠨ ᠢᠷᠠᠵᠤ ᠲᠤᠢ᠌ᠯ ᠵᠶ᠋ᠠᠷ ᠭᠠᠰᠢᠭᠤᠳᠠᠨ ᠮᠦᠷᠦᠭᠡᠳᠴᠦ ᠡᠮᠬᠡᠨᠢᠵᠤ ᠪᠠᠢ᠌ᠬᠤ᠎ᠪᠠᠨ ᠢᠯᠡᠳᠭᠡᠭᠰᠡᠨ ᠪᠢᠯᠠ᠃
1980 ᠤᠨ᠎ᠤ 10 ᠳ᠋ᠤᠭ᠋ᠠᠷ ᠰᠠᠷ᠎ᠠ᠎ᠳᠤ ᠬᠦᠩᠱᠸᠠᠴᠠ ᠮᠥᠨ ᠯᠠᠩ ᠱᠦᠵᠢ ᠵᠢᠨ ᠤᠤᠯ᠎ᠤᠨ ᠲᠤᠬᠢᠷᠠᠭᠤᠯᠭ᠎ᠠ᠎ᠪᠠᠷ ᠨᠠᠮ᠎ᠠ ᠵᠢ ᠬᠦᠩᠱᠸᠳᠤ ᠠᠵᠢᠯ ᠰᠢᠯᠵᠢᠬᠦᠯᠵᠤ᠂ ᠬᠦᠩᠱᠸ ᠵᠢᠨ ᠨᠠᠮ᠎ᠤᠨ ᠬᠤᠷᠢᠶ᠎ᠠ ᠵᠢᠨ ᠨᠠᠷᠢᠨ ᠪᠢᠴᠢᠭᠡᠴᠢ᠎ᠪᠠᠷ ᠲᠤᠬᠢᠷᠠᠭᠤᠯᠤᠭ᠋ᠠᠳ ᠭᠤᠷᠪᠠᠨ ᠵᠢᠯ ᠨᠠᠷᠢᠨ ᠪᠢᠴᠢᠭᠡᠴᠢ ᠵᠢᠨ ᠠᠵᠢᠯ ᠬᠢᠪᠠ᠃
1983 ᠤᠨ᠎ᠤ ᠵᠢᠯ᠎ᠤᠨ ᠡᠴᠤᠰ᠎ᠲᠤ ᠪᠠᠢ᠌ᠭᠤᠯᠭ᠎ᠠ ᠵᠢᠨ ᠦᠭᠡᠷᠠᠴᠢᠯᠠᠯᠳᠠ ᠵᠢᠨ ᠲᠤᠮᠳᠠ ᠪᠢ ᠲᠤᠩᠭ᠋ᠠᠯᠠᠭ ᠨᠠᠭᠤᠷ ᠬᠦᠩᠱᠸ ᠵᠢᠨ ᠨᠠᠮ᠎ᠤᠨ ᠬᠤᠷᠢᠶᠠᠨ᠎ᠤ ᠱᠦᠵᠢ ᠵᠢᠨ ᠠᠵᠢᠯ᠎ᠢ ᠡᠬᠦᠷᠭᠡᠯᠠᠵᠤ ᠠᠪᠤᠭ᠋ᠠᠳ 1996 ᠤᠨ ᠪᠤᠯᠳᠠᠯ᠎ᠠ ᠱᠦᠵᠢ᠂ ᠰᠤᠮᠤᠨ ᠲᠠᠷᠤᠭ᠎ᠠ ᠵᠢᠨ ᠠᠵᠢᠯ᠎ᠢ ᠬᠠᠷᠢᠭᠤᠴᠠᠵᠤ ᠦᠩᠭᠡᠷᠠᠪᠠ᠃
ᠲᠤᠬᠠᠢ ᠵᠢᠨ ᠦᠶ᠎ᠠ᠎ᠳᠤ ᠲᠤᠩᠭ᠋ᠠᠯᠠᠭ ᠨᠠᠭᠤᠷ ᠰᠤᠮᠤ ᠵᠢᠨ ᠪᠠᠢ᠌ᠭᠤᠯᠭ᠎ᠠ ᠪᠠᠶᠠᠠᠬᠤᠳᠠ᠎ᠠᠴᠠ ᠭᠡᠳᠤᠢ᠌ᠪᠠᠷ 30 ᠺᠢᠯᠤᠮᠸᠲᠷ ᠵᠠᠢ᠌ᠳᠠᠢ ᠪᠤᠯᠪᠠᠴᠤ ᠵᠠᠮ ᠬᠠᠷᠢᠯᠴᠠᠭ᠎ᠠ ᠲᠦᠬᠦᠮ ᠦᠭᠡᠢ᠂ ᠲᠤᠢ᠌ᠯ᠎ᠤᠨ ᠪᠤᠢ᠌ᠳᠠ ᠪᠦᠭᠯᠠᠬᠦᠤ ᠭᠠᠵᠠᠷ ᠪᠠᠢ᠌ᠭᠰᠠᠨ᠂ ᠬᠤᠰᠢᠭᠤᠨ᠎ᠳᠤ ᠶᠠᠪᠤᠬᠤ᠂ ᠭᠠᠴᠠᠭ᠋ᠠᠨ᠎ᠳᠤ ᠪᠠᠭᠤᠬᠤ᠎ᠳᠤ ᠪᠦᠷ ᠲᠠᠮᠠᠭ᠎ᠡ ᠂ ᠮᠤᠷᠢ ᠤᠨᠤᠵᠤ ᠶᠠᠪᠤᠳᠠᠭ ᠪᠠᠢ᠌ᠵᠡᠢ᠃ ᠲᠤᠬᠠᠢ ᠵᠢᠨ ᠦᠶ᠎ᠠ᠎ᠳᠤ ᠲᠤᠩᠭ᠋ᠠᠯᠠᠭ ᠨᠠᠭᠤᠷ ᠰᠤᠮᠤ᠎ᠨᠢ ᠲᠤᠩᠭ᠋ᠠᠯᠠᠭ ᠨᠠᠭᠤᠷ ᠭᠠᠴᠠᠭ᠎ᠠ᠂ ᠲᠠᠮᠠᠭ᠎ᠡ᠎ᠳᠤ ᠭᠠᠴᠠᠭ᠎ᠠ᠂ ᠢᠩᠭᠡ᠎ᠳᠤ ᠭᠠᠴᠠᠭ᠎ᠠ ᠭᠡᠵᠤ ᠭᠤᠷᠪᠠᠨ ᠴᠤᠯ ᠮᠠᠯᠵᠢᠯ᠎ᠤᠨ ᠭᠠᠴᠠᠭ᠎ᠠ᠎ᠲᠠᠢ᠂ ᠭᠠᠴᠠᠭ᠎ᠠ ᠪᠦᠷᠢ᠎ᠨᠢ ᠪᠤᠷᠳᠤᠭ᠋ᠠᠨ᠎ᠤ ᠰᠠᠭᠤᠷᠢᠨ ᠭᠠᠵᠠᠷ᠎ᠲᠠᠢ᠂ ᠪᠠᠰᠠ ᠨᠢᠭᠡ ᠬᠦᠩᠱᠸᠠᠴᠠ ᠡᠷᠬᠢᠯᠡᠭᠰᠠᠨ ᠤᠢ ᠰᠢᠭᠤᠢ ᠵᠢᠨ ᠲᠠᠯᠠᠪᠠᠢ᠎ᠲᠠᠢ ᠪᠠᠢ᠌ᠵᠡᠢ᠃ ᠲᠠᠷᠠ ᠦᠶ᠎ᠠ᠎ᠳᠤ ᠰᠤᠮᠤᠨ᠎ᠤ ᠤᠳᠤᠷᠢᠳᠤᠯᠭ᠎ᠠ ᠨᠠᠷ᠎ᠲᠤ ᠭᠠᠴᠠᠭ᠎ᠠ ᠵᠢ ᠲᠠᠭ᠋ᠠᠭ᠋ᠠᠴᠢᠯᠠᠭᠤᠯᠵᠤ ᠦᠭᠬᠦᠭᠡᠳ ᠰᠠᠷ᠎ᠠ ᠪᠦᠷᠢ ᠨᠢᠭᠡ ᠤᠳᠠᠭ᠎ᠠ ᠲᠤᠷᠤᠭᠰᠢ ᠪᠠᠭᠤᠵᠤ ᠬᠤᠳᠠ ᠰᠦᠷᠦᠭ᠂ ᠠᠢ᠌ᠯ ᠡᠷᠦᠭᠡ᠎ᠪᠠᠷ ᠲᠤᠭᠤᠷᠢᠨ ᠶᠠᠪᠤᠵᠤ᠂ ᠠᠵᠢᠯ ᠪᠠᠢ᠌ᠴᠠᠭ᠋ᠠᠵᠤ᠂ ᠮᠠᠯᠴᠢᠨ ᠲᠦᠮᠠᠨ᠎ᠤ ᠠᠵᠤ ᠠᠮᠢᠳᠤᠷᠠᠯ᠂ ᠮᠠᠯ ᠠᠵᠤ ᠠᠬᠤᠢ ᠵᠢᠨ ᠤᠢ᠌ᠯᠠᠳᠪᠤᠷᠢᠯᠠᠯᠳᠤ ᠲᠤᠯᠭ᠋ᠠᠷᠠᠭᠰᠠᠨ ᠬᠦᠴᠢᠷ ᠠᠰᠠᠭᠤᠳᠠᠯ᠎ᠢ ᠲᠤᠬᠠᠢ ᠵᠢᠨ ᠭᠠᠵᠠᠷ ᠲᠤᠨᠢ ᠰᠢᠢ᠍ᠳᠪᠤᠷᠢᠯᠠᠵᠤ ᠦᠭᠳᠡᠭ ᠪᠠᠢ᠌ᠭᠰᠠᠨ᠃ ᠡᠬᠦᠨ᠎ᠳᠤ ᠢᠩᠭᠡ᠎ᠳᠤ ᠭᠠᠴᠠᠭ᠎ᠠ ᠵᠢᠨ ᠵᠠᠮ ᠬᠤᠯᠠ᠂ ᠡᠯᠠᠰᠤ ᠶᠠᠭᠡ ᠪᠠᠢ᠌ᠵᠤ᠂ ᠨᠢᠭᠡ ᠤᠳᠠᠭ᠎ᠠ ᠲᠤᠭᠤᠷᠢᠭ᠋ᠠᠳ ᠢᠷᠠᠬᠦ᠎ᠳᠤ ᠬᠠᠮᠤᠭ ᠬᠤᠷᠳᠤᠨᠳᠤᠪᠠᠨ ᠬᠠᠭ᠋ᠠᠰ ᠰᠠᠷ᠎ᠠ ᠪᠤᠯᠳᠠᠭ᠃ ᠪᠤᠰᠤᠳ ᠬᠤᠶᠠᠷ ᠭᠠᠴᠠᠭ᠎ᠠ᠎ᠨᠢ ᠭᠡᠳ ᠨᠠᠭ᠋ᠠᠳᠤ ᠵᠠᠬ᠎ᠠ ᠳᠤ᠎ᠪᠠᠨ ᠠᠷᠪᠠᠨ ᠡᠳᠤᠷ ᠶᠠᠪᠤᠳᠠᠭ᠃
1984 ᠤᠨ᠎ᠳᠤ ᠪᠦᠬᠦ ᠰᠤᠮᠤᠨ᠎ᠤ ᠮᠠᠯ ᠰᠦᠷᠦᠭ᠎ᠢ ᠬᠤᠤᠰ ᠲᠠᠭ᠋ᠠᠭ᠋ᠠᠴᠢᠯᠠᠯᠳᠠ ᠵᠢᠨ ᠲᠦᠷᠢᠮ᠎ᠢ ᠭᠡᠷᠡᠭᠵᠢᠬᠦᠯᠵᠤ ᠪᠠᠢ᠌ᠭᠰᠠᠨ᠎ᠠᠴᠠ᠎ᠪᠠᠨ ᠦᠭᠡᠷᠠᠴᠢᠯᠠᠵᠤ᠂ ᠮᠠᠯ᠎ᠢ ᠦᠨᠠᠯᠠᠵᠤ ᠡᠷᠦᠭᠡ᠎ᠳᠤ ᠬᠤᠪᠢᠶᠠᠵᠤ ᠦᠭᠬᠦ ᠲᠦᠷᠢᠮ᠎ᠢ ᠭᠡᠷᠡᠭᠵᠢᠬᠦᠯᠪᠠ᠃
ᠲᠠᠷᠠ ᠦᠶ᠎ᠠ᠎ᠳᠤ ᠲᠤᠩᠭ᠋ᠠᠯᠠᠭ ᠨᠠᠭᠤᠷ ᠰᠤᠮᠤᠨ᠎ᠤ ᠵᠠᠮ ᠬᠠᠷᠢᠯᠴᠠᠭ᠎ᠠ ᠲᠤᠢ᠌ᠯ᠎ᠤᠨ ᠮᠠᠭᠤ᠂ ᠰᠤᠮᠤᠨ ᠲᠠᠭᠡᠷ᠎ᠠ᠎ᠨᠢ ᠬᠦᠨᠠᠰᠤᠨᠤ ᠦᠷᠳᠠᠭᠡ ᠦᠭᠡᠢ᠂ ᠮᠠᠯᠴᠢᠨ ᠲᠦᠮᠠᠨ ᠬᠦᠨᠠᠰᠤ ᠪᠤᠷᠳᠤᠭ᠎ᠠ᠎ᠪᠠᠨ ᠠᠪᠬᠤ᠂ ᠨᠤᠤᠰᠤ ᠨᠤᠤᠯᠤᠭᠤᠷ ᠵᠶ᠋ᠠᠨ ᠪᠤᠷᠤᠯᠠᠭᠤᠯᠬᠤ᠂ ᠤᠢ᠌ᠯᠠᠳᠪᠤᠷᠢᠯᠠᠯ ᠠᠮᠢᠳᠤᠷᠠᠯ᠎ᠤᠨ ᠭᠡᠷᠡᠭᠰᠠᠯ ᠵᠶ᠋ᠠᠨ ᠪᠠᠯᠠᠳᠭᠡᠬᠦᠳᠤ ᠪᠦᠷ ᠲᠠᠮᠠᠭ᠎ᠡ ᠤᠨᠤᠭ᠎ᠠ᠎ᠪᠠᠷ ᠲᠡᠭᠡᠭᠡᠪᠤᠷᠢᠯᠠᠵᠤ ᠠᠪᠴᠤ ᠦᠭᠴᠤ ᠪᠠᠢ᠌ᠭᠰᠠᠨ ᠲᠤᠯᠠ ᠲᠤᠢ᠌ᠯ᠎ᠤᠨ ᠬᠦᠴᠢᠷᠳᠠᠢ ᠪᠠᠢ᠌ᠭᠰᠠᠨ᠃ ᠲᠡᠭᠡᠭᠡᠳ 1988 — 1990 ᠤᠨ ᠪᠤᠯᠳᠠᠯ᠎ᠠ ᠭᠤᠷᠪᠠᠨ ᠵᠢᠯ ᠲᠠᠷᠠᠭ᠋ᠠᠯᠠᠨ ᠬᠤᠰᠢᠭᠤᠨ᠎ᠤ ᠠᠷᠠᠳ᠎ᠤᠨ ᠲᠦᠯᠦᠭᠡᠯᠡᠭᠴᠢᠳ᠎ᠤᠨ ᠶᠠᠭᠡ ᠬᠤᠷᠠᠯ᠎ᠳᠤ ᠰᠤᠮᠤᠨ᠎ᠤ ᠲᠦᠯᠦᠭᠡᠯᠡᠭᠴᠢᠲᠠᠢᠪᠠᠨ ᠨᠠᠷᠠ ᠬᠤᠯᠪᠤᠭ᠋ᠠᠯᠠᠵᠤ ᠬᠦᠨᠠᠰᠤᠨᠤ ᠦᠷᠳᠠᠭᠡ ᠪᠠᠢ᠌ᠭᠤᠯᠬᠤ᠂ ᠵᠠᠮ ᠵᠠᠰᠠᠬᠤ ᠲᠤᠷᠠᠳᠤᠯᠭ᠎ᠠ ᠭᠠᠷᠭ᠋ᠠᠭ᠋ᠠᠳ 90 ᠤᠨ᠎ᠳᠤ ᠬᠦᠨᠠᠰᠤᠨᠤ ᠦᠷᠳᠠᠭᠡ ᠪᠠᠢ᠌ᠭᠤᠯᠵᠤ᠂ 1991 ᠤᠨ᠎ᠳᠤ ᠠᠵᠢᠯᠯᠠᠭᠤᠯᠤᠭ᠋ᠠᠳ ᠲᠠᠳᠬᠦᠬᠦ (以工代赈) ᠭᠡᠰᠡᠨ ᠲᠦᠷᠤᠯ ᠵᠤᠢ᠌ᠯ᠎ᠤᠨ 200 ᠲᠦᠮᠠᠨ ᠲᠦᠬᠦᠷᠢᠭ ᠵᠤᠭᠤᠰ ᠤᠯᠵᠤ᠂ ᠬᠤᠶᠠᠷ ᠵᠢᠯ ᠬᠤᠪᠢᠶᠠᠨ ᠪᠠᠶᠠᠠᠬᠤᠳᠠ᠎ᠠᠴᠠ ᠲᠤᠩᠭ᠋ᠠᠯᠠᠭ ᠨᠠᠭᠤᠷ ᠬᠦᠷᠬᠦ ᠲᠦᠬᠦᠮ ᠰᠠᠢ᠌ᠷᠭ᠋ᠠᠯ ᠴᠢᠯᠠᠭᠤᠨ ᠵᠠᠮ ᠵᠠᠰᠠᠭ᠋ᠠᠳ ᠮᠠᠯᠴᠢᠨ ᠲᠦᠮᠠᠨ᠎ᠤ ᠤᠢ᠌ᠯᠠᠳᠪᠤᠷᠢᠯᠠᠯ ᠠᠮᠢᠳᠤᠷᠠᠯ᠎ᠳᠤ ᠲᠤᠢ᠌ᠯ᠎ᠤᠨ ᠲᠦᠬᠦᠮ ᠦᠵᠠᠬᠦᠯᠪᠠ᠃ ᠬᠤᠰᠢᠭᠤᠨ᠎ᠤ ᠵᠠᠮ ᠬᠠᠷᠢᠯᠴᠠᠭ᠋ᠠᠨ᠎ᠤ ᠲᠤᠪᠴᠢᠶ᠎ᠠ᠎ᠠᠴᠠ ᠪᠠᠶᠠᠠᠬᠤᠳᠠ᠎ᠠᠴᠠ ᠲᠤᠩᠭ᠋ᠠᠯᠠᠭ ᠨᠠᠭᠤᠷ ᠬᠦᠷᠬᠦ ᠡᠭᠡᠯᠵᠢᠶᠠᠨᠤ ᠮᠠᠰᠢᠨ ᠲᠠᠷᠭᠡ ᠵᠢ ᠭᠤᠷᠪᠠᠨ ᠡᠳᠤᠷ᠎ᠲᠤ ᠨᠢᠭᠡ ᠤᠳᠠᠭ᠎ᠠ ᠲᠤᠬᠢᠷᠠᠭᠤᠯᠤᠭ᠋ᠠᠳ ᠪᠦᠬᠦ ᠰᠤᠮᠤᠨ᠎ᠤ ᠺᠠᠳ᠋ᠷ ᠠᠵᠢᠯᠳᠠᠨ᠂ ᠮᠠᠯᠴᠢᠨ ᠲᠦᠮᠠᠨ᠎ᠤ ᠵᠠᠮ ᠬᠠᠷᠢᠯᠴᠠᠭ᠋ᠠᠨ᠎ᠤ ᠬᠦᠴᠢᠷ ᠠᠰᠠᠭᠤᠳᠠᠯ᠎ᠢ ᠦᠨᠳᠤᠰᠤᠨ᠎ᠠᠴᠠ᠎ᠨᠢ ᠰᠢᠢ᠍ᠳᠪᠤᠷᠢᠯᠠᠪᠠ᠃
1997 ᠤᠨ᠎ᠤ ᠬᠠᠪᠤᠷ᠂ ᠪᠢ ᠠᠯᠠᠱ᠌ᠠ ᠵᠠᠬᠦᠨ ᠬᠤᠰᠢᠭᠤᠨ᠎ᠤ ᠴᠠᠬᠠᠷ ᠰᠤᠮᠤᠨ᠎ᠳᠤ ᠨᠠᠮ᠎ᠤᠨ ᠬᠤᠷᠢᠶᠠᠨ᠎ᠤ ᠲᠠᠳ᠋ ᠱᠦᠵᠢ᠎ᠪᠠᠷ ᠠᠵᠢᠯ ᠰᠢᠯᠵᠢᠭᠡᠳ᠂ 10 ᠳ᠋ᠤᠭ᠋ᠠᠷ ᠰᠠᠷ᠎ᠠ᠎ᠳᠤ ᠠᠯᠠᠱ᠌ᠠ ᠵᠠᠬᠦᠨ ᠬᠤᠰᠢᠭᠤᠨ᠎ᠤ ᠤᠯᠤᠰ ᠲᠦᠷᠤ ᠵᠢᠨ ᠵᠦᠪᠯᠠᠯᠭᠡᠨᠤ ᠨᠠᠷᠢᠨ ᠪᠢᠴᠢᠭ᠎ᠤᠨ ᠲᠠᠷᠤᠭ᠎ᠠ᠎ᠪᠠᠷ ᠰᠢᠯᠵᠢᠵᠤ ᠢᠷᠠᠭᠡᠳ᠂ 2013 ᠤᠨ᠎ᠳᠤ ᠨᠠᠰᠤᠨ᠎ᠤ ᠠᠮᠠᠷᠠᠯᠳᠠ᠎ᠪᠠᠨ ᠠᠪᠤᠭ᠋ᠠᠳ ᠂ 2018 ᠤᠨ᠎ᠳᠤ ᠠᠢ᠌ᠮᠠᠭ᠎ᠤᠨ ᠨᠠᠰᠤᠲᠠᠢ᠌ᠴᠣᠳ᠎ᠤᠨ ᠶᠠᠭᠡ ᠰᠤᠷᠭ᠋ᠠᠭᠤᠯᠢ᠎ᠳᠤ ᠮᠤᠩᠭᠤᠯ ᠤᠷᠠᠨ ᠪᠢᠴᠢᠯᠭᠡ ᠵᠢᠨ ᠠᠩᠬᠢ᠎ᠳᠤ ᠰᠤᠷᠤᠯᠴᠠᠭ᠋ᠠᠳ ᠡᠳᠤᠭᠡ ᠪᠤᠯᠵᠤ ᠪᠠᠢ᠌ᠨ᠎ᠠ᠃
ᠮᠢᠨᠤ ᠪᠠᠶ᠎ᠠ ᠪᠠᠭ᠎ᠠ ᠨᠠᠰᠤᠨ ᠳᠤ᠎ᠪᠠᠨ ᠭᠡᠳᠤᠢ᠌ᠪᠠᠷ ᠬᠠᠷᠠᠩᠭ᠋ᠠᠯᠠᠵᠤ ᠵᠤᠪᠠᠵᠤ᠂ ᠬᠦᠴᠢᠷ ᠬᠦᠨᠳᠤ ᠠᠵᠢᠯ ᠬᠦᠳᠠᠯᠮᠤᠷᠢ᠎ᠳᠤ ᠤᠷᠤᠯᠴᠠᠵᠤ᠂ ᠵᠦᠳᠠᠷᠠᠵᠤ ᠦᠩᠭᠡᠷᠡᠭᠰᠠᠨ ᠪᠤᠯᠪᠠᠴᠤ ᠲᠠᠷᠠ᠎ᠨᠢ ᠨᠢᠭᠡ ᠨᠠᠰᠤᠨ᠎ᠤ ᠪᠠᠶ᠎ᠠ ᠮᠠᠬᠠᠪᠤᠳ᠂ ᠠᠵᠢᠯ ᠬᠦᠳᠠᠯᠮᠤᠷᠢ᠂ ᠤᠷ᠎ᠠ ᠮᠠᠷᠭᠡᠵᠢᠯ᠎ᠤᠨ ᠬᠦᠮᠦᠵᠢᠯ ᠪᠤᠯᠪᠠᠰᠤᠷᠠᠯ ᠪᠤᠯᠵᠤ᠂ ᠢᠳᠠᠷ ᠨᠠᠰᠤᠨ ᠳᠤ᠎ᠪᠠᠨ ᠡᠨᠡ ᠬᠦ᠌ ᠪᠤᠯᠪᠠᠰᠤᠷᠠᠯ ᠬᠦᠮᠦᠵᠢᠯ ᠵᠶ᠋ᠠᠷ ᠵᠶ᠋ᠠᠨ ᠨᠠᠮ ᠠᠷᠠᠳ ᠲᠦᠮᠠᠨ ᠳᠤ᠎ᠪᠠᠨ ᠬᠢᠪᠠᠰᠤ ᠵᠤᠬᠢᠬᠤ ᠠᠵᠢᠯ ᠡᠬᠦᠷᠭᠡ᠎ᠪᠠᠨ ᠨᠠᠯᠢᠶᠠᠳ ᠰᠠᠢ᠌ᠨ ᠵᠶ᠋ᠠᠷ ᠪᠠᠶᠠᠯᠠᠬᠦᠯᠪᠠ ᠭᠡᠵᠤ ᠤᠮᠤᠭᠰᠢᠵᠤ ᠶᠠᠪᠤᠳᠠᠭ᠃ ᠨᠠᠮ᠎ᠠ ᠵᠢ ᠪᠠᠭ᠎ᠠ ᠪᠠᠢ᠌ᠬᠤ᠎ᠳᠤ ᠬᠦᠨᠳᠤ ᠠᠵᠢᠯ ᠬᠦᠳᠠᠯᠮᠤᠷᠢ᠎ᠳᠤ ᠤᠷᠤᠯᠴᠠᠵᠤ ᠪᠠᠢ᠌ᠬᠤ ᠵᠢ ᠠᠪᠤ ᠮᠢᠨᠢ ᠦᠵᠠᠭᠡᠳ ᠄ 《ᠪᠠᠭ᠎ᠠ ᠳᠤ᠎ᠪᠠᠨ ᠵᠤᠪᠠᠭᠰᠠᠨ ᠬᠦᠮᠤᠨ ᠶᠠᠭᠡ ᠪᠤᠯᠤᠭ᠋ᠠᠳ ᠵᠢᠷᠭ᠋ᠠᠳᠠᠭ ᠶᠤᠮ᠃ ᠪᠠᠭ᠎ᠠ ᠵᠢᠨ ᠵᠢᠷᠭ᠋ᠠᠯ᠎ᠢ ᠵᠢᠷᠭ᠋ᠠᠯᠳᠤ ᠪᠤᠳᠤᠳᠠᠭ ᠦᠭᠡᠢ》ᠭᠡᠵᠤ ᠭᠡᠯᠠᠵᠤ ᠪᠠᠢ᠌ᠭᠰᠠᠨ ᠰᠤᠷᠭ᠋ᠠᠯ ᠦᠭᠡ ᠶᠤᠰᠤᠳᠠᠢ ᠦᠨᠠᠨ ᠦᠭᠡ ᠪᠠᠢ᠌ᠭᠰᠠᠨ᠎ᠢ ᠤᠳᠤ ᠰᠠᠶᠢ ᠦᠩᠭᠡᠷᠠᠯᠳᠠᠪᠠᠷ ᠵᠶ᠋ᠠᠨ ᠪᠠᠳᠤᠯᠠᠵᠤ ᠪᠠᠢ᠌ᠨ᠎ᠠ᠃
ᠠᠪᠤ ᠵᠢᠨ ᠰᠤᠷᠭ᠋ᠠᠯ ᠡᠷᠳᠡᠨᠢ ᠭᠡᠳᠡᠭ᠎ᠨᠢ ᠡᠨᠡ ᠪᠠᠢ᠌ᠨ᠎ᠠ᠃ ᠤᠳᠤ ᠦᠳᠠᠯᠤᠭᠡ ᠨᠠᠰᠤᠨ ᠳᠤ᠎ᠪᠠᠨ ᠤᠷᠤᠭ᠋ᠠᠳ ᠨᠠᠮ ᠵᠠᠰᠠᠭ᠎ᠤᠨ ᠵᠦᠪ ᠤᠳᠤᠷᠢᠳᠤᠯᠭ᠎ᠠ ᠂ ᠨᠦᠬᠦᠳ ᠨᠠᠢ᠌ᠵᠠ ᠵᠢᠨ ᠬᠠᠪᠰᠤᠷᠤᠯᠭ᠎ᠠ ᠲᠠᠮᠵᠢᠯᠭᠡ᠂ ᠭᠡᠤᠭᠡᠳ᠎ᠤᠳ᠎ᠤᠨ ᠪᠤᠶᠠᠨ ᠵᠶ᠋ᠠᠷ ᠵᠢᠩᠬᠢᠨᠢ ᠵᠢᠷᠭ᠋ᠠᠯᠠᠩᠤᠨ ᠤᠷᠳᠤᠨ᠎ᠳᠤ ᠴᠠᠩᠭᠡᠵᠤ ᠶᠠᠪᠤᠬᠤ ᠳᠤ᠎ᠪᠠᠨ ᠶᠤᠰᠤᠳᠠᠢ ᠪᠠᠶᠠᠷᠯᠠᠵᠤ ᠪᠠᠢ᠌ᠨ᠎ᠠ ᠂ ᠵᠢᠷᠭ᠋ᠠᠵᠤ ᠪᠠᠢ᠌ᠨ᠎ᠠ ᠂ ᠲᠠᠯᠠᠷᠬᠠᠵᠤ ᠪᠠᠢ᠌ᠨ᠎ᠠ᠃