ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠡᠶ᠋ᠢᠭᠡᠮ ᠰᠡᠳᠬᠦᠯ   -   ᠳᠤᠮᠳᠠᠲᠤ᠎ᠶᠢᠨ ᠦᠨᠳᠦᠰᠦᠲᠡᠨ᠎ᠤ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤᠳᠬᠠᠶ᠎ᠠ
ᠵᠡᠮᠳᠡᠭ ᠬᠡᠦᠬᠡᠳ᠎ᠢ ᠬᠠᠯᠠᠮᠵᠢᠯᠠᠵᠦ ᠡᠷᠡᠭᠦᠯ ᠵᠶ᠋ᠡᠷ ᠦᠰᠦᠨ ᠲᠤᠷᠨᠢᠬᠤ᠎ᠳᠤ᠎ᠨᠢ ᠬᠦᠴᠦᠨ ᠨᠡᠮᠡᠷᠢᠯᠡᠶ᠎ᠡ
ᠨᠡᠶᠢᠲᠡᠯᠡᠭᠰᠡᠨ ᠴᠠᠭ᠄ 2023-05-25


                             ᠨᠤᠮᠢᠨ   ᠴᠣᠯᠮᠣᠨ    ᠮᠡᠳᠡᠭᠡᠯᠡᠪᠡ
    《ᠲᠠᠨ᠎ᠤ  ᠣᠮᠪᠤᠯ ᠴᠢᠨᠢ ᠨᠠᠭ᠋ᠠᠲᠤ ᠵᠠᠬ᠎ᠠ ᠵᠢᠨ ᠠᠮᠢᠳᠤᠷᠠᠯ᠎ᠤᠨ ᠪᠠᠲᠤᠯᠠᠭ᠋ᠠᠲᠤ ᠡᠷᠦᠬᠡ ᠵᠢᠨ ᠨᠦᠬᠦᠪᠦᠷᠢ ᠬᠦᠷᠳᠡᠵᠦ ᠪᠠᠢ᠌ᠨ᠎ᠠ ᠦᠦ ᠦᠦ?》
    《ᠬᠦᠷᠲᠡᠵᠦ ᠪᠠᠢ᠌ᠬᠣ ᠦᠭᠡᠢ !》
   《ᠲᠡᠭᠡᠪᠡᠯ ᠣᠰᠣᠯ ᠪᠣᠯᠣᠯ᠎ᠠ᠂ ᠨᠠᠭ᠋ᠠᠲᠤ ᠵᠠᠬ᠎ᠠ ᠵᠢᠨ ᠠᠮᠢᠳᠤᠷᠠᠯ᠎ᠤᠨ ᠪᠠᠲᠤᠯᠠᠭ᠋ᠠᠲᠤ ᠡᠷᠦᠬᠡ ᠪᠠᠢ᠌ᠮᠠᠨᠵᠢᠨ ᠲᠦᠯᠦᠪᠦᠷᠢ ᠦᠭᠡᠢ᠎ᠪᠠᠷ ᠮᠡᠰᠡ ᠵᠠᠰᠠᠯ ᠬᠢᠬᠦ᠎ᠪᠠᠷ ᠳᠠᠩᠰᠠᠯᠠᠵᠦ ᠪᠣᠯᠣᠨ᠎ᠠ!》
    《  ᠣᠣ᠂ ᠲᠡᠢ᠌ᠮᠦ ᠦᠦ᠁》
    ᠁᠁
  《ᠡᠷᠡᠬᠦᠯᠵᠢᠯ᠎ᠳᠤ ᠲᠤᠰᠠᠯᠠᠬᠤ ᠢᠨᠵᠸᠨ᠋ᠸᠷᠢᠩ》᠎ᠤᠨ ᠵᠦᠸᠸᠽᠢ ᠰᠢᠶᠠᠨ᠎ᠳᠤ᠎ᠬᠢ ᠠᠵᠢᠯᠯᠠᠭ᠋ᠠᠨ᠎ᠤ ᠲᠠᠯᠠᠪᠦᠷ᠎ᠲᠤ᠂  ᠠᠵᠢᠯᠲᠠᠳ᠎ᠤᠨ ᠢᠩᠬᠢᠵᠦ ᠬᠡᠯᠡᠬᠦ ᠵᠢ ᠰᠣᠨᠣᠰᠣᠭᠰᠠᠨ ᠨᠠᠰᠤᠲᠠᠨ ᠦᠭᠡ ᠳᠠᠭᠤᠨ ᠦᠭᠡᠢ  ᠬᠠᠵᠠᠭᠤ᠎ᠳᠤ᠎ᠬᠢ ᠰᠠᠭᠤᠳᠠᠯ ᠎ᠳᠤ ᠰᠠᠭᠤᠯ᠎ᠠ᠃ ᠥᠪᠡᠷᠲᠡᠭᠡᠨ ᠵᠠᠰᠠᠬᠤ ᠣᠷᠣᠨ᠎ᠤ ᠡᠷᠡᠭᠦᠯᠵᠢᠯ᠎ᠤᠨ ᠲᠤᠰᠠᠯᠠᠬᠤ ᠪᠠᠭ᠋ᠠᠵᠢ ᠵᠢᠨ ᠲᠥᠪ᠎ᠤᠨ ᠠᠵᠢᠯᠲᠠᠳ ᠨᠠᠰᠤᠲᠠᠨ᠎ᠤ ᠵᠣᠪᠠᠨᠢᠩᠭᠤᠢ ᠴᠢᠷᠠᠢ ᠵᠢ ᠬᠠᠷᠠᠵᠦ ᠦᠯᠦ ᠲᠥᠪᠳᠡᠨ᠂ ᠳᠠᠷᠤᠢ᠎ᠳᠤ᠎ᠨᠢ ᠲᠤᠬᠠᠢ ᠵᠢᠨ ᠭᠠᠵᠠᠷ᠎ᠤᠨ ᠠᠷᠠᠳ᠎ᠤᠨ ᠶᠠᠪᠤᠳᠠᠯ᠎ᠤᠨ ᠲᠣᠪᠴᠢᠶ᠎ᠠ ᠵᠢᠨ ᠠᠵᠢᠯᠲᠠᠨ᠎ᠢ ᠡᠷᠢᠵᠦ ᠨᠠᠰᠤᠲᠠᠨ᠎ᠤ ᠣᠮᠪᠤᠯ᠎ᠤᠨ᠎ᠬᠢ᠎ᠨᠢ ᠪᠠᠢ᠌ᠳᠠᠯ᠎ᠢ᠎ᠨᠢ ᠬᠢᠨᠠᠨ  ᠬᠠᠷᠭᠤᠭᠤᠯᠤᠭ᠋ᠠᠳ᠂ ᠨᠠᠰᠤᠲᠠᠨ᠎ᠤ ᠣᠮᠪᠤᠯ᠎ᠨᠢ ᠬᠡᠳᠦᠢ᠌ᠪᠡᠷ ᠨᠠᠭ᠋ᠠᠲᠤ ᠵᠠᠬ᠎ᠠ ᠵᠢᠨ ᠠᠮᠢᠳᠤᠷᠠᠯ᠎ᠤᠨ ᠪᠠᠲᠤᠯᠠᠭ᠋ᠠᠲᠤ ᠡᠷᠦᠬᠡ ᠵᠢᠨ ᠨᠦᠬᠦᠪᠦᠷᠢ ᠬᠦᠷᠳᠡᠵᠦ ᠦᠭᠡᠢ ᠪᠣᠯᠪᠠᠴᠦ ᠵᠢᠯ ᠪᠦᠷᠢ 《ᠡᠪᠡᠳᠴᠢᠨ ᠪᠣᠶᠣ ᠵᠡᠮᠳᠡᠭ᠎ᠠᠴᠠ ᠪᠣᠯᠵᠦ ᠶᠠᠳᠠᠭᠤᠷᠠᠭᠰᠠᠨ》 ᠬᠡᠦᠬᠡᠳ᠎ᠤᠨ ᠠᠮᠢᠳᠤᠷᠠᠯ᠎ᠤᠨ ᠨᠦᠬᠦᠪᠦᠷᠢ ᠬᠦᠷᠳᠡᠵᠦ ᠪᠣᠢ ᠵᠢ ᠣᠢ᠌ᠯᠠᠭ᠋ᠠᠵᠤ᠂ ᠲᠤᠬᠠᠢ ᠵᠢᠨ ᠭᠠᠵᠠᠷ᠎ᠤᠨ ᠠᠷᠠᠳ᠎ᠤᠨ ᠶᠠᠪᠤᠳᠠᠯ᠎ᠤᠨ ᠲᠣᠪᠴᠢᠶ᠎ᠠ ᠵᠢᠨ ᠠᠵᠢᠯᠲᠠᠨ ᠵᠶ᠋ᠠᠷ ᠭᠡᠷᠡᠴᠢ ᠪᠢᠴᠢᠭ ᠭᠠᠷᠭ᠋ᠠᠯᠭ᠋ᠠᠨ ᠮᠡᠰᠡ ᠵᠠᠰᠠᠯ ᠬᠢᠬᠦ᠎ᠪᠠᠷ ᠳᠠᠩᠰᠠᠯᠠᠵᠠᠢ᠃
      ᠣᠢ᠌ᠯᠠᠭ᠋ᠠᠭᠰᠠᠨ ᠵᠶ᠋ᠠᠷ᠂ ᠮᠥᠴᠢ ᠵᠥᠭᠰᠢᠷᠡᠭᠦᠯᠬᠦ ᠮᠡᠰᠡ ᠵᠠᠰᠠᠯ ᠬᠢᠬᠦ᠎ᠪᠠᠷ ᠳᠠᠩᠰᠠᠯᠠᠭᠤᠯᠤᠭᠰᠠᠨ ᠵᠢᠭ᠋ᠠᠯ ᠬᠦᠦ ᠵᠢᠨ ᠨᠡᠷ᠎ᠡ ᠵᠢ ᠰᠦᠩ ᠯᠸᠢ ᠭᠡᠳᠡᠭ᠂  ᠥᠨᠥ ᠵᠢᠯ ᠠᠷᠪᠠᠨ ᠬᠣᠶᠠᠷ ᠨᠠᠰᠤᠲᠠᠢ᠂ ᠤᠯᠠᠭ᠋ᠠᠨᠴᠠᠪ ᠬᠣᠲᠠ ᠵᠢᠨ ᠵᠦᠸᠸᠽᠢ ᠰᠢᠶᠠᠨ᠎ᠤ ᠳ᠋ᠠ ᠢᠦᠢ ᠱᠤ᠌ ᠰᠢᠶᠠᠩ᠎ᠳᠤ ᠨᠤᠲᠤᠭ᠎ᠲᠠᠢ᠂  ᠲᠡᠭᠦᠨ᠎ᠤ ᠵᠡᠭᠦᠨ ᠬᠥᠯ᠎ᠨᠢ ᠲᠥᠷᠥᠯᠬᠢ ᠵᠡᠮᠳᠡᠭ ᠡᠪᠡᠳᠴᠢᠨ᠎ᠲᠠᠢ᠃ ᠰᠦᠩ ᠯᠧᠢ ᠵᠢᠨ ᠠᠪᠤ ᠡᠵᠢ᠎ᠨᠢ ᠲᠡᠭᠦᠨ᠎ᠢ ᠳᠥᠷᠪᠡᠨ ᠨᠠᠰᠤᠲᠠᠢ᠎ᠳᠤ᠎ᠨᠢ ᠤᠷᠤᠭ ᠰᠠᠯᠤᠭᠰᠠᠨ ᠤᠴᠢᠷ᠎ᠠᠴᠠ ᠲᠡᠷᠡ ᠣᠳᠣ ᠡᠪᠦᠭᠡ ᠡᠮᠡᠭᠡ᠎ᠲᠠᠢ᠎ᠪᠠᠨ ᠴᠤᠭ ᠠᠮᠢᠳᠤᠷᠠᠵᠦ ᠪᠣᠢ᠃ ᠰᠦᠩ ᠯᠸᠢ ᠵᠢᠨ ᠠᠪᠤ᠎ᠨᠢ ᠲᠡᠷᠭᠡᠨ ᠡᠨᠳᠡᠯ᠎ᠠᠴᠠ ᠪᠣᠯᠵᠦ ᠬᠠᠷ᠎ᠠ ᠪᠦᠭᠡᠷᠡᠨ᠎ᠳᠤ᠎ᠨᠢ ᠤᠰᠤ ᠬᠤᠷᠠᠵᠦ᠂ ᠶᠡᠷᠦ ᠵᠢᠨ ᠴᠠᠭ᠎ᠲᠤ᠎ᠪᠠᠨ ᠭᠤᠤᠷᠰᠤ  ᠬᠠᠳᠬᠤᠭᠤᠯᠬᠤ ᠴᠢᠬᠤᠯᠠᠲᠠᠢ᠎ᠲᠠᠢ ᠪᠠᠢ᠌ᠵᠦ᠂ ᠬᠦᠴᠦᠨ᠎ᠤ ᠠᠵᠢᠯ ᠬᠢᠵᠦ ᠳᠡᠢ᠌ᠯᠬᠦ ᠦᠭᠡᠢ᠂  ᠵᠥᠪᠬᠡᠨ ᠠᠷᠰᠠᠷ ᠠᠵᠢᠯ ᠣᠯᠵᠦ ᠬᠢᠭᠡᠳ ᠠᠮᠢᠳᠤᠷᠠᠯ ᠵᠶ᠋ᠠᠨ ᠠᠷᠭ᠋ᠠᠴᠠᠭ᠋ᠠᠳᠠᠭ᠃  ᠡᠢ᠌ᠨ ᠬᠦ᠌  ᠲᠡᠳᠡ ᠬᠣᠶᠠᠷ ᠨᠠᠰᠤᠲᠠᠨ᠎ᠤ ᠨᠠᠭ᠋ᠠᠲᠤ ᠵᠠᠬ᠎ᠠ ᠵᠢᠨ ᠠᠮᠢᠳᠤᠷᠠᠯ᠎ᠤᠨ ᠪᠠᠲᠤᠯᠠᠭ᠋ᠠᠲᠤ ᠡᠷᠦᠬᠡ ᠵᠢᠨ ᠨᠦᠬᠦᠪᠦᠷᠢ ᠪᠣᠯᠣᠨ 《ᠡᠪᠡᠳᠴᠢᠨ ᠪᠣᠶᠣ ᠵᠡᠮᠳᠡᠭ᠎ᠠᠴᠠ ᠪᠣᠯᠵᠦ ᠶᠠᠳᠠᠭᠤᠷᠠᠭᠰᠠᠨ》 ᠬᠡᠦᠬᠡᠳ᠎ᠤᠨ ᠠᠮᠢᠳᠤᠷᠠᠯ᠎ᠤᠨ ᠨᠦᠬᠦᠪᠦᠷᠢ᠎ᠪᠠᠨ ᠯᠠ ᠲᠦᠰᠢᠵᠦ ᠨᠢᠭᠡ ᠭᠡᠷ᠎ᠤᠨ ᠬᠦᠮᠦᠰ᠎ᠤᠨ ᠵᠶ᠋ᠡᠨ ᠡᠳᠦᠷ ᠳᠣᠲᠣᠮ᠎ᠤᠨ ᠵᠠᠷᠤᠳᠠᠯ᠎ᠢ ᠰᠢᠢ᠍ᠳᠪᠦᠷᠢᠯᠡᠳᠡᠭ ᠪᠠᠢ᠌ᠨ᠎ᠠ᠃ ᠡᠳᠡᠨ᠎ᠤ᠎ᠬᠢᠨ ᠠᠮᠢᠳᠤᠷᠠᠯ᠎ᠤᠨ ᠨᠦᠬᠦᠴᠡᠯ᠎ᠨᠢ ᠠᠷᠭ᠎ᠠ ᠦᠭᠡᠢ  ᠠᠨᠠᠢ ᠤᠴᠢᠷ᠎ᠠᠴᠠ ᠰᠦᠩ ᠯᠸᠢ ᠶᠡᠷᠦ ᠡᠮᠨᠡᠯᠭᠡ ᠵᠢᠨ ᠬᠣᠷᠢᠶᠠᠨ᠎ᠳᠤ ᠣᠴᠢᠵᠦ ᠪᠠᠢ᠌ᠴᠠᠭ᠋ᠠᠯᠲᠠ ᠬᠢᠭᠰᠡᠨ ᠦᠭᠡᠢ ᠮᠥᠷᠲᠡᠭᠡᠨ ᠬᠠᠮᠢᠶ᠎ᠠ ᠪᠦᠬᠦᠢ ᠵᠠᠰᠠᠯᠭ᠎ᠠ ᠬᠢᠵᠦ ᠥᠩᠭᠡᠷᠡᠭᠰᠡᠨ ᠦᠭᠡᠢ ᠭᠡᠵᠦ ᠨᠠᠰᠤᠲᠠᠨ ᠶᠠᠷᠢᠵᠦ ᠪᠠᠢ᠌ᠯ᠎ᠠ᠃
     《ᠪᠢᠳᠡ ᠪᠦᠷ ᠨᠠᠰᠤ ᠶᠠᠪᠤᠭᠰᠠᠨ ᠤᠯᠤᠰ᠂ 〈  ᠡᠷᠡᠬᠦᠯᠵᠢᠯ᠎ᠳᠤ ᠲᠤᠰᠠᠯᠠᠬᠤ ᠢᠨᠵᠸᠨ᠋ᠸᠷᠢᠩ 〉᠎ᠢ ᠰᠣᠨᠣᠰᠴᠦ ᠥᠩᠭᠡᠷᠡᠭᠰᠡᠨ ᠦᠭᠡᠢ᠂ ᠬᠡᠷᠬᠢᠨ ᠭᠤᠶᠤᠴᠢᠯᠠᠬᠤ ᠵᠢ ᠪᠠᠰᠠ ᠮᠡᠳᠡᠬᠦ ᠦᠭᠡᠢ᠂ ᠡᠨᠳᠡᠬᠢ ᠠᠵᠢᠯᠲᠠᠨ ᠨᠠᠳᠠ᠎ᠳᠤ ᠤᠲᠠᠰᠤ ᠢᠷᠡᠭᠦᠯᠵᠦ ᠲᠦᠯᠦᠪᠦᠷᠢ ᠦᠭᠡᠢ ᠮᠡᠰᠡ ᠵᠠᠰᠠᠯ ᠬᠢᠬᠦ ᠪᠣᠯᠣᠮᠵᠢ᠎ᠲᠠᠢ ᠭᠡᠳᠡᠭ᠎ᠢ ᠮᠡᠳᠡᠭᠳᠡᠮᠡᠭᠴᠡ ᠪᠢ ᠡᠪᠦᠭᠡᠨ᠎ᠲᠠᠢ᠎ᠪᠠᠨ ᠬᠣᠶᠠᠭᠤᠯᠠ  ᠣᠮᠪᠤᠯ ᠵᠶ᠋ᠠᠨ ᠳᠠᠭ᠋ᠠᠭᠤᠯᠤᠭ᠋ᠠᠳ ᠶᠠᠭ᠋ᠠᠷᠠᠤ  ᠢᠷᠡᠭᠰᠡᠨ ᠶᠤᠮ᠃ ᠥᠪᠡᠷᠲᠡᠭᠡᠨ ᠵᠠᠰᠠᠬᠤ ᠣᠷᠣᠨ᠎ᠤ ᠡᠷᠡᠭᠦᠯᠵᠢᠯ᠎ᠤᠨ ᠲᠤᠰᠠᠯᠠᠬᠤ ᠪᠠᠭ᠋ᠠᠵᠢ ᠵᠢᠨ ᠲᠥᠪ᠎ᠤᠨ ᠠᠵᠢᠯᠲᠠᠳ᠎ᠤᠨ ᠶᠠᠷᠢᠬᠤ᠎ᠪᠠᠷ᠂ ᠳᠠᠩᠰᠠᠯᠠᠭᠰᠠᠨ᠎ᠤ ᠳᠠᠷᠠᠭ᠎ᠠ ᠤᠷᠢᠳ ᠵᠶ᠋ᠠᠷ ᠡᠮᠴᠢ᠎ᠪᠠᠷ ᠪᠠᠢ᠌ᠴᠠᠭ᠋ᠠᠯᠭ᠋ᠠᠵᠦ᠂ ᠤᠷᠤᠭᠰᠢᠲᠠᠢ ᠪᠣᠯᠪᠠᠯ ᠪᠡᠭᠡᠵᠢᠩ᠎ᠤᠨ ᠤᠯᠤᠰ᠎ᠤᠨ ᠡᠷᠡᠭᠦᠯᠵᠢᠬᠦ ᠪᠠᠭ᠋ᠠᠵᠢ ᠵᠢ ᠰᠣᠳᠣᠯᠬᠣ ᠲᠥᠪ᠎ᠤᠨ ᠬᠠᠷᠢᠶᠠᠲᠤ ᠡᠷᠡᠭᠦᠯᠵᠢᠯ᠎ᠤᠨ ᠡᠮᠨᠡᠯᠭᠡ ᠵᠢᠨ ᠬᠣᠷᠢᠶ᠎ᠠ᠎ᠳᠤ ᠣᠴᠢᠵᠦ ᠮᠥᠴᠢ ᠵᠥᠭᠰᠢᠷᠡᠭᠦᠯᠬᠦ ᠮᠡᠰᠡ ᠵᠠᠰᠠᠯ ᠬᠢᠬᠦ ᠭᠡᠨ᠎ᠡ᠂ ᠰᠠᠢ᠌ᠨ ᠪᠣᠯ ᠡᠩ᠎ᠤᠨ ᠬᠡᠦᠬᠡᠳ᠎ᠲᠠᠢ ᠳᠡᠮᠡᠢ ᠶᠡᠬᠡ ᠵᠦᠷᠢᠶ᠎ᠡ ᠦᠭᠡᠢ ᠪᠣᠯᠴᠢᠬᠠᠨ᠎ᠠ᠃ ᠣᠮᠪᠣᠯᠣ ᠮᠢᠨᠢ ᠠᠷᠪᠠᠨ ᠬᠣᠶᠠᠷᠬᠠᠨ ᠨᠠᠰᠤᠲᠠᠢ᠂ ᠵᠠᠮ᠎ᠤᠨ ᠬᠦᠵᠦᠭᠦᠦ ᠤᠷᠲᠤ ᠪᠠᠢ᠌ᠨ᠎ᠠ᠂ ᠮᠡᠰᠡ ᠵᠠᠰᠠᠯ ᠬᠢᠭᠡᠳ ᠬᠡᠪ᠎ᠤᠨ ᠪᠠᠢ᠌ᠳᠠᠯ᠎ᠳᠤ ᠣᠷᠣᠴᠢᠬᠠᠪᠠᠯ ᠪᠢᠳᠡ ᠪᠠᠰᠠ ᠰᠠᠨᠠᠭ᠎ᠠ ᠠᠮᠠᠷᠠᠨ᠎ᠠ ᠳ᠋ᠠ》 ᠭᠡᠵᠦ ᠰᠦᠩ ᠯᠸᠢ ᠵᠢᠨ ᠡᠮᠡᠭᠡ᠎ᠨᠢ ᠰᠡᠳᠬᠢᠯ ᠳᠤᠭᠳᠤᠯᠤᠨ ᠶᠠᠷᠢᠨ᠎ᠠ᠃
   ᠬᠡᠦᠬᠡᠳ ᠪᠣᠯ ᠨᠢᠭᠡ ᠭᠡᠷ ᠪᠦᠯᠢ ᠵᠢᠨ ᠬᠦᠰᠡᠯ᠂ ᠦᠨᠳᠦᠰᠦᠲᠡᠨ᠎ᠤ ᠢᠷᠡᠭᠡᠳᠦᠢ ᠪᠣᠯᠣᠨ᠎ᠠ᠂ ᠵᠡᠮᠳᠡᠭ ᠬᠡᠦᠬᠡᠳ᠎ᠨᠢ ᠨᠡᠢ᠌ᠭᠡᠮ᠎ᠤᠨ ᠣᠨᠴᠠᠠᠭ᠋ᠠᠢ ᠬᠠᠮᠲᠤ ᠴᠣᠭᠴᠠ ᠪᠣᠯᠣᠭᠰᠠᠨ᠎ᠤ ᠬᠤᠪᠢ᠎ᠳᠤ᠂ ᠬᠠᠮᠤᠭ᠎ᠤᠨ ᠠᠩᠬᠠᠷᠤᠨ ᠬᠠᠯᠠᠮᠵᠢᠯᠠᠬᠤ ᠴᠢᠬᠤᠯᠠ᠎ᠲᠠᠢ ᠬᠠᠮᠲᠤ ᠴᠣᠭᠴᠠ ᠵᠢᠨ ᠨᠢᠭᠡ᠎ᠨᠢ ᠶᠤᠮ᠃ ᠥᠪᠡᠷᠲᠡᠭᠡᠨ ᠵᠠᠰᠠᠬᠤ ᠣᠷᠣᠨ᠎ᠤ ᠡᠷᠡᠭᠦᠯᠵᠢᠯ᠎ᠤᠨ ᠲᠤᠰᠠᠯᠠᠬᠤ ᠪᠠᠭ᠋ᠠᠵᠢ ᠵᠢᠨ ᠲᠥᠪ᠎ᠤᠨ᠎ᠬᠢᠨ ᠵᠡᠮᠳᠡᠭ ᠬᠡᠦᠬᠡᠳ᠎ᠢ ᠬᠠᠪᠰᠤᠷᠤᠨ ᠳᠡᠮᠵᠢᠵᠦ᠂ ᠡᠷᠡᠭᠦᠯ ᠵᠶ᠋ᠡᠷ ᠦᠰᠦᠨ ᠲᠤᠷᠨᠢᠬᠤ᠎ᠳᠤ᠎ᠨᠢ ᠬᠦᠴᠦᠨ   ᠨᠡᠮᠡᠷᠢᠯᠡᠭᠰᠡᠭᠡᠷ ᠢᠷᠡᠭᠰᠡᠨ ᠶᠤᠮ᠃
   ᠵᠡᠮᠳᠡᠭ ᠬᠡᠦᠬᠡᠳ᠎ᠢ ᠬᠠᠯᠠᠮᠵᠢᠯᠠᠵᠦ᠂ ᠬᠠᠮᠠᠭ᠋ᠠᠯᠠᠵᠦ᠂ ᠬᠠᠢ᠌ᠷᠠᠯᠠᠵᠦ᠂ ᠲᠡᠳᠡ ᠨᠠᠷ᠎ᠲᠤ ᠨᠡᠢ᠌ᠭᠡᠮ᠎ᠤᠨ ᠶᠡᠬᠡ ᠭᠡᠷ ᠪᠦᠯᠢ ᠵᠢᠨ ᠬᠠᠢ᠌ᠷ᠎ᠠ ᠬᠠᠯᠠᠮᠵᠢ ᠪᠣᠯᠣᠨ ᠬᠠᠯᠠᠭᠤᠨ ᠳᠤᠯᠠᠭ᠋ᠠᠨ᠎ᠢ ᠮᠡᠳᠡᠷᠡᠭᠦᠯᠬᠦ᠎ᠨᠢ ᠪᠢᠳᠡ ᠪᠦᠬᠦᠨ᠎ᠤ ᠬᠠᠮᠲᠤ ᠵᠢᠨ ᠬᠠᠷᠢᠭᠤᠴᠠᠯᠭ᠎ᠠ ᠪᠠᠢ᠌ᠭ᠎ᠠ ᠶᠤᠮ᠃
  
               ᠮᠡᠳᠡᠭᠡᠯᠡᠭᠴᠢ ᠵᠢᠨ ᠬᠠᠶᠢᠭ᠄  ᠬᠦᠬᠡᠬᠤᠲᠠ ᠵᠢᠨ ᠰᠠᠢ᠌ᠬᠠᠨ ᠲᠤᠭᠤᠷᠢᠭ

 

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ 》 ᠰᠡᠳᠬᠦᠯ
          
ᠬᠠᠮᠢᠶ᠎ᠡ ᠪᠦᠬᠦᠢ ᠰᠣᠨᠢᠨ
《ᠪᠦᠰ ᠤᠭᠤᠳᠠ᠎ᠲᠠᠢ ᠴᠠᠬᠳᠠᠭ᠎ᠠ》 ᠴᠸᠨ ᠨᠤᠮᠢᠨ᠄ ᠪᠦᠰ ᠤᠭᠤᠳᠠ ᠪᠠᠭ᠎ᠠ ᠪᠤᠯᠪᠠᠴᠦ ᠦᠢ᠍ᠯᠡᠳᠦᠯ᠎ᠨᠢ ᠶᠡᠭᠡ
ᠠᠷᠠᠳ᠎ᠤᠨ ᠶᠠᠪᠤᠳᠠᠯ᠎ᠤᠨ ᠹᠷᠣᠨᠲ᠎ᠲᠤ ᠬᠤᠰᠢᠭᠤᠴᠢᠯᠠᠨ ᠣᠯᠠᠨ ᠲᠦᠮᠡᠨ᠎ᠤ ᠢᠲᠡᠭᠡᠯ ᠬᠦᠨᠳᠦ ᠵᠢ ᠬᠦᠷᠲᠡᠨᠡᠮ
ᠲᠦᠮᠡᠨ ᠣᠯᠠᠨ᠎ᠳᠤ᠎ᠪᠠᠨ ᠰᠠᠢ᠌ᠰᠢᠶᠠᠯᠳᠡᠢ 《ᠲᠦᠯ᠎ᠤᠨ ᠲᠠᠭᠤᠨ ᠺᠤᠮᠫᠠᠨᠢ》
ᠬᠦᠳᠦᠯᠦᠭᠡ ᠮᠤᠷᠢᠳᠠᠢ ᠬᠦᠮᠦᠨ ᠬᠤᠯᠠ ᠲᠠᠪᠬᠢᠳᠠᠭ
ᠠᠮᠢ ᠨᠠᠰᠣᠨ᠎ᠤ ᠢᠯᠠᠭᠤᠭᠰᠠᠨ ᠲᠠᠭᠣᠯᠠᠯ᠎ᠢ ᠴᠢᠪᠬᠠᠳᠠᠭᠰᠠᠨ ᠡᠷᠡᠭᠦᠯ ᠡᠩᠬᠡ ᠵᠢᠨ ᠡᠯᠴᠢ
 
            