— ᠬᠤᠶᠠᠷ ᠬᠡᠯᠡ᠎ᠪᠠᠷ ᠪᠢᠴᠢᠳᠡᠭ ᠤᠷᠠᠨ ᠪᠦᠳᠦᠭᠡᠯᠴᠢ ᠰᠸ᠊ · ᠡᠡᠭᠬᠡ ᠵᠢ ᠲᠡᠮᠳᠡᠭᠯᠡᠪᠡ
ᠴᠤ · ᠨᠠᠰᠤᠨᠵᠠᠶᠠᠭ᠎ᠠ ᠵᠣᠭᠢᠶᠠᠪᠠ
ᠡᠬᠡ ᠬᠡᠯᠡ᠎ᠪᠠᠷ ᠵᠶ᠋ᠡᠨ ᠤᠯᠠᠨ ᠰᠠᠢ᠌ᠬᠠᠨ ᠭᠢᠯᠪᠡᠭᠡᠨ ᠦᠭᠦᠯᠡᠯᠭᠡ ᠪᠢᠴᠢᠨ ᠨᠡᠢ᠌ᠳᠡᠯᠡᠭᠦᠯᠵᠦ᠂ ᠨᠦᠬᠦᠷᠰᠡᠭ ᠬᠤᠱ᠌ᠤᠡᠭ ᠰᠢᠯᠦᠭ ᠵᠶ᠋ᠡᠷ ᠵᠶ᠋ᠡᠨ ᠬᠡᠰᠢᠭᠳᠡᠨᠤ ᠬᠡᠳᠦ ᠵᠢ᠎ᠪᠠᠨ ᠦᠯᠡᠳᠡᠭᠡᠯ ᠦᠭᠡᠢ 《ᠲᠠᠭ᠋ᠠᠷᠢᠭᠰᠠᠨ 》 ᠰᠸ᠊ · ᠡᠡᠭᠬᠡ ᠵᠢ ᠮᠠᠨ᠎ᠤ ᠬᠢᠳ ᠪᠦᠷ ᠰᠠᠢ᠌ᠨ ᠮᠡᠳᠡᠳᠡᠭ᠃ ᠲᠡᠭᠡᠬᠦ᠎ᠳᠤ ᠬᠠᠷᠢᠨ ᠬᠢᠳᠡᠳ ᠬᠡᠯᠡ᠎ᠪᠠᠷ ᠴᠤ᠌ ᠤᠬᠤᠷ ᠦᠭᠦᠯᠡᠯᠭᠡ ᠤᠯᠠᠨ ᠪᠢᠴᠢᠵᠦ᠂ ᠶᠡᠬᠡ ᠬᠦᠷᠦᠨ᠎ᠤ ᠬᠠᠶᠠᠭ᠎ᠠ ᠲᠡᠯᠡᠵᠦ᠂ ᠬᠢᠳᠡᠳ ᠤᠡᠭᠰᠢᠭ᠍ᠴᠢ ᠵᠢᠨ ᠰᠤᠴᠢᠯ ᠭᠠᠢ᠌ᠬᠠᠯᠢ ᠲᠦᠷᠦᠭᠦᠯᠵᠤ ᠶᠠᠪᠤᠭ᠎ᠠ ᠵᠢ ᠮᠡᠳᠡᠳᠡᠭ᠎ᠨᠢ ᠴᠦᠬᠡᠨ ᠪᠠᠢ᠌ᠬ᠎ᠠ᠃
ᠲᠡᠭᠦᠨ᠎ᠤ ᠣᠷᠴᠢᠮ᠎ᠤᠨ ᠬᠡᠳᠦᠨ ᠵᠢᠯ᠎ᠳᠤ ᠪᠢᠴᠢᠭᠰᠡᠨ ᠬᠢᠳᠡᠳ ᠪᠢᠴᠢᠯ ᠦᠬᠦᠯᠡᠯᠭᠡ᠎ᠨᠢ ᠠᠮᠸᠷᠢᠭᠡ ᠵᠢᠨ ᠬᠢᠳᠡᠳ ᠬᠡᠯᠡᠨ᠎ᠤ 《ᠲᠤᠯᠤᠭ᠋ᠠᠨ ᠡᠳᠦᠷ》 ᠰᠤᠨᠢᠨ᠂ ᠰᠢᠩᠭ᠋ᠠᠫᠤᠷ᠎ᠤᠨ 《ᠠᠤᠰᠲᠷᠯᠢᠶᠡ ᠲᠢᠪ᠎ᠤᠨ ᠮᠡᠳᠡᠭᠡ》 ᠰᠤᠨᠢᠨ ᠂ᠲᠠᠢ ᠤᠯᠤᠰ᠎ᠤᠨ 《ᠲᠤᠮᠳᠠᠳᠤ ᠵᠢᠨ ᠬᠠᠷᠢᠶᠠᠳᠤ》 ᠰᠤᠨᠢᠨ ᠬᠢᠬᠡᠳ ᠰᠢᠶᠠᠩᠭ᠋ᠠᠩ᠎ᠤᠨ 《ᠤᠳᠤ ᠦᠶ᠎ᠡ ᠵᠢᠨ ᠵᠤᠬᠢᠶᠠᠯᠴᠢ》 ᠰᠡᠳᠬᠦᠯ᠂ ᠹᠦᠵᠢᠶᠠᠨ ᠮᠤᠵᠢ ᠵᠢᠨ ᠤᠳᠬ᠎ᠠ ᠤᠷᠠᠯᠢᠭ᠎ᠤᠨ ᠬᠤᠯᠪᠤᠭ᠋ᠠᠨ᠎ᠠᠴᠠ ᠡᠷᠬᠢᠯᠡᠭᠰᠡᠨ 《ᠡᠤ ᠳ᠋ᠢ ᠰᠤᠶᠤᠯ᠂ ᠪᠢᠴᠢᠯ ᠦᠬᠦᠯᠡᠯᠭᠡ》 ᠂ ᠬᠤᠨᠠᠨ ᠮᠤᠵᠢ ᠵᠢᠨ 《ᠪᠢᠴᠢᠯ ᠦᠬᠦᠯᠡᠯᠭᠡᠴᠢᠨ》᠂ 《ᠬᠤᠩᠱ᠌ᠠᠨ ᠤᠷᠤᠢ ᠵᠢᠨ ᠰᠤᠨᠢᠨ》 ᠵᠡᠷᠭᠡ ᠰᠤᠨᠢᠨ ᠰᠡᠳᠬᠦᠯ ᠪᠠ ᠤᠷᠠᠨ ᠵᠤᠬᠢᠶᠠᠯ᠎ᠤᠨ ᠲᠡᠪᠴᠡᠩ ᠵᠶ᠋ᠠᠷ ᠨᠡᠢ᠌ᠳᠡᠯᠡᠭᠳᠡᠵᠦ ᠤᠷᠢᠳ ᠬᠤᠵᠢᠳ ᠲᠤᠮᠳᠠᠳᠤ ᠵᠢᠨ ᠤᠯᠠᠮᠵᠢᠯᠠᠯᠳᠤ ᠪᠠᠶᠠᠷ ᠲᠤᠷᠠᠰᠬᠠᠯ᠎ᠤᠨ ᠡᠳᠦᠷ᠎ᠤᠨ ᠲᠤᠰᠬᠠᠢ ᠰᠡᠳᠦᠪᠳᠤ ᠪᠢᠴᠢᠯ ᠦᠬᠦᠯᠡᠯᠭᠡ ᠵᠢᠨ ᠲᠡᠭᠦᠪᠦᠷᠢ 《ᠳ᠋ᠸᠩ᠎ᠤᠨ ᠬᠡᠷᠡᠯ》᠂ ᠠᠩᠬᠠᠳᠠᠭᠴᠢ ᠨᠤᠳᠤᠭ᠎ᠤᠨ ᠬᠦᠮᠦᠰ᠎ᠤᠨ ᠦᠯᠢᠭᠡᠷ ᠵᠶ᠋ᠠᠷ ᠰᠡᠳᠦᠪᠯᠡᠭᠰᠡᠨ ᠨᠤᠮ 《ᠤᠨ ᠵᠢᠯ》 ᠂ ᠬᠤᠨᠠᠨ ᠮᠤᠵᠢ᠎ᠠᠴᠠ ᠬᠡᠪᠯᠡᠭᠦᠯᠦᠭᠰᠡᠨ 《ᠲᠠᠨ᠎ᠤ ᠲᠠᠭ᠋ᠠᠰᠢᠶᠠᠯ᠎ᠳᠤ᠎ᠬᠢ ᠪᠢᠴᠢᠯ ᠦᠬᠦᠯᠡᠯᠭᠡ》 《ᠲᠦᠷᠦᠭᠰᠡᠨ ᠡᠳᠦᠷ》 ᠵᠡᠷᠭᠡ ᠨᠤᠮ ᠲᠡᠭᠦᠪᠦᠷᠢ᠎ᠳᠤ ᠰᠤᠩᠭᠤᠭᠳᠠᠨ᠂ ᠬᠡᠰᠢᠭᠳᠡᠨ ᠬᠡᠮᠡᠬᠦ ᠰᠤᠤ ᠪᠢᠯᠢᠭᠳᠦ ᠦᠬᠢᠳ ᠬᠦᠪᠡᠭᠦᠳ ᠲᠦᠷᠦᠳᠡᠭ ᠭᠠᠵᠠᠷ ᠤᠰᠤᠨ᠎ᠤ ᠠᠪᠢᠶᠠᠰ ᠪᠢᠯᠢᠭᠳᠦ ᠮᠤᠩᠭᠤᠯ ᠡᠷ᠎ᠡ ᠵᠢᠨ ᠠᠯᠳᠠᠷ᠎ᠢ ᠬᠢᠳᠡᠳ ᠤᠷᠠᠨ ᠵᠤᠬᠢᠶᠠᠯᠴᠢᠳ᠎ᠤᠨ ᠡᠡᠭᠨᠡᠭᠡᠨᠳᠤ ᠬᠢᠯᠠᠯᠵᠠᠭᠤᠯᠤᠭᠰᠠᠨ ᠪᠢᠯᠡ᠃
ᠡᠡᠭᠬᠡ ᠵᠢ ᠠᠷᠪᠠᠭ᠋ᠠᠳ ᠨᠠᠰᠤᠳᠠᠢ ᠦᠶ᠎ᠡ᠎ᠳᠤ ᠲᠡᠳᠡᠨ᠎ᠤ᠎ᠬᠢᠨ ᠬᠤᠰᠢᠭᠤᠨ᠎ᠤ ᠲᠦᠪ ᠪᠢᠷᠠᠭᠤ ᠪᠠᠯᠭ᠋ᠠᠰᠤᠨ᠎ᠳᠤ ᠨᠡᠭᠦᠨ ᠢᠷᠡᠭᠰᠡᠨ ᠠᠴᠠ ᠦᠭᠡ ᠬᠡᠯᠡᠨ᠎ᠤ ᠤᠷᠴᠢᠨ ᠲᠤᠭᠤᠷᠢᠨ᠎ᠨᠢ ᠬᠢᠳᠡᠳ ᠬᠡᠯᠡ ᠰᠤᠷᠴᠦ ᠶᠠᠷᠢᠬᠤ ᠰᠠᠢ᠌ᠨ ᠪᠤᠯᠤᠮᠵᠢ ᠵᠢ ᠤᠯᠭᠤᠵᠤ᠂ ᠬᠥᠷᠰᠢ ᠵᠡᠷᠭᠡᠯᠡᠳᠡᠭᠡ ᠵᠢᠨ ᠬᠡᠤᠬᠡᠳ᠎ᠤᠳ᠎ᠲᠠᠢ ᠡᠳᠦᠷᠵᠢᠨ ᠨᠠᠭ᠋ᠠᠳᠴᠦ ᠵᠤᠳᠤᠯᠳᠤᠵᠤ ᠶᠠᠪᠤᠬᠤ᠎ᠳᠤ᠎ᠪᠠᠨ ᠨᠢᠭᠡ ᠮᠡᠳᠡᠬᠦ᠎ᠳᠤ ᠬᠤᠶᠠᠷ ᠬᠡᠯᠡ᠎ᠪᠠᠷ ᠤᠰᠤ ᠴᠠᠰᠤ ᠰᠢᠭ᠋ ᠲᠡᠭᠰᠢᠬᠡᠨ ᠶᠠᠷᠢᠳᠠᠭ ᠪᠤᠯᠭ᠋ᠠᠵᠠᠢ᠃ ᠰᠠᠢ᠌ᠨ ᠨᠠᠢ᠌ᠵᠠ ᠪᠤᠯᠵᠠᠭ᠋ᠠᠭᠰᠠᠨ ᠤ ᠬᠤᠪᠢ᠎ᠳᠤ ᠡᠡᠭᠬᠡ ᠪᠢᠴᠢᠬᠠᠨ ᠨᠠᠢ᠌ᠵᠠ ᠨᠠᠷ᠎ᠠᠴᠠ᠎ᠪᠠᠨ ᠬᠢᠳᠡᠳ ᠨᠤᠮ᠎ᠢ᠎ᠨᠢ ᠵᠢᠭᠡᠯᠡᠨ ᠦᠵᠡᠵᠦ ᠲᠠᠨᠢᠬᠤ ᠦᠭᠡᠢ ᠦᠰᠦᠭ ᠵᠶ᠋ᠡᠨ ᠲᠤᠯᠢ ᠪᠢᠴᠢᠭ᠎ᠠᠴᠠ ᠡᠷᠢᠵᠦ ᠬᠦᠳᠡᠭᠡ᠎ᠠᠴᠠ ᠢᠷᠡᠭᠰᠡᠨ ᠪᠤᠰᠤᠳ ᠨᠦᠬᠦᠳ ᠵᠶ᠋ᠡᠨ ᠦᠵᠡᠪᠡᠯ ᠬᠢᠳᠡᠳ ᠬᠡᠯᠡᠨ᠎ᠤ ᠬᠢᠷᠢ ᠬᠡᠮᠵᠢᠶ᠎ᠡ᠎ᠨᠢ ᠮᠠᠰᠢ ᠬᠤᠷᠳᠤᠨ ᠲᠡᠭᠡᠭᠰᠢᠯᠡᠭᠰᠡᠨ ᠪᠠᠢ᠌ᠳᠠᠭ᠃
《ᠬᠦᠳᠦᠯᠦᠭᠡ ᠮᠤᠷᠢ᠎ᠲᠠᠢ ᠬᠦᠮᠦᠨ ᠬᠤᠯᠠ ᠵᠢ ᠵᠤᠷᠢᠨ᠎ᠠ》 ᠭᠡᠳᠡᠭ ᠵᠶ᠋ᠡᠷ ᠰᠸ᠊ · ᠡᠡᠭᠬᠡ ᠮᠠᠨᠢ ᠡᠬᠡ ᠬᠡᠯᠡᠨ᠎ᠤ᠎ᠪᠠᠨ ᠪᠠᠶᠠᠨ ᠲᠠᠡᠭᠰᠤᠭᠢ ᠬᠦᠨᠵᠡᠭᠡᠢ ᠡᠵᠡᠮᠰᠢᠵᠦ ᠰᠢᠯᠦᠭ ᠨᠠᠢ᠌ᠷᠠᠭᠤᠯᠤᠯ᠂ ᠭᠢᠯᠪᠡᠭᠡᠨ ᠦᠭᠦᠯᠡᠯᠭᠡ ᠲᠤᠭᠤᠷᠪᠢᠬᠤ᠎ᠳᠤ᠎ᠪᠠᠨ ᠲᠠᠯᠠᠢ ᠪᠠᠶᠠᠨ ᠮᠤᠡᠭᠭᠤᠯ ᠰᠤᠶᠤᠯ᠂ ᠲᠠᠯ᠎ᠠ ᠨᠤᠳᠤᠭ᠎ᠤᠨ ᠰᠡᠳᠦᠪᠳᠦ ᠤᠷᠠᠨ ᠵᠤᠬᠢᠶᠠᠯ ᠵᠶ᠋ᠠᠨ ᠦᠭᠡᠷ᠎ᠡ ᠦᠨᠳᠦᠰᠦᠳᠡᠨ᠎ᠤ ᠠᠬᠠᠨ ᠲᠡᠭᠦᠤᠰ᠎ᠲᠤ ᠮᠡᠳᠡᠭᠦᠯᠵᠦ ᠲᠠᠨᠢᠭᠤᠯᠤᠶ᠎ᠠ ᠭᠡᠬᠦ ᠡᠭᠦᠳᠡᠨ᠎ᠠᠴᠠ ᠬᠢᠳᠡᠳ ᠬᠡᠯᠡ᠎ᠪᠠᠷ ᠪᠢᠴᠢᠵᠦ ᠤᠷᠤᠯᠳᠤᠵᠤ ᠦᠵᠡᠶ᠎ᠡ ᠬᠡᠮᠡᠨ ᠪᠢᠷ ᠪᠢᠯᠢᠭ ᠵᠶ᠋ᠡᠨ ᠬᠤᠷᠴᠠᠯᠠᠪᠠ᠃ 2015 ᠤᠨ᠎ᠳᠤ 《ᠬᠤᠯᠤᠰᠤᠳᠤ ᠭᠤᠤ ᠵᠢᠨ ᠲᠤᠷᠠᠰᠤᠮᠵᠢ》 ᠬᠡᠮᠡᠬᠦ ᠬᠢᠳᠡᠳ ᠨᠠᠢ᠌ᠷᠠᠭᠤᠯᠤᠯ ᠵᠶ᠋ᠠᠨ ᠬᠡᠰᠢᠭᠳᠡᠨ ᠤ ᠤᠳᠬ᠎ᠠ ᠤᠷᠠᠯᠢᠭ᠎ᠤᠨ ᠬᠤᠯᠪᠤᠭ᠋ᠠᠨ᠎ᠠᠴᠠ ᠡᠷᠬᠢᠯᠡᠵᠤ ᠪᠠᠢ᠌ᠭ᠎ᠠ 《ᠨᠠᠷᠠᠰᠤᠳᠤ ᠲᠠᠯ᠎ᠠ》 ᠰᠡᠳᠭᠦᠯ᠎ᠳᠤ ᠦᠭᠭᠦᠭᠰᠡᠨ᠎ᠳᠤ ᠨᠠᠢ᠌ᠷᠠᠭᠤᠯᠤᠭᠴᠢ ᠪᠠᠭᠰᠢ᠎ᠨᠢ ᠶᠡᠬᠡᠳᠡ ᠰᠤᠴᠢᠰᠬᠢᠵᠦ 《ᠦᠨᠡᠬᠡᠷ ᠰᠡᠳᠬᠢᠭᠳᠡᠰᠢ ᠦᠭᠡᠢ᠂ ᠮᠠᠨ᠎ᠤ ᠬᠡᠰᠢᠭᠳᠡᠨ᠎ᠳᠤ ᠪᠠᠰᠠ ᠮᠤᠡᠭᠭᠤᠯ ᠵᠶ᠋ᠠᠷ ᠰᠤᠷᠤᠭ᠋ᠠᠳ ᠬᠢᠳᠡᠳ ᠵᠶ᠋ᠡᠷ ᠪᠢᠴᠢᠳᠡᠭ ᠬᠦᠮᠦᠨ ᠪᠠᠢ᠌ᠭ᠎ᠠ ᠰᠢᠳᠡ》 ᠬᠡᠮᠡᠨ ᠭᠠᠢ᠌ᠬᠠᠭᠰᠠᠨ ᠬᠠᠷᠠᠴᠠ᠎ᠪᠠᠷ ᠲᠤᠡᠭ ᠤᠳᠠᠭ᠋ᠠᠨ ᠰᠢᠷᠳᠡᠯ᠎ᠡ ᠭᠡᠳᠡᠭ᠃ ᠡᠨᠡ ᠬᠦ᠌ ᠵᠤᠬᠢᠶᠠᠯ᠎ᠨᠢ ᠨᠡᠢ᠌ᠳᠡᠯᠡᠭᠳᠡᠭᠰᠡᠨᠤ ᠲᠠᠷᠠᠭ᠎ᠠ ᠬᠢᠳᠡᠳ ᠵᠶ᠋ᠡᠷ ᠪᠢᠴᠢᠳᠡᠭ ᠤᠯᠠᠨ ᠰᠠᠢ᠌ᠬᠠᠨ ᠪᠢᠷ᠎ᠤᠨ ᠨᠠᠢ᠌ᠵᠠ ᠵᠢᠨ ᠤᠷᠮ᠎ᠠ᠎ᠪᠠᠷ ᠲᠡᠳᠭᠦᠭᠰᠡᠨ ᠰᠠᠢ᠌ᠬᠠᠨ ᠵᠦᠡᠭᠨᠡᠯᠢ ᠲᠤᠰᠴᠦ ᠶᠠᠪᠤᠵᠠᠢ ᠃
ᠪᠠᠭ᠎ᠠ ᠨᠠᠰᠤᠨ᠎ᠤ ᠡᠡᠭᠬᠡ ᠨᠤᠮ ᠪᠢᠴᠢᠭ᠎ᠲᠤ ᠲᠤᠢ᠌ᠯ᠎ᠤᠨ ᠪᠠᠬᠠᠳᠠᠢ ᠪᠠᠢ᠌ᠵᠦ 《ᠴᠤᠮᠤᠷᠯᠢᠭ 》 《ᠨᠠᠬᠢᠶ᠎ᠠ 》 ᠰᠡᠳᠭᠦᠯ᠎ᠢ ᠠᠯᠳᠠᠯ ᠦᠭᠡᠢ ᠤᠩᠰᠢᠨ᠂ ᠮᠤᠡᠭᠭᠤᠯ᠂ ᠬᠢᠳᠡᠳ᠂ ᠶᠠᠫᠤᠨ ᠬᠡᠯᠡᠨ᠎ᠳᠤ ᠴᠠᠭ᠋ᠠᠷᠠᠵᠤ᠂ ᠤᠷᠴᠢᠭᠤᠯᠤᠭᠴᠢ ᠶᠠᠪᠤᠭᠰᠠᠨ ᠠᠪᠤ ᠵᠢᠨ ᠵᠶ᠋ᠡᠨ ᠦᠯᠡᠳᠡᠭᠡᠵᠦ ᠦᠭᠭᠦᠭᠰᠡᠨ ᠪᠤᠷᠤ ᠬᠠᠪᠢᠰᠤᠳᠠᠢ ᠡᠳᠦᠷ᠎ᠤᠨ ᠲᠡᠮᠳᠡᠭᠯᠡᠯ᠎ᠢ ᠤᠷᠪᠠᠭᠤᠯᠵᠤ ᠠᠪᠤ ᠵᠢᠨ᠎ᠪᠠᠨ ᠠᠮᠢᠳᠤ ᠰᠡᠷᠡᠭᠦᠨ ᠦᠶ᠎ᠡ᠎ᠳᠤ᠎ᠪᠠᠨ ᠪᠢᠴᠢᠨ ᠦᠯᠡᠳᠡᠭᠡᠭᠰᠡᠨ ᠨᠤᠳᠤᠭ ᠤᠰᠤᠨ᠎ᠤ᠎ᠪᠠᠨ ᠲᠤᠬᠠᠢ ᠤᠯᠠᠨ ᠠᠷᠪᠢᠨ ᠰᠢᠯᠦᠭ᠎ᠢ᠎ᠨᠢ ᠪᠠᠬᠠᠷᠬᠠᠨ ᠤᠡᠭᠰᠢᠵᠦ ᠠᠪᠤ᠎ᠲᠠᠢ᠎ᠪᠠᠨ ᠠᠳᠠᠯᠢᠬᠠᠨ ᠰᠢᠯᠦᠭ ᠪᠢᠴᠢᠬᠦ ᠶᠤᠮᠰᠠᠨ ᠭᠡᠵᠦ ᠤᠨᠠᠭ᠋ᠠᠨ ᠪᠠᠭ᠎ᠠ ᠵᠢᠨ ᠪᠠᠯᠴᠢᠷᠬᠠᠨ ᠤᠢ ᠤᠬᠠᠭ᠋ᠠᠨ᠎ᠳᠤ᠎ᠪᠠᠨ ᠪᠢᠰᠢᠯᠭ᠋ᠠᠵᠤ ᠲᠠᠰᠬᠠᠯ᠎ᠤᠨ ᠲᠡᠪᠳᠡᠷ᠎ᠤᠨ ᠵᠶ᠋ᠡᠨ ᠠᠷᠤ ᠦᠪᠦᠷ ᠵᠶ᠋ᠡᠷ ᠲᠤᠯᠤᠭ᠋ᠠᠢ ᠬᠤᠯᠪᠤᠵᠤ ᠤᠯᠠᠨ ᠴᠤ᠌ ᠰᠢᠯᠦᠭ ᠪᠢᠴᠢᠭᠰᠡᠨ᠃
ᠲᠡᠷᠡ᠎ᠪᠠᠷ ᠠᠡᠭᠬ᠎ᠠ ᠲᠤᠮᠳᠠᠳᠤ ᠵᠢᠨ ᠬᠤᠶᠠᠳᠤᠭ᠋ᠠᠷ ᠤᠨ᠎ᠳᠤ᠎ᠪᠠᠨ 《ᠨᠤᠭᠤᠷᠠᠰᠢ ᠦᠭᠡᠢ ᠡᠷᠡᠰ ᠬᠠᠳᠠᠭᠤ ᠴᠢᠨᠠᠷᠲᠠᠢ᠂ ᠬᠤᠪᠢᠷᠠᠰᠢ ᠦᠭᠡᠢ ᠮᠦᠡᠭᠬᠡ ᠨᠤᠭᠤᠭ᠋ᠠᠨ ᠦᠡᠭᠭᠡᠲᠠᠢ᠂ ᠪᠢ ᠨᠠᠷᠠᠰᠤ ᠰᠢᠭ᠋ ᠬᠦᠴᠢᠷ᠎ᠤᠨ ᠡᠮᠦᠨ᠎ᠡ ᠬᠦᠯ ᠨᠤᠭᠤᠷᠠᠬᠤ ᠦᠭᠡᠢ᠂ ᠪᠡᠷᠬᠡ ᠵᠢᠨ ᠡᠮᠦᠨ᠎ᠡ ᠪᠡᠶ᠎ᠡ ᠪᠦᠬᠦᠢ᠌ᠬᠦ ᠦᠭᠡᠢ᠂ ᠬᠠᠳᠠᠨ ᠪᠠᠳᠤ ᠲᠦᠪ ᠴᠢᠡᠭᠭ᠎ᠠ ᠬᠦᠮᠦᠨ ᠪᠤᠯᠤᠨ᠎ᠠ》 ᠬᠡᠮᠡᠨ ᠠᠪᠤ ᠵᠢᠨ ᠨᠤᠳᠤᠭ ᠬᠤᠯᠠᠨ ᠰᠢᠷᠭ᠎ᠠ ᠲᠠᠭ᠎ᠠ ᠵᠢᠨ ᠡᠯᠡᠰᠤᠨ᠎ᠳᠤ᠎ᠬᠢ ᠨᠠᠷᠠᠰᠤᠨ ᠮᠤᠳᠤ᠎ᠪᠠᠷ ᠰᠡᠳᠦᠪᠯᠡᠨ ᠪᠢᠴᠢᠭᠰᠡᠨ ᠵᠠᠳᠠᠭ᠋ᠠᠢ ᠰᠢᠯᠦᠭ᠎ᠤᠨ ᠠᠪᠳᠠᠯ᠂ ᠴᠢᠯᠦᠭᠡᠳᠦ ᠬᠡᠯᠪᠡᠷᠢ ᠪᠦᠬᠦᠢ ᠪᠦᠳᠦᠭᠡᠯ᠎ᠢ᠎ᠨᠢ ᠰᠠᠢ᠌ᠬᠠᠨ ᠵᠤᠬᠢᠠᠯ ᠬᠡᠮᠡᠨ ᠬᠡᠯᠡ ᠪᠢᠴᠢᠭ᠎ᠤᠨ ᠪᠠᠭᠰᠢ ᠤᠯᠠᠭ᠋ᠠᠨᠳᠤᠶᠠᠭᠠᠨᠢ ᠤᠯᠠᠨ ᠨᠦᠬᠦᠳᠤᠨᠬᠢᠨᠢ ᠡᠮᠦᠨ᠎ᠡ ᠤᠡᠭᠰᠢᠵᠦ ᠤᠷᠮ᠎ᠠ ᠬᠠᠢ᠌ᠷᠠᠯᠠᠭᠰᠠᠨ᠎ᠠᠴᠠ ᠵᠤᠬᠢᠶᠠᠨ ᠪᠢᠴᠢᠯᠭᠡ ᠵᠢᠨ ᠲᠠᠰᠬᠠᠯ ᠪᠤᠯᠭ᠋ᠠᠨ ᠵᠶ᠋ᠠᠨ ᠮᠠᠰᠢ ᠬᠢᠨᠠᠮᠠᠭ᠋ᠠᠢ ᠪᠡᠶᠡᠯᠡᠭᠦᠯᠵᠦ ᠠᠡᠭᠬᠢ ᠨᠢᠭᠡᠴᠢ ᠳᠤ᠎ᠪᠠᠨ ᠤᠯᠠᠨᠳᠠ ᠰᠠᠢ᠌ᠰᠢᠶᠠᠭᠳᠠᠵᠤ᠂ ᠪᠠᠭᠰᠢ ᠪᠠ ᠨᠦᠬᠦᠳ ᠤᠨ ᠲᠤᠮᠳᠠ᠎ᠪᠠᠨ 《ᠪᠢᠴᠢᠬᠠᠨ ᠵᠤᠬᠢᠶᠠᠯᠴᠢ》 ᠬᠡᠮᠡᠨ ᠲᠠᠭᠤᠳᠠᠭᠳᠠᠬᠤ ᠪᠤᠯᠪᠠ᠃ ᠡᠨᠡ ᠬᠦ᠌ ᠪᠦᠳᠦᠭᠡᠯ᠎ᠨᠢ ᠨᠠᠶᠠᠨ ᠲᠦᠷᠪᠡᠨ ᠤᠨ᠎ᠤ 《ᠤᠯᠠᠭ᠋ᠠᠨ ᠬᠠᠳᠠ ᠵᠢᠨ ᠡᠳᠦᠷ᠎ᠤᠨ ᠰᠤᠨᠢᠨ》 ᠲᠡᠭᠡᠷ᠎ᠡ ᠤᠤᠭ᠋ᠠᠨ ᠪᠦᠳᠦᠭᠡᠯ᠎ᠤᠨ ᠬᠤᠪᠢ᠎ᠪᠠᠷ ᠨᠡᠢ᠌ᠳᠡᠯᠡᠭᠳᠡᠵᠦ ᠤᠢ ᠪᠢᠯᠢᠭ ᠬᠤᠷᠴᠠ ᠰᠡᠷᠡᠯ᠎ᠢ᠎ᠨᠢ ᠤᠯᠠᠮ ᠪᠠᠳᠠᠷᠠᠭ᠋ᠠᠵᠦ ᠤᠴᠢᠯᠠᠭᠤᠯᠤᠭᠰᠠᠨᠠᠴᠠ ᠤᠳᠤ ᠪᠤᠯᠬᠤ᠎ᠳᠤ ᠰᠸ᠊ · ᠡᠡᠭᠬᠡ ᠮᠠᠨᠢ ᠤᠯᠤᠰ ᠤᠷᠤᠨ᠎ᠤ ᠰᠤᠨᠢᠨ ᠰᠡᠳᠭᠦᠯ ᠵᠶ᠋ᠡᠷ ᠬᠤᠤᠰ ᠬᠡᠯᠡ᠎ᠪᠠᠷ ᠵᠤᠬᠢᠶᠠᠨ ᠪᠦᠳᠦᠭᠡᠵᠦ ᠨᠡᠢ᠌ᠳᠡᠯᠡᠭᠦᠯᠦᠭᠰᠡᠨ ᠪᠦᠳᠦᠭᠡᠯ ᠵᠠᠭᠤ ᠭᠠᠷᠤᠢ ᠪᠣᠢ᠃
ᠰᠸ᠊ · ᠡᠡᠭᠬᠡ ᠮᠠᠨᠢ ᠡᠬᠡ ᠬᠡᠯᠡ᠎ᠪᠠᠷ ᠵᠶ᠋ᠡᠨ ᠪᠢᠴᠢᠭᠰᠡᠨ ᠨᠠᠢ᠌ᠷᠠᠭᠤᠯᠤᠯ 《ᠶᠠᠭᠡ ᠬᠠᠢ᠌ᠷ᠎ᠠ》 ᠨᠢ 2013 ᠤᠨ᠎ᠤ ᠪᠦᠬᠦ ᠤᠯᠤᠰ᠎ᠤᠨ ᠬᠤᠶᠠᠳᠤᠭ᠋ᠠᠷ ᠤᠳᠠᠭ᠋ᠠᠨ᠎ᠤ ᠨᠡᠢ᠍ᠮᠠᠨ ᠮᠤᠵᠢ ᠤᠷᠤᠨ᠎ᠤ ᠮᠤᠩᠭᠤᠯ ᠰᠦᠯᠵᠢᠶᠡᠨ᠎ᠤ ᠤᠷᠠᠨ ᠵᠤᠬᠢᠶᠠᠯ᠎ᠤᠨ ᠤᠷᠤᠯᠳᠤᠭ᠋ᠠᠨ᠎ᠤ ᠰᠢᠯᠢᠳᠡᠭ ᠱᠠᠩᠨᠠᠯ᠂ 《ᠵᠡᠬᠦᠳᠦᠨ᠎ᠳᠤ ᠢᠷᠡᠳᠡᠭ ᠡᠮᠡᠭᠡ》 ᠨᠠᠢ᠌ᠷᠠᠭᠤᠯᠤᠯ ᠵᠶ᠋ᠠᠷ ᠵᠶ᠋ᠠᠨ 2015 ᠤᠨ᠎ᠤ ᠪᠦᠬᠦ ᠤᠯᠤᠰ᠎ᠤᠨ ᠭᠤᠷᠪᠠᠳᠤᠭ᠋ᠠᠷ ᠤᠳᠠᠭ᠋ᠠᠨ᠎ᠤ ᠨᠡᠢ᠍ᠮᠠᠨ ᠮᠤᠵᠢ ᠤᠷᠤᠨ᠎ᠤ ᠮᠤᠩᠭᠤᠯ ᠰᠦᠯᠵᠢᠶᠡᠨ᠎ᠤ ᠤᠷᠠᠨ ᠵᠤᠬᠢᠶᠠᠯ᠎ᠤᠨ ᠤᠷᠤᠯᠳᠤᠭ᠋ᠠᠨ᠎ᠤ ᠲᠡᠳ᠋ ᠪᠠᠢ᠌ᠷᠢᠨ᠎ᠳᠤ᠂ 2017 ᠤᠨ᠎ᠳᠤ 《ᠬᠤᠯᠤᠰᠤᠳᠤ ᠭᠤᠤ ᠪᠤᠶᠤ ᠬᠤᠷᠯᠠᠭᠳᠠᠵᠤ ᠶᠠᠪᠤᠭᠰᠠᠨ ᠪᠠᠭ᠎ᠠ ᠨᠠᠰᠤ》 ᠪᠦᠳᠦᠭᠡᠯ ᠵᠶ᠋ᠠᠷ ᠵᠶ᠋ᠠᠨ ᠤᠯᠠᠭ᠋ᠠᠨᠬᠠᠳᠠ ᠷᠠᠳᠢᠤ᠋ ᠲᠸᠯᠸᠢᠰ ᠬᠤᠷᠢᠶ᠎ᠠ᠎ᠠᠴᠠ ᠡᠷᠬᠢᠯᠡᠭᠰᠡᠨ ᠨᠡᠢ᠍ᠮᠠᠨ ᠮᠤᠵᠢ ᠤᠷᠤᠨ᠎ᠤ ᠷᠠᠳᠢᠣ᠋ ᠲᠸᠯᠸᠢᠰ ᠤᠷᠠᠨ ᠵᠤᠬᠢᠶᠠᠯ᠎ᠤᠨ ᠤᠷᠤᠯᠳᠤᠭ᠋ᠠᠨ᠎ᠤ ᠰᠢᠯᠢᠳᠡᠭ ᠱᠠᠩᠨᠠᠯ ᠵᠡᠷᠭᠡ ᠱᠠᠩᠨᠠᠯ᠎ᠢ ᠬᠦᠷᠳᠡᠵᠦ ᠶᠠᠪᠤᠭᠰᠠᠨ ᠪᠤᠯ ᠬᠢᠳᠡᠳ ᠵᠶ᠋ᠠᠷ ᠪᠢᠴᠢᠭᠰᠡᠨ ᠪᠢᠴᠢᠯ ᠦᠬᠦᠯᠡᠯᠭᠡ ᠵᠢᠨ ᠪᠦᠳᠦᠭᠡᠯ᠎ᠨᠢ 2019 ᠤᠨ᠎ᠳᠤ ᠪᠦᠬᠦ ᠤᠯᠤᠰ᠎ᠤᠨ 《ᠴᠠᠭ᠋ᠠᠨ ᠰᠠᠷ᠎ᠠ ᠵᠢᠨ ᠨᠠᠢ᠌ᠷ ᠪᠠᠶᠠᠷ》 ᠲᠤᠰᠬᠠᠢ ᠰᠡᠳᠦᠪᠳᠤ ᠤᠷᠠᠨ ᠵᠤᠬᠢᠶᠠᠯ᠎ᠤᠨ ᠤᠷᠤᠯᠳᠤᠭ᠋ᠠᠨ᠎ᠳᠤ 《ᠤᠬᠢ ᠪᠦᠳᠦᠭᠡᠯ》᠎ᠤᠨ ᠱᠠᠩᠨᠠᠯ᠂ 2022 ᠤᠨ᠎ᠤ ᠦᠪᠦᠷ ᠮᠤᠩᠭᠤᠯ᠎ᠤᠨ ᠬᠢᠳᠠᠳ ᠪᠢᠴᠢᠯ ᠦᠬᠦᠯᠡᠯᠭᠡ ᠵᠢᠨ ᠨᠡᠢ᠌ᠬᠡᠮᠯᠢᠭ᠎ᠤᠨ 《2021 ᠤᠨ᠎ᠤ ᠠᠷᠪᠠᠨ ᠰᠤᠳᠤᠨ ᠪᠦᠳᠦᠬᠡᠯ》 ᠰᠢᠯᠭ᠋ᠠᠷᠠᠭᠤᠯᠬᠤ ᠤᠷᠤᠯᠳᠤᠭ᠋ᠠᠨ᠎ᠳᠤ ᠭᠤᠷᠪᠠᠳᠤᠭ᠋ᠠᠷ ᠲᠡᠰ᠎ᠤᠨ ᠱᠠᠩᠨᠠᠯ᠂ ᠬᠡᠰᠢᠭᠳᠡᠨ ᠬᠤᠰᠢᠭᠤᠨ᠎ᠤ ᠬᠠᠮ ᠵᠠᠭᠤᠴᠢᠯᠠᠭᠤᠷ᠎ᠤᠨ ᠲᠦᠪ᠎ᠠᠴᠠ ᠡᠷᠭᠢᠯᠡᠭᠰᠡᠨ 《ᠬᠤᠩᠭᠤ ᠵᠢᠨ ᠲᠠᠪᠠᠭ᠎ᠠ》 ᠬᠤᠨᠳᠠᠭ᠋ᠠᠳᠤ 《ᠨᠤᠮᠢᠨ ᠨᠤᠭᠤᠭ᠋ᠠᠨ ᠠᠭᠤᠯᠠ ᠤᠰᠤ᠂ ᠰᠤᠮᠤ ᠪᠠᠯᠭ᠋ᠠᠰᠤᠨ᠎ᠤ ᠠᠶᠠᠯᠠᠯ》 ᠠᠮᠢ ᠠᠬᠤᠢ ᠵᠢᠨ ᠰᠡᠳᠦᠪᠳᠤ ᠪᠠᠷᠢᠮᠳᠠᠳᠤ ᠨᠠᠢ᠌ᠷᠠᠭᠤᠯᠤᠯ᠎ᠤᠨ ᠤᠷᠤᠯᠳᠤᠭ᠋ᠠᠨ᠎ᠤ ᠭᠤᠷᠪᠠᠳᠤᠭ᠋ᠠᠷ ᠲᠡᠰ᠎ᠤᠨ ᠱᠠᠩᠨᠠᠯ ᠵᠡᠷᠭᠡ ᠵᠢ ᠲᠤᠰᠴᠡᠢ᠃
ᠰᠸ᠊ · ᠡᠡᠭᠬᠡ ᠮᠠᠨᠢ ᠬᠢᠳᠡᠳ ᠮᠤᠡᠭᠭᠤᠯ ᠬᠤᠶᠠᠷ ᠬᠡᠯᠡ᠎ᠪᠠᠷ ᠵᠤᠬᠢᠶᠠᠨ ᠪᠦᠳᠦᠭᠡᠬᠦᠳᠤᠪᠠᠨ ᠤᠳᠤᠬᠢ ᠡᠷᠡᠨ᠎ᠤ ᠬᠦᠮᠦᠰ᠎ᠤᠨ ᠠᠮᠢᠳᠤᠷᠠᠯ᠎ᠤᠨ ᠬᠦᠭ ᠠᠢ᠌ᠵᠠᠮ ᠮᠠᠰᠢ ᠬᠤᠷᠳᠤᠨ᠂ ᠪᠠᠴᠢᠮ ᠪᠤᠯᠤᠭᠰᠠᠨ ᠠᠬᠤᠢ ᠪᠠᠢ᠌ᠳᠠᠯ ᠳᠤ ᠵᠤᠬᠢᠴᠠᠭᠤᠯᠤᠨ 《ᠪᠢᠴᠢᠯ》 《ᠤᠬᠤᠷ》 ᠠᠷᠭ᠎ᠠ ᠵᠢ ᠤᠷᠠᠨ ᠵᠶ᠋ᠠᠷ ᠭᠡᠷᠡᠭᠯᠡᠵᠤ ᠲᠦᠬᠦᠮ ᠲᠦᠳᠡ ᠬᠡᠳᠦᠨ ᠵᠠᠭᠤᠨ ᠦᠰᠦᠭ᠎ᠤᠨ ᠬᠡᠯᠡ ᠬᠡᠯᠡᠯᠭᠡ᠎ᠪᠠᠷ ᠬᠦᠮᠦᠨ ᠪᠠᠢ᠌ᠭ᠋ᠠᠯᠢ ᠵᠢᠨ ᠡᠶ᠎ᠡ ᠵᠤᠬᠢᠴᠠᠯ᠂ ᠮᠦᠡᠭᠬᠡ ᠵᠢᠨ ᠬᠠᠢ᠌ᠷ᠎ᠠ ᠰᠡᠳᠬᠢᠯᠭᠡ ᠪᠠ ᠨᠡᠢ᠌ᠭᠡᠮ᠎ᠤᠨ ᠡᠮᠵᠢᠭ ᠰᠡᠭᠦᠳᠡᠷ ᠲᠠᠯ᠎ᠠ ᠵᠢ ᠤᠷᠠᠯᠢᠭ ᠠᠪᠰᠠᠷᠬᠠᠨ ᠵᠶ᠋ᠡᠷ ᠲᠤᠰᠬᠠᠨ ᠵᠢᠷᠤᠭᠯᠠᠳᠠᠭ᠎ᠨᠢ ᠲᠡᠭᠦᠨ ᠤ ᠵᠤᠬᠢᠶᠠᠨ ᠪᠦᠳᠦᠭᠡᠬᠦ ᠠᠶᠠᠨ ᠵᠠᠮᠤᠨᠬᠢᠨᠢ ᠤᠨᠴᠠᠯᠢᠭ ᠮᠦᠷᠳᠡᠭᠡᠨ ᠬᠠᠢ᠌ᠯᠳᠠ ᠪᠠᠢ᠌ᠭ᠎ᠠ ᠶᠤᠮ᠃
ᠲᠡᠷᠡ᠎ᠪᠠᠷ ᠬᠡᠰᠢᠭᠳᠡᠨᠤ ᠰᠤᠶᠤᠯ ᠰᠤᠷᠭ᠋ᠠᠨ ᠬᠦᠮᠦᠵᠢᠯ᠂ ᠵᠠᠰᠠᠭ᠎ᠤᠨ ᠭᠠᠵᠠᠷ ᠵᠶ᠋ᠠᠷ ᠭᠤᠴᠢᠭ᠋ᠠᠳ ᠬᠡᠳᠦᠨ ᠵᠢᠯ ᠵᠢᠳᠭᠦᠭᠰᠡᠨ 《ᠠᠷᠠᠯ᠎ᠤᠨ ᠱᠠᠷ》 ᠪᠦᠭᠡᠳ ᠲᠤᠮᠳᠠᠳᠤ ᠵᠢᠨ ᠶᠤᠭᠳᠠ ᠦᠯᠢᠭᠡᠷ ᠤᠷᠠᠨ ᠵᠤᠬᠢᠶᠠᠯ ᠰᠤᠳᠤᠯᠬᠤ ᠬᠤᠷᠠᠯ᠎ᠤᠨ ᠪᠢᠴᠢᠯ ᠦᠬᠦᠯᠡᠯᠭᠡ ᠵᠢᠨ ᠨᠡᠢ᠌ᠭᠡᠮᠯᠢᠭ᠎ᠤᠨ ᠬᠡᠰᠢᠬᠦᠨ᠂ ᠦᠪᠦᠷ ᠮᠤᠩᠭᠤᠯ᠎ᠤᠨ ᠪᠢᠴᠢᠯ ᠦᠭᠦᠯᠡᠯᠭᠡ ᠵᠢᠨ ᠨᠡᠢ᠌ᠬᠡᠮᠯᠢᠭ᠎ᠤᠨ ᠬᠡᠷᠡᠭ ᠡᠷᠬᠢᠯᠡᠭᠴᠢ᠂ ᠵᠤᠤ ᠤᠳᠠ ᠮᠤᠩᠭᠤᠯ ᠤᠷᠠᠨ ᠵᠤᠬᠢᠶᠠᠯ᠎ᠤᠨ ᠨᠡᠢ᠌ᠭᠡᠮᠯᠢᠭ᠎ᠤᠨ ᠬᠡᠰᠢᠬᠦᠨ᠂ ᠬᠡᠰᠢᠭᠳᠡᠨ ᠬᠤᠰᠢᠭᠤᠨ᠎ᠤ 《ᠷᠤᠯᠭ᠋ᠠᠷᠵᠠᠪ》 ᠰᠤᠶᠤᠯ ᠤᠷᠠᠯᠢᠭ᠎ᠤᠨ ᠨᠡᠢ᠌ᠭᠡᠮᠯᠢᠭ᠎ᠤᠨ ᠬᠡᠰᠢᠬᠦᠨ ᠵᠡᠷᠭᠡ ᠨᠡᠢ᠌ᠭᠡᠮ ᠪᠦᠯᠬᠦᠮ᠎ᠤᠨ ᠲᠤᠰᠢᠶᠠᠯ᠎ᠲᠠᠢ ᠨᠡᠢ᠌ᠳᠡ ᠤᠯᠠᠨ᠎ᠳᠤ᠎ᠪᠠᠨ ᠮᠡᠳᠡᠷᠡᠭᠳᠡᠭᠰᠡᠨ ᠬᠤᠤᠰ ᠬᠡᠯᠡᠨ᠎ᠤ ᠵᠤᠬᠢᠶᠠᠯᠴᠢ ᠪᠠᠢ᠌ᠭ᠎ᠠ ᠶᠤᠮ᠃
ᠵᠣᠬᠢᠶᠠᠭᠴᠢ ᠵᠢᠨ ᠬᠠᠶᠢᠭ᠄ ᠬᠡᠰᠢᠭᠲᠡᠨ ᠬᠤᠰᠢᠭᠤᠨ᠎ᠤ ᠲᠣᠳᠣᠭ᠋ᠠᠲᠣ ᠵᠢ ᠬᠠᠮᠠᠭ᠋ᠠᠯᠠᠬᠤ ᠳᠣᠪᠴᠢᠶ᠎ᠠ